ᠲᠡᠷᠢᠭᠦᠨ ᠨᠢᠭᠤᠷ  -  ᠨᠦᠬᠦᠷᠰᠡᠭ ᠱᠦᠭᠦᠮᠡᠩ

ᠠᠷᠠᠳ ᠤᠨ ᠲᠡᠭᠡᠲᠦ ᠰᠢᠬᠦᠬᠦ ᠬᠤᠷᠢᠶ᠎ᠠ ᠠᠷᠠᠳ ᠤᠨ ᠲᠡᠭᠡᠲᠦ ᠪᠠᠶᠢᠴᠠᠭᠠᠬᠤ ᠬᠤᠷᠢᠶ᠎ᠠ᠄ 1 ᠲᠦᠮᠡᠨ ᠲᠦᠭᠦᠷᠢᠭ ᠠᠴᠠ ᠲᠡᠭᠡᠭᠰᠢᠭᠢ ᠱᠠᠮᠰᠢᠵᠤ ᠬᠠᠭ᠋ᠤᠤᠯᠢ ᠢᠳᠡᠭᠰᠡᠳ ᠠᠴᠠ ᠡᠷᠡᠬᠦᠦ ᠶᠢᠨ ᠬᠠᠷᠢᠭᠤᠴᠠᠯᠭ᠎ᠠ ᠎ᠨᠡᠬᠡᠮᠵᠢᠯᠡᠨ᠎ᠡ

2016-05-03 09:30:50
ᠵᠣᠬᠢᠶᠠᠭᠴᠢ

    4 ᠰᠠᠷ᠎ᠠ ᠶᠢᠨ 18 ᠤ ᠡᠳᠦᠷ᠂ ᠠᠷᠠᠳ ᠤᠨ ᠲᠡᠭᠡᠳᠦ ᠰᠢᠭᠦᠭᠦ ᠬᠤᠷᠢᠶ᠎ᠠ᠂ ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ ᠬᠠᠮᠳᠤᠷᠠᠨ ︽ᠱᠠᠮᠰᠢᠵᠦ ᠬᠡᠬᠡᠯᠢ ᠲᠦᠯᠬᠢᠵᠦ ᠬᠠᠭ᠋ᠤᠤᠯᠢ ᠢᠲᠡᠬᠦ ᠡᠷᠡᠭᠦᠦ ᠶᠢᠨ ᠬᠡᠷᠡᠭ ᠢ ᠰᠢᠢᠳᠪᠦᠷᠢᠯᠡᠬᠦ ᠳᠤ ᠲᠤᠬᠢᠷᠠᠮᠵᠢᠲᠡᠢ ᠬᠡᠷᠡᠭᠯᠡᠬᠦ ᠬᠠᠤᠯᠢ ᠴᠠᠭᠠᠵᠠ ᠶᠢᠨ ᠬᠠᠮᠢᠶ᠎ᠠ ᠪᠦᠬᠦᠢ ᠠᠰᠠᠭᠤᠲᠠᠯ ᠤᠨ ᠲᠤᠬᠠᠢ ᠠᠷᠠᠳ ᠤᠨ ᠲᠡᠭᠡᠲᠦ ᠰᠢᠭᠦᠭᠦ ᠬᠤᠷᠢᠶ᠎ᠠ᠂ ᠠᠷᠠᠳ ᠤᠨ ᠲᠡᠭᠡᠲᠦ ᠪᠠᠶᠢᠴᠠᠭᠠᠬᠤ ᠬᠤᠷᠢᠶ᠎ᠠ ᠶᠢᠨ ᠲᠠᠶᠢᠯᠪᠦᠷᠢ︾ ᠶᠢ ᠨᠡᠶᠢᠳᠡᠯᠡᠵᠦ᠂ ᠱᠠᠮᠰᠢᠭᠰᠠᠨ ᠶᠠᠯ᠎ᠠ᠂ ᠬᠠᠭ᠋ᠤᠤᠯᠢ ᠢᠳᠡᠭᠰᠡᠨ ᠶᠠᠯ᠎ᠠ ᠳᠤ ᠶᠠᠯ᠎ᠠ  ᠲᠤᠭᠳᠠᠭᠠᠵᠤ ᠡᠷᠡᠭᠦᠦ ᠰᠢᠳᠬᠡᠯ ᠤᠨᠤᠬᠲᠠᠭᠤᠯᠬᠤ ᠪᠠᠷᠢᠮᠵᠢᠶ᠎ᠠ ᠵᠢᠴᠢ ᠱᠠᠮᠰᠢᠭᠰᠠᠨ ᠶᠠᠯ᠎ᠠ᠂ ᠬᠠᠭ᠋ᠤᠤᠯᠢ ᠢᠳᠡᠭᠰᠡᠨ ᠶᠠᠯ᠎ᠠ ᠳᠤ ᠠᠯᠠᠬᠤ ᠡᠷᠡᠭᠦᠦ᠂ ᠠᠯᠠᠬᠤ ᠶᠢ ᠬᠤᠶᠢᠰᠢᠯᠠᠭᠤᠯᠬᠤ ᠵᠢᠴᠢ ᠨᠠᠰᠤᠨ ᠲᠤᠷᠰᠢ ᠬᠤᠷᠢᠬᠤ ᠡᠷᠡᠭᠦᠦ ᠶᠢ ᠲᠤᠬᠢᠷᠠᠮᠵᠢᠲᠠᠢ ᠬᠡᠷᠡᠭᠯᠡᠬᠦ ᠵᠠᠷᠴᠢᠮ ᠵᠡᠷᠭᠡ ᠶᠢ ᠲᠤᠳᠤᠷᠬᠠᠢᠢᠯᠠᠵᠤ᠂ ᠱᠠᠮᠰᠢᠵᠤ ᠬᠡᠬᠡᠯᠢ ᠲᠦᠯᠬᠢᠵᠦ ᠬᠠᠭ᠋ᠤᠤᠯᠢ ᠢᠲᠡᠬᠦ ᠶᠠᠯᠠᠲᠤ ᠠᠵᠢᠯᠯᠠᠭ᠎ᠠ ᠶᠢ ᠬᠠᠤᠯᠢ ᠶᠤᠰᠤᠭᠠᠷ ᠴᠢᠩᠳᠠᠯᠠᠨ ᠰᠢᠳᠭᠡᠨ᠎ᠡ ᠭᠡᠵᠦ ᠴᠢᠬᠤᠯᠠᠴᠢᠯᠠᠵᠠᠢ᠃         

    ᠱᠠᠮᠰᠢᠵᠤ ᠬᠠᠭ᠋ᠤᠤᠯᠢ ᠢᠳᠡᠭᠰᠡᠨ ᠶᠠᠯ᠎ᠠ ᠶᠢ 3 ᠲᠦᠮᠡᠨ ᠲᠦᠭᠦᠷᠢᠭ ᠠᠴᠠ ᠡᠬᠢᠯᠡᠨ ᠪᠤᠳᠤᠨ᠎ᠠ      

    2015 ᠤᠨ ᠤ 11 ᠰᠠᠷ᠎ᠠ ᠳᠤ ᠬᠡᠷᠡᠭᠵᠢᠭᠦᠯᠦᠭᠰᠡᠨ ︽ᠡᠷᠡᠭᠦᠦ ᠶᠢᠨ ᠬᠠᠤᠯᠢ ᠳᠤ ᠵᠠᠰᠠᠪᠤᠷᠢ ᠤᠷᠤᠭᠤᠯᠤᠭᠰᠠᠨ ᠲᠦᠰᠦᠯ ︵ ᠶᠢᠰᠤ︶︾ ᠳᠤ ᠱᠠᠮᠰᠢᠭᠰᠠᠨ ᠶᠠᠯ᠎ᠠ᠂ ᠬᠠᠭ᠋ᠤᠤᠯᠢ ᠢᠳᠡᠭᠰᠡᠨ ᠶᠠᠯ᠎ᠠ ᠳᠠᠬᠢ ᠶᠠᠯ᠎ᠠ ᠲᠤᠭᠳᠠᠭᠠᠵᠤ ᠡᠷᠡᠭᠦᠦ ᠰᠢᠳᠬᠡᠯ ᠤᠨᠤᠬᠲᠠᠭᠤᠯᠬᠤ ᠲᠤᠭ᠎ᠠ ᠬᠡᠮᠵᠢᠶᠡᠨ ᠤ ᠪᠠᠷᠢᠮᠵᠢᠶ᠎ᠠ ᠶᠢ ᠦᠭᠡᠶᠢᠰᠭᠡᠵᠦ᠂ ︽ᠲᠤᠭ᠎ᠠ ᠬᠡᠮᠵᠢᠶ᠎ᠡ ᠨᠢ ᠨᠡᠯᠢᠶᠡᠳ ᠶᠡᠭᠡ︾᠂ ︽ᠲᠤᠭ᠎ᠠ ᠬᠡᠮᠵᠢᠶ᠎ᠡ ᠨᠢ ᠤᠨᠴᠠ ᠶᠡᠭᠡ︾᠂ ︽ᠲᠤᠭ᠎ᠠ ᠬᠡᠮᠵᠢᠶ᠎ᠡ ᠨᠢ ᠮᠤᠨᠳᠠᠭ ᠶᠡᠭᠡ︾ ᠪᠠ ︽ᠤᠢᠢᠯᠡ ᠪᠠᠶᠢᠳᠠᠯ ᠨᠢ ᠨᠡᠯᠢᠶᠡᠳ ᠬᠦᠨᠳᠦ︾᠂ ︽ᠦᠢᠯᠡ ᠪᠠᠶᠢᠳᠠᠯ ᠨᠢ ᠬᠦᠨᠳᠦ ᠨᠤᠴᠢᠲᠠᠢ︾᠂ ︽ᠤᠢᠢᠯᠡ ᠪᠠᠶᠢᠳᠠᠯ ᠨᠢ ᠲᠦᠢᠯ ᠤᠨ ᠬᠦᠨᠳᠤ ᠨᠤᠴᠢᠲᠠᠢ︾ ᠬᠡᠮᠡᠨ ᠬᠠᠯᠠᠵᠠᠢ᠃ ᠲᠡᠭᠡᠪᠡᠯ ᠬᠠᠤᠯᠢ ᠴᠠᠭᠠᠵᠠ ᠶᠢᠨ ᠲᠠᠶᠢᠯᠪᠤᠷᠢ ᠳᠤ ᠱᠠᠮᠰᠢᠵᠤ ᠬᠠᠭ᠋ᠤᠤᠯᠢ ᠢᠳᠡᠭᠰᠡᠨ ᠶᠠᠯ᠎ᠠ ᠳᠤ ᠶᠠᠯ᠎ᠠ ᠲᠤᠭᠳᠠᠭᠠᠵᠤ ᠡᠷᠡᠭᠦᠦ ᠪᠠᠷ ᠰᠢᠳᠬᠡᠬᠦ ᠪᠠᠷᠢᠮᠵᠢᠶ᠎ᠠ ᠳᠤ ᠲᠤᠳᠤᠷᠬᠠᠢ ᠲᠤᠭᠳᠠᠭᠠᠯ ᠭᠠᠷᠭᠠᠪᠠ᠃ ᠲᠤᠬᠠᠢᠢᠯᠠᠪᠠᠯ᠄ ︽ᠲᠤᠭ᠎ᠠ ᠬᠡᠮᠵᠢᠶ᠎ᠡ ᠨᠢ ᠨᠡᠯᠢᠶᠡᠳ ᠶᠡᠭᠡ︾᠄ 1997 ᠤᠨ ᠳᠤ ᠡᠷᠡᠭᠦᠦ ᠶᠢᠨ ᠬᠠᠤᠯᠢ ᠳᠤ ᠲᠤᠭᠳᠠᠭᠠᠭᠰᠠᠨ 5000 ᠲᠦᠭᠦᠷᠢᠭ ᠢ ᠬᠤᠪᠢᠷᠠᠭᠤᠯᠤᠭᠠᠳ 3 ᠲᠦᠮᠡᠨ ᠲᠦᠭᠦᠷᠢᠭ ᠪᠤᠯᠭᠠᠪᠠ︔ ︽ᠲᠤᠭ᠎ᠠ ᠬᠡᠮᠵᠢᠶ᠎ᠡ ᠨᠢ ᠤᠨᠴᠠ ᠶᠡᠭᠡ︾᠄ 20 ᠲᠦᠮᠡᠨ ᠲᠦᠭᠦᠷᠢᠭ ᠠᠴᠠ ᠶᠡᠭᠡ᠂ 300 ᠲᠦᠮᠡᠨ ᠲᠦᠭᠦᠷᠢᠭ ᠠᠴᠠ ᠪᠠᠭ᠎ᠠ︔ ︽ᠲᠤᠭ᠎ᠠ ᠬᠡᠮᠵᠢᠶ᠎ᠡ ᠨᠢ ᠮᠤᠨᠳᠠᠭ ᠶᠡᠭᠡ︾᠄ 300 ᠲᠦᠮᠡᠨ ᠲᠦᠭᠦᠷᠢᠭ ᠠᠴᠠ ᠶᠡᠭᠡ︔ ᠬᠠᠤᠯᠢ ᠴᠠᠭᠠᠵᠠ ᠶᠢᠨ ᠲᠠᠶᠢᠯᠪᠤᠷᠢ ᠳᠤ ᠪᠠᠰᠠ ᠲᠤᠭᠳᠠᠭᠠᠭᠰᠠᠨ ᠢᠶᠠᠷ᠂ ᠱᠠᠮᠰᠢᠭᠰᠠᠨ᠂ ᠬᠠᠭ᠋ᠤᠤᠯᠢ ᠢᠳᠡᠭᠰᠡᠨ ᠵᠤᠭᠤᠰ ᠤᠨ ᠲᠤᠭ᠎ᠠ ᠨᠢ 1 ᠲᠦᠮᠡᠨ ᠲᠦᠭᠦᠷᠢᠭ ᠠᠴᠠ ᠲᠡᠭᠡᠭᠰᠢ 3 ᠲᠦᠮᠡᠨ ᠲᠦᠭᠦᠷᠢᠭ ᠠᠴᠠᠪᠠᠭ᠎ᠠ ᠪᠠᠶᠢᠵᠤ᠂ ᠪᠠᠰᠠ ᠦᠢᠯᠡ ᠪᠠᠶᠢᠳᠠᠯ ᠨᠢ ᠤᠨᠴᠠᠭᠠᠢ ᠪᠤᠯ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠪᠡᠯ ᠵᠤᠬᠢᠨ᠎ᠠ︔ ᠲᠤᠭ᠎ᠠᠬᠡᠮᠵᠢᠶ᠎ᠡ ᠨᠢ ︽ᠲᠤᠭ᠎ᠠ ᠬᠡᠮᠵᠢᠶ᠎ᠡ ᠨᠢ ᠤᠨᠴᠠ ᠶᠡᠭᠡ︾᠂ ︽ᠲᠤᠭ᠎ᠠ ᠬᠡᠮᠵᠢᠶ᠎ᠡ ᠨᠢ ᠮᠤᠨᠳᠠᠭ ᠶᠡᠭᠡ︾ ᠳᠤ ᠬᠦᠷᠦᠭᠰᠡᠨ ᠦᠭᠡᠢ᠂ ᠭᠡᠪᠡᠴᠤ ᠬᠠᠭᠠᠰ ᠬᠡᠮᠵᠢᠭᠳᠡᠯ ᠳᠤ ᠬᠦᠷᠴᠤ᠂ ᠡᠭᠦᠨ ᠤ ᠵᠡᠷᠭᠡᠪᠡᠷ ᠦᠢᠯᠡ ᠪᠠᠶᠢᠳᠠᠯ ᠨᠢ ᠤᠨᠴᠠᠭᠠᠢ ᠪᠤᠯ ︽ᠦᠢᠯᠡ ᠪᠠᠶᠢᠳᠠᠯ ᠨᠢ ᠬᠦᠨᠳᠦ ᠨᠤᠴᠢᠲᠠᠢ︾ ᠪᠤᠶᠤ ︽ᠤᠢᠢᠯᠡ ᠪᠠᠶᠢᠳᠠᠯ ᠨᠢ ᠲᠦᠢᠯ ᠤᠨ ᠬᠦᠨᠳᠤ ᠨᠤᠴᠢᠲᠠᠢ︾ ᠪᠠᠷ ᠦᠵᠡᠵᠤ᠂ ᠬᠠᠤᠯᠢ ᠶᠤᠰᠤᠭᠠᠷ ᠬᠦᠨᠳᠦᠷᠡᠭᠦᠯᠦᠨ ᠰᠢᠳᠭᠡᠨ᠎ᠡ᠃      

    ᠠᠯᠠᠬᠤ ᠡᠷᠡᠭᠦᠦ᠂ ᠠᠯᠠᠬᠤ ᠶᠢ ᠬᠤᠶᠢᠰᠢᠯᠠᠭᠤᠯᠬᠤ ᠡᠷᠡᠭᠦᠦ ᠶᠢᠨ ᠲᠡᠭᠡᠷ᠎ᠡ ᠪᠠᠰᠠ ᠨᠠᠰᠤᠨ ᠲᠤᠷᠰᠢ ᠬᠤᠷᠢᠬᠤ ᠡᠷᠡᠬᠦᠦ ᠶᠢ ᠨᠡᠮᠡᠪᠡ     

    ᠬᠠᠤᠯᠢ ᠴᠠᠭᠠᠵᠠ ᠶᠢᠨ ᠲᠠᠶᠢᠯᠪᠤᠷᠢ ᠳᠤ ᠲᠤᠳᠤᠷᠬᠠᠢ ᠲᠤᠭᠳᠠᠭᠠᠭᠰᠠᠨ ᠢᠶᠠᠷ᠂ ᠠᠯᠠᠬᠤ ᠡᠷᠡᠭᠦᠦ ᠶᠢᠨ ᠲᠠᠷᠤᠢ ᠭᠦᠢᠴᠡᠳᠭᠡᠬᠦ ᠡᠷᠡᠭᠦᠦ ᠶᠢ ᠲᠤᠭ᠎ᠠ ᠬᠡᠮᠵᠢᠶ᠎ᠡ ᠨᠢ ᠮᠤᠨᠳᠠᠭ ᠶᠡᠭᠡ᠂ ᠦᠢᠯᠡ ᠪᠠᠶᠢᠳᠠᠯ ᠨᠢ ᠲᠦᠢᠯ ᠤᠨ ᠬᠦᠨᠳᠦ ᠨᠤᠴᠢᠲᠠᠢ᠂ ᠨᠡᠶᠢᠭᠡᠮ ᠳᠤ ᠬᠦᠨᠳᠤ ᠨᠤᠴᠢᠲᠠᠢ ᠬᠦᠨᠦᠬᠡᠯ ᠤᠴᠠᠷᠠᠭᠤᠯᠵᠤ᠂ ᠲᠦᠢᠯ ᠤᠨ ᠬᠦᠨᠳᠤ ᠨᠤᠴᠢᠲᠠᠢ ᠬᠤᠬᠢᠷᠠᠯ ᠤᠴᠠᠷᠠᠭᠤᠯᠤᠭᠰᠠᠨ ᠱᠠᠮᠰᠢᠵᠤ ᠬᠠᠭ᠋ᠤᠤᠯᠢ ᠢᠳᠡᠭᠰᠡᠨ ᠬᠡᠷᠡᠭ ᠤᠨ ᠰᠡᠵᠢᠭᠳᠡᠨ ᠳᠤ ᠬᠡᠷᠡᠭᠯᠡᠨ᠎ᠡ᠃ ᠠᠯᠠᠬᠤ ᠡᠷᠡᠭᠦᠦ ᠶᠢ ᠲᠠᠷᠤᠢ ᠳᠤᠨᠢ ᠭᠦᠢᠴᠡᠳᠭᠡᠬᠦ ᠨᠦᠬᠦᠴᠡᠯ ᠳᠤ ᠨᠡᠶᠢᠴᠡᠬᠦ ᠪᠤᠯᠪᠠᠴᠤ ᠬᠠᠤᠯᠢ ᠳᠤ ᠲᠤᠭᠳᠠᠭᠠᠭᠰᠠᠨ ᠬᠦᠡᠭᠭᠡᠷᠡᠭᠦᠯᠦᠨ ᠰᠢᠳᠭᠡᠬᠦ ᠪᠠᠶᠢᠳᠠᠯ ᠳᠤ ᠨᠡᠶᠢᠴᠡᠬᠦ᠂ ᠠᠯᠠᠬᠤ ᠡᠷᠡᠭᠦᠦ ᠶᠢ ᠲᠠᠷᠤᠢ ᠳᠤᠨᠢ ᠭᠦᠢᠴᠡᠳᠭᠡᠬᠦ ᠴᠢᠬᠤᠯᠠ ᠦᠭᠡᠢ ᠪᠠᠶᠢᠳᠠᠯ ᠳᠤ ᠠᠯᠠᠬᠤ ᠡᠷᠡᠭᠦᠦ ᠶᠢ ᠬᠤᠶᠠᠷ ᠵᠢᠯ ᠬᠤᠶᠢᠰᠢᠯᠠᠭᠤᠯᠤᠨ ᠭᠦᠢᠴᠡᠳᠭᠡᠬᠦ ᠪᠠᠷ ᠰᠢᠭᠦᠨ ᠲᠠᠰᠤᠯᠵᠤ ᠪᠤᠯᠤᠨ᠎ᠠ᠃    

    ︽ᠡᠷᠡᠭᠦᠦ ᠶᠢᠨ ᠬᠠᠤᠯᠢ ᠳᠤ ᠵᠠᠰᠠᠪᠤᠷᠢ ᠤᠷᠤᠭᠤᠯᠤᠭᠰᠠᠨ ᠲᠦᠰᠦᠯ ︵ᠶᠢᠰᠤ︶︾ ᠳᠤ ᠰᠢᠨ᠎ᠡ ᠪᠠᠷ ᠨᠡᠮᠡᠭᠰᠡᠨ ᠱᠠᠮᠰᠢᠭᠰᠠᠨ ᠶᠠᠯ᠎ᠠ᠂ ᠬᠠᠭ᠋ᠤᠤᠯᠢ ᠢᠳᠡᠭᠰᠡᠨ ᠶᠠᠯ᠎ᠠ ᠪᠠᠷ ᠠᠯᠠᠬᠤ ᠶᠢ ᠬᠤᠶᠢᠰᠢᠯᠠᠭᠤᠯᠤᠨ ᠭᠦᠢᠴᠡᠳᠭᠡᠬᠦ ᠪᠠᠷ ᠰᠢᠳᠬᠡᠬᠦ ᠶᠢ ᠬᠠᠰᠤᠭᠠᠳ ᠬᠤᠭᠤᠴᠠᠭ᠎ᠠ ᠦᠭᠡᠢ ᠬᠤᠷᠢᠬᠤ ᠶᠠᠯ᠎ᠠ ᠪᠠᠷ ᠰᠢᠳᠭᠡᠭᠰᠡᠨ ᠤ ᠲᠠᠷᠠᠭ᠎ᠠ ᠨᠠᠰᠤᠨ ᠲᠤᠷᠰᠢ ᠬᠤᠷᠢᠬᠤ ᠪᠠᠷ ᠲᠤᠬᠲᠠᠭᠠᠬᠰᠠᠨ ᠲᠤᠭᠳᠠᠭᠠᠯ ᠳᠤ᠂ ᠨᠠᠰᠤᠨ ᠲᠤᠷᠰᠢ ᠬᠤᠷᠢᠬᠤ ᠳᠤ ᠬᠡᠷᠡᠭᠯᠡᠬᠦ ᠦᠢᠯᠡ ᠪᠠᠶᠢᠲᠠᠯ ᠢ ᠲᠤᠲᠤᠷᠬᠠᠢ ᠲᠠᠶᠢᠯᠪᠤᠷᠢᠯᠠᠵᠠᠢ᠂ ᠲᠠᠷᠤᠢ ᠠᠯᠠᠬᠤ ᠡᠷᠡᠭᠦᠦ ᠶᠢ ᠲᠠᠷᠤᠢ ᠳᠤᠨᠢ ᠭᠦᠢᠴᠡᠳᠭᠡᠬᠦ ᠳᠤ ᠡᠷᠡᠭᠦᠦ ᠨᠢ ᠬᠡᠳᠦᠷᠬᠡᠢ ᠬᠦᠨᠳᠦᠳᠡᠬᠦ ᠡᠰᠡᠬᠦᠯ᠎ᠠ ᠡᠩ ᠤᠨ ᠠᠯᠠᠬᠤ ᠶᠢ ᠬᠤᠶᠢᠰᠢᠯᠠᠭᠤᠯᠬᠤ ᠡᠷᠡᠭᠦᠦ ᠪᠠᠷ ᠰᠢᠳᠬᠡᠪᠡᠯ ᠲᠡᠩᠳᠡᠬᠦᠦ ᠬᠦᠡᠭᠭᠡᠨ ᠪᠤᠯᠬᠤ ᠬᠦᠨᠳᠦ ᠶᠡᠭᠡ ᠱᠠᠮᠰᠢᠵᠤ ᠬᠠᠭ᠋ᠤᠤᠯᠢ ᠢᠳᠡᠭᠰᠡᠨ ᠶᠠᠯᠠᠳᠠᠨ ᠢ ᠨᠠᠰᠤᠨ ᠲᠤᠷᠰᠢ ᠬᠤᠷᠢᠬᠤ ᠪᠠᠷ ᠰᠢᠳᠭᠡᠵᠤ ᠪᠤᠯᠤᠨ᠎ᠠ᠃ ᠡᠭᠦᠨ ᠤ ᠵᠡᠷᠭᠡᠪᠡᠷ᠂ ᠨᠠᠰᠤᠨ ᠲᠤᠷᠰᠢ ᠬᠤᠷᠢᠬᠤ ᠪᠠᠷ ᠰᠢᠳᠭᠡᠭᠰᠡᠨ ᠪᠠᠶᠢᠳᠠᠯ ᠢ᠂ ᠨᠢᠭᠡᠳᠦᠭᠡᠷ᠂ ᠬᠤᠶᠠᠳᠤᠭᠠᠷ ᠰᠢᠭᠦᠨ ᠲᠠᠰᠤᠯᠤᠯᠳᠠ ᠳᠤ ᠠᠯᠠᠬᠤ ᠶᠢ ᠬᠤᠶᠢᠰᠢᠯᠠᠭᠤᠯᠬᠤ ᠪᠠᠷ ᠰᠢᠭᠦᠨ ᠲᠠᠰᠤᠯᠬᠤ ᠶᠢᠨ ᠬᠠᠮᠳᠤ ᠨᠠᠰᠤᠨ ᠲᠤᠷᠰᠢ ᠬᠤᠷᠢᠬᠤ ᠪᠠᠷ ᠰᠢᠳᠭᠡᠬᠦ ᠬᠡᠷᠡᠭᠲᠡᠢ᠂ ᠬᠠᠷᠢᠨ ᠠᠯᠠᠬᠤ ᠶᠢ ᠬᠤᠶᠢᠰᠢᠯᠠᠭᠤᠯᠬᠤ ᠡᠷᠡᠭᠦᠦ ᠶᠢ ᠭᠦᠢᠴᠡᠳᠭᠡᠵᠤ ᠪᠠᠶᠢᠬᠤ ᠬᠤᠭᠤᠴᠠᠭᠠᠨ ᠳᠤ ᠡᠷᠡᠭᠦᠦ ᠶᠢᠨ ᠬᠤᠭᠤᠴᠠᠭ᠎ᠠ ᠲᠠᠭᠤᠰᠤᠭᠰᠠᠨ ᠤ ᠲᠠᠷᠠᠭ᠎ᠠ ᠲᠠᠬᠢᠨ ᠰᠢᠢᠳᠪᠦᠷᠢ ᠭᠠᠷᠭᠠᠵᠤ ᠪᠤᠯᠬᠤ ᠦᠭᠡᠢ᠃ ᠨᠠᠰᠤᠨ ᠲᠤᠷᠰᠢ ᠬᠤᠷᠢᠬᠤ ᠡᠷᠡᠭᠦᠦ ᠰᠢᠳᠭᠡᠯ ᠢ ᠨᠢᠭᠡᠨᠳᠡ ᠭᠠᠷᠭᠠᠭᠰᠠᠨ ᠪᠤᠯ ᠨᠦᠬᠦᠴᠡᠯ ᠦᠭᠡᠢ ᠪᠠᠷ ᠭᠦᠢᠴᠡᠳᠭᠡᠬᠦ ᠬᠡᠷᠡᠭᠲᠡᠢ᠂ ᠬᠠᠷᠢᠨ ᠡᠷᠡᠭᠦᠦ ᠶᠢ ᠬᠠᠰᠤᠬᠤ ᠪᠤᠶᠤ ᠪᠠᠲᠤᠯᠠᠨ ᠰᠤᠯᠠᠯᠠᠵᠤ ᠪᠤᠯᠬᠤ ᠦᠭᠡᠢ᠃

    ᠭᠡᠷ ᠪᠠᠶᠢᠰᠢᠩ ᠢ ᠵᠠᠰᠠᠨ ᠴᠢᠮᠡᠭᠯᠡᠬᠦ VIP ᠦᠢᠯᠡᠴᠢᠯᠡᠭᠡ ᠵᠡᠷᠭᠡ ᠴᠦᠮ ᠬᠠᠭ᠋ᠤᠤᠯᠢ ᠢᠳᠡᠭᠰᠡᠨ ᠳᠤ ᠲᠤᠭᠠᠴᠠᠭᠳᠠᠨ᠎ᠠ     

    ᠬᠡᠬᠡᠯᠢ ᠲᠦᠯᠬᠢᠵᠦ ᠬᠠᠭ᠋ᠤᠤᠯᠢ ᠢᠲᠡᠬᠦ ᠶᠠᠯᠠᠲᠦ ᠠᠵᠢᠯᠯᠠᠭ᠎ᠠ ᠶᠢ ᠬᠠᠤᠯᠢ ᠶᠤᠰᠤᠭᠠᠷ ᠴᠢᠩᠭ᠎ᠠ ᠰᠢᠳᠬᠡᠬᠦ ᠶᠢᠨ ᠲᠦᠯᠦᠭᠡ᠂ ᠬᠠᠤᠯᠢ ᠴᠠᠭᠠᠵᠠ ᠶᠢᠨ ᠲᠠᠶᠢᠯᠪᠤᠷᠢ ᠳᠤ ᠬᠡᠬᠡᠯᠢ ᠲᠦᠯᠬᠢᠭᠰᠡᠨ ᠶᠠᠯᠠᠲᠤ ᠠᠵᠢᠯᠯᠠᠭ᠎ᠠ ᠶᠢᠨ ᠡᠳ᠋ ᠪᠤᠳᠠᠰ ᠤᠨ ᠬᠦᠷᠢᠶ᠎ᠡ ᠬᠡᠪᠴᠢᠶ᠎ᠡ ᠶᠢ ᠦᠷᠭᠡᠵᠢᠭᠦᠯᠦᠭᠡᠳ ᠵᠤᠭᠤᠰ ᠮᠦᠡᠭᠭᠦ᠂ ᠪᠤᠳᠠᠰ ᠠᠴᠠ ᠭᠠᠳᠠᠨ᠎ᠠ ᠪᠠᠰᠠ᠂ ᠵᠤᠭᠤᠰ ᠮᠦᠡᠭᠭᠦ ᠪᠠᠷ ᠲᠦᠯᠦᠪᠦᠷᠢᠯᠡᠨ ᠪᠤᠳᠤᠭᠰᠠᠨ ᠡᠳ᠋ ᠬᠦᠷᠦᠩᠭᠡ ᠶᠢᠨ ᠴᠢᠨᠠᠷᠲᠠᠢ ᠤᠷᠤᠯᠭ᠎ᠠ᠂ ᠵᠢᠱᠢᠶᠡᠯᠡᠪᠡᠯ᠂ ᠭᠡᠷ ᠪᠠᠶᠢᠰᠢᠩ ᠢ ᠵᠠᠰᠠᠨ ᠴᠢᠮᠡᠭᠯᠡᠵᠦ ᠦᠭᠭᠦ᠂ ᠦᠷᠢ ᠦᠭᠴᠡᠭᠡ ᠶᠢ ᠬᠡᠯᠳᠦᠷᠢᠭᠦᠯᠬᠦ᠂ VIP ᠦᠢᠯᠡᠴᠢᠯᠡᠭᠡ᠂ ᠵᠤᠭᠠᠴᠠᠭᠤᠯᠬᠤ ᠵᠡᠷᠭᠡ ᠶᠢ ᠪᠠᠭᠳᠠᠭᠠᠭᠰᠠᠨ ᠪᠠᠶᠢᠨ᠎ᠠ᠃ ᠡᠷᠡᠭᠦᠦ ᠶᠢᠨ ᠬᠠᠤᠯᠢ ᠳᠠᠬᠢ ︽ ᠪᠤᠰᠤᠳ ᠲᠤ ᠠᠰᠢᠬ ᠤᠯᠭᠤᠬᠤ︾ ᠶᠢᠨ ᠲᠤᠬᠠᠢ ᠲᠤᠬᠲᠠᠭᠠᠯᠲᠠ ᠶᠢ ᠦᠷᠭᠡᠳᠬᠡᠨ ᠲᠠᠶᠢᠯᠪᠤᠷᠢᠯᠠᠵᠦ᠂ ᠤᠯᠤᠰ ᠤᠨ ᠠᠵᠢᠯᠲᠠᠨ ᠡᠳ᠋ ᠪᠤᠲᠠᠰ ᠢ ᠬᠦᠯᠢᠶᠡᠨ ᠠᠪᠴᠤ᠂ ᠬᠡᠷᠡᠭ ᠠᠴᠠ ᠡᠮᠦᠨ᠎ᠡ ᠪᠤᠰᠤᠳ ᠤᠨ ᠨᠠᠶᠢᠲᠠᠯᠭ᠎ᠠ ᠶᠢ ᠬᠦᠯᠢᠶᠡᠭᠰᠡᠨ ᠦᠭᠡᠢ ᠪᠤᠯᠪᠠᠴᠤ ᠡᠷᠬᠡ ᠲᠤᠰᠢᠶᠠᠯ ᠢᠶᠠᠨ ᠬᠡᠷᠡᠭᠵᠢᠭᠦᠯᠬᠦ ᠶᠢ ᠨᠦᠯᠦᠭᠡᠯᠡᠵᠦ ᠮᠡᠲᠡᠬᠦ ᠪᠠᠶᠢᠲᠠᠯ ᠢ ᠪᠤᠰᠤᠳ ᠲᠤ ᠠᠰᠢᠬ ᠤᠯᠭᠤᠬᠤ ᠪᠠᠷ ᠠᠮᠠᠯᠲᠠᠬᠰᠠᠨ ᠬᠡᠵᠦ ᠦᠵᠡᠨ᠎ᠡ᠃ ᠬᠠᠤᠯᠢ ᠴᠠᠭᠠᠵᠠ ᠶᠢᠨ ᠲᠠᠶᠢᠯᠪᠤᠷᠢ ᠳᠤ ᠪᠠᠰᠠ ᠤᠯᠤᠰ ᠤᠨ ᠠᠵᠢᠯᠲᠠᠨ ᠤ ᠲᠡᠷᠭᠡᠲᠡᠬᠢ ᠬᠦᠮᠦᠨ ᠤ ᠱᠠᠮᠰᠢᠵᠦ ᠬᠠᠭ᠋ᠤᠤᠯᠢ ᠢᠲᠡᠬᠦ ᠶᠠᠯᠠᠲᠦ ᠠᠵᠢᠯᠯᠠᠭ᠎ᠠ ᠳᠤ ᠲᠤᠲᠤᠷᠬᠠᠢ ᠲᠤᠬᠲᠠᠭᠠᠬᠰᠠᠨ ᠮᠦᠷᠲᠡᠭᠡᠨ ᠱᠠᠮᠰᠢᠵᠦ᠂ ᠬᠠᠭ᠋ᠤᠤᠯᠢ ᠢᠲᠡᠭᠰᠡᠨ ᠪᠤᠵᠠᠷ ᠤᠯᠵᠠ ᠶᠢ ᠠᠯᠪᠠᠨ ᠶᠠᠪᠤᠲᠠᠯ ᠳᠤ ᠬᠡᠷᠡᠭᠯᠡᠬᠦ ᠪᠤᠶᠤ ᠨᠡᠶᠢᠭᠡᠮ ᠳᠤ ᠬᠠᠨᠳᠢᠪᠯᠠᠬᠤ ᠪᠠᠷ ᠲᠤᠬᠲᠠᠭᠠᠵᠦ᠂ ᠶᠠᠯᠠᠲᠦ ᠠᠵᠢᠯᠯᠠᠭ᠎ᠠ ᠶᠢ ᠮᠠᠭᠠᠳᠯᠠᠨ ᠲᠤᠬᠲᠠᠭᠠᠬᠤ ᠶᠢ ᠨᠦᠯᠦᠭᠡᠯᠡᠬᠦ ᠦᠭᠡᠢ ᠬᠡᠵᠡᠢ᠃ ᠬᠠᠤᠯᠢ ᠴᠠᠭᠠᠵᠠ ᠶᠢᠨ ᠲᠠᠶᠢᠯᠪᠤᠷᠢ ᠳᠤ ᠪᠠᠰᠠ᠂ ᠤᠯᠤᠰ ᠤᠨ ᠠᠵᠢᠯᠲᠠᠨ ᠬᠠᠭ᠋ᠤᠤᠯᠢ ᠢᠲᠡᠭᠰᠡᠨ ᠶᠠᠯᠠᠲᠦ ᠠᠵᠢᠯᠯᠠᠭ᠎ᠠ ᠬᠢᠵᠦ᠂ ᠪᠠᠰᠠ ᠡᠷᠬᠡ ᠲᠤᠰᠢᠶᠠᠯ ᠢᠶᠠᠨ ᠲᠤᠷ᠎ᠠ ᠪᠠᠷ ᠬᠡᠷᠡᠭᠯᠡᠨ ᠤᠯᠤᠰ ᠠᠷᠠᠳ ᠤᠨ ᠠᠰᠢᠬ ᠲᠤᠰᠠ ᠶᠢ ᠬᠤᠬᠢᠷᠠᠭᠤᠯᠪᠠᠯ᠂ ᠡᠷᠡᠭᠦᠦ ᠶᠢᠨ ᠬᠠᠤᠯᠢ ᠳᠤ ᠲᠤᠰᠬᠠᠢ ᠲᠤᠬᠲᠠᠭᠠᠬᠰᠠᠨ ᠠᠴᠠ ᠪᠤᠰᠤᠳ ᠢ ᠪᠦᠷ ᠤᠯᠠᠨ ᠶᠠᠯ᠎ᠠ ᠶᠢ ᠬᠠᠮᠳᠤ ᠳᠤᠨᠢ ᠰᠢᠳᠬᠡᠨ᠎ᠡ ᠬᠡᠵᠦ ᠲᠤᠬᠲᠠᠭᠠᠵᠠᠢ᠃    

    ᠬᠠᠤᠯᠢ ᠴᠠᠭᠠᠵᠠ ᠶᠢᠨ ᠲᠠᠶᠢᠯᠪᠤᠷᠢ ᠳᠤ ᠪᠠᠰᠠ᠂ ᠢᠯᠵᠢᠷᠠᠨ ᠲᠤᠷᠦ᠋ᠢᠳᠠᠭᠰᠠᠨ ᠶᠠᠯᠠᠲᠤ ᠠᠵᠢᠯᠯᠠᠭ᠎ᠠ ᠳᠤ ᠦᠭᠭᠦ ᠠᠵᠤ ᠠᠬᠤᠢ ᠶᠢᠨ ᠲᠤᠷᠭᠠᠭᠤᠯᠢ ᠶᠢᠨ ᠡᠷᠴᠢᠮ ᠢ ᠴᠢᠨᠠᠬᠰᠢᠲᠠ ᠴᠢᠩᠭᠠᠷᠠᠭᠤᠯᠵᠦ᠂ ᠱᠠᠮᠰᠢᠵᠤ ᠬᠡᠬᠡᠯᠢ ᠲᠦᠯᠬᠢᠵᠦ ᠬᠠᠭ᠋ᠤᠤᠯᠢ ᠢᠲᠡᠭᠰᠡᠨ ᠶᠠᠯᠠᠳᠠᠨ ᠢ ᠰᠢᠳᠬᠡᠬᠦ ᠠᠵᠤ ᠠᠬᠤᠢ ᠶᠢᠨ ᠲᠤᠷᠭᠠᠭᠤᠯᠢ ᠶᠢᠨ ᠪᠠᠷᠢᠮᠵᠢᠶ᠎ᠠ ᠶᠢ ᠪᠤᠰᠤᠳ ᠶᠠᠯᠠᠲᠤ ᠠᠵᠢᠯᠯᠠᠭ᠎ᠠ ᠠᠴᠠ ᠢᠯᠡᠬᠦᠦ ᠬᠦᠨᠳᠦ ᠪᠠᠷ ᠲᠤᠭᠳᠠᠭᠠᠵᠤ᠂ ᠪᠠᠰᠠ ᠪᠤᠵᠠᠷ ᠤᠯᠵᠠ ᠶᠢ ᠨᠡᠬᠡᠮᠵᠢᠯᠡᠬᠦ ᠡᠷᠴᠢᠮ ᠢ ᠴᠢᠩᠭᠠᠷᠠᠭᠤᠯᠵᠠᠢ᠃ ᠱᠠᠮᠰᠢᠵᠤ ᠬᠡᠬᠡᠯᠢ ᠲᠦᠯᠬᠢᠵᠦ ᠬᠠᠭ᠋ᠤᠤᠯᠢ ᠢᠲᠡᠭᠰᠡᠨ ᠶᠠᠯᠠᠳᠠᠨ ᠤ ᠬᠠᠤᠯᠢ ᠪᠤᠰᠤ ᠪᠠᠷ ᠤᠯᠤᠭᠰᠠᠨ ᠪᠤᠵᠠᠷ ᠤᠯᠵᠠ ᠶᠢ ᠦᠨᠢᠳᠡ ᠨᠡᠬᠡᠮᠵᠢᠯᠡᠵᠦ᠂ ᠴᠠᠭ ᠤᠨ ᠬᠢᠵᠠᠭᠠᠷ ᠲᠤᠭᠳᠠᠭᠠᠬᠤ ᠦᠭᠡᠢ᠂ ᠦᠭᠡᠶᠢᠰᠭᠡᠬᠦ ᠦᠭᠡᠢ ᠭᠡᠵᠠᠢ᠃    

    ᠲᠤᠰ ᠬᠠᠤᠯᠢ ᠴᠠᠭᠠᠵᠠ ᠶᠢᠨ ᠲᠠᠶᠢᠯᠪᠤᠷᠢ ᠶᠢ ᠨᠡᠶᠢᠲᠡᠯᠡᠭᠰᠡᠨ ᠡᠲᠦᠷ ᠠᠴᠠ ᠡᠬᠢᠯᠡᠨ ᠬᠡᠷᠡᠭᠵᠢᠭᠦᠯᠦᠨ᠎ᠡ᠃




ᠢᠷᠡᠯᠲᠡ
ᠲᠤᠮᠳᠠᠳᠤ ᠤᠯᠤᠰ ᠤᠨ ᠮᠤᠩᠭᠤᠯ ᠬᠡᠯᠨ ᠤ ᠰᠤᠨᠢᠨ ᠮᠡᠳᠡᠭᠡ ᠶᠢᠨ ᠰᠦᠯᠵᠢᠶ᠎ᠡ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro