ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠬᠤᠷᠭᠤᠳᠠᠯ

2017-07-28 11:18:48
ᠵᠣᠬᠢᠶᠠᠭᠴᠢ
ᠰᠡᠴᠡᠩᠬᠤᠸᠠᠷ


    ᠠᠩᠬᠢᠷ ᠤᠭᠤᠷᠠᠭ ᠢᠶᠠᠨ ᠰᠢᠮᠡᠬᠦᠯᠦᠭᠰᠡᠨ ᠡᠨᠡᠷᠢᠯᠲᠦ ᠡᠵᠢ

    ᠠᠷᠤ ᠭᠡᠷ ᠤᠨ ᠬᠤᠶᠢᠮᠤᠷ ᠲᠥᠬᠦᠷᠭᠡᠭᠰᠡᠨ ᠠᠴᠢᠳᠤ ᠠᠪᠤ

    ᠠᠨᠳᠠ ᠨᠠᠶᠢᠵᠠ ᠶᠢᠨ ᠮᠢᠨᠢ ᠡᠭᠡᠨᠡᠭᠰᠢᠭᠰᠡᠨ ᠨᠥᠬᠦᠷᠯᠡᠯ

    ᠠᠶᠤᠤᠯᠢᠬᠠᠢ ᠴᠡᠭᠡᠵᠢᠨ ᠳᠤ ᠤᠶᠠᠭᠠᠳᠠᠢ ᠨᠢ ᠶᠠᠭᠤᠨ ᠤ ᠤᠴᠢᠷ ᠪᠤᠢ︖

 

    ᠳᠠᠯ᠎ᠠ ᠳᠤ ᠰᠠᠴᠤᠷᠠᠭᠰᠠᠨ ᠨᠠᠷᠠᠨ ᠤ ᠲᠤᠶᠠᠭ᠎ᠠ       

    ᠲᠠᠭᠠᠲᠠᠶᠢᠬᠠᠨ ᠠᠮᠢᠰᠬᠤᠬᠤ ᠴᠡᠪᠡᠷ ᠠᠭᠠᠷ

    ᠲᠠᠷᠠᠭ ᠠᠶᠢᠷᠠᠭ ᠤᠨ ᠠᠩᠬᠢᠯᠥᠮ᠎ᠠ ᠥᠨᠥᠷ

    ᠲᠠᠯ᠎ᠠ ᠶᠢᠨ ᠮᠣᠩᠭᠤᠯ ᠠᠶᠢᠯ ᠳᠤ ᠲᠠᠲᠠᠭᠳᠠᠭ᠎ᠠ ᠨᠢ ᠶᠠᠭᠤᠨ ᠤ ᠤᠴᠢᠷ ᠪᠤᠢ︖


    ᠬᠠᠴᠠᠷ ᠢ ᠢᠯᠪᠢᠭᠰᠡᠨ ᠵᠥᠭᠡᠯᠡᠨ ᠰᠠᠯᠬᠢ

    ᠬᠠᠨᠠᠭᠠᠷ ᠲᠠᠯ᠎ᠠ ᠳᠤ ᠪᠡᠯᠴᠢᠭᠡ ᠮᠠᠯ ᠰᠥᠷᠥᠭ

    ᠬᠠᠨᠢᠯᠠᠨ ᠤᠴᠠᠷᠠᠭ᠎ᠠ ᠬᠤᠤᠰ ᠬᠤᠶᠠᠷ ᠤᠨ ᠰᠢᠪᠡᠨᠡᠭᠡ 

    ᠬᠤᠩᠭᠤᠷ ᠪᠤᠳᠤᠯ ᠢ ᠡᠵᠡᠮᠳᠡᠭᠰᠡᠨ ᠨᠢ ᠶᠠᠭᠤᠨ ᠤ ᠤᠴᠢᠷ ᠪᠤᠢ︖


    ᠠᠳᠤᠭᠤᠨ ᠥᠤᠷᠰᠡᠭᠡᠨ ᠲᠠᠢ ᠠᠭᠤᠳᠠᠮ ᠨᠤᠳᠤᠭ

    ᠠᠳᠤᠭᠤᠴᠢᠨ ᠵᠠᠯᠠᠭᠤ ᠶᠢᠨ ᠵᠢᠪᠬᠤᠭ᠎ᠠ ᠰᠥᠷ

    ᠠᠬᠢ ᠳᠠᠭᠠᠨ᠎ᠠ ᠶᠢᠨ ᠰᠡᠩᠬᠢᠨᠡᠮ᠎ᠡ ᠥᠨᠥᠷ

    ᠠᠯᠠᠭ ᠵᠢᠷᠤᠭᠡᠨ ᠳᠤ ᠬᠤᠨᠣᠭᠰᠢᠭᠰᠠᠨ ᠨᠢ ᠶᠠᠭᠤᠨ ᠤ ᠤᠴᠢᠷ ᠪᠤᠢ︖


          

        


ᠢᠷᠡᠯᠲᠡ
ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro