ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠦᠯᠦᠭᠡᠢ ᠨᠤᠳᠤᠭ ᠬᠢᠩᠭᠠᠨ ᠮᠢᠨᠢ

2017-07-28 11:10:24
ᠵᠣᠬᠢᠶᠠᠭᠴᠢ
ᠶᠢᠨ ᠫᠢᠩ

ᠣᠰᠦ ᠨᠢ ᠲᠤᠩᠭᠠᠯᠠᠭ

ᠡᠪᠡᠰᠦ ᠨᠢ  ᠰᠤᠷᠭᠤᠭ

ᠠᠷᠠᠳ ᠨᠢ ᠠᠮᠤᠭᠤᠯᠠᠩ

ᠠᠰᠢᠳᠠ ᠶᠢᠨ ᠤᠷᠤᠨ ᠬᠢᠩᠭᠠᠨ ᠮᠢᠨᠢ

     ᠠᠷᠢᠭᠤᠨ ᠰᠢᠮᠡᠯᠢᠭ ᠡᠪᠡᠰᠤᠨ ᠤ ᠦᠨᠤᠷ

     ᠠᠷᠦ ᠦᠪᠤᠷ ᠢᠶᠠᠷ ᠨᠢ ᠰᠡᠩᠭᠢᠨᠡᠭᠰᠡᠨ

     ᠷᠠᠰᠢᠶᠠᠨ ᠪᠤᠯᠠᠭ ᠤᠨ ᠴᠡᠩᠭᠡᠭ ᠤᠰᠦ

     ᠤᠮᠳᠠᠭᠠᠨ ᠪᠤᠯᠤᠭᠰᠠᠨ ᠬᠢᠩᠭᠠᠨ ᠮᠢᠨᠢ

ᠤᠷᠭ᠎ᠠ ᠤᠨᠵᠢᠷᠠᠭᠤᠯᠤᠭᠰᠠᠨ ᠠᠳᠤᠭᠤᠴᠢᠨ ᠨᠢ

ᠤᠷᠲᠦ ᠶᠢᠨ ᠲᠠᠭᠤᠤ ᠪᠠᠨ ᠠᠶᠠᠯᠠᠭᠤᠯᠤᠭᠰᠠᠨ

ᠨᠡᠭᠦᠵᠦ ᠪᠠᠭᠤᠬᠤ ᠬᠠᠪᠤᠷᠵᠢᠶᠠᠨ ᠳᠤ ᠨᠢ

ᠨᠡᠭᠦᠳᠡᠯᠴᠢᠨ ᠠᠮᠢᠳᠤᠷᠠᠯ ᠨᠢ ᠢᠳᠡᠭᠡᠰᠢᠭᠰᠡᠨ

     ᠬᠦᠭᠡᠭᠦᠨ ᠤᠷᠭᠤᠭᠰᠠᠨ ᠬᠦᠯᠮᠠᠢ ᠲᠠᠭᠠᠨ᠎ᠡ

     ᠬᠦᠳᠡᠭᠡ ᠲᠦᠭᠦᠷᠡᠩ ᠨᠡᠯᠤᠶᠢᠭᠰᠡᠨ

     ᠬᠦᠭᠡᠷᠤᠬᠦᠨ ᠴᠤᠪᠤᠭᠤ ᠪᠠᠭᠠᠴᠤᠳ ᠨᠢ

     ᠲᠠᠯ᠎ᠡ ᠶᠢᠨ ᠲᠤᠮᠳᠠ ᠪᠠᠨ ᠲᠤᠭᠯᠠᠭᠰᠠᠨ

ᠨᠡᠭᠦᠳᠡᠯᠯᠡᠨ ᠨᠢᠰᠬᠦ ᠭᠠᠯᠠᠭᠤᠤᠳ ᠨᠢ

ᠨᠠᠭᠤᠷ ᠢᠶᠠᠨ ᠡᠷᠭᠢᠨ ᠭᠠᠩᠭᠠᠨᠠᠯᠳᠤᠭᠰᠠᠨ

ᠨᠠᠷᠠᠮᠠᠯ ᠰᠦ ᠲᠠᠢ ᠠᠷᠠᠵᠠ ᠳᠤ ᠨᠢ 

ᠨᠠᠶᠢᠷ ᠤᠨ ᠰᠡᠳᠬᠢᠯ ᠬᠦᠪᠤᠯᠵᠡᠭᠰᠡᠨ

      ᠠᠷᠢᠶᠠᠳᠠᠨ ᠠᠮᠢᠳᠠᠨ ᠬᠦᠶᠤᠯᠳᠦᠭᠰᠡᠨ

      ᠠᠩ ᠤᠨ ᠬᠦᠮᠤᠰ ᠨᠢ ᠱᠤᠤᠬᠢᠯᠳᠤᠭᠰᠠᠨ

      ᠠᠶᠢᠯ ᠠᠶᠢᠮᠠᠭ ᠨᠢ ᠬᠦᠷ ᠨᠠᠶᠢᠷ ᠲᠠᠢ

      ᠠᠷᠢᠭᠤᠨ ᠨᠤᠳᠤᠭ ᠬᠢᠩᠭᠠᠨ ᠮᠢᠨᠢ︕

ᠢᠷᠡᠯᠲᠡ
ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ 
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro