ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠢᠷᠦᠭᠡᠯ

2016-05-10 10:43:51
ᠵᠣᠬᠢᠶᠠᠭᠴᠢ
ᠱᠤᠸᠠᠩ ᠶᠢᠨ ᠪᠣᠤ

ᠵᠧ︕ ᠬᠤᠷᠤᠢ᠂ ᠬᠤᠷᠤᠢ︕

ᠪᠠᠶᠠᠨ ᠰᠠᠶᠢᠨ ᠵᠢᠷᠭᠠᠵᠤ ᠶᠠᠪᠦ

ᠪᠠᠳᠠᠷᠠᠨ ᠳᠡᠯᠭᠡᠷᠡᠵᠦ ᠬᠥᠭᠵᠢᠵᠥ ᠶᠠᠪᠦ

ᠠᠰ ᠤᠨ ᠪᠡᠶ᠎ᠡ ᠴᠢᠨᠢ ᠡᠷᠡᠭᠦᠯ ᠶᠠᠪᠦ

ᠠᠰᠢᠭ ᠵᠣᠭᠤᠰ ᠴᠢᠨᠢ ᠵᠤᠵᠠᠭᠠᠷᠠᠵᠤ ᠶᠠᠪᠦ

ᠥᠲᠡᠯᠥᠭᠡ ᠨᠠᠰᠤᠲᠠᠨ ᠢᠶᠠᠨ ᠬᠦᠨᠳᠦᠯᠡᠵᠦ ᠶᠠᠪᠦ

ᠦᠷ᠎ᠡ ᠬᠡᠥᠭᠡᠳ ᠢᠶᠠᠨ ᠰᠤᠶᠤᠯᠵᠢᠭᠤᠯᠵᠤ ᠶᠠᠪᠤ

ᠥᠯᠵᠡᠢ ᠮᠦᠷ ᠲᠠᠢ ᠥᠭᠡᠳᠡᠯᠡᠵᠦ ᠶᠠᠪᠦ

ᠤᠯᠤᠰ ᠬᠦᠷᠦᠨ ᠳᠡᠭᠡᠨ ᠵᠢᠳᠭᠦᠯ ᠲᠠᠢ ᠶᠠᠪᠦ

ᠡᠷᠥᠭᠡ ᠭᠡᠷ ᠴᠢᠨᠢ ᠥᠭᠡᠳᠡᠯᠡᠵᠦ ᠶᠠᠪᠦ

ᠡᠷᠬᠢᠯᠡᠭᠰᠡᠨ ᠠᠵᠢᠯ ᠴᠢᠨᠢ ᠠᠮᠵᠢᠯᠲᠠ ᠲᠠᠢ ᠶᠠᠪᠦ

ᠦᠨᠳᠦᠰᠦᠲᠡᠨ ᠣᠭᠰᠠᠭᠠᠲᠠᠨ ᠢᠶᠠᠨ ᠮᠠᠨᠳᠤᠭᠤᠯᠵᠦ ᠶᠠᠪᠦ

ᠦᠰᠦᠭ ᠪᠢᠴᠢᠭ ᠢᠶᠠᠨ ᠬᠦᠭᠵᠢᠭᠦᠯᠵᠦ ᠶᠠᠪᠦ

ᠲᠠᠷᠢᠶ᠎ᠠ ᠲᠦᠮᠦᠰᠦ ᠪᠠᠨ ᠲᠦᠷᠦᠭᠦᠯᠵᠦ ᠶᠠᠪᠦ

ᠲᠦᠷᠥ ᠤᠯᠤᠰ ᠢᠶᠠᠨ ᠬᠦᠴᠦᠷᠬᠡᠭᠵᠢᠭᠦᠯᠵᠦ ᠶᠠᠪᠦ

ᠠᠳᠤᠭᠤ ᠮᠠᠯ ᠢᠶᠠᠨ ᠦᠰᠭᠡᠵᠦ ᠶᠠᠪᠦ

ᠠᠵᠢᠯ ᠦᠢᠯᠡᠰ ᠲᠡᠭᠡᠨ ᠪᠦᠲᠦᠭᠡᠯ ᠲᠠᠢ ᠶᠠᠪᠦ

ᠨᠠᠷᠡᠨ ᠮᠡᠳᠥ ᠭᠡᠷᠡᠯᠲᠦᠵᠦ ᠶᠠᠪᠦ

ᠨᠠᠪᠴᠢ ᠴᠡᠴᠡᠭ ᠰᠢᠭ ᠳᠡᠯᠭᠡᠷᠡᠵᠦ ᠶᠠᠪᠦ

ᠰᠠᠷᠡᠨ ᠰᠢᠭ᠋ ᠲᠤᠩᠭᠠᠯᠠᠭ ᠶᠠᠪᠦ

ᠽᠠᠮᠪᠤᠲᠢᠪ ᠢ ᠵᠠᠬᠢᠷᠵᠦ ᠶᠠᠪᠦ

ᠨᠢᠰᠬᠦ ᠮᠡᠳᠥ ᠤᠷᠤᠭᠰᠢᠯᠠᠵᠤ ᠶᠠᠪᠦ

ᠨᠢᠰᠭᠡᠯ ᠰᠢᠭ ᠬᠠᠯᠢᠵᠦ ᠶᠠᠪᠦ

ᠦᠶ᠎ᠡ ᠶᠢᠨ ᠦᠶ᠎ᠡ ᠳᠡᠭᠡᠨ ᠥᠯᠵᠡᠢ ᠲᠠᠢ ᠶᠠᠪᠦ

ᠦᠨᠢ ᠡᠭᠦᠷᠢᠳᠡ ᠪᠣᠶᠠᠨ ᠲᠠᠢ ᠶᠠᠪᠦ

ᠮᠢᠩᠭᠠᠨ ᠤ ᠳᠣᠮᠳᠠ ᠮᠠᠩᠯᠠᠶᠢᠯᠠᠵᠦ ᠶᠠᠪᠦ

ᠲᠦᠮᠡᠨ ᠤ ᠳᠣᠲᠤᠷ᠎ᠠ ᠲᠦᠷᠦᠭᠦᠯᠡᠵᠦ ᠶᠠᠪᠦ

ᠲᠠᠶᠠᠭᠠᠷ ᠤᠯᠠᠨ ᠢᠶᠠᠨ ᠪᠠᠶᠠᠰᠬᠠᠵᠦ ᠶᠠᠪᠦ

ᠳᠠᠶᠠᠩ ᠳᠡᠯᠡᠬᠡᠢ ᠳᠤ ᠠᠯᠳᠠᠷᠰᠢᠵᠦ ᠶᠠᠪᠦ

ᠠᠵᠢᠯᠴᠢ ᠠᠷᠪᠢᠴᠢ ᠪᠠᠷ ᠠᠮᠢᠳᠤᠷᠠᠵᠤ ᠶᠠᠪᠦ

ᠠᠷᠢᠭᠤᠨ ᠴᠡᠪᠡᠷ ᠢ ᠡᠷᠬᠢᠮᠯᠡᠵᠦ ᠶᠠᠪᠦ

ᠵᠢᠯ ᠵᠢᠯ ᠵᠢᠷᠭᠠᠯ ᠲᠠᠢ ᠶᠠᠪᠦ

ᠣᠨ ᠣᠨ ᠣᠯᠵᠠ ᠲᠠᠢ ᠶᠠᠪᠦ

ᠠᠮᠢ ᠨᠠᠰᠦ ᠴᠢᠨᠢ ᠤᠷᠲᠦ ᠶᠠᠪᠦ

ᠠᠯᠲᠠ ᠮᠥᠩᠭᠦ ᠴᠢᠨᠢ ᠣᠪᠤᠭᠠᠷᠠᠵᠦ ᠶᠠᠪᠦ

ᠴᠠᠰᠤᠨ ᠳᠡᠭᠡᠷ᠎ᠡ ᠮᠥᠷ ᠲᠠᠢ ᠶᠠᠪᠦ

ᠴᠠᠭᠠᠰᠤᠨ ᠳᠡᠭᠡᠷ᠎ᠡ ᠨᠡᠷ᠎ᠡ ᠲᠠᠢ ᠶᠠᠪᠦ

ᠪᠢᠴᠢᠭ ᠰᠣᠶᠤᠯ ᠢ ᠡᠵᠡᠮᠰᠢᠵᠦ ᠶᠠᠪᠦ

ᠪᠢᠯᠢᠭ ᠤᠬᠠᠭᠠᠨ ᠢᠶᠠᠨ ᠨᠡᠮᠡᠭᠳᠡᠭᠦᠯᠵᠦ ᠶᠠᠪᠦ

ᠣᠯᠡᠨ ᠤ ᠡᠮᠦᠨ᠎ᠡ ᠣᠷᠤᠶᠢᠯᠠᠵᠦ ᠶᠠᠪᠦ

ᠪᠥᠭᠦᠳᠡ ᠶᠢᠨ ᠳᠣᠮᠳᠠ ᠬᠤᠰᠢᠭᠤᠷᠠᠵᠤ ᠶᠠᠪᠦ

ᠭᠡᠷ ᠡᠷᠦᠭᠡ ᠪᠠᠨ ᠭᠡᠷᠡᠯᠳᠦᠭᠦᠯᠵᠦ ᠶᠠᠪᠦ

ᠭᠡᠷᠡᠯ ᠭᠢᠯᠪᠠᠭ᠎ᠠ ᠪᠠᠨ ᠰᠠᠴᠤᠷᠠᠭᠤᠯᠵᠤ ᠶᠠᠪᠦ

ᠭᠠᠯ ᠲᠠᠢ ᠴᠤᠭ ᠲᠠᠢ ᠭᠠᠪᠰᠢᠭᠠᠶᠢᠯᠠᠵᠦ ᠶᠠᠪᠦ

ᠭᠠᠢ ᠪᠠᠷᠴᠢᠳ ᠠᠴᠠ ᠵᠠᠶᠢᠯᠠᠵᠦ ᠶᠠᠪᠦ

ᠪᠥᠭᠡ ᠶᠢᠨ ᠮᠠᠩᠯᠠᠢ ᠶᠢ ᠰᠢᠭᠦᠷᠴᠦ ᠶᠠᠪᠦ

ᠪᠦᠷᠭᠦᠳ ᠠᠳᠠᠯᠢ ᠳᠡᠭᠦᠯᠢᠵᠦ ᠶᠠᠪᠦ

ᠮᠠᠭᠲᠠᠭᠠᠯ ᠰᠠᠶᠢᠰᠢᠶᠠᠯ ᠢ ᠬᠦᠷᠲᠡᠵᠦ ᠶᠠᠪᠦ

ᠮᠠᠩᠨᠤᠭ ᠲᠣᠷᠭ᠎ᠠ ᠶᠢ ᠡᠳ᠋ᠯᠡᠵᠦ ᠶᠠᠪᠦ

ᠣᠳᠣ ᠰᠤᠳᠦ ᠪᠣᠯᠤᠨ ᠭᠢᠯᠠᠷᠠᠭᠤᠯᠵᠦ ᠶᠠᠪᠦ

ᠣᠬᠢ ᠰᠠᠶᠢᠨ ᠢᠶᠠᠷ ᠱᠠᠩᠨᠠᠭᠳᠠᠵᠤ ᠶᠠᠪᠦ

ᠠᠲᠠᠭᠠᠲᠡᠨ ᠳᠠᠶᠢᠰᠤᠨ ᠢ ᠳᠠᠷᠤᠩᠭᠤᠶᠢᠯᠠᠵᠦ ᠶᠠᠪᠦ

ᠠᠯᠳᠠᠷ ᠨᠡᠷ᠎ᠡ ᠪᠠᠨ ᠮᠠᠨᠳᠤᠭᠤᠯᠵᠦ ᠶᠠᠪᠦ

ᠰᠢᠨᠵᠢᠯᠡᠬᠦ ᠤᠬᠠᠭᠠᠨ ᠢ ᠡᠵᠡᠮᠰᠢᠵᠦ ᠶᠠᠪᠦ

ᠰᠢᠯᠢᠳᠡᠭ ᠪᠦᠲᠦᠭᠡᠯ ᠭᠠᠷᠭᠠᠵᠦ ᠶᠠᠪᠦ

ᠡᠪ ᠬᠠᠮᠲᠦ ᠨᠠᠮ  ᠳᠠᠭᠠᠨ ᠲᠠᠯᠠᠷᠬᠠᠵᠤ ᠶᠠᠪᠦ

ᠡᠬᠡ ᠤᠷᠤᠨ ᠳᠠᠭᠠᠨ ᠭᠠᠪᠢᠶ᠎ᠠ ᠲᠠᠢ ᠶᠠᠪᠦ

ᠮᠤᠷᠢᠲᠡᠨ ᠭᠡᠳᠡᠭ ᠲᠡᠭᠡᠨ ᠣᠮᠤᠭᠰᠢᠵᠣ ᠶᠠᠪᠦ

ᠮᠤᠩᠭᠤᠯ ᠭᠡᠳᠡᠭ ᠢᠶᠠᠨ ᠴᠡᠭᠡᠵᠢᠯᠡᠵᠦ ᠶᠠᠪᠦ

ᠬᠡᠰᠢᠭ ᠪᠤᠶᠠᠨ ᠴᠢᠨᠢ ᠨᠡᠮᠡᠭᠳᠡᠵᠦ ᠶᠠᠪᠦ

ᠬᠡᠢ  ᠮᠣᠷᠢ ᠴᠢᠨᠢ ᠥᠭᠡᠳᠡᠯᠡᠵᠦ ᠶᠠᠪᠦ

ᠵᠠᠭᠤᠨ ᠨᠠᠰᠤᠯᠠᠵᠤ ᠵᠠᠯᠠᠭᠤᠵᠢᠨ ᠶᠠᠪᠦ

ᠵᠣᠭᠤᠰ ᠮᠥᠩᠭᠦ ᠪᠠᠷ ᠡᠯᠪᠡᠭ ᠶᠠᠪᠦ

ᠬᠡᠵᠢᠶ᠎ᠡ ᠡᠭᠦᠷᠢᠳᠡ ᠪᠣᠶᠠᠨ ᠲᠠᠢ ᠶᠠᠪᠦ

ᠬᠡᠮᠵᠢᠶᠡᠯᠡᠰᠢ ᠦᠭᠡᠢ ᠵᠢᠷᠭᠠᠵᠤ ᠶᠠᠪᠦ︕

              

 

ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro