ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠲᠣᠭᠤᠰᠬᠠᠨ ᠦᠢᠯᠡᠳᠪᠦᠷᠢ ᠶᠢᠨ ᠠᠵᠢᠯᠴᠢᠨ ᠲᠣᠭᠤᠰᠬ᠎ᠠ ᠵᠦᠭᠡᠭᠡᠬᠦ ᠰᠡᠷᠡᠭᠡᠲᠦ ᠲᠡᠷᠭᠡᠨ ᠳᠡᠭᠡᠷ᠎ᠡ ᠨᠠᠭᠠᠳᠴᠣ ᠪᠠᠶᠢᠭᠰᠠᠨ ᠢᠶᠠᠨ ᠲᠡᠷᠭᠡᠨ ᠠᠴᠠ ᠣᠶᠢᠴᠢᠨ ᠬᠦᠷᠳᠦᠨ ᠳᠣᠣᠷ᠎ᠠ ᠨᠢ ᠳᠠᠷᠣᠭᠳᠠᠵᠣ ᠦᠬᠦᠪᠠ

2016-08-03 11:23:17
ᠵᠣᠬᠢᠶᠠᠭᠴᠢ
ᠰᠣᠶᠣᠯ

    2016 ᠣᠨ ᠤ 6 ᠰᠠᠷ᠎ᠠ ᠶᠢᠨ 9 ᠤ ᠡᠳᠦᠷ ᠤᠨ ᠦᠳᠡ ᠶᠢᠨ ᠬᠤᠶᠢᠨᠠᠬᠢ 5 ᠴᠠᠭ ᠤᠨ ᠦᠶ᠎ᠡ ᠪᠠᠷ ᠪᠠᠭᠠᠷᠢᠨ ᠪᠠᠷᠠᠭᠤᠨ ᠬᠤᠰᠢᠭᠤᠨ ᠤ ᠪᠠᠶᠠᠨᠬᠤᠰᠢᠭᠤ ᠪᠠᠯᠭᠠᠰᠣ ᠶᠢᠨ ᠳ᠋ᠦᠩᠱᠸᠡᠩ ᠲᠣᠭᠤᠰᠬᠠᠨ ᠦᠢᠯᠡᠳᠪᠦᠷᠢ ᠶᠢᠨ ᠲᠣᠭᠤᠰᠬ᠎ᠠ ᠬᠢᠬᠦ ᠮᠠᠰᠢᠨ ᠨᠢ ᠡᠪᠳᠡᠷᠡᠭᠰᠡᠨ ᠠᠴᠠ ᠪᠣᠯᠵᠣ ᠬᠦᠮᠦᠨ ᠤ ᠬᠦᠴᠦ ᠪᠠᠷ ᠲᠣᠭᠤᠰᠬ᠎ᠠ ᠬᠢᠪᠠ᠃ ᠬᠦᠮᠦᠨ ᠤ ᠬᠦᠴᠦ ᠪᠠᠷ ᠲᠣᠭᠤᠰᠬ᠎ᠠ ᠬᠢᠬᠦ ᠨᠢ ᠡᠷᠬᠡᠪᠰᠢ ᠲᠣᠭᠤᠰᠬ᠎ᠠ ᠲᠣᠰᠬᠤ ᠬᠡᠪ ᠢᠶᠠᠷ ᠲᠣᠭᠤᠰᠬ᠎ᠠ ᠲᠣᠰᠳᠠᠭ᠃ ᠦᠳᠡ ᠶᠢᠨ ᠬᠤᠶᠢᠨᠠᠬᠢ 6 ᠴᠠᠭ ᠤᠨ ᠦᠶᠡᠰ᠂  ᠠᠵᠢᠯᠴᠢᠳ ᠲᠣᠭᠤᠰᠬ᠎ᠠ ᠲᠣᠰᠬᠤ ᠬᠡᠪ ᠢᠶᠠᠨ ᠬᠡᠷᠡᠭᠯᠡᠵᠦ ᠪᠠᠷᠠᠨ ᠦᠢᠯᠡᠳᠪᠦᠷᠢ ᠶᠢᠨ ᠬᠠᠮᠢᠶᠠᠷᠣᠭᠴᠢ ᠨᠢ ᠠᠵᠢᠯᠴᠢᠳ ᠢᠶᠠᠨ ᠠᠮᠠᠷᠠᠭᠤᠯᠵᠣ ᠪᠠᠶᠢᠬᠤ ᠬᠤᠭᠤᠴᠠᠭᠠᠨ ᠳᠤ᠂ ᠸᠠᠩ ᠣᠪᠣᠭᠲᠣ ᠬᠢᠬᠦ ᠠᠵᠢᠯ ᠦᠭᠡᠢ ᠰᠡᠯᠡᠭᠦᠴᠠᠨ ᠲᠣᠭᠤᠷᠢᠵᠣ ᠾᠧ ᠣᠪᠣᠭᠲᠣ ᠶᠢᠨ ᠰᠡᠷᠡᠭᠡᠲᠦ ᠲᠡᠷᠭᠡᠨ  ᠤ ᠬᠠᠵᠠᠭᠤ ᠳᠤ ᠬᠦᠷᠪᠡ᠃ ᠸᠠᠩ ᠣᠪᠣᠭᠲᠣ ᠪᠣᠯᠣᠨ ᠾᠧ ᠣᠪᠣᠭᠲᠣ ᠬᠤᠶᠠᠷ  ᠡᠩ ᠤᠨ ᠴᠠᠭ ᠲᠤ ᠪᠠᠨ ᠰᠠᠶᠢᠨ ᠲᠠᠭᠠᠷᠠᠯᠴᠠᠳᠠᠭ ᠣᠴᠢᠷ ᠠᠴᠠ ᠬᠡᠵᠢᠶᠡᠳᠡ ᠬᠠᠷᠢᠯᠴᠠᠨ  ᠨᠠᠭᠠᠳᠤᠮ ᠱᠤᠭ ᠬᠢᠳᠡᠭ ᠂  ᠲᠤᠰ ᠡᠳᠦᠷ ᠸᠠᠩ ᠣᠪᠣᠭᠲᠣ ᠴᠦ ᠾᠧ ᠣᠪᠣᠭᠲᠣ ᠲᠠᠢ ᠨᠠᠭᠠᠳᠤᠮ ᠱᠤᠭ ᠬᠢᠵᠦ ᠾᠧ ᠣᠪᠣᠭᠲᠣ ᠶᠢᠨ ᠵᠢᠯᠣᠭᠤᠳᠴᠣ ᠪᠠᠶᠢᠭᠰᠠᠨ ᠰᠡᠷᠡᠭᠡᠲᠦ ᠲᠡᠷᠭᠡᠨ ᠤ ᠰᠡᠷᠡᠭᠡᠨ ᠳᠡᠭᠡᠷ᠎ᠡ ᠵᠣᠭᠰᠣᠨ ᠾᠧ ᠣᠪᠣᠭᠲᠣ ᠶᠢ ᠰᠡᠷᠡᠭᠡᠲᠦ ᠲᠡᠷᠭᠡ ᠪᠠᠷ ᠨᠠᠭᠠᠳᠣᠶ᠎ᠠ ᠬᠡᠵᠦ ᠭᠤᠶᠣᠴᠢᠯᠠᠪᠠ᠃ ᠾᠧ ᠣᠪᠣᠭᠲᠣ ᠸᠠᠩ ᠣᠪᠣᠭᠲᠣ ᠠᠴᠠ ᠰᠠᠶᠢᠬᠠᠨ ᠵᠣᠭᠰᠣᠭᠰᠠᠨ ᠡᠰᠡᠭᠦ ᠶᠢ ᠠᠰᠠᠭᠤᠨ ᠰᠡᠷᠡᠭᠡᠲᠦ ᠲᠡᠷᠭᠡ ᠪᠠᠨ ᠵᠢᠯᠣᠭᠤᠳᠴᠣ ᠣᠷᠣᠭᠰᠢ ᠶᠠᠪᠣᠪᠠ᠃  ᠳᠡᠮᠡᠢ ᠬᠤᠯᠠ ᠶᠠᠪᠣᠭᠰᠠᠨ ᠦᠭᠡᠢ ᠾᠧ ᠣᠪᠣᠭᠲᠣ ᠭᠡᠨᠡᠳᠲᠡ 《 ᠡ 》 ᠭᠡᠰᠡᠨ ᠳᠠᠭᠤ ᠣᠯᠵᠣ ᠰᠣᠨᠣᠰᠣᠨ ᠲᠡᠷᠭᠡᠨ ᠰᠡᠷᠡᠭᠡ ᠪᠠᠨ ᠬᠠᠷᠠᠭᠰᠠᠨ ᠳᠤ ᠸᠠᠩ ᠣᠪᠣᠭᠲᠣ ᠠᠯᠠᠭ᠎ᠠ ᠪᠣᠯᠪᠠ᠂ ᠾᠧ ᠣᠪᠣᠭᠲᠣ ᠴᠠᠭ ᠵᠠᠭᠤᠷ᠎ᠠ ᠣᠭᠵᠤᠮ ᠵᠣᠭᠰᠣᠯᠲᠠ ᠬᠢᠭᠰᠡᠨ ᠪᠣᠯᠪᠠᠴᠣ ᠰᠡᠷᠡᠭᠡᠲᠦ ᠲᠡᠷᠭᠡ ᠨᠢᠭᠡᠨᠲᠡ ᠸᠠᠩ ᠣᠪᠣᠭᠲᠣ ᠶᠢᠨ ᠭᠡᠳᠡᠰᠦᠨ ᠬᠡᠰᠡᠭ ᠢᠶᠠᠷ ᠳᠠᠭᠠᠷᠢᠪᠠ᠃ ᠾᠧ ᠣᠪᠣᠭᠲᠣ ᠲᠡᠷᠡ ᠳᠠᠷᠣᠶᠢᠬᠠᠨ ᠲᠡᠷᠭᠡᠨ ᠠᠴᠠ ᠪᠠᠨ ᠪᠠᠭᠤᠵᠣ ᠸᠠᠩ ᠣᠪᠣᠭᠲᠣ ᠶᠢ ᠦᠵᠡᠭᠰᠡᠨ ᠳᠤ ᠲᠡᠭᠦᠨ ᠤ ᠲᠣᠯᠣᠭᠠᠢ ᠨᠢ ᠲᠡᠷᠭᠡᠨ ᠬᠦᠷᠳᠦᠨ ᠤ ᠭᠠᠳᠠᠨ᠎ᠠ ᠪᠠᠶᠢᠵᠣ᠂ ᠠᠮᠠᠨ ᠠᠴᠠ ᠨᠢ ᠴᠢᠰᠣ ᠭᠠᠷᠴᠣ ᠪᠠᠶᠢᠪᠠ ᠃ ᠾᠧ ᠣᠪᠣᠭᠲᠣ ᠪᠣᠰᠣᠳ ᠠᠵᠢᠯᠴᠢᠳ ᠢᠶᠠᠨ ᠳᠠᠭᠤᠳᠠᠨ ᠸᠠᠩ ᠣᠪᠣᠭᠲᠣ ᠶᠢ ᠲᠡᠷᠭᠡᠨ ᠳᠣᠣᠷ᠎ᠠ ᠠᠴᠠ ᠠᠪᠣᠷᠠᠨ ᠭᠠᠷᠭᠠᠭᠰᠠᠨ ᠳᠤ ᠸᠠᠩ ᠣᠪᠣᠭᠲᠣ  ᠶᠢᠨ ᠬᠤᠪᠴᠠᠰᠣ ᠬᠤᠨᠠᠷ ᠨᠢ ᠣᠷᠠᠭᠳᠠᠨ ᠪᠡᠯᠭᠡ ᠶᠢᠨ ᠡᠷᠬᠡᠲᠡᠨ ᠪᠠ ᠪᠠᠷᠠᠭᠤᠨ ᠬᠦᠯ ᠤᠨ ᠬᠢᠨᠢ ᠡᠪᠦᠳᠦᠭ ᠤᠨ ᠬᠡᠰᠡᠭ ᠨᠢ ᠰᠢᠷᠬᠠᠲᠣᠨ ᠶᠡᠭᠡ ᠴᠢᠰᠣ ᠭᠠᠷᠴᠣ ᠪᠠᠶᠢᠪᠠ᠃ ᠦᠢᠯᠡᠳᠪᠦᠷᠢ ᠶᠢᠨ ᠬᠠᠮᠢᠶᠠᠷᠣᠭᠴᠢ ᠪᠣᠯᠣᠨ ᠾᠧ ᠣᠪᠣᠭᠲᠣ ᠵᠡᠷᠭᠡ ᠬᠦᠮᠦᠰ ᠸᠠᠩ ᠣᠪᠣᠭᠲᠣ ᠶᠢ ᠪᠠᠴᠢᠮ ᠠᠪᠣᠷᠠᠯᠲᠠ ᠶᠢᠨ ᠲᠡᠷᠭᠡ  ᠪᠠᠷ ᠡᠮᠨᠡᠯᠭᠡ ᠶᠢᠨ ᠬᠤᠷᠢᠶᠠᠨ ᠳᠤ ᠬᠦᠷᠭᠡᠵᠦ ᠪᠠᠶᠢᠬᠤ ᠵᠠᠮ ᠳᠤ ᠸᠠᠩ ᠣᠪᠣᠭᠲᠣ  ᠬᠡᠲᠦᠷᠬᠡᠢ ᠶᠡᠭᠡ  ᠴᠢᠰᠤ ᠭᠠᠷᠤᠭᠰᠠᠨ ᠠᠴᠠ ᠪᠣᠯᠵᠣ  ᠲᠡᠷᠭᠡᠨ ᠳᠡᠭᠡᠷ᠎ᠡ ᠠᠮᠢᠰᠬᠤᠭ᠎ᠠ ᠲᠠᠰᠣᠷᠠᠪᠠ᠃

    ᠲᠣᠰ ᠠᠮᠢᠨ ᠬᠡᠷᠡᠭ ᠭᠠᠷᠬᠤ ᠦᠶᠡᠰ ᠶᠠᠯ᠎ᠠ ᠬᠢᠭᠰᠡᠨ ᠰᠡᠵᠢᠭᠲᠡᠨ ᠾᠧ ᠣᠪᠣᠭᠲᠣ ᠠᠷᠪᠠ ᠶᠢᠰᠦᠬᠡᠨ ᠪᠦᠬᠦᠯᠢ ᠨᠠᠰᠣ ᠲᠠᠢ ᠪᠠᠶᠢᠵᠣ᠂ ᠬᠤᠣᠷᠯᠠᠭᠳᠠᠭᠴᠢ ᠸᠠᠩ ᠣᠪᠣᠭᠲᠣ ᠠᠷᠪᠠᠨ ᠨᠠᠢᠮᠠᠬᠠᠨ ᠪᠦᠬᠦᠯᠢ ᠨᠠᠰᠣ ᠲᠠᠢ ᠪᠢᠯᠡ᠃ ᠬᠡᠳᠦᠶᠢᠪᠡᠷ ᠶᠠᠯ᠎ᠠ ᠬᠢᠭᠰᠡᠨ ᠰᠡᠵᠢᠭᠲᠡᠨ ᠾᠧ ᠣᠪᠣᠭᠲᠣ ᠭᠠᠯ ᠵᠠᠯᠠᠭᠤ ᠭᠠᠩᠭᠠᠩ ᠰᠠᠶᠢᠬᠠᠨ ᠨᠠᠰᠣᠨ ᠳᠤ ᠪᠠᠨ ᠪᠠᠶᠢᠭᠰᠠᠨ ᠴᠦ ᠡᠷᠡᠭᠦᠦ ᠶᠢᠨ ᠬᠠᠣᠯᠢ ᠶᠢ ᠵᠦᠷᠢᠴᠡᠵᠦ ᠠᠳᠡᠯ ᠢᠶᠠᠷ ᠬᠦᠮᠦᠨ ᠢ ᠦᠬᠦᠭᠦᠯᠦᠭᠰᠡᠨ ᠶᠠᠯ᠎ᠠ ᠳᠤ ᠰᠡᠵᠢᠭᠯᠡᠭᠳᠡᠭᠰᠡᠨ ᠮᠦᠷᠲᠡᠭᠡᠨ ᠲᠡᠭᠦᠨ ᠤ ᠭᠡᠷ ᠨᠢ ᠭᠦᠢᠵᠸᠦ ᠮᠣᠵᠢ ᠳᠤ ᠪᠠᠶᠢᠭ᠎ᠠ ᠪᠣᠯᠬᠤᠷ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠲᠡᠭᠦᠨ ᠢ ᠪᠠᠷᠢᠪᠴᠢᠯᠠᠬᠤ ᠶᠢ ᠵᠦᠪᠰᠢᠶᠡᠷᠡᠪᠡ᠃

                    

ᠢᠷᠡᠯᠲᠡ
ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro