ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠠᠷᠪᠠᠨ ᠵᠢᠯ ᠤᠨ ᠲᠤᠬᠠᠢ ᠡᠷᠬᠢᠴᠡᠬᠦᠯᠥᠯ

2016-06-02 11:33:45
ᠵᠣᠬᠢᠶᠠᠭᠴᠢ
ᠰᠡᠴᠡᠨᠭᠬᠤᠧᠠᠷ

    ᠤᠳᠤ ᠰᠢᠭ᠋ ᠤᠯᠠᠨ ᠢ ᠲᠤᠭᠤᠬᠤ ᠪᠤᠯᠪᠠᠴᠥ᠂ ᠰᠠᠷᠠ ᠰᠢᠭ᠋ ᠭᠠᠭᠴᠠᠬᠠᠨ ᠢ ᠬᠠᠶᠢᠷᠠᠯᠠᠬᠤ ᠥᠬᠢᠨ ᠵᠠᠶᠠᠭ᠎ᠠ ᠪᠠᠨ ᠮᠠᠨᠠᠵᠤ ᠬᠡᠬᠦ ᠬᠥᠳᠥᠯᠥᠭᠴᠢ ᠠᠯᠢᠮ᠎ᠠ ᠶᠢᠨ《ᠳᠤᠷᠠᠯᠠᠯ》 ᠭᠡᠬᠦ ᠰᠢᠯᠥᠭ ᠤᠨ ᠡᠨᠡᠬᠦ ᠪᠠᠳᠠᠭ ᠥᠭᠡᠰ ᠲᠤ ᠰᠡᠳᠬᠢᠯ ᠮᠠᠨᠢ ᠬᠥᠨᠳᠡᠭᠳᠡᠵᠦ᠂ ᠬᠤᠷᠢᠮ ᠤᠨ ᠮᠢᠨᠢ ᠠᠷᠪᠠᠨ ᠵᠢᠯ ᠤᠨ ᠤᠢ ᠢᠷᠡᠬᠦ ᠲᠠᠰᠢᠷᠠᠮ ᠳᠤ ᠤᠯᠠᠨ ᠢ ᠰᠡᠳᠬᠢᠵᠥ ᠰᠠᠭᠤᠯ᠎ᠠ᠃

    ᠵᠠᠯᠠᠭᠤ ᠽᠠᠨᠳᠠᠨ ᠨᠠᠰᠤ ᠮᠢᠨᠢ ᠬᠠᠷᠪᠤᠭᠰᠠᠨ ᠰᠤᠮᠤ ᠰᠢᠭ᠋ ᠥᠩᠭᠡᠷᠡᠵᠦ ᠤᠳᠤᠯ᠎ᠠ᠂ ᠭᠠᠩᠬᠠᠵᠥ ᠶᠠᠪᠤᠭᠰᠠᠨ ᠵᠠᠯᠠᠭᠤ ᠨᠠᠰᠤ ᠮᠢᠨᠢ ᠳᠤᠷᠠᠳᠬᠠᠯ ᠪᠤᠯᠤᠨ ᠬᠤᠴᠤᠷᠤᠭᠰᠠᠨ ᠤ ᠤᠴᠢᠷ᠂ ᠲᠤᠷᠠᠰᠬᠤ ᠶᠠᠭᠤ ᠪᠠᠶᠢᠭ᠎ᠠ᠂ ᠬᠠᠷᠠᠮᠰᠠᠬᠤ ᠶᠠᠭᠤ ᠪᠠᠶᠢᠭ᠎ᠠ ᠬᠡᠮᠡᠨ ᠪᠤᠳᠤᠯ ᠤᠨ ᠬᠥᠨ ᠳᠤ ᠱᠤᠮᠪᠠᠨ ᠶᠠᠪᠤᠬᠤ ᠳᠤ ᠪᠠᠨ᠂ ᠭᠤᠷᠢᠯᠠᠵᠥ ᠪᠠᠶᠢᠭᠰᠠᠨ ᠠᠯᠪᠠᠲᠠᠨ ᠤ ᠡᠩᠨᠡᠭᠡᠨ ᠳᠤ ᠰᠢᠯᠭᠠᠨ ᠤᠷᠤᠯ᠎ᠠ᠂ ᠭᠤᠯᠤᠮᠲᠠ ᠰᠠᠬᠢᠬᠤ ᠬᠥᠤ ᠲᠠᠢ ᠪᠤᠯᠤᠯ᠎ᠠ᠂ ᠡᠨᠡ ᠨᠢ ᠮᠢᠨᠤ ᠤᠮᠤᠭᠰᠢᠯ ᠤᠤ ᠡᠰᠡᠬᠦᠯ᠎ᠠ ᠤᠷᠤᠩᠨᠠᠬᠤ ᠨᠠᠭᠠᠲᠤ ᠵᠠᠬ᠎ᠠ ᠶᠢᠨ ᠨᠥᠬᠦᠴᠡᠯ ᠤᠤ ᠳ᠋ᠠ᠃ ᠶᠠᠭᠤ ᠴᠦ ᠬᠡᠰᠡᠨ ᠡᠨᠡᠬᠦ ᠠᠷᠪᠠᠨ ᠵᠢᠯ ᠳᠤ ᠪᠠᠶᠠᠷᠯᠠᠵᠤ᠂ ᠤᠬᠢᠯᠠᠵᠤ᠂ ᠭᠤᠨᠢᠵᠤ ᠭᠤᠲᠤᠵᠤ ᠶᠠᠪᠤᠭᠰᠠᠨ ᠮᠢᠨᠢ ᠥᠨᠡᠨ᠂ ᠲᠤᠮᠤᠭ᠎ᠠ ᠲᠠᠢ᠂ ᠠᠯᠳᠠᠭ᠎ᠠ ᠲᠠᠢ ᠤᠨᠠᠨ ᠳᠤᠰᠤᠨ ᠶᠠᠪᠤᠭᠰᠠᠨ ᠮᠢᠨᠢ ᠥᠨᠡᠨ᠃

    ᠲᠤᠯᠭᠠᠨ ᠤ ᠭᠠᠯ ᠢᠶᠠᠨ ᠬᠠᠮᠳᠤ ᠳᠤ ᠪᠠᠨ ᠨᠤᠴᠤᠭᠠᠵᠥ᠂ ᠲᠤᠭᠤᠨᠤ ᠪᠠᠨ ᠡᠷᠬᠦᠭᠰᠡᠨ ᠢᠵᠢᠯᠢ ᠵᠠᠶᠠᠭ᠎ᠠ ᠭᠡᠳᠡᠭ ᠨᠢ ᠰᠡᠳᠬᠢᠯ ᠢᠳᠡᠭᠡᠯ ᠢᠶᠠᠷ ᠠᠮᠢᠳᠤᠷᠠᠯ ᠤᠨ ᠬᠠᠷᠭᠤᠢ ᠪᠠᠨ ᠵᠠᠮᠨᠠᠵᠤ᠂  ᠬᠤᠪᠤᠷᠬᠠᠨ ᠵᠠᠶᠠᠭᠠᠬᠤ ᠬᠠᠨᠢ ᠶᠢᠨ ᠲᠠᠪᠢᠯᠠᠩ ᠢᠶᠠᠨ ᠨᠠᠨᠳᠢᠩᠨᠠᠨ  ᠶᠠᠪᠤᠬᠤ ᠨᠢ ᠠᠮᠢᠳᠤᠷᠠᠬᠤ ᠶᠢᠨ ᠵᠤᠷ ᠪᠠᠶᠢᠬ᠎ᠠ ᠬᠡᠵᠤ ᠤᠶᠢᠯᠠᠭᠠᠨ ᠪᠤᠳᠤᠳᠠᠭ᠃

    ᠬᠠᠵᠠᠭᠤ ᠳᠤ ᠮᠢᠨᠢ ᠲᠥᠰᠢᠭ ᠪᠤᠯᠤᠭᠰᠠᠨ ᠬᠠᠨᠢ ᠨᠥᠬᠦᠷ ᠢᠶᠠᠨ ᠡᠭᠴᠡᠬᠡᠨ ᠲᠤᠯᠵᠤ ᠬᠠᠷᠠᠬᠤ ᠶᠤᠮᠰᠠᠨ᠂ ᠬᠠᠷᠢᠯᠴᠠᠨ ᠲᠥᠰᠢᠯᠴᠡᠭᠰᠡᠨ ᠠᠷᠪᠠᠨ ᠵᠢᠯ ᠳᠤ ᠭᠠᠷᠤᠭᠰᠠᠨ ᠬᠤᠪᠢᠷᠠᠯᠲᠠ ᠶᠢᠨ ᠡᠮᠥᠨ᠎ᠡ᠂ ᠴᠢ ᠪᠢᠳᠡ ᠬᠤᠶᠠᠷ ᠨᠢᠯᠪᠤᠰᠤ ᠠᠰᠬᠠᠷᠠᠭᠤᠯᠤᠨ ᠳᠤᠭᠳᠤᠯᠬᠤ ᠤᠤ᠂ ᠰᠡᠳᠬᠢᠯ ᠡᠪᠡᠳᠴᠦ ᠡᠩᠬᠦᠶᠢᠷᠡᠯᠡᠬᠦ ᠤᠤ᠂ ᠶᠠᠭᠤ ᠴᠦ ᠭᠡᠰᠡᠨ ᠪᠠᠯᠴᠢᠷ ᠨᠠᠰᠤᠨ ᠳᠤ ᠪᠠᠶᠢᠭ᠎ᠠ ᠬᠥᠤ ᠪᠠᠨ ᠡᠷ᠎ᠡ ᠶᠢᠨ ᠴᠡᠭᠡᠯ ᠳᠤ ᠬᠥᠷᠭᠡᠨ ᠬᠥᠮᠥᠵᠢᠬᠦᠯᠬᠦ  ᠨᠢ ᠪᠢᠳᠡ ᠬᠤᠶᠠᠷ ᠤᠨ ᠡᠬᠦᠷᠭᠡ᠂ ᠬᠡᠬᠦ ᠳᠤ ᠪᠠᠨ ᠠᠮᠢᠳᠤᠷᠠᠯ ᠳᠤ ᠲᠣᠬᠢᠶᠠᠯᠳᠤᠭᠰᠠᠨ ᠪᠥᠬᠦᠨ ᠳᠤ  ᠲᠠᠯᠠᠷᠬᠠᠬᠤ ᠶᠤᠰᠤᠲᠠᠢ᠃ ᠬᠠᠮᠳᠤ ᠲᠤᠭᠤᠯᠤᠭᠰᠠᠨ‌ᠠᠷᠪᠠᠨ ᠵᠢᠯ ᠳᠤ ᠪᠢ ᠬᠠᠨᠢ ᠶᠢᠨ ᠢᠶᠠᠨ ᠬᠠᠶᠢᠷ᠎ᠠ ᠪᠠᠨ ᠢᠯᠡᠳᠭᠡᠭᠰᠡᠨ ᠪᠡᠯᠡᠭ ᠢ ᠲᠤᠰᠴᠤ ᠠᠪᠤᠭᠰᠠᠨ ᠤᠳᠠᠭ᠎ᠠ ᠥᠭᠡᠢ ᠴᠦ᠂ ᠬᠠᠷᠠᠴᠠ ᠪᠠᠷ ᠴᠢᠨᠢ ᠬᠠᠶᠢᠷ᠎ᠠ ᠶᠢ ᠴᠢᠨᠢ ᠮᠡᠳᠡᠷᠡᠵᠦ ᠶᠠᠪᠤᠭᠰᠠᠨ ᠶᠤᠮ᠃  ᠢᠷᠡᠬᠦ ᠠᠷᠪᠠᠨ ᠵᠢᠯ ᠳᠤ ᠠᠮᠢᠳᠤᠷᠠᠯ ᠪᠢᠳᠡᠨ ᠳᠤ ᠶᠠᠭᠤ ᠨᠢᠭᠡ ᠶᠢ ᠰᠤᠷᠭᠠᠳᠠᠭ ᠪᠢᠯᠡ᠂ ᠶᠠᠭᠤ ᠨᠢᠭᠡ ᠶᠢ ᠤᠬᠠᠵᠤ ᠮᠡᠳᠡᠬᠦᠯᠳᠡᠭ ᠪᠢᠯᠡ ᠶᠠᠭᠤ ᠴᠦ ᠭᠡᠰᠡᠨ᠂ ᠰᠡᠳᠬᠢᠯ ᠲᠡᠨᠢᠬᠦᠨ ᠢᠶᠠᠷ ᠰᠠᠷᠠᠭᠤᠯ ᠢᠷᠡᠭᠡᠳᠤᠢ ᠵᠥᠭ ᠵᠤᠷᠢᠭ ᠢᠶᠠᠨ ᠬᠥᠪᠴᠢᠯᠡᠵᠥ  ᠶᠠᠪᠤᠬᠤ ᠰᠠᠨ᠃




    


 


ᠢᠷᠡᠯᠲᠡ
ᠳᠠᠷᠬᠠᠨ ᠮᠤᠤᠮᠢᠨᠭᠭᠠᠨ ᠬᠤᠯᠪᠤᠭᠠᠲᠦ ᠬᠤᠰᠢᠭᠤᠨ  ᠤ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro