ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠠᠮᠤᠷᠯᠢᠩᠭᠤᠢ ᠨᠤᠶᠢᠷᠰᠤᠭᠠᠷᠠᠢ

2016-03-04 15:35:24
ᠵᠣᠬᠢᠶᠠᠭᠴᠢ
ᠱᠤᠸᠠᠩ ᠶᠢᠨ ᠪᠣᠤ

ᠠᠷᠪᠡᠨ ᠲᠦᠷᠪᠡᠨ ᠤ ᠦᠳᠡ ᠶᠢᠨ ᠡᠮᠤᠨ᠎ᠡ 

ᠠᠵᠢᠯ ᠳᠤ ᠭᠠᠷᠬᠤ ᠵᠠᠮ ᠵᠠᠭᠤᠷ᠎ᠠ 

ᠭᠠᠷ ᠤᠳᠠᠰᠤ ᠮᠢᠨᠢ ᠭᠡᠨᠡᠳᠲᠡ ᠲᠠᠴᠢᠬᠢᠨᠠᠬᠤᠯᠡᠷ

ᠭᠠᠷ ᠤᠨ ᠠᠶ᠎ᠠ ᠪᠠᠷ ᠲᠤᠰᠤᠨ ᠠᠪᠤᠯ᠎ᠠ᠃

ᠠᠬᠠᠮᠡᠳ ᠪᠠᠶᠢᠴᠠᠭᠠᠭᠴᠢ ᠪᠠᠢ ᠱᠦᠨ ᠠᠬ᠎ᠠ ᠶᠢ ᠬᠠᠯᠢᠴᠢᠬᠠᠯ᠎ᠠ ᠬᠡᠮᠡᠨ 

ᠠᠷᠪᠡᠨ ᠵᠡᠭᠦᠳᠦᠨ ᠳᠤ ᠴᠦ ᠤᠷᠤᠭ᠎ᠠ ᠦᠭᠡᠢ 

ᠬᠤᠶᠠᠷ ᠴᠢᠬᠢ ᠪᠠᠨ ᠪᠢ ᠢᠲᠡᠭᠡᠵᠤ ᠶᠠᠳᠠᠯ᠎ᠠ 

ᠬᠠᠯᠠᠭᠤᠨ ᠨᠢᠯᠪᠤᠰᠤ ᠡᠷᠬᠡ ᠦᠭᠡᠢ ᠪᠦᠮᠪᠦᠷᠢᠵᠤ ᠭᠠᠷᠤᠯ᠎ᠠ᠃

ᠰᠢᠬᠢᠷ ᠰᠢᠵᠢᠩ ᠤᠨ ᠡᠪᠡᠳᠴᠢᠨ ᠤ ᠴᠢᠨᠢ ᠲᠠᠭᠡᠷ᠎ᠡ 

ᠰᠢᠬᠡᠬᠦ ᠪᠦᠭᠡᠷ᠎ᠡ ᠶᠢᠨ ᠴᠢᠯᠠᠭᠤᠵᠢᠮᠠᠯ ᠪᠠᠰᠠ ᠳᠠᠪᠬᠤᠴᠠᠵᠤ

ᠲᠡᠷᠢᠬᠢᠨ ᠠᠴᠠ ᠴᠢᠨᠢ ᠭᠡᠨᠡᠳᠲᠡ ᠴᠢᠰᠤ ᠬᠠᠷᠪᠤᠨ 

ᠲᠠᠷᠴᠢᠯᠭᠠᠵᠤ ᠴᠢᠮᠠᠬᠢ ᠬᠡᠴᠡᠭᠦᠦ ᠵᠤᠪᠠᠭᠠᠯ᠎ᠠ᠃

ᠠᠷᠬᠠᠭ ᠡᠪᠡᠳᠴᠢᠨ ᠴᠢᠨᠢ ᠬᠦᠳᠡᠯᠵᠤ

ᠡᠮᠨᠡᠯᠭᠡ ᠶᠢᠨ ᠭᠠᠵᠠᠷ ᠬᠦᠷᠭᠡᠭᠳᠡᠭᠰᠡᠨ ᠪᠤᠯᠪᠠᠴᠤ 

ᠠᠷᠡᠢ ᠠᠷᠪᠠᠭ᠋ᠠᠨ ᠡᠳᠤᠷ ᠴᠦ ᠪᠤᠯᠤᠭ᠎ᠠ ᠦᠭᠡᠢ 

ᠠᠯᠳᠡᠨ ᠲᠡᠯᠡᠬᠡᠢ ᠠᠴᠠ ᠠᠩᠬᠢᠵᠢᠷᠠᠴᠢᠬᠠᠯ᠎ᠠ ᠲᠠ ᠮᠢᠨᠢ

ᠠᠬ᠎ᠠ ᠲᠡᠬᠦᠦ ᠪᠤᠯᠤᠨ ᠦᠷ᠎ᠡ ᠬᠡᠦᠬᠡᠳ ᠴᠢᠨᠢ

ᠠᠯᠢ ᠴᠢᠳᠠᠬᠤ ᠪᠠᠷ ᠲᠠᠨ ᠢ ᠪᠠᠨ ᠠᠪᠤᠷᠠᠭᠰᠠᠨ 

ᠠᠷᠠᠢ ᠰᠠᠶ᠋ᠢ ᠵᠢᠷᠠᠬᠠᠨ ᠨᠠᠰᠤᠨ ᠰᠢᠤ

ᠠᠬᠢᠭᠠᠳ ᠠᠷᠪᠠᠭ᠋ᠠᠨ ᠵᠢᠯ ᠴᠦ ᠠᠮᠢᠳᠤᠷᠠᠭᠠᠰᠠᠢ 

ᠨᠠᠰᠤᠨ ᠬᠡᠮᠵᠢᠶ᠎ᠡ ᠨᠢ ᠲᠤᠯᠵᠡᠢ ᠭᠡᠰᠡᠨ ᠦᠭᠡ 

ᠨᠠᠳᠠ ᠶᠠᠭ ᠢᠳᠡᠭᠡᠭᠳᠡᠬᠦ ᠦᠭᠡᠢ ᠪᠠᠶᠢᠨ᠎ᠠ 

ᠨᠠᠶᠢᠷᠯᠠᠯᠳᠤᠵᠤ ᠳᠠᠰᠤᠯᠴᠠᠭᠰᠠᠨ ᠲᠡᠬᠦᠦ ᠴᠢᠨᠢ 

ᠨᠠᠰᠤᠨ ᠲᠤᠷᠰᠢ ᠲᠠᠨ ᠢ ᠪᠠᠨ ᠮᠦᠷᠦᠭᠡᠳᠦᠨ ᠪᠠᠶᠢᠨ᠎ᠠ᠃

ᠬᠦᠮᠦᠨ ᠤ ᠰᠠᠶᠢᠨ ᠬᠦᠮᠦᠨ ᠰᠢᠥ ᠲᠠᠨᠤᠰ 

ᠬᠥᠬᠡ ᠮᠤᠩᠭᠤᠯ ᠤᠨ ᠰᠤᠲᠤᠨ ᠦᠷᠡᠰ 

ᠵᠢᠷᠠᠬᠠᠨ ᠬᠠᠪᠤᠷ ᠨᠠᠮᠤᠷ ᠢ ᠲᠤᠭᠤᠯᠠᠭᠠᠳ

ᠵᠠᠮ ᠬᠠᠭᠠᠰ ᠳᠣᠲᠠᠭᠤ ᠳᠤᠷᠭᠤᠨ ᠢᠶᠠᠷ ᠤᠳᠴᠢᠬᠠᠯ᠎ᠠ᠃

ᠨᠠᠶᠢᠷ ᠤᠨ ᠰᠢᠷᠡᠭᠡᠨ᠎ᠠ ᠰᠠᠭᠠᠳᠤᠭᠰᠠᠭᠠᠷ ᠲᠠᠨᠤᠰ 

ᠨᠠᠷᠬᠢᠶᠡᠨ ᠬᠥᠭᠵᠢᠶᠡᠨ ᠡᠬᠦᠰᠭᠡᠳᠡᠩ ᠪᠠᠶᠢᠨ᠎ᠠ

ᠦᠶ᠎ᠡ ᠶᠢᠨ ᠨᠦᠬᠦᠳ ᠲᠠᠢ ᠪᠠᠨ ᠠᠭᠤᠯᠵᠠᠭᠰᠠᠭᠠᠷ ᠲᠠᠨᠤᠰ

ᠦᠯᠢᠭᠡᠷ ᠤᠨ ᠤᠭᠤᠲᠠ ᠪᠠᠨ ᠠᠭᠣᠳᠠᠯᠯᠠᠳᠠᠭ ᠪᠠᠶᠢᠨ᠎ᠠ᠃

ᠰᠡᠳᠭᠡᠯ ᠴᠢᠨᠢ ᠲᠤᠩ ᠴᠠᠭᠠᠪᠤᠷ ᠰᠢᠤ 

ᠰᠠᠨᠠᠭ᠎ᠠ ᠴᠢᠨᠢ ᠲᠤᠶᠢᠯ ᠤᠨ ᠠᠰᠪᠤᠷᠢ ᠶᠤᠮ 

ᠬᠠᠣᠯᠢ ᠶᠢᠨ ᠠᠵᠢᠯ ᠢ ᠬᠢᠭᠡᠳ 

ᠭᠠᠤᠯᠢ ᠶᠢ ᠬᠤᠷᠢᠶᠠᠭᠰᠠᠨ ᠤᠳᠠᠭ᠎ᠠ ᠦᠭᠡᠢ ᠲᠠᠨᠤᠰ᠃

ᠪᠤᠰᠤᠳ ᠢ ᠲᠤᠰᠠᠯᠠᠬᠤ ᠶᠢ ᠪᠤᠳᠤᠳᠠᠭ ᠠᠴᠠ ᠪᠢᠰᠢ 

ᠪᠡᠶ᠎ᠡ ᠳᠡᠭᠡᠨ ᠬᠤᠵᠢᠶ᠎ᠠ ᠶᠢ ᠰᠠᠨᠠᠳᠠᠭ ᠦᠭᠡᠢ 

ᠬᠡᠨ ᠬᠦᠮᠦᠨ ᠴᠢᠮᠠᠶᠢ ᠪᠤᠯᠤᠨ᠎ᠠ ᠭᠡᠪᠡᠯ 

ᠬᠡᠤᠳᠡᠢ ᠲᠠᠢ ᠪᠠᠨ ᠬᠦᠨᠳᠦᠷᠴᠦ ᠥᠭᠳᠡᠭ ᠵᠠᠩ ᠲᠠᠢ ᠲᠠ᠃

ᠠᠷᠪᠠᠨ ᠠᠭᠲᠠ ᠴᠢᠮ᠎ᠠ ᠳᠤ ᠦᠭᠡᠢ ᠪᠤᠯᠪᠠᠴᠤ 

ᠠᠷᠪᠢᠨ ᠠᠬ᠎ᠠ ᠲᠡᠬᠦᠥ ᠲᠠᠨᠤᠰ ᠳᠤ ᠪᠠᠶᠢᠨ᠎ᠠ 

ᠦᠬᠦᠯ ᠠᠴᠠ ᠲᠠᠨᠤᠰ ᠢ ᠠᠪᠤᠷᠠᠬᠤ ᠭᠡᠳ 

ᠤᠯᠠᠨ ᠲᠠᠯ᠎ᠠ ᠠᠴᠠ ᠲᠤᠰᠠᠯᠠᠯᠴᠠᠭᠰᠠᠨ ᠰᠢᠤ᠃

ᠬᠤᠤᠷ ᠢ ᠴᠢᠨᠢ ᠠᠮᠰᠠᠭᠰᠠᠨ ᠬᠦᠮᠦᠨ ᠢ ᠦᠵᠡᠭᠡ ᠦᠭᠡᠢ 

ᠬᠠᠶᠢᠷ᠎ᠠ ᠶᠢ ᠴᠢᠨᠢ ᠬᠦᠷᠲᠡᠭᠰᠡᠨ ᠤᠯᠤᠰ ᠢ ᠤᠯᠠᠨ ᠰᠤᠨᠤᠰᠤᠭᠰᠠᠨ 

ᠬᠦᠮᠦᠨ ᠪᠦᠬᠦᠨ ᠲᠠᠨᠤᠰ ᠠᠳᠠᠯᠢ ᠪᠤᠯᠤᠭᠠᠰᠠᠢ ᠳ᠋ᠠ 

ᠬᠦᠷᠦᠰᠦᠳᠦ ᠲᠡᠯᠡᠬᠡᠢ ᠶᠠᠭᠤᠳᠠᠢ ᠭᠤᠸ᠎ᠠ ᠰᠠᠶᠢᠬᠠᠨ ᠪᠣᠯᠳᠠᠭ ᠪᠣᠯ︕

ᠠᠯᠳᠠᠨ ᠪᠡᠶ᠎ᠡ ᠴᠢᠨᠢ ᠶᠢᠷᠲᠢᠨᠴᠤ ᠠᠴᠠ ᠠᠩᠬᠢᠵᠢᠷᠠᠭᠰᠠᠨ ᠴᠦ 

ᠠᠤᠭ᠎ᠠ ᠪᠦᠳᠦᠭᠡᠯ ᠴᠢᠨᠢ ᠣᠪᠣᠭ᠎ᠠ ᠬᠤᠴᠣᠷᠠᠯ᠎ᠠ 

ᠵᠤᠬᠢᠶᠠᠯ ᠢ ᠴᠢᠨᠢ ᠠᠪᠤᠭᠠᠳ ᠤᠩᠰᠢᠭᠰᠠᠭᠠᠷ 

ᠵᠣᠷᠢᠭ ᠬᠦᠴᠦᠨ ᠢ ᠮᠢᠨᠢ ᠡᠷᠴᠢᠯᠡᠭᠡᠳ ᠪᠠᠶᠢᠨ᠎ᠠ᠃

ᠨᠠᠰᠤ ᠪᠡᠶ᠎ᠡ ᠴᠢᠨᠢ ᠡᠴᠤᠰᠯᠡᠭᠰᠡᠨ ᠴᠦ 

ᠨᠠᠷ᠎ᠡ ᠠᠯᠳᠠᠷ ᠴᠢᠨᠢ ᠦᠨᠢᠳᠡ ᠳᠣᠷᠠᠰᠤᠭᠳᠠᠨᠠᠮ

ᠶᠢᠰᠦᠨ ᠪᠤᠯᠠᠭ ᠤᠨ ᠲᠤᠤᠷ᠎ᠡ ᠪᠠᠨ ᠠᠬ᠎ᠠ ᠮᠢᠨᠢ ᠲᠠ 

ᠢᠮᠠᠭᠲᠠ ᠠᠮᠤᠷᠯᠢᠩᠭᠤᠢ ᠨᠤᠶᠢᠷᠰᠤᠭᠠᠷᠠᠢ︕

 


ᠢᠷᠡᠯᠲᠡ
ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro