ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠡᠵᠢ ᠮᠢᠨᠢ

2020-06-17 16:13:49
ᠵᠣᠬᠢᠶᠠᠭᠴᠢ


ᠪᠢ ᠡᠵᠢ  ᠶᠢᠨ  ᠢᠶᠡᠨ ᠴᠠᠰᠦ ᠬᠢᠰᠬᠢᠯᠡᠬᠦ ᠠᠨᠢᠷ  ᠢ

ᠴᠢᠩᠨᠠᠬᠤ ᠬᠡᠷᠡᠭᠲᠡᠢ

ᠲᠡᠭᠷᠢ  ᠶᠢᠨ ᠬᠠᠶᠠᠭᠠᠨ  ᠳᠤ

ᠲᠡᠮᠡᠭᠡ ᠬᠠᠷᠢᠭᠤᠯᠵᠤ ᠶᠠᠪᠤᠭᠰᠠᠨ

ᠨᠠᠰᠤᠨ ᠪᠠᠭ᠎ᠠ  ᠶᠢᠨ ᠲᠡᠷᠡ ᠨᠢᠭᠡᠨ ᠦᠷᠯᠦᠭᠡ  ᠶᠢ

ᠪᠢ ᠶᠡᠷᠦ ᠨᠢ ᠮᠠᠷᠲᠠᠲᠠᠭ ᠦᠭᠡᠢ ᠶᠤᠮ

ᠰᠢᠷ᠎ᠠ ᠨᠢᠷᠤᠭᠤᠨ  ᠬᠡᠮᠡᠬᠦ ᠭᠤᠪᠢ  ᠶᠢᠨ ᠭᠦᠨ  ᠳᠦ

ᠲᠠᠩ ᠮᠠᠶᠢᠬᠠᠨ  ᠢᠶᠠᠷ  ᠢᠶᠠᠨ ᠤᠲᠤᠷᠯᠠᠵᠤ

ᠰᠤᠯᠢ ᠬᠠᠯᠢᠭᠤᠷᠠᠭᠰᠠᠨ ᠤᠭᠴᠢᠨ  ᠳᠤ

ᠰᠦᠷᠦᠭ ᠲᠡᠮᠡᠭᠡ  ᠪᠡᠨ ᠬᠤᠲᠠᠯᠠᠵᠤ

ᠡᠵᠢ ᠲᠠᠢ ᠪᠠᠨ ᠨᠢᠭᠡ ᠡᠪᠦᠯᠵᠢᠭᠰᠡᠨ ᠶᠤᠮᠰᠠᠨ

ᠱᠠᠷ ᠱᠠᠷ ᠵᠢᠷ ᠵᠢᠷ ᠫᠤᠷ ᠫᠤᠷ

ᠰᠠᠶᠢᠬᠠᠨ ᠬᠦᠭᠵᠢᠮᠯᠢᠭ ᠴᠢᠮᠡᠭᠡᠨ ᠲᠤᠮᠲᠠ

ᠰᠢᠷ᠎ᠠ ᠨᠢᠷᠤᠭᠠᠨ  ᠤ ᠴᠠᠰᠤᠲᠠᠢ ᠨᠢᠭᠡᠨ ᠦᠷᠯᠦᠭᠡ

ᠨᠤᠶᠢᠷ  ᠠᠴᠠ  ᠪᠠᠨ ᠪᠢ ᠰᠡᠷᠡᠵᠦ ᠪᠢᠯᠡ

ᠲᠡᠮᠡᠭᠡᠳ  ᠦᠨ ᠬᠢᠰᠬᠢᠯᠡᠬᠦ ᠴᠢᠮᠡᠭᠡᠨ

ᠲᠤᠲᠤᠷ᠎ᠠ  ᠠᠴᠠ

ᠲᠤᠲᠤᠬᠠᠨ ᠨᠠᠰᠢᠯᠠᠬᠤ ᠡᠵᠢ  ᠶᠢᠨ  ᠢᠶᠡᠨ ᠠᠨᠢᠷ  ᠢ

ᠲᠠᠨᠢᠯ᠎ᠠ ᠪᠢ

ᠲᠡᠭᠡᠲᠡᠯ᠎ᠡ ᠡᠵᠢ ᠮᠢᠨᠢ

ᠲᠤᠭᠤᠭ᠎ᠠ ᠲᠦᠭᠦᠷᠡᠩ ᠴᠠᠰᠦ ᠬᠠᠮᠤᠵᠤ ᠢᠷᠡᠭᠡᠳ

ᠲᠤᠷᠯᠤᠭ  ᠤᠨ ᠬᠤᠵᠤᠤᠯᠠ  ᠶᠢᠨ ᠲᠦᠷᠡᠯᠵᠡᠭᠰᠡᠨ

ᠭᠠᠯ ᠲᠡᠭᠡᠷ᠎ᠡ

ᠢᠩᠭᠡᠨ ᠰᠦᠲᠡᠢ ᠴᠠᠢ  ᠪᠡᠨ ᠰᠠᠮᠠᠷᠴᠤ

ᠭᠤᠪᠢ  ᠶᠢᠨ ᠨᠠᠷᠠ ᠪᠠᠨ ᠮᠢᠯᠢᠶᠠᠵᠤ ᠪᠢᠯᠡ

ᠲᠡᠷᠡ ᠴᠠᠢ  ᠶᠢᠨ ᠠᠮᠲᠠ

ᠤᠲᠤ ᠴᠤ ᠲᠠᠩᠨᠠᠢ  ᠳᠤ ᠠᠮᠲᠠᠭᠲᠠᠨ᠎ᠠ

ᠲᠡᠷᠡ ᠬᠦᠯ  ᠦᠨ ᠴᠢᠮᠡᠭᠡ

ᠤᠲᠤ ᠴᠤ ᠴᠢᠬᠢᠨ  ᠳᠦ ᠰᠤᠨᠤᠰᠲᠠᠨ᠎ᠠ ᠃


ᠢᠷᠡᠯᠲᠡ
     
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro