ᠠᠷᠢᠬᠢ ᠬᠡᠳᠦᠷᠠᠳᠠᠯ᠎ᠠ ᠣᠣᠭᠤᠵᠦ ᠭᠡᠷᠡᠭᠦᠯ ᠬᠢᠭᠰᠡᠨ ᠠᠴᠠ ᠶᠠᠯ᠎ᠠ ᠳᠤ ᠤᠨᠠᠪᠠ
ᠵᠠᠭᠠᠯᠳᠤᠭᠳᠠᠭᠴᠢ ᠪᠠᠲᠦ ︵ᠦᠭᠡᠷᠡᠴᠢᠯᠡᠭᠰᠡᠨ ᠨᠠᠷ᠎ᠡ︶᠂ ᠡᠷᠡᠭᠳᠠᠢ᠂ ᠮᠣᠩᠭᠤᠯ ᠦᠨᠳᠦᠰᠦᠳᠠᠨ᠂ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠣᠮᠦ ᠶᠢᠨ ᠬᠦᠮᠦᠨ᠃
ᠵᠠᠭᠠᠯᠳᠤᠭᠳᠠᠭᠴᠢ ᠪᠠᠲᠦ᠂ ᠵᠢᠷᠭᠠᠯ ᠤᠨ ᠵᠠᠮ ᠰᠣᠮᠣᠨ ᠤ ᠵᠢᠷᠭᠠᠯ ᠤᠨ ᠵᠠᠮ ᠲᠣᠰᠬᠤᠨ ᠤ ᠮᠠᠯᠴᠢᠨ ᠦᠭᠡᠳᠡ ︵ᠦᠭᠡᠷᠡᠴᠢᠯᠡᠭᠰᠡᠨ ᠨᠡᠷ᠎ᠡ︶ ᠲᠠᠢ ᠬᠤᠶᠠᠭᠤᠯᠠ ᠲᠣᠰ ᠭᠠᠴᠠᠭᠠᠨ ᠤ ᠮᠠᠯᠴᠢᠨ ᠪᠠᠱᠢ ᠶᠢᠨ ᠳᠤ ᠠᠵᠢᠯ ᠬᠢᠵᠦ ᠲᠠᠭᠤᠰᠣᠭᠠᠳ ᠠᠷᠢᠬᠢ ᠣᠣᠭᠤᠵᠦ ᠪᠠᠶᠢᠬᠤ ᠵᠠᠭᠤᠷ᠎ᠠ᠂ ᠵᠠᠭᠠᠯᠳᠤᠭᠳᠠᠭᠴᠢ ᠪᠠᠲᠦ ᠦᠭᠡᠳᠡ ᠶᠢᠨ ᠭᠠᠷ ᠮᠠᠰᠢᠨ ᠢ ᠰᠣᠯᠢᠵᠦ ᠠᠪᠦᠶᠠ ᠭᠡᠵᠦ ᠭᠠᠷ ᠮᠠᠰᠢᠨ ᠢ ᠨᠢ ᠭᠡᠷ ᠲᠡᠭᠡᠨ ᠠᠪᠴᠦ ᠬᠠᠷᠢᠪᠠ᠃ ᠦᠭᠡᠳᠡ ᠪᠠᠱᠢ ᠲᠠᠢ ᠬᠠᠮᠳᠦ ᠪᠠᠲᠦ ᠶᠢᠨ ᠳᠤ ᠬᠦᠷᠴᠦ ᠭᠠᠷ ᠮᠠᠰᠢᠨ ᠢᠶᠠᠨ ᠠᠪᠬᠤ ᠭᠡᠵᠦ ᠪᠠᠲᠦ ᠲᠠᠢ ᠵᠣᠳᠦᠯᠳᠦᠭᠠᠨ ᠪᠣᠯᠵᠦ᠂ ᠪᠠᠲᠦ ᠪᠣᠯᠣᠳ ᠬᠤᠭᠤᠯᠠᠢ ᠪᠠᠷ ᠦᠭᠡᠳᠡ ᠶᠢᠨ ᠲᠣᠯᠣᠭᠠᠢ ᠲᠡᠭᠡᠷ᠎ᠠ ᠴᠣᠬᠢᠵᠦ ᠰᠢᠷᠬᠠᠳᠣᠭᠤᠯᠣᠭᠰᠠᠨ ᠪᠠᠶᠢᠨ᠎ᠠ᠃ ᠬᠠᠣᠯᠢ ᠶᠢᠨ ᠡᠮᠴᠢ ᠶᠢᠨ ᠬᠢᠨᠠᠨ ᠲᠣᠭᠳᠠᠭᠠᠯᠳᠠ ᠢ ᠦᠨᠳᠦᠰᠦᠯᠡᠪᠠᠯ᠂ ᠬᠤᠣᠷᠯᠠᠭᠳᠠᠭᠴᠢ ᠦᠭᠡᠳᠡ ᠶᠢᠨ ᠰᠢᠷᠬᠠᠨ ᠤ ᠬᠡᠮᠵᠢᠶ᠎ᠠ ᠨᠢ ᠨᠢᠭᠡᠨᠳᠠ ᠬᠦᠡᠭᠭᠡᠨ ᠰᠢᠷᠬ᠎ᠠ ᠶᠢᠨ ᠬᠤᠶᠠᠳᠦᠭᠠᠷ ᠲᠡᠰ ᠤᠨ ᠬᠡᠮᠵᠢᠶᠠᠨ ᠳᠤ ᠬᠦᠷᠦᠭᠰᠡᠨ ᠪᠠᠶᠢᠨ᠎ᠠ ᠃ ᠬᠡᠷᠡᠭ ᠤᠨ ᠲᠠᠷᠠᠭ᠎ᠠ᠂ ᠵᠠᠭᠠᠯᠳᠤᠭᠳᠠᠭᠴᠢ ᠪᠠᠲᠦ ᠬᠤᠣᠷᠯᠠᠭᠳᠠᠴᠢ ᠦᠭᠡᠳᠡ ᠳᠤ ᠠᠵᠦ ᠠᠬᠤᠢ ᠶᠢᠨ ᠬᠤᠬᠢᠷᠠᠯ ᠠᠷᠠᠳ ᠤᠨ ᠵᠣᠭᠤᠰ 26000 ᠲᠦᠭᠦᠷᠢᠭ ᠦᠭᠴᠦ᠂ ᠦᠭᠡᠳᠡ ᠶᠢᠨ ᠠᠭᠤᠴᠢᠯᠠᠯ ᠢ ᠣᠯᠣᠭᠰᠠᠨ ᠪᠠᠶᠢᠨ᠎ᠠ᠃ ︿︿ᠪᠦᠭᠦᠳᠠ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠡᠷᠡᠭᠦᠦ ᠶᠢᠨ ᠬᠠᠣᠯᠢ﹀﹀ ᠶᠢᠨ ᠬᠤᠶᠠᠷ ᠵᠠᠭᠤ ᠵᠢᠷᠠᠨ ᠲᠦᠷᠪᠠᠳᠦᠭᠡᠷ ᠵᠣᠶᠢᠯ᠂ ᠵᠢᠷᠠᠨ ᠲᠣᠯᠣᠳᠦᠭᠠᠷ ᠵᠣᠶᠢᠯ ᠤᠨ ᠭᠤᠷᠪᠠᠳᠦᠭᠠᠷ ᠵᠣᠷᠪᠦᠰ᠂ ᠲᠠᠯᠠᠨ ᠬᠤᠶᠠᠳᠦᠭᠠᠷ ᠵᠣᠶᠢᠯ ᠤᠨ ᠨᠢᠭᠡᠳᠦᠭᠡᠷ ᠵᠣᠡᠪᠦᠰ᠂ ᠲᠠᠯᠠᠨ ᠭᠤᠷᠪᠠᠳᠦᠭᠠᠷ ᠵᠣᠶᠢᠯ ᠤᠨ ᠬᠤᠶᠠᠳᠦᠭᠠᠷ᠂ ᠭᠤᠷᠪᠠᠳᠦᠭᠠᠷ ᠵᠣᠷᠪᠦᠰ ᠤᠨ ᠲᠣᠭᠳᠠᠭᠠᠯ ᠢ ᠦᠨᠳᠦᠰᠦᠯᠡᠵᠦ᠂ ᠪᠠᠲᠦ ᠶᠢ ᠲᠣᠣᠷᠠᠬᠢ ᠮᠠᠳᠦ ᠰᠢᠭᠦᠨ ᠲᠠᠰᠣᠯᠪᠠ᠄
ᠵᠠᠭᠠᠯᠳᠤᠭᠳᠠᠭᠴᠢ ᠪᠠᠲᠦ ᠵᠣᠷᠢᠭᠤᠳᠠ ᠬᠡᠮᠳᠦᠭᠡᠭᠰᠡᠨ ᠶᠠᠯ᠎ᠠ ᠲᠠᠢ᠂ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠵᠦ᠂ ᠡᠷᠡᠭᠦᠦ ᠰᠢᠳᠬᠡᠯ ᠢ ᠨᠢᠭᠡ ᠵᠢᠯ ᠠᠯᠭᠤᠷᠯᠠᠨ᠎ᠠ᠃
ᠪᠢᠳᠠ ᠵᠠᠭᠠᠯᠳᠤᠭᠳᠠᠭᠴᠢ ᠪᠠᠲᠦ ᠶᠢᠨ ᠶᠠᠯ᠎ᠠ ᠬᠢᠭᠰᠡᠨ ᠠᠵᠢᠯᠯᠠᠭ᠎ᠠ ᠠᠴᠠ ᠰᠣᠷᠭᠠᠮᠵᠢ ᠠᠪᠣᠪᠠᠯ ᠵᠣᠬᠢᠨ᠎ᠠ᠃ ᠪᠠᠲᠦ ᠠᠷᠢᠬᠢ ᠬᠡᠳᠦᠷᠡᠳᠠᠯ᠎ᠠ ᠣᠣᠭᠤᠵᠦ ᠣᠬᠠᠭᠠᠨ ᠮᠡᠳᠠᠷᠠᠯ ᠨᠢ ᠪᠠᠯᠠᠷᠠᠵᠦ ᠪᠣᠰᠣᠳ ᠤᠨ ᠭᠠᠷ ᠣᠳᠠᠰᠦ ᠶᠢ ᠰᠣᠯᠢᠵᠦ ᠠᠪᠬᠤ ᠭᠡᠵᠦ ᠬᠦᠮᠦᠨ ᠤ ᠲᠣᠷ᠎ᠠ ᠲᠠᠢ ᠡᠰᠡᠬᠦ ᠶᠢ ᠬᠠᠮᠢᠶᠠᠷᠠᠬᠤ ᠦᠭᠡᠢ᠂ ᠭᠡᠷᠡᠭᠦᠯ ᠪᠣᠯᠵᠦ ᠬᠦᠮᠦᠨ ᠢ ᠵᠣᠷᠢᠭᠤᠳᠠ ᠰᠢᠷᠬᠠᠲᠤᠭᠤᠯᠵᠤ ᠶᠠᠯ᠎ᠠ ᠳᠤ ᠣᠷᠣᠭᠰᠠᠨ ᠪᠠᠶᠢᠨ᠎ᠠ᠃
ᠡᠨᠡᠬᠦ ᠶᠠᠪᠦᠳᠠᠯ ᠠᠴᠠ ᠰᠣᠡᠭᠠᠮᠵᠢ ᠠᠪᠴᠦ ᠠᠷᠢᠬᠢ ᠶᠢ ᠬᠡᠳᠦᠷᠠᠳᠠᠯ᠎ᠠ ᠣᠣᠭᠤᠵᠦ ᠭᠡᠷᠡᠭ ᠲᠠᠳᠠᠵᠦ ᠶᠠᠯ᠎ᠠ ᠳᠤ ᠣᠷᠣᠬᠤ ᠠᠴᠠ ᠰᠡᠷᠭᠡᠶᠢᠯᠡᠭᠦ ᠬᠡᠷᠡᠭᠳᠠᠢ ᠭᠡᠵᠦ ᠰᠠᠨᠠᠭᠤᠯᠣᠶ᠎ᠠ ︕