ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠬᠠᠷᠠᠭᠠᠨ ᠳᠠᠪᠲᠠᠮᠵᠢ ᠪᠠᠷ ᠰᠤᠷᠪᠤᠯᠵᠢᠯᠠᠯ ᠬᠦᠯᠢᠶᠡᠬᠦ ᠳᠤ ᠠᠩᠬᠠᠷᠬᠤ ᠵᠤᠶᠢᠯ

2016-06-03 14:39:13
ᠵᠣᠬᠢᠶᠠᠭᠴᠢ

ᠨᠢᠭᠡ᠂ ᠵᠠᠭᠠᠯᠳᠤᠭᠴᠢ᠂ ᠭᠤᠮᠤᠳᠠᠯ ᠲᠤᠭᠠᠴᠢᠭᠴᠢ ᠡᠷᠬᠡᠪᠰᠢ ᠮᠡᠳᠡᠭᠳᠡᠭᠰᠡᠨ ᠴᠠᠭ ᠲᠤ ᠬᠠᠷᠠᠭᠠᠨ ᠳᠠᠪᠲᠠᠮᠵᠢ ᠳᠤ ᠣᠷᠤᠯᠴᠠᠬᠤ ᠬᠡᠷᠡᠭᠲᠡᠢ ᠂ ᠣᠯᠠᠨ ᠵᠠᠭᠠᠯᠳᠤᠭᠴᠢ᠂ ᠭᠤᠮᠤᠳᠠᠯ ᠲᠤᠭᠠᠴᠢᠭᠴᠢ ᠬᠠᠮᠲᠤ ᠪᠠᠷ ᠨᠢᠬᠡᠯᠡ ᠤᠴᠢᠷ ᠢ ᠲᠤᠰᠬᠠᠵᠤ ᠪᠠᠶᠢᠪᠡᠯ᠂ 5 ᠬᠦᠮᠦᠨ ᠠᠴᠠ ᠳᠣᠷᠤᠭᠰᠢ ᠲᠦᠯᠦᠭᠡᠯᠡᠭᠴᠢ ᠰᠤᠩᠭᠤᠨ ᠬᠠᠷᠠᠭᠠᠨ ᠳᠠᠪᠲᠠᠮᠵᠢ ᠳᠤ ᠣᠷᠤᠯᠴᠠᠭᠤᠯᠬᠤ ᠬᠡᠷᠡᠭᠲᠡᠢ᠃


ᠬᠤᠶᠠᠷ᠂ ᠵᠠᠭᠠᠯᠳᠤᠭᠴᠢ᠂ ᠭᠤᠮᠤᠳᠠᠯ ᠲᠤᠭᠠᠴᠢᠭᠴᠢ ᠦᠨᠡᠨᠬᠦ ᠵᠦᠢ ᠶᠣᠰᠤᠨ ᠤ ᠤᠴᠢᠷ ᠰᠢᠯᠲᠠᠭᠠᠨ ᠠᠴᠠ ᠪᠣᠯᠵᠤ ᠲᠣᠭᠲᠠᠭᠰᠠᠨ ᠴᠠᠭ ᠲᠤ ᠬᠠᠷᠠᠭᠠᠨ ᠳᠠᠪᠲᠠᠮᠵᠢ ᠳᠤ ᠤᠷᠤᠯᠴᠠᠵᠤ ᠳᠡᠶᠢᠯᠬᠦ ᠦᠭᠡᠢ ᠪᠣᠯ ᠭᠤᠶᠤᠴᠢᠯᠠᠯ ᠢ ᠬᠦᠯᠢᠶᠠᠨ ᠠᠪᠤᠭᠰᠠᠨ ᠪᠠᠶᠢᠴᠠᠭᠠᠬᠤ ᠬᠤᠷᠢᠶ᠎ᠠ ᠳᠤ ᠬᠤᠶᠢᠰᠢᠯᠠᠭᠤᠯᠬᠤ ᠪᠠᠷ ᠭᠤᠶᠤᠴᠢᠯᠠᠬᠤ ᠬᠡᠷᠡᠭᠲᠡᠢ᠃ ᠭᠤᠶᠤᠴᠢᠯᠠᠯ ᠢ ᠲᠤᠰᠤᠭᠰᠠᠨ ᠪᠠᠶᠢᠴᠠᠭᠠᠬᠤ ᠬᠤᠷᠢᠶ᠎ᠠ ᠨᠢ ᠬᠤᠶᠢᠰᠢᠯᠠᠭᠤᠯᠬᠤ ᠶᠢ ᠵᠦᠪᠰᠢᠶᠠᠷᠡᠪᠡᠯ᠂ ᠴᠠᠭ ᠲᠣᠬᠠᠢ ᠳᠤᠨᠢ ᠬᠠᠷᠠᠭᠠᠯᠵᠠᠰᠠᠨ ᠬᠠᠷᠠᠭᠠᠨ ᠳᠠᠪᠲᠠᠮᠵᠢ ᠵᠠᠯᠭᠠᠬᠤ ᠪᠠᠶᠢᠴᠠᠭᠠᠬᠤ ᠬᠤᠷᠢᠶᠠᠨ ᠳᠤ ᠮᠡᠳᠡᠭᠳᠡᠬᠦ ᠮᠦᠷᠲᠡᠭᠡᠨ ᠬᠤᠶᠢᠰᠢᠯᠠᠭᠤᠯᠤᠰᠠᠨ ᠤ ᠳᠠᠷᠠᠭᠠᠬᠢ ᠬᠠᠷᠠᠭᠠᠨ ᠳᠠᠪᠲᠠᠮᠵᠢ ᠪᠠᠷ ᠰᠤᠷᠪᠤᠯᠵᠢᠯᠠᠯ ᠬᠦᠯᠢᠶᠡᠬᠦ ᠴᠠᠭ ᠢᠶᠠᠨ ᠵᠠᠭᠠᠯᠳᠤᠭᠴᠢ ᠂ ᠭᠤᠮᠤᠳᠠᠯ ᠲᠤᠭᠠᠴᠢᠭᠴᠢ ᠳᠤ ᠬᠡᠯᠡᠵᠦ ᠦᠭᠭᠦᠨ᠎ᠡ᠃


ᠭᠤᠷᠪᠠ᠂ ᠬᠠᠷᠠᠭᠠᠯᠵᠠᠭᠰᠠᠨ ᠬᠠᠷᠠᠭᠠᠨ ᠳᠠᠪᠲᠠᠮᠵᠢ ᠵᠠᠯᠭᠠᠬᠤ ᠪᠠᠶᠢᠴᠠᠭᠠᠬᠤ ᠬᠤᠷᠢᠶ᠎ᠡ ᠨᠢ ᠬᠠᠷᠠᠭᠠᠨ ᠳᠠᠪᠲᠠᠮᠵᠢ ᠪᠠᠷ ᠰᠤᠷᠪᠤᠯᠵᠢᠯᠠᠯ ᠬᠦᠯᠢᠶᠡᠭᠰᠡᠨ ᠤ ᠳᠠᠷᠠᠭ᠎ᠠ᠂ ᠳᠠᠬᠢᠨ ᠨᠢᠭᠡ ᠤᠳᠠᠭ᠎ᠠ ᠬᠠᠷᠠᠭᠠᠨ ᠳᠠᠪᠲᠠᠮᠵᠢ ᠵᠠᠯᠭᠠᠬᠤ ᠴᠢᠬᠤᠯᠠᠲᠡᠢ ᠪᠠᠶᠢᠪᠡᠯ᠂ ᠰᠤᠷᠪᠤᠯᠵᠢᠯᠠᠯ ᠬᠦᠯᠢᠶᠡᠭᠴᠢ ᠨᠢ ᠵᠠᠭᠠᠯᠳᠤᠭᠴᠢ᠂ ᠭᠤᠮᠤᠳᠠᠯ ᠲᠤᠭᠠᠴᠢᠭᠴᠢ ᠲᠠᠢ ᠳᠠᠷᠠᠭ᠎ᠠ ᠤᠳᠠᠭ᠎ᠠ ᠶᠢᠨ ᠬᠠᠷᠠᠭᠠᠨ ᠳᠠᠪᠲᠠᠮᠵᠢ ᠪᠠᠷ ᠰᠤᠷᠪᠤᠯᠵᠢᠯᠠᠯ ᠬᠦᠯᠢᠶᠡᠬᠦ ᠴᠠᠭ ᠪᠠᠨ ᠪᠣᠯᠵᠤᠬᠤ ᠬᠡᠷᠡᠭᠲᠡᠢ᠃ ᠡᠨᠡᠬᠦ ᠬᠤᠭᠤᠴᠠᠭᠠᠨ ᠳᠤ ᠵᠠᠭᠠᠯᠳᠤᠭᠴᠢ᠂ ᠭᠤᠮᠤᠳᠠᠯ ᠲᠤᠭᠠᠴᠢᠭᠴᠢ ᠬᠠᠷᠠᠭᠠᠯᠵᠠᠭᠰᠠᠨ ᠬᠠᠷᠠᠭᠠᠨ ᠳᠠᠪᠲᠠᠮᠵᠢ ᠵᠠᠯᠭᠠᠭᠰᠠᠨ ᠪᠠᠶᠢᠴᠠᠭᠠᠬᠤ ᠬᠤᠷᠢᠶᠠᠨ ᠤ ᠭᠤᠮᠤᠳᠠᠯ ᠵᠠᠭᠠᠯᠳᠤᠯᠭ᠎ᠠ ᠬᠦᠯᠢᠶᠠᠨ ᠠᠪᠬᠤ ᠲᠠᠰᠤᠭ ᠲᠤ ᠬᠦᠷᠴᠦ ᠰᠤᠷᠪᠤᠯᠵᠢᠯᠠᠯ ᠬᠢᠪᠡᠯ᠂ ᠬᠦᠯᠢᠶᠠᠨ ᠠᠭᠤᠯᠵᠠᠯᠲᠠ ᠲᠣᠬᠢᠷᠠᠭᠤᠯᠬᠤ ᠦᠭᠡᠢ ᠃


ᠳᠦᠷᠪᠡ᠂ ᠴᠦᠬᠡᠨ ᠲᠣᠭᠠᠲᠤ ᠦᠨᠳᠦᠰᠦᠲᠡᠨ ᠦᠪᠡᠷ ᠤᠨ ᠦᠨᠳᠦᠰᠦᠲᠡᠨ ᠤ ᠦᠭᠡ ᠬᠡᠯᠡ ᠦᠰᠦᠭ ᠪᠢᠴᠢᠭ ᠢᠶᠠᠨ ᠬᠡᠷᠡᠭᠯᠡᠵᠦ ᠬᠠᠷᠠᠭᠠᠨ ᠳᠠᠪᠲᠠᠮᠵᠢ ᠪᠠᠷ ᠰᠤᠷᠪᠤᠯᠵᠢᠯᠠᠬᠤ ᠪᠣᠯᠵᠤᠭᠠᠨ ᠤ ᠭᠤᠶᠤᠴᠢᠯᠠᠯ ᠳᠤᠷᠠᠳᠬᠤ ᠪᠣᠶᠣ ᠬᠠᠷᠠᠭᠠᠨ ᠳᠠᠪᠲᠠᠮᠵᠢᠲᠤ ᠰᠤᠷᠪᠦᠯᠵᠢᠯᠠᠯ ᠳᠤ ᠣᠷᠣᠯᠴᠠᠬᠤ ᠪᠣᠯᠵᠤᠭᠠᠨ ᠤ ᠭᠤᠶᠤᠴᠢᠯᠠᠯ ᠭᠠᠷᠭᠠᠬᠤ᠂ ᠡᠰᠡᠭᠦᠯ᠎ᠡ ᠬᠠᠷᠠᠭᠠᠨ ᠳᠠᠪᠲᠠᠮᠵᠢᠲᠤ ᠰᠤᠷᠪᠦᠯᠵᠢᠯᠠᠯ ᠳᠤ ᠤᠷᠤᠯᠴᠠᠬᠤ ᠪᠠᠷ ᠳᠣᠷᠠᠳᠤᠪᠡᠯ᠂ ᠪᠠᠶᠢᠴᠠᠭᠠᠬᠤ ᠬᠤᠷᠢᠶ᠎ᠡ ᠠᠴᠠ ᠣᠷᠴᠢᠭᠤᠯᠤᠭᠴᠢ ᠲᠣᠬᠢᠷᠠᠭᠤᠯᠬᠤ ᠬᠡᠷᠡᠭᠲᠡᠢ︔ ᠡᠰᠡᠭᠦᠯ᠎ᠡ ᠲᠤᠰ ᠭᠤᠮᠤᠳᠠᠯ ᠵᠠᠭᠠᠯᠳᠤᠯᠭ᠎ᠠ ᠶᠢᠨ ᠬᠡᠷᠡᠭ ᠲᠠᠢ ᠠᠰᠢᠭ ᠬᠤᠣᠷ ᠤᠨ ᠬᠠᠷᠢᠴᠠᠭ᠎ᠠ ᠦᠭᠡᠢ ᠬᠦᠮᠦᠨ ᠢ ᠤᠷᠢᠵᠤ ᠤᠷᠴᠢᠭᠤᠯᠤᠭᠴᠢ ᠪᠣᠯᠭᠠᠬᠤ ᠬᠡᠷᠡᠭᠲᠡᠢ᠃


ᠲᠠᠪᠤ᠂ ᠭᠤᠶᠤᠴᠢᠯᠠᠭᠴᠢ ᠬᠠᠷᠠᠭᠠᠨ ᠳᠠᠪᠲᠠᠮᠵᠢ ᠪᠠᠷ ᠰᠤᠷᠪᠦᠯᠵᠢᠯᠠᠯ ᠬᠦᠯᠢᠶᠡᠬᠦ ᠳᠠᠰᠤᠭ ᠤᠨ ᠬᠠᠮᠢᠶ᠎ᠠ ᠪᠦᠬᠦᠢ ᠳᠦᠷᠢᠮ ᠢ ᠴᠢᠩᠭ᠎ᠠ ᠵᠢᠷᠤᠮᠯᠡᠨ ᠰᠠᠬᠢᠬᠤ ᠶᠢᠨ ᠬᠠᠮᠲᠤ ᠠᠶᠤᠯᠬᠦᠢ ᠶᠢᠨ ᠪᠠᠶᠢᠴᠠᠭᠠᠯᠲᠠ ᠶᠢ ᠬᠦᠯᠢᠶᠡᠬᠦ ᠭᠡᠷᠡᠭᠲᠡᠢ ᠃ ᠵᠦᠪᠰᠢᠶᠡᠷᠡᠯ ᠦᠭᠡᠢ ᠪᠠᠷ ᠳᠠᠭᠤ ᠳᠦᠷᠰᠦ ᠰᠢᠩᠭᠡᠭᠡᠵᠦ ᠪᠣᠯᠬᠤ ᠦᠭᠡᠢ᠃


ᠢᠷᠡᠯᠲᠡ
ᠥᠪᠦᠷ ᠮᠤᠩᠭᠤᠯ ᠤᠨ ᠪᠠᠶᠢᠴᠠᠭᠠᠬᠤ ᠬᠤᠷᠢᠶᠠᠨ ᠤ ᠤᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro