ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠪᠣᠰᠣᠳ ᠢ ᠰᠢᠬᠠᠮᠳᠠᠭᠤᠯᠣᠨ ᠵᠢᠭᠡᠯᠡᠭᠰᠡᠨ ᠪᠠᠷᠢᠮᠲᠠ ᠪᠢᠴᠢᠭᠦᠯᠵᠦ ᠬᠠᠥᠯᠢ ᠠᠴᠠ ᠵᠦᠷᠢᠴᠡᠨ ᠡᠷᠡᠭᠦᠦ ᠰᠢᠳᠬᠡᠯ ᠢᠶᠠᠷ ᠰᠢᠳᠬᠡᠭᠳᠡᠪᠡ

2016-04-25 09:33:04
ᠵᠣᠬᠢᠶᠠᠭᠴᠢ
ᠰᠣᠶᠣᠯ

    2015 ᠣᠨ ᠤ 3 ᠰᠠᠷ᠎ᠠ ᠶᠢᠨ 29 ᠤ ᠡᠳᠦᠷ ᠤᠨ ᠦᠳᠡ ᠶᠢᠨ ᠡᠮᠦᠨ᠎ᠡ᠂ ᠳ᠋ᠠᠪᠠᠨ ᠪᠠᠯᠭᠠᠰᠣᠨ ᠤ ᠰᠠᠭᠤᠭᠠᠯᠢ ᠠᠷᠠᠳ ᠭᠥᠸᠧ ᠣᠪᠣᠭᠲᠣ ᠦᠰᠦ ᠵᠠᠰᠠᠬᠤ ᠭᠠᠵᠠᠷ ᠲᠤ ᠦᠰᠦ ᠪᠠᠨ ᠵᠠᠰᠠᠭᠤᠯᠵᠣ ᠪᠠᠶᠢᠬᠤ ᠳᠠᠭᠠᠨ ᠲᠣᠬᠠᠢ ᠶᠢᠨ ᠲᠠᠯᠠᠪᠣᠷ ᠲᠤ ᠪᠠᠶᠢᠭᠰᠠᠨ ᠦᠭᠡᠢ ᠳ᠋ᠦᠩ ᠣᠪᠣᠭᠲᠣ ᠶᠢ ᠵᠦᠬᠡᠨ ᠬᠠᠷᠢᠶᠠᠭᠰᠠᠨ ᠳᠤ ᠶᠠᠭ ᠰᠠᠶ᠋ᠢᠬᠠᠨ ᠳ᠋ᠦᠩ ᠣᠪᠣᠭᠲᠣ ᠶᠢᠨ ᠨᠦᠬᠦᠷ ᠹᠦ᠋ ᠣᠪᠣᠭᠲᠣ ᠬᠠᠵᠠᠭᠤ ᠳᠤ ᠨᠢ ᠰᠠᠭᠤᠵᠣ ᠪᠠᠶᠢᠭᠰᠠᠨ ᠲᠣᠯᠠ ᠭᠥᠸᠧ ᠣᠪᠣᠭᠲᠣ ᠶᠢᠨ ᠬᠡᠯᠡᠭᠰᠡᠨ ᠢ ᠨᠢ ᠪᠦᠬᠦᠨ ᠢ ᠰᠣᠨᠣᠰᠴᠣ᠂ ᠭᠡᠷ ᠲᠡᠭᠡᠨ ᠬᠠᠷᠢᠭᠰᠠᠨ ᠤ ᠳᠠᠷᠠᠭ᠎ᠠ ᠪᠦᠰᠡᠭᠦᠢ ᠳ᠋ᠦᠩ ᠣᠪᠣᠭᠲᠣ ᠳᠤ ᠪᠠᠨ ᠬᠡᠯᠡᠵᠦ ᠦᠭᠴᠠᠢ᠃ ᠳ᠋ᠦᠩ ᠣᠪᠣᠭᠲᠣ ᠹᠦ᠋ ᠣᠪᠣᠭᠲᠣ ᠶᠢᠨ ᠬᠡᠯᠡᠭᠰᠡᠨ ᠢ ᠰᠣᠨᠣᠰᠣᠭᠠᠳ ᠶᠡᠬᠡᠲᠡ ᠠᠭᠤᠷᠯᠠᠵᠣ᠂ ᠲᠣᠰ ᠡᠳᠦᠷ ᠤᠨ ᠦᠳᠡ ᠶᠢᠨ ᠬᠤᠶᠢᠨ᠎ᠠ ᠨᠢ ᠭᠥᠸᠧ ᠣᠪᠣᠭᠲᠣ ᠶᠢ ᠭᠡᠷ ᠲᠡᠭᠡᠨ ᠳᠠᠭᠤᠳᠠᠵᠣ ᠠᠪᠴᠢᠷᠠᠨ᠂ ᠲᠡᠭᠦᠨ ᠡᠴᠠ‌ᠦᠪᠡᠷ ᠤᠨ ᠪᠡᠶ᠎ᠡ ᠶᠢ ᠨᠢ ᠬᠠᠷᠢᠶᠠᠭᠰᠠᠨ ᠣᠴᠢᠷ ᠢ ᠲᠣᠯᠭᠠᠨ ᠠᠰᠠᠭᠤᠵᠣ ᠬᠡᠷᠡᠭᠦᠯ ᠪᠣᠯᠪᠠ᠃ ᠳ᠋ᠦᠩ ᠣᠪᠣᠭᠲᠣ ᠪᠣᠯᠣᠨ ᠭᠥᠸᠧ ᠣᠪᠣᠭᠲᠣ ᠵᠢᠭᠤᠷᠠᠯᠳᠣᠭᠠᠨ ᠪᠣᠯᠵᠣ ᠪᠠᠶᠢᠬᠤ ᠳᠤ ᠹᠦ᠋ ᠣᠪᠣᠭᠲᠣ ᠭᠡᠷ ᠲᠡᠭᠡᠨ ᠬᠠᠷᠢᠵᠣ᠂ ᠪᠦᠰᠡᠭᠦᠢ ᠳ᠋ᠦᠩ ᠣᠪᠣᠭᠲᠣ ᠲᠠᠢ ᠪᠠᠨ ᠬᠠᠮᠲᠣ ᠭᠥᠸᠧ ᠣᠪᠣᠭᠲᠣ ᠶᠢ ᠴᠣᠬᠢᠵᠣ᠂《ᠳ᠋ᠦᠩ ᠣᠪᠣᠭᠲᠣ ᠠᠭᠤᠷᠯᠠᠭᠰᠠᠨ ᠠᠴᠠ ᠪᠣᠯᠵᠣ ᠡᠪᠡᠳᠴᠢᠨ ᠣᠯᠪᠠ》ᠭᠡᠰᠡᠨ ᠰᠢᠯᠲᠠᠭ ᠢᠶᠠᠷ ᠭᠥᠸᠧ ᠣᠪᠣᠭᠲᠣ ᠠᠴᠠ ᠡᠮᠨᠡᠭᠦᠯᠬᠦ ᠰᠦᠢᠳᠬᠡᠯ ᠠᠪᠬᠤ ᠭᠡᠵᠦ ᠰᠢᠬᠠᠮᠳᠠᠭᠤᠯᠣᠨ ᠨᠡᠭᠡᠭᠰᠡᠨ ᠳᠤ᠂ ᠭᠥᠸᠧ ᠣᠪᠣᠭᠲᠣ ᠠᠷᠭ᠎ᠠ ᠪᠣᠰᠣ ᠹᠦ᠋ ᠣᠪᠣᠭᠲᠣ ᠪᠣᠯᠣᠨ ᠳ᠋ᠦᠩ ᠣᠪᠣᠭᠲᠣ ᠳᠤ ᠠᠷᠠᠳ ᠤᠨ ᠵᠣᠭᠤᠰ ᠲᠠᠪᠣᠨ ᠲᠦᠮᠡᠨ ᠲᠦᠭᠦᠷᠢᠭ ᠤᠨ ᠵᠢᠭᠡᠯᠡᠭᠰᠡᠨ ᠪᠠᠷᠢᠮᠲᠠ ᠪᠢᠴᠢᠵᠦ ᠥᠭᠴᠦ ᠳᠣᠲᠠᠭᠠᠵᠣ ᠭᠠᠷᠤᠭᠠᠳ ᠬᠡᠷᠡᠭ ᠮᠡᠳᠡᠭᠦᠯᠵᠠᠢ᠃ ᠬᠠᠮᠢᠶ᠎ᠠ ᠪᠦᠬᠦᠢ ᠲᠣᠰᠬᠠᠢ ᠪᠠᠶᠢᠭᠤᠯᠭ᠎ᠠ ᠠᠴᠠ ᠭᠥᠸᠧ ᠣᠪᠣᠭᠲᠣ ᠶᠢᠨ ᠰᠢᠷᠬᠠᠨ ᠳᠤ ᠰᠢᠯᠭᠠᠨ ᠳᠣᠭᠲᠠᠭᠠᠯᠲᠠ ᠬᠢᠵᠦ᠂ ᠲᠡᠭᠦᠨ ᠤ ᠰᠢᠷᠬ᠎ᠠ ᠶᠢ ᠬᠦᠩᠭᠡᠪᠲᠦᠷ ᠰᠢᠷᠬ᠎ᠠ ᠭᠡᠵᠦ ᠨᠣᠲᠠᠯᠠᠪᠠ᠃

    ᠪᠠᠭᠠᠷᠢᠨ ᠪᠠᠷᠠᠭᠤᠨ ᠬᠤᠰᠢᠭᠤᠨ ᠤ ᠲᠣᠲᠣᠭᠠᠳᠣ ᠶᠢ ᠬᠠᠮᠠᠭᠠᠯᠠᠬᠤ ᠳᠣᠪᠴᠢᠶ᠎ᠠ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠳᠤ ᠶᠠᠯ᠎ᠠ ᠬᠢᠭᠰᠡᠨ ᠰᠡᠵᠢᠭᠲᠡᠨ ᠹᠦ᠋ ᠣᠪᠣᠭᠲᠣ ᠶᠢ ᠪᠠᠷᠢᠪᠴᠢᠯᠠᠬᠤ ᠶᠢ ᠵᠦᠪᠰᠢᠶᠡᠷᠡᠭᠦᠯᠬᠦ ᠪᠠᠷ ᠳᠡᠪᠰᠢᠭᠦᠯᠵᠦ᠂ ᠶᠠᠯ᠎ᠠ ᠬᠢᠭᠰᠡᠨ ᠰᠡᠵᠢᠭᠲᠡᠨ ᠳ᠋ᠦᠩ ᠣᠪᠣᠭᠲᠣ ᠶᠢ ᠪᠠᠲᠤᠯᠠᠭ᠎ᠠ ᠠᠪᠴᠦ ᠰᠢᠭᠦᠯᠲᠡ ᠬᠦᠯᠢᠶᠡᠯᠭᠡᠵᠠᠢ᠃ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠪᠠᠷ ᠳᠠᠮᠵᠢᠵᠣ᠂ ᠹᠦ᠋ ᠣᠪᠣᠭᠲᠣ ᠪᠣᠯᠣᠨ ᠳ᠋ᠦᠩ ᠣᠪᠣᠭᠲᠣ ᠬᠦᠴᠦᠷᠬᠡᠭᠯᠡᠯ ᠤᠨ ᠠᠷᠭ᠎ᠠ ᠪᠠᠷᠢᠯ ᠪᠣᠯᠣᠨ ᠰᠦᠷᠳᠡᠭᠦᠯᠭᠡ ᠶᠢᠨ ᠠᠷᠭ᠎ᠠ ᠮᠠᠶ᠋ᠢᠭ ᠢᠶᠠᠷ ᠬᠤᠣᠷᠯᠠᠭᠲᠠᠭᠴᠢ ᠭᠥᠸᠧ ᠣᠪᠣᠭᠲᠣ ᠶᠢ ᠰᠢᠬᠠᠮᠳᠠᠭᠤᠯᠣᠨ ᠲᠠᠪᠣᠨ ᠲᠦᠮᠡᠨ ᠲᠦᠭᠦᠷᠢᠭ ᠤᠨ ᠵᠢᠭᠡᠯᠡᠭᠰᠡᠨ ᠪᠠᠷᠢᠮᠲᠠ ᠪᠢᠴᠢᠭᠦᠯᠦᠭᠰᠡᠨ ᠦᠢᠯᠡ ᠠᠵᠢᠯᠯᠠᠭ᠎ᠠ ᠨᠢ ᠬᠢᠬᠠᠨ ᠱᠣᠯᠣᠭᠰᠠᠨ ᠶᠠᠯ᠎ᠠ ᠳᠤ ᠰᠡᠵᠢᠭᠯᠡᠭᠳᠡᠵᠠᠢ ᠭᠡᠵᠦ ᠦᠵᠡᠨ᠂ ᠹᠦ᠋ ᠣᠪᠣᠭᠲᠣ ᠶᠢ ᠪᠠᠷᠢᠪᠴᠢᠯᠠᠬᠤ ᠶᠢ ᠵᠦᠪᠰᠢᠶᠡᠷᠡᠵᠠᠢ᠃ ᠣᠶᠢᠷ᠎ᠠ ᠳᠤ᠂ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ ᠬᠢᠬᠠᠨ ᠱᠣᠯᠣᠭᠰᠠᠨ ᠶᠠᠯ᠎ᠠ ᠪᠠᠷ ᠵᠠᠭᠠᠯᠳᠣᠭᠳᠠᠭᠴᠢ ᠹᠦ᠋ ᠣᠪᠣᠭᠲᠣ ᠶᠢ ᠨᠢᠭᠡ ᠵᠢᠯ ᠤᠨ ᠭᠠᠳᠠᠨ᠎ᠠ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠵᠦ᠂ ᠠᠷᠠᠳ ᠤᠨ ᠵᠣᠭᠤᠰ ᠨᠢᠭᠡ ᠲᠦᠮᠡᠨ ᠲᠦᠭᠦᠷᠢᠭ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠬᠡᠵᠦ᠂ ᠵᠠᠭᠠᠯᠳᠣᠭᠳᠠᠭᠴᠢ ᠳ᠋ᠦᠩ ᠣᠪᠣᠭᠲᠣ ᠶᠢ ᠨᠢᠭᠡ ᠵᠢᠯ ᠤᠨ ᠭᠠᠳᠠᠨ᠎ᠠ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠵᠦ᠂ ᠡᠷᠡᠭᠦᠦ ᠶᠢ ᠨᠢ ᠬᠤᠶᠠᠷ ᠵᠢᠯ ᠢᠶᠠᠷ ᠠᠯᠭᠤᠷᠯᠠᠵᠣ᠂ ᠠᠷᠠᠳ ᠤᠨ ᠵᠣᠭᠤᠰ ᠨᠢᠭᠡ ᠲᠦᠮᠡᠨ ᠲᠦᠭᠦᠷᠢᠭ ᠤᠨ ᠵᠣᠭᠤᠰ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠬᠡᠵᠠᠢ᠃

ᠢᠷᠡᠯᠲᠡ
ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro