ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠴᠤᠬᠤᠮ ᠬᠡᠨ ᠤ ᠲᠦᠯᠦᠭᠡ ᠱᠤᠷᠤᠩ ᠳᠤ ᠰᠠᠭᠤᠪᠠ

2017-08-16 16:57:28
ᠵᠣᠬᠢᠶᠠᠭᠴᠢ
ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ‍ᠣ ᠠᠷᠠᠳ ᠤᠨ ᠪᠠᠶᠢᠴᠠᠭᠠᠬᠤ ᠬᠤᠷᠢᠶ᠎ᠠ

    ᠡᠪᠦᠯ ᠦᠨ ᠰᠡᠭᠦᠯᠴᠢ ᠵᠢᠨ ᠨᠢᠭᠡᠨ ᠰᠦᠨᠢ᠂ ᠬᠤᠤᠷᠯᠠᠭᠳᠠᠭᠴᠢ ᠯᠢᠦ ᠤᠪᠤᠭᠲᠤ ᠨᠢ ᠲᠠᠨᠢᠯ ᠪᠤᠰᠤ ᠬᠦᠮᠦᠨ  ᠳᠦ ᠴᠤᠬᠢᠭᠳᠠᠵᠤ᠂ ᠬᠠᠥᠯᠢ ᠪᠤᠰᠤ ᠪᠡᠷ ᠪᠦᠬᠦᠯᠢ ᠳᠦᠷᠪᠡᠨ ᠴᠠᠭ ᠬᠢᠷᠢᠲᠡᠢ ᠬᠤᠷᠢᠭᠳᠠᠵᠤ᠂ ᠬᠠᠷ᠎ᠠ ᠲᠠᠮᠤᠯᠠᠯ  ᠠᠮᠰᠠᠵᠤ ᠠᠷᠠᠢ ᠯᠠ ᠠᠮᠢ ᠲᠠᠢ ᠲᠤᠲᠠᠭᠠᠵᠤ ᠭᠠᠷᠴᠠᠢ᠃ ᠦᠢᠷ᠎ᠠ ᠳᠤ᠂ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠵᠠᠭᠠᠯᠳᠤᠭᠳᠠᠭᠴᠢ ᠯᠢ ᠤᠪᠤᠭᠲᠤ ᠪᠤᠯᠤᠨ ᠴᠢᠦ ᠤᠪᠤᠭᠲᠤ  ᠶᠢ ᠬᠠᠥᠯᠢ ᠪᠤᠰᠤ ᠪᠡᠷ ᠬᠤᠷᠢᠭᠰᠠᠨ ᠶᠠᠯ᠎ᠠ ᠪᠡᠷ ᠠᠯᠪᠠᠨ ᠵᠠᠭᠠᠯᠳᠤᠯᠭ᠎ᠠ ᠬᠢᠭᠰᠡᠨ ᠪᠠᠶᠢᠨ᠎ᠠ᠃

    2016 ᠤᠡ   ᠦ 12 ᠰᠠᠷ᠎ᠠ ᠵᠢᠨ 1 ᠦ ᠤᠷᠤᠢ ᠵᠢᠨ 9᠄35 ᠦᠶ᠎ᠡ ᠪᠡᠷ᠂ ᠵᠠᠭᠠᠯᠳᠤᠭᠳᠠᠭᠴᠢ ᠯᠢ ᠤᠪᠤᠭᠲᠤ᠂ ᠴᠢᠦ ᠤᠪᠤᠭᠲᠤ ᠪᠤᠯᠤᠨ ᠬᠤᠤᠷᠯᠠᠭᠳᠠᠭᠴᠢ ᠯᠢᠦ ᠤᠪᠤᠭᠲᠤ ᠵᠢᠨ ᠨᠠᠶᠢᠵᠠ ᠦᠬᠢᠨ ᠭᠤᠷᠪᠠᠭᠤᠯᠠ ᠰᠢᠷᠠᠯᠠᠭ᠎ᠠ ᠵᠢᠨ ᠬᠤᠭᠤᠯᠠᠨ ᠭᠡᠷ ᠲᠦ ᠠᠷᠢᠬᠢ ᠤᠤᠭᠤᠵᠤ ᠪᠠᠷᠠᠭᠠᠳ ᠭᠠᠷᠬᠤ ᠦᠶ᠎ᠡ ᠳ᠋ᠠᠬᠡᠨ ᠯᠢᠦ ᠤᠪᠤᠭᠲᠤ ᠲᠠᠢ ᠬᠠᠷᠭᠤᠪᠡ᠃ ᠡᠳᠡ ᠭᠤᠷᠪᠠᠭᠤᠯᠠ  ᠪᠠᠨ ᠮᠠᠰᠢᠨ ᠪᠠᠷᠢᠵᠤ ᠯᠢᠦ ᠤᠪᠤᠭᠲᠤ  ᠶᠢ ᠠᠷᠤ  ᠡᠴᠡ ᠨᠢ ᠨᠡᠬᠡᠮᠵᠢᠯᠡᠨ ᠬᠦᠭᠡᠭᠡᠵᠦ ᠬᠤᠲᠠ ᠵᠢᠨ ᠲᠡᠭᠦᠷᠭᠡ ᠵᠢᠨ ᠵᠠᠰᠠᠮᠠᠯ ᠵᠠᠮ ᠬᠦᠷᠬᠦ  ᠳᠦ ᠬᠦᠭᠡᠭᠡᠨ ᠭᠦᠢᠴᠡᠵᠦ᠂ ᠲᠡᠭᠦᠨ ᠢ ᠮᠠᠰᠢᠨ ᠡᠴᠡ ᠨᠢ ᠴᠢᠷᠴᠤ ᠭᠠᠷᠭᠠᠨ ᠡᠵᠡᠭᠦᠢ ᠬᠡᠭᠡᠷ᠎ᠡ ᠠᠭᠯᠠᠭ ᠠᠭᠤᠯᠠᠨ ᠳᠤ ᠠᠪᠠᠴᠢᠵᠤ᠂ ᠨᠠᠶᠢᠵᠠ ᠦᠬᠢᠨ ᠲᠠᠢ ᠪᠠᠨ ᠢᠨᠠᠭ ᠤᠨ ᠬᠠᠷᠢᠴᠠᠭ᠎ᠠ ᠪᠠᠨ ᠲᠠᠰᠤᠯᠬᠤ ᠬᠡᠷᠡᠭᠲᠡᠢ ᠭᠡᠮᠡᠨ ᠰᠦᠷᠳᠡᠭᠦᠯᠦᠨ ᠴᠤᠬᠢᠭᠰᠠᠨ ᠪᠠᠶᠢᠨ᠎ᠠ᠃ ᠯᠢᠦ ᠤᠪᠤᠭᠲᠤ ᠨᠠᠶᠢᠵᠠ ᠦᠬᠢᠨ ᠦ ᠪᠠᠨ ᠬᠠᠪᠰᠤᠷᠤᠯᠭ᠎ᠠ ᠪᠡᠷ ᠯᠢ ᠤᠪᠤᠭᠲᠤ ᠪᠤᠯᠤᠨ ᠴᠢᠦ ᠤᠪᠤᠭᠲᠤ ᠵᠢᠨ ᠰᠠᠨᠠᠮᠰᠠᠷ ᠦᠭᠡᠢ ᠪᠠᠶᠢᠬᠤ ᠶᠢ ᠲᠠᠯᠢᠮᠳᠠᠭᠤᠯᠤᠨ ᠲᠤᠲᠠᠭᠠᠨ ᠭᠠᠷᠴᠤ᠂ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠤ ᠲᠤᠮᠢᠯᠠᠭᠰᠠᠨ ᠰᠠᠯᠪᠤᠷᠢ ᠳᠤ ᠬᠦᠷᠴᠦ ᠬᠡᠷᠡᠭ ᠮᠡᠳᠡᠭᠦᠯᠵᠠᠢ᠃

    ᠢᠩᠭᠢᠭᠡᠳ ᠬᠤᠶᠠᠷ ᠰᠠᠷ᠎ᠠ ᠲᠠᠢ ᠨᠢᠯᠬ᠎ᠠ ᠦᠷ᠎ᠡ ᠵᠢᠨ ᠡᠴᠢᠭᠡ ᠰᠠᠭᠤᠭᠰᠠᠨ ᠯᠢ ᠤᠪᠤᠭᠲᠤ ᠪᠤᠯᠤᠨ ᠭᠠᠯ ᠵᠠᠯᠠᠭᠤ ᠨᠠᠰᠤᠨ ᠳ᠋ᠠᠭᠠᠨ ᠪᠠᠶᠢᠭ᠎ᠠ ᠴᠢᠦ ᠤᠪᠤᠭᠲᠤ ᠱᠤᠷᠤᠩ ᠳᠤ ᠤᠷᠤᠵᠤ᠂  ᠬᠠᠥᠯᠢ ᠴᠠᠭᠠᠵᠠ ᠵᠢᠨ ᠬᠠᠲᠠᠭᠤ ᠰᠢᠳᠭᠡᠯ ᠢ ᠬᠦᠯᠢᠶᠡᠨ ᠰᠠᠭᠤᠬᠤ ᠪᠤᠯᠵᠠᠢ᠃ ᠋

    ᠠᠮᠢᠳᠤᠷᠠᠯ ᠤᠨ ᠰᠠᠶᠢᠨ ᠰᠠᠶᠢᠬᠠᠨ ᠵᠠᠮ ᠢ ᠰᠤᠩᠭᠤᠵᠤ᠂ ᠦᠪᠡᠷ ᠦᠨ ᠭᠡᠷ ᠪᠦᠯᠢ ᠳ᠋ᠠᠬᠡᠨ ᠬᠠᠷᠢᠭᠤᠴᠠᠯᠭ᠎ᠠ ᠲᠠᠢ᠂ ᠬᠠᠥᠯᠢ  ᠳᠦᠷᠢᠮ ᠢ ᠰᠠᠬᠢᠭᠰᠠᠨ ᠠᠷᠠᠳ ᠢᠷᠭᠡᠨ ᠪᠤᠯᠵᠤ᠂ ᠡᠶ᠎ᠡ ᠵᠤᠬᠢᠴᠠᠩᠭᠤᠢ ᠨᠡᠶᠢᠭᠡᠮ ᠳᠦ  ᠵᠣᠯ ᠵᠢᠷᠭᠠᠯᠲᠠᠢ ᠠᠮᠢᠳᠤᠷᠠᠵᠠᠭᠠᠶ᠎ᠠ︕

ᠢᠷᠡᠯᠲᠡ
ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ‍ᠣ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro