ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠨᠤᠮ   ᠠᠶᠠᠨ

2020-06-09 18:50:02
ᠵᠣᠬᠢᠶᠠᠭᠴᠢ
ᠨᠠᠪᠴᠢ

ᠨᠤᠮ ᠤᠩᠰᠢᠬᠤ ᠭᠡᠭᠴᠢ ᠶᠤᠰᠤᠲᠠᠢ ᠤᠶᠤᠨ ᠰᠠᠨᠠᠭᠠᠨ ᠤ  ᠮᠦᠨ᠂ ᠭᠡᠬᠦ ᠳ᠋ᠡᠭᠡᠨ ᠨᠤᠮ ᠤᠩᠰᠢᠬᠤ ᠶᠢ ᠦᠨᠡᠭᠡᠷ ᠪᠠᠬᠠᠷᠬᠠᠯ ᠪᠠ ᠭᠤᠸ᠎ᠠ ᠲᠠᠭᠠᠰᠢᠶᠠᠯ ᠢᠶᠠᠨ ᠪᠤᠯᠭᠠᠵᠤ ᠡᠬᠢᠯᠡᠭᠰᠡᠨ  ᠡᠨᠡ ᠬᠡᠳᠦᠬᠡᠨ ᠵᠢᠯ ᠦᠨ ᠤᠴᠢᠷ ᠃

ᠮᠢᠨᠤ ᠴᠡᠭᠡᠵᠢᠯᠡᠵᠦ ᠪᠠᠶᠢᠬᠤ ᠪᠡᠷ᠎᠂ ᠮᠤᠩᠭᠤᠯ ᠴᠠᠭᠠᠨ ᠲᠤᠯᠤᠭᠠᠢ ᠪᠠᠨ ᠲᠠᠨᠢᠬᠤ ᠦᠭᠡᠢ ᠲᠤᠭᠤᠯ ᠤᠨ ᠪᠡᠯᠴᠢᠭᠡᠷ  ᠢᠶᠠᠷ ᠬᠠᠯᠳᠠᠷ ᠪᠤᠯᠲᠠᠷ  ᠪᠠᠶᠢᠭᠰᠠᠨ ᠨᠠᠰᠤᠨ ᠳ᠋ᠦ᠂ ᠡᠵᠢ ᠮᠢᠨᠢ ᠮᠠᠨ ᠳ᠋ᠦ ᠦᠷᠬᠦᠯᠵᠢ ᠰᠤᠨᠤᠰᠤᠭᠠᠳ ᠬᠠᠨᠤᠰᠢ ᠦᠭᠡᠢ ᠪᠠᠯᠠᠭᠠᠨᠰᠠᠩ ᠤᠨ ᠦᠯᠢᠭᠡᠷ᠂  ᠪᠠᠭᠠᠲᠤᠷ ᠤᠨ   ᠶᠠᠷᠢᠵᠦ ᠦᠭᠳᠡᠭ ᠪᠠᠶᠢᠭᠰᠠᠨ᠂ ᠪᠠᠰᠠ ᠦᠨᠳᠦᠰᠦᠲᠡᠨ ᠦ ᠪᠠᠭᠠᠲᠤᠷ ᠭᠠᠳᠠ ᠮᠡᠶᠢᠷᠡᠨ᠂ ᠲᠤᠭᠲᠠᠬᠤ ᠵᠢᠨ ᠦᠢᠯᠡ ᠠᠵᠢᠯᠯᠠᠭ᠎ᠠ ᠭᠡᠬᠦᠴᠢᠯᠡᠨ ᠮᠠᠰᠢ ᠤᠯᠠᠨ  ᠠᠷᠠᠳ ᠤᠨ ᠠᠮᠠᠨ ᠵᠤᠬᠢᠶᠠᠯ ᠪᠠ ᠦᠯᠢᠭᠡᠷ ᠲᠡᠥᠬᠡ ᠶᠠᠷᠢᠳᠠᠭ ᠪᠠᠶᠢᠭᠰᠠᠨ᠃ ᠤᠳᠦ ᠪᠤᠳᠤᠬᠤ ᠳ᠋ᠦ ᠲᠡᠷᠡ ᠦᠶ᠎ᠡ ᠳ᠋ᠦ ᠰᠤᠨᠤᠰᠤᠭᠰᠠᠨ ᠡᠳᠡᠭᠡᠷ ᠦᠯᠢᠭᠡᠷ ᠲᠡᠥᠬᠡ ᠨᠢ ᠲᠠᠷᠤᠢ ᠤᠳᠤ ᠵᠢᠨ ᠨᠤᠮ ᠤᠨ ᠦᠢᠯᠡᠳᠦᠯ ᠢ ᠪᠠᠳᠠᠷᠠᠭᠤᠯᠵᠤ᠂ ᠮᠢᠨᠦ ᠬᠤᠶᠢᠰᠢᠳᠠ ᠵᠢᠨ ᠠᠮᠢᠳᠤᠷᠠᠯ ᠳ᠋ᠦ ᠮᠠᠰᠢ ᠶᠡᠬᠡ ᠨᠦᠯᠦᠭᠡ ᠲᠤᠰᠬᠠᠯ ᠪᠤᠯᠤᠭᠰᠠᠨ ᠠᠵᠠᠢ᠃

ᠪᠠᠭ᠎ᠠ ᠰᠤᠷᠭᠠᠭᠤᠯᠢ ᠵᠢᠨ ᠡᠭᠦᠳᠡᠨ ᠪᠤᠱᠤᠭ᠎ᠠ ᠶᠢ ᠠᠯᠬᠤᠨ ᠤᠷᠤᠭᠰᠠᠨ ᠠᠴᠠ ᠠᠪᠤᠭᠠᠳ᠂ ᠨᠤᠮ ᠤᠩᠰᠢᠭᠰᠠᠨ ᠡᠰᠡᠬᠦ ᠵᠢᠨ ᠲᠤᠬᠠᠢ ᠢᠯᠭᠠᠭ᠎ᠠ ᠶᠢ ᠢᠳᠡᠭ ᠢᠳᠡᠭ ᠢᠶᠡᠷ ᠮᠡᠳᠡᠷᠡᠵᠦ ᠡᠬᠢᠯᠡᠭᠰᠡᠨ ᠶᠤᠮ᠃ ᠲᠤᠪᠴᠢᠯᠠᠭᠠᠳ ᠬᠡᠯᠡᠪᠡᠯ᠂  ᠬᠢᠴᠢᠶᠡᠯ ᠦᠨ ᠭᠠᠳᠠᠨᠠᠬᠢ ᠨᠤᠮ ᠢᠯᠡᠭᠦᠦ ᠤᠩᠰᠢᠭᠰᠠᠨ ᠰᠤᠷᠤᠯᠭ᠎ᠠ ᠵᠢᠨ ᠬᠠᠨᠢᠳᠠᠳ ᠤᠨ ᠦᠭᠡᠰ ᠦᠨ ᠰᠠᠩ ᠨᠢ ᠪᠠᠶᠠᠯᠢᠭ ᠪᠠᠶᠢᠵᠤ᠂    ᠵᠤᠬᠢᠶᠠᠬᠤ  ᠪᠤᠶᠤ ᠵᠤᠬᠢᠶᠠᠯ ᠪᠢᠴᠢᠬᠦ ᠨᠢ ᠰᠤᠨᠤᠰᠪᠤᠷᠢᠲᠠᠢ  ᠰᠠᠶᠢᠬᠠᠨ    ᠠᠩᠬᠢ ᠪᠤᠶᠤ ᠰᠤᠷᠭᠠᠭᠤᠯᠢ ᠵᠢᠨ ᠡᠯᠪᠡᠭ ᠪᠠᠶᠠᠯᠢᠭ ᠬᠦᠳᠡᠯᠭᠡᠭᠡᠨ ᠳᠤᠮᠳᠠ ᠪᠠᠭᠰᠢ ᠵᠢᠨ ᠮᠠᠭᠲᠠᠭᠠᠯ ᠰᠠᠶᠢᠰᠢᠶᠠᠯ ᠢ              ᠯᠡ ᠪᠠᠶᠢᠳᠠᠭ᠃ ᠡᠶᠢᠮᠦ ᠡᠴᠡ ᠡᠨᠡ ᠦᠶ᠎ᠡ ᠡᠴᠡ ᠡᠬᠢᠯᠡᠨ ᠪᠢ ᠨᠤᠮ ᠤᠩᠰᠢᠬᠤ ᠵᠢᠨ ᠰᠠᠶᠢᠨ ᠢ ᠮᠡᠳᠡᠷᠡᠵᠦ᠂ ᠨᠤᠮ ᠤᠩᠰᠢᠬᠤ ᠳᠠᠳᠬᠠᠯ ᠲᠠᠢ ᠬᠦᠮᠦᠨ ᠢ ᠪᠠᠬᠠᠷᠠᠬᠤ ᠪᠤᠯᠤᠭᠰᠠᠨ ᠶᠤᠮ᠃ ᠲᠤᠮᠳᠠᠳᠦ ᠰᠤᠷᠭᠠᠭᠤᠯᠢ ᠵᠢᠨ ᠬᠦᠷᠢᠶᠡᠨ ᠳ᠋ᠦ ᠤᠷᠤᠬᠤ  ᠳ᠋ᠦ ᠡᠨᠡ ᠵᠦᠷᠢᠶ᠎ᠡ ᠵᠦᠪᠬᠡᠨ ᠵᠤᠬᠢᠶᠠᠯ ᠪᠢᠴᠢᠬᠦ ᠲᠡᠭᠡᠷ᠎ᠡ ᠯᠡ ᠢᠯᠡᠷᠡᠬᠦ ᠪᠡᠷ᠎ ᠵᠤᠭᠰᠤᠬᠤ ᠦᠭᠡᠢ ᠪᠠᠶᠢᠵᠤ᠂ ᠴᠢᠨᠠᠭᠰᠢᠯᠠᠪᠠᠯ ᠪᠠᠭᠰᠢ ᠰᠤᠷᠤᠭᠴᠢ ᠲᠠᠢ ᠬᠠᠷᠢᠯᠴᠠᠬᠤ ᠲᠠᠯ᠎ᠠ ᠵᠢᠴᠢ ᠰᠡᠳᠬᠢᠬᠦᠢ ᠵᠢᠨ ᠬᠡᠯᠪᠡᠷᠢ ᠲᠡᠭᠡᠷ᠎ᠡ  ᠪᠦᠷ ᠴᠦ  ᠢᠯᠡᠷᠡᠭᠰᠡᠨ ᠡᠴᠡ᠂ ᠮᠢᠨᠦ ᠪᠡᠶ᠎ᠠ ᠪᠠᠨ ᠠᠯᠪᠠᠳᠠᠨ ᠨᠤᠮ ᠤᠩᠰᠢᠬᠤ ᠠᠵᠢᠯᠯᠠᠭ᠎ᠠ ᠡᠨᠡ ᠦᠶ᠎ᠡ ᠡᠴᠡ ᠡᠬᠢᠯᠡᠵᠦ᠂ ︽ ᠤᠯᠠᠭᠠᠨ ᠠᠰᠠᠷ ᠤᠨ ᠵᠡᠭᠦᠳᠦᠨ︾᠂ ︽ ᠨᠢᠭᠡᠨ ᠳᠠᠪᠬᠤᠷ ᠠᠰᠠᠷ︾ ᠂ ︽ ᠯᠦᠸ᠋ᠸ ᠭᠤᠸᠠᠨ ᠵᠦᠩ︾ ᠭᠡᠬᠦ ᠮᠡᠲᠦ ᠵᠢᠨ ᠲᠤᠮᠤ ᠨᠤᠮ ᠢ ᠲᠤᠯᠤᠭᠠᠢ ᠳᠠᠷᠤᠨ  ᠤᠩᠰᠢᠭᠰᠠᠨ ᠴᠦ  ᠨᠤᠮ ᠤᠩᠰᠢᠬᠤ ᠵᠢᠨ ᠲᠠᠭᠠᠰᠢᠶᠠᠯ ᠢ   ᠤᠯᠵᠤ ᠡᠳ᠋ᠯᠡᠭᠰᠡᠨ ᠦᠭᠡᠢ᠃  ᠡᠭᠦᠨ ᠦ ᠡᠰᠡᠷᠬᠦ ᠪᠡᠷ᠎᠂ ᠨᠤᠮ  ᠰᠤᠩᠭᠤᠨ ᠤᠩᠰᠢᠬᠤ ᠬᠡᠭᠦ ᠶᠢ ᠮᠡᠳᠡᠬᠦ ᠦᠭᠡᠢ᠂ ᠦᠪᠡᠷ ᠦᠨ ᠮᠡᠳᠡᠯᠭᠡ ᠵᠢᠨ ᠪᠦᠲᠦᠴᠡ ᠪᠠ ᠤᠶᠢᠯᠠᠭᠠᠬᠤ ᠴᠢᠳᠠᠪᠦᠷᠢ ᠲᠠᠢ ᠪᠠᠨ ᠵᠤᠬᠢᠴᠠᠭᠤᠯᠤᠭᠰᠠᠨ ᠦᠭᠡᠢ ᠡᠴᠡ᠂ ᠵᠤᠵᠠᠭᠠᠨ ᠨᠤᠮ ᠦᠵᠡᠪᠠᠯ  ᠠᠶᠢᠳᠠᠰ ᠬᠦᠷᠬᠦ ᠪᠤᠯᠵᠤ᠂ ᠬᠤᠯᠠ ᠵᠤᠭᠰᠤᠵᠤ ᠪᠠᠬᠠᠷᠬᠠᠬᠤ ᠵᠢᠨ ᠤᠷᠤᠨ ᠳ᠋ᠦ  ᠤᠷᠤᠭᠰᠠᠨ ᠶᠤᠮ᠃

ᠦᠵᠡᠵᠦ ᠪᠠᠶᠢᠲᠠᠯ᠎ᠠ ᠤᠶᠤᠳᠠᠨ ᠤ ᠡᠩᠨᠡᠭᠡᠨ  ᠳ᠋ᠦ ᠵᠢᠭᠰᠠᠵᠤ᠂ ᠨᠤᠮ ᠤᠨ ᠰᠠᠩ ᠬᠡᠭᠦ ᠨᠡᠷᠡᠰ ᠦᠭᠡ ᠨᠠᠳᠠ ᠲᠠᠢ ᠰᠤᠷᠤᠯᠭ᠎ᠠ ᠵᠢᠨ ᠬᠠᠨᠢᠲᠠᠨ ᠮᠡᠲᠦ ᠲᠠᠨᠢᠯ ᠲᠠᠰᠤᠯ ᠪᠤᠯᠤᠯ᠎ᠠ᠃     ᠂ ᠠᠩᠬ᠎ᠠ ᠶᠡᠬᠡ ᠰᠤᠷᠭᠠᠭᠤᠯᠢ ᠵᠢᠨ ᠨᠤᠮ ᠤᠨ ᠰᠠᠩ ᠳ᠋ᠦ ᠤᠷᠤᠬᠤ ᠳ᠋ᠦ ᠪᠠᠨ ᠪᠠᠶᠠᠷᠯᠠᠭᠰᠠᠨ ᠰᠡᠳᠬᠢᠯᠭᠡ ᠪᠠᠨ ᠲᠠᠷᠤᠵᠦ ᠶᠠᠳᠠᠨ᠂ ᠮᠠᠰᠢ ᠤᠯᠡᠨ ᠵᠢᠷᠤᠭ ᠲᠠᠲᠠᠭᠰᠠᠨ ᠪᠠᠶᠢᠭᠰᠠᠨ᠃ ᠲᠡᠭᠡᠭᠡᠳ ᠡᠨᠡ ᠦᠶ᠎ᠡ ᠡᠴᠡ ᠨᠤᠮ ᠰᠤᠩᠭᠤᠬᠤ ᠶᠢ ᠰᠤᠷᠴᠦ ᠮᠠᠰᠢ ᠠᠷᠪᠢᠨ ᠬᠠᠴᠢᠨ ᠰᠤᠨᠢᠨ ᠰᠤᠨᠤᠰᠬᠠᠯ ᠲᠠᠢ ᠨᠤᠮ ᠦᠵᠡᠭᠰᠡᠨ ᠪᠢᠯᠡ᠃ ᠶᠡᠬᠡ ᠰᠤᠷᠭᠠᠭᠤᠯᠢ ᠭᠡᠭᠴᠢ  ᠰᠤᠷᠤᠭᠰᠠᠨ ᠮᠡᠳᠡᠯᠭᠡ ᠶᠢ ᠪᠠᠲᠤᠳᠬᠠᠵᠤ᠂ ᠨᠡᠶᠢᠭᠡᠮ ᠳ᠋ᠦ ᠠᠯᠬᠤᠨ ᠤᠷᠤᠬᠤ ᠰᠠᠭᠤᠷᠢ ᠶᠢ ᠲᠠᠯᠪᠢᠵᠦ ᠦᠭᠳᠡᠭ ᠱᠠᠲᠦ ᠶᠤᠮ᠃ ᠶᠡᠬᠡ ᠰᠤᠷᠭᠠᠭᠤᠯᠢ ᠵᠢᠨ ᠬᠦᠷᠢᠶᠠᠨ  ᠡᠴᠡ ᠨᠤᠮ  ᠤᠩᠰᠢᠬᠤ ᠵᠢᠨ ᠰᠠᠶᠢᠨ ᠢ ᠨᠡᠩ ᠪᠦᠷᠢᠨ ᠤᠶᠢᠯᠠᠭᠠᠭᠰᠠᠨ ᠠᠴᠠ᠂ ᠨᠤᠮ  ᠲᠠᠢ ᠦᠨᠢ ᠡᠭᠦᠷᠢᠳᠡ ᠨᠦᠬᠦᠷᠯᠡᠬᠦ ᠶᠤᠮ ᠰᠠᠨ ᠭᠡᠵᠦ  ᠰᠡᠳᠬᠢᠵᠦ ᠂  ᠨᠤᠮ ᠬᠤᠳᠠᠯᠳᠤᠨ ᠠᠪᠴᠦ ᠡᠬᠢᠯᠡᠭᠰᠡᠨ᠃ ᠨᠡᠩ ᠢᠯᠠᠩᠭᠤᠶ᠎ᠠ ᠠᠵᠢᠯ ᠳ᠋ᠦ ᠤᠷᠤᠬᠤ ᠲᠠᠢ ᠵᠡᠷᠭᠡ ᠬᠠᠮᠳᠦ ᠠᠵᠢᠯᠯᠠᠭᠴᠢᠳ ᠤᠨ ᠪᠡᠶ᠎ᠡ ᠲᠡᠭᠡᠷ᠎ᠡ ᠡᠴᠡ ᠨᠤᠮ ᠤᠨ ᠷᠢᠳᠢ ᠰᠢᠳᠢ ᠶᠢ ᠨᠡᠩ ᠤᠬᠠᠵᠤ᠂ ᠭᠠᠷᠠᠭ ᠤᠨ ᠰᠡᠭᠦᠯᠴᠢ ᠪᠤᠯᠤᠭᠰᠠᠭᠠᠷ ᠨᠤᠮ ᠤᠨ ᠰᠠᠩ  ᠳ᠋ᠦ  ᠮᠦᠷ ᠢᠶᠠᠨ ᠦᠯᠡᠳᠡᠭᠡᠵᠦ᠂ ᠸᠢᠴᠠᠲ ᠲᠡᠭᠡᠷ᠎ᠡ ᠪᠠᠨ ᠡᠳᠦᠷᠵᠢᠨ ᠨᠤᠮ ᠤᠩᠰᠢᠬᠤ ᠵᠢᠨ ᠠᠰᠢᠭᠲᠠᠢ ᠲᠠᠯ᠎ᠠ ᠶᠢ ᠬᠤᠪᠢᠶᠠᠯᠴᠠᠨ᠂ ᠠᠷᠪᠢᠨ ᠨᠤᠮ ᠤᠩᠰᠢᠨ᠎ᠠ ᠬᠡᠵᠦ ᠪᠠᠷᠬᠢᠷᠠᠳᠠᠭ ᠪᠠᠶᠢᠭᠰᠠᠨ᠂ ᠪᠠᠷᠬᠢᠷᠠᠭᠰᠠᠭᠠᠷ ᠪᠠᠷᠬᠢᠷᠠᠭᠰᠠᠭᠠᠷ ᠤᠳᠤ ᠪᠤᠯᠬᠤ ᠳ᠋ᠦ ᠦᠨᠡᠬᠡᠷ ᠨᠤᠮ ᠤᠩᠰᠢᠬᠤ ᠲᠤᠷᠠᠲᠠᠢ ᠬᠦᠮᠦᠨ ᠤ ᠡᠩᠨᠡᠭᠡᠨ ᠳ᠋ᠦ ᠵᠢᠭᠰᠠᠴᠢᠬᠠᠵᠠᠢ᠂ ᠢᠩᠬᠢᠵᠦ ᠪᠤᠳᠤᠬᠤ ᠠᠴᠠ ᠰᠡᠳᠬᠢᠯ ᠮᠠᠰᠢ ᠶᠡᠬᠡ ᠬᠠᠩᠭᠠᠮᠵᠢᠲᠠᠢ ᠪᠠᠶᠢᠵᠤ᠂  ᠶᠠᠭᠠᠬᠢᠭᠠᠳ ᠡᠷᠳᠡᠬᠡᠨ ᠡᠭᠦᠨ ᠦ ᠪᠠᠬᠠᠨ ᠳ᠋ᠦ ᠤᠷᠤᠭᠰᠠᠨ ᠦᠭᠡᠢ ᠪᠤᠢ ᠭᠡᠵᠦ ᠬᠠᠷᠠᠮᠰᠠᠳᠠᠭ᠂ ᠲᠡᠭᠡᠭᠰᠡᠨ ᠪᠤᠯ ᠡᠷᠲᠡᠨ ᠡᠴᠡ ᠰᠡᠭᠡᠭᠡᠷᠡᠵᠦ᠂  ᠤᠶᠢᠯᠠᠭᠠᠬᠤ ᠦᠭᠡᠢ ᠵᠦᠢᠯ ᠳ᠋ᠦ ᠠᠷᠪᠢᠨ ᠬᠡᠯᠪᠡᠶᠢᠭᠦᠦ ᠦᠵᠡᠯ ᠤᠷᠤᠬᠤ ᠦᠭᠡᠢ᠂ ᠠᠵᠢᠯ ᠠᠮᠢᠳᠤᠷᠠᠯ ᠤᠨ ᠵᠠᠮ ᠮᠦᠷ ᠳ᠋ᠦ ᠪᠠᠨ ᠳᠤᠲᠠᠭᠤ ᠰᠢᠭ᠋ ᠠᠯᠳᠠᠭ᠎ᠠ ᠭᠠᠷᠭᠠᠵᠤ᠂ ᠨᠡᠩ ᠰᠠᠶᠢᠨ ᠰᠠᠶᠢᠬᠠᠨ  ᠵᠦᠢᠯᠡᠰ ᠢ  ᠪᠦᠳᠦᠭᠡᠵᠦ᠂   ᠶᠠᠪᠤᠭᠰᠠᠨ ᠮᠦᠷ ᠪᠦᠷ ᠦᠭᠡᠷ᠎ᠡ ᠪᠠᠶᠢᠬᠤ ᠳ᠋ᠠ ᠭᠡᠵᠦ ᠪᠤᠳᠤᠳᠠᠭ᠂ ᠡᠰᠡᠭᠦᠯ᠎ᠡ ᠡᠭᠦᠨ ᠡᠴᠡ ᠬᠤᠯᠠ ᠡᠷᠲᠡ ᠤᠳᠤ ᠵᠢᠨ ᠰᠡᠳᠬᠢᠬᠦᠢ ᠵᠢᠨ ᠲᠦᠪᠰᠢᠨ ᠳ᠋ᠦ ᠬᠦᠷᠬᠦ  ᠪᠠᠶᠢᠯᠭᠦᠢ ᠭᠡᠵᠦ ᠦᠷᠭᠦᠯᠵᠢ ᠪᠤᠳᠤᠳᠠᠭ᠃

     ︽  ᠨᠠᠭᠤᠷ︾ ᠭᠡᠬᠦ ᠨᠠᠶᠢᠷᠠᠭᠤᠯᠤᠯ ᠤᠨ ᠲᠡᠭᠦᠪᠦᠷᠢ  ᠳ᠋ᠦ ᠪᠠᠨ ᠨᠤᠮ ᠤᠩᠰᠢᠬᠤ ᠲᠤᠬᠠᠢ ︽ᠬᠡᠴᠢᠨᠠᠨ ᠬᠦᠮᠦᠨ ᠨᠢᠭᠡ ᠨᠤᠮ ᠢ ᠤᠩᠰᠢᠭᠰᠠᠨ ᠠᠴᠠ ᠪᠤᠯᠵᠤ᠂ ᠲᠡᠭᠦᠨ ᠦ ᠠᠮᠢᠳᠤᠷᠠᠯ ᠳ᠋ᠦ ᠰᠢᠨ᠎ᠡ ᠴᠠᠭ  ᠢᠯᠡᠷᠡᠭᠰᠡᠨ ᠪᠢᠯᠡ᠃ ᠨᠢᠭᠡ ᠳᠡᠪᠲᠡᠷ ᠨᠤᠮ  ᠪᠢᠳᠡᠨ ᠦ ᠲᠦᠯᠦᠭᠡ ᠤᠷᠤᠰᠢᠵᠤ ᠪᠠᠶᠢᠬᠤ ᠮᠠᠭᠠᠳ᠂ ᠲᠡᠷᠡ  ᠪᠢᠳᠡᠨ ᠦ ᠭᠠᠶᠢᠬᠠᠮᠰᠢᠭ ᠢ ᠲᠠᠶᠢᠯᠪᠤᠷᠢᠯᠠᠬᠤ ᠵᠢᠨ ᠬᠠᠮᠲᠦ ᠰᠢᠨ᠎ᠡ ᠭᠠᠶᠢᠬᠠᠮᠰᠢᠭ ᠢ ᠢᠯᠡᠷᠡᠭᠦᠯᠵᠦ ᠴᠢᠳᠠᠨ᠎ᠠ︾ ᠭᠡᠵᠦ  ᠪᠢᠴᠢᠭᠰᠡᠨ ᠪᠠᠶᠢᠳᠠᠭ᠃ ᠨᠤᠮ ᠲᠠᠢ ᠨᠦᠬᠦᠷᠯᠡᠭᠰᠡᠨ ᠡᠴᠡ ᠪᠤᠯᠵᠤ᠂ ᠦᠪᠡᠷ ᠢ ᠪᠠᠨ ᠬᠠᠮᠢᠭ᠎ᠠ ᠠᠴᠠ ᠢᠷᠡᠵᠦ᠂ ᠶᠠᠭᠠᠬᠢᠵᠤ ᠶᠠᠪᠤᠵᠤ ᠪᠠᠶᠢᠭ᠎ᠠ ᠪᠠᠨ ᠴᠠᠭ ᠢᠮᠠᠭᠳᠠ ᠮᠡᠳᠡᠵᠦ᠂ ᠦᠩᠭᠡ ᠮᠦᠩᠬᠦ ᠠᠳᠠᠯᠢᠳᠬᠠᠬᠤ ᠤᠷᠴᠢᠨ ᠳ᠋ᠦ ᠡᠨᠳᠡᠭᠦᠷᠡᠵᠦ ᠲᠦᠭᠡᠷᠢᠯ ᠦᠭᠡᠢ ᠶᠠᠪᠤᠵᠤ᠂ ᠢᠯᠠᠩᠭᠤᠶ᠎ᠠ ᠲᠦᠷᠦᠭᠰᠡᠨ ᠨᠤᠲᠤᠭ ᠠᠴᠠ ᠬᠤᠯᠠ᠂  ᠨᠠᠶᠢᠵᠠ ᠨᠦᠭᠦᠳ ᠡᠴᠡ ᠵᠠᠶᠢᠲᠠᠢ ᠭᠠᠵᠠᠷ ᠠᠵᠢᠯᠯᠠᠵᠤ ᠠᠮᠢᠳᠤᠷᠠᠨ ᠡᠬᠢᠯᠡᠬᠦ ᠳ᠋ᠦ᠂ ᠨᠤᠮ ᠲᠠᠢ ᠨᠦᠬᠦᠷᠯᠡᠬᠦ ᠭᠡᠭᠴᠢ ᠤᠶᠢᠳᠤᠭᠰᠠᠨ   ᠬᠠᠨᠢ ᠂    ᠴᠢᠭᠯᠡᠯ ᠵᠢᠭᠠᠵᠤ᠂ ᠵᠤᠪᠠᠭᠰᠨ   ᠠᠩᠬᠠᠷᠤᠯ ᠢ ᠰᠢᠯᠵᠢᠭᠦᠯᠵᠦ᠂ ᠪᠠᠶᠠᠷᠯᠠᠭᠰᠠᠨ  ᠲᠦ ᠰᠡᠳᠬᠢᠯᠭᠡ ᠶᠢ ᠪᠦᠷᠢᠨ ᠢᠯᠡᠳᠬᠡᠯᠭᠡᠬᠦ ᠰᠢᠳᠢᠲᠦ  ᠲᠤᠯᠢ ᠪᠠᠶᠢᠭᠰᠠᠨ᠃

ᠨᠤᠮ ᠪᠢᠳᠡᠨ ᠦ ᠮᠡᠳᠡᠯᠭᠡ ᠶᠢ ᠰᠢᠨᠡᠳᠬᠡᠵᠦ ᠪᠠᠶᠠᠯᠢᠭᠵᠢᠭᠤᠯᠤᠨ᠂ ᠰᠡᠳᠬᠢᠭᠭᠦᠢ ᠶᠢ   ᠬᠠᠳᠠᠨ ᠪᠤᠯᠭᠠᠵᠤ᠂ ᠨᠠᠶᠢᠭᠡᠮ ᠪᠠ ᠠᠮᠢᠳᠤᠷᠠᠯ ᠢ ᠨᠡᠩ ᠤᠯᠠᠨ ᠲᠠᠯ᠎ᠠ ᠠᠴᠠ ᠬᠠᠷᠠᠬᠤ  ᠪᠤᠯᠭᠠᠨ᠂ ᠰᠠᠳᠬᠢᠯ ᠠᠭᠤᠵᠢᠭᠤ ᠰᠠᠨᠠᠭ᠎ᠠ ᠲᠠᠯᠪᠢᠭᠤ  ᠪᠤᠯᠭᠠᠳᠠᠭ᠃  ᠲᠡᠭᠡᠬᠦ ᠳ᠋ᠦ ᠪᠠᠨ ᠨᠤᠮ ᠤᠨ ᠠᠶᠠᠨ ᠭᠡᠵᠦ ᠡᠬᠢᠯᠡᠴᠢᠬᠡᠪᠡᠯ ᠵᠤᠭᠰᠤᠬᠤ ᠦᠭᠡᠢ ᠰᠢᠨᠤᠯ ᠪᠠᠶᠢᠳᠠᠭ ᠠᠴᠠ᠂  ᠪᠢ ᠨᠤᠮ ᠤᠨ ᠶᠢᠷᠳᠢᠨᠴᠦ ᠪᠡᠷ᠎ ᠦᠷᠭᠦᠯᠵᠢ ᠲᠤᠭᠤᠷᠢᠨ᠂  ᠦᠵᠡᠭᠰᠡᠨ ᠰᠤᠨᠤᠰᠤᠭᠰᠠᠨ ᠲᠤᠭᠠᠲᠠᠢ᠂ ᠮᠡᠳᠡᠯᠭᠡ ᠮᠡᠭᠦᠰ ᠲᠤᠷᠰᠢᠯᠭ᠎ᠠ ᠳᠤᠲᠠᠭᠤ ᠪᠠᠶᠢᠳᠠᠯ ᠢᠶᠠᠨ ᠦᠭᠡᠷᠡᠴᠢᠯᠡᠨ᠂ ᠠᠮᠢᠳᠤᠷᠠᠯ ᠭᠡᠰᠡᠨ ᠦᠭᠡ ᠶᠢ ᠨᠡᠩ ᠰᠠᠶᠢᠨ ᠤᠶᠢᠯᠭᠠᠨ᠂ ᠬᠢᠷᠢ ᠲᠡᠩᠴᠡᠭᠰᠡᠨ ᠲᠤᠮᠦ ᠬᠦᠮᠦᠨ ᠪᠤᠯᠬᠤ  ᠰᠠᠨ ᠭᠡᠵᠦ ᠠᠷᠪᠢᠨ ᠨᠤᠮ ᠤᠩᠰᠢᠶ᠎ᠠ ᠭᠡᠵᠦ ᠪᠤᠳᠤᠳᠠᠭ᠃  ᠨᠤᠮ ᠤᠩᠰᠢᠬᠤ ᠪᠤᠯ  ᠨᠠᠮ  ᠰᠠᠭᠤᠭᠠᠳ ᠤᠶᠤᠨ ᠤ ᠶᠢᠷᠳᠢᠨᠴᠦ ᠪᠡᠷ᠎  ᠲᠤᠪᠲᠤᠯᠬᠤ  ᠰᠠᠶᠢᠬᠠᠨ ᠠᠶᠠᠨ ᠶᠤᠮ᠂ ᠡᠶᠢᠮᠦ ᠡᠴᠡ ᠪᠢᠳᠡ ᠨᠤᠮ ᠤᠩᠰᠢᠶ᠎ᠠ᠂ ᠰᠠᠶᠢᠨ ᠨᠤᠮ ᠤᠩᠰᠢᠶ᠎ᠠ᠂   ᠮᠦᠩᠬᠡ ᠵᠢᠨ   ᠂ ᠠᠮᠢᠳᠤᠷᠠᠯ ᠢᠶᠠᠨ ᠨᠡᠩ  ᠴᠢᠨᠠᠷᠯᠢᠭ ᠰᠠᠶᠢᠬᠠᠨ ᠠᠪᠴᠦ ᠶᠠᠪᠤᠵᠠᠭᠠᠶ᠎ᠠ︕

 


ᠢᠷᠡᠯᠲᠡ
ᠥᠪᠡᠷᠲᠡᠭᠡᠨ ᠵᠠᠰᠠᠬᠤ ᠣᠷᠤᠨ ᠤ ᠪᠠᠶᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro