ᠲᠡᠷᠢᠭᠦᠨ ᠨᠢᠭᠤᠷ  -  ᠪᠠᠶᠢᠴᠠᠭᠠᠬᠤ ᠬᠤᠰᠢᠭᠤᠴᠢ

ᠪᠠᠶᠢᠴᠠᠭᠠᠬᠤ ᠳᠣᠰᠢᠶᠠᠯᠳᠠᠨ ᠸᠠᠩ ᠵᠦᠩ ᠸᠧᠢ ᠶᠢᠨ ᠦᠢᠯᠡ ᠶᠠᠪᠤᠳᠠᠯ ᠄ ᠬᠤᠷᠴᠢᠨ ᠲᠤᠭᠤᠷᠢᠭ ᠤᠨ ᠪᠠᠶᠢᠴᠠᠭᠠᠬᠤ ᠬᠤᠷᠢᠶ᠎ᠠ ᠶᠢᠨ ᠲᠤᠷᠰᠢᠨ ᠪᠠᠶᠢᠴᠠᠭᠠᠯᠲᠠ ᠳᠤ ᠬᠢᠨᠠᠯᠲᠠ ᠲᠠᠯᠪᠢᠬᠤ ᠰᠠᠯᠠᠭ᠎ᠠ

2016-06-02 15:38:32
ᠵᠣᠬᠢᠶᠠᠭᠴᠢ

    ᠸᠠᠩ ᠵᠦᠩ ᠸᠧᠢ ᠪᠠᠶᠢᠴᠠᠭᠠᠬᠤ ᠠᠵᠢᠯ ᠢ ᠬᠢᠭᠰᠡᠨ 24  ᠵᠢᠯ ᠦᠨ ᠲᠤᠷᠰᠢ ᠂ ᠤᠷᠢᠳ ᠬᠤᠵᠢᠳ ᠥᠪᠡᠷᠲᠡᠭᠡᠨ ᠵᠠᠰᠠᠬᠤ ᠤᠷᠤᠨ ᠤ 《 ᠮᠡᠳᠡᠯᠭᠡ  ᠶᠢᠨ ᠥᠮᠴᠢ ᠶᠢᠨ ᠡᠷᠬᠡᠨ  ᠳᠤ ᠬᠠᠯᠳᠠᠭᠰᠠᠨ ᠶᠠᠯᠠᠲᠤ ᠠᠵᠢᠯᠯᠠᠭ᠎ᠠ ᠳᠦ ᠴᠤᠬᠢᠯᠲᠠ ᠥᠭᠭᠦ ᠲᠤᠰᠬᠠᠢ ᠠᠵᠢᠯᠯᠠᠭᠠᠨ》 ᠤ ᠲᠡᠷᠢᠭᠦᠨ ᠦ ᠬᠤᠪᠢ ᠬᠦᠮᠦᠨ ᠢᠶᠡᠷ ᠦᠨᠡᠯᠡᠭᠳᠡᠵᠦ ᠂ ᠬᠤᠶᠠᠷ ᠤᠳᠠᠭ᠎ᠠ ᠬᠤᠪᠢ ᠬᠦᠮᠦᠨ ᠦ ᠭᠤᠷᠪᠠᠳᠤᠭᠠᠷ ᠲᠡᠰ ᠦᠨ ᠭᠠᠪᠢᠶ᠎ᠠ  ᠲᠡᠮᠳᠡᠭᠯᠡᠵᠦ ᠂ ᠠᠷᠪᠠᠭᠠᠳ ᠤᠳᠠᠭ᠎ᠠ ᠬᠤᠷᠴᠢᠨ ᠲᠤᠭᠤᠷᠢᠭ ᠤᠨ ᠪᠠᠶᠢᠩᠭᠤ ᠶᠢᠨ ᠬᠤᠷᠢᠶ᠎ᠠ ᠂ ᠤᠯᠤᠰ  ᠲᠥᠷᠦ ᠬᠠᠤᠯᠢ ᠴᠠᠭᠠᠵᠠ ᠶᠢᠨ ᠬᠤᠷᠢᠶ᠎ᠠ ᠶᠢᠨ ᠰᠠᠶᠢᠰᠢᠶᠠᠯ ᠢ ᠬᠦᠷᠲᠡᠪᠡ ᠃ ᠲᠤᠷᠰᠢᠨ  ᠪᠠᠶᠢᠴᠠᠭᠠᠯᠲᠠ ᠳᠤ ᠬᠢᠨᠠᠯᠲᠠ ᠲᠠᠯᠪᠢᠬᠤ ᠠᠵᠢᠯ ᠢ ᠬᠢᠭᠰᠡᠨ 5  ᠵᠢᠯ ᠦᠨ ᠲᠤᠷᠰᠢ ᠂ ᠲᠡᠷᠡ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ ᠂ ᠬᠡᠷᠡᠭ ᠪᠤᠯᠭᠠᠨ ᠢ ᠨᠠᠷᠢᠨ ᠬᠢᠨᠠᠮᠠᠭᠠᠢ ᠪᠠᠷ ᠰᠢᠢᠳᠪᠦᠷᠢᠯᠡᠵᠦ  ᠂ ᠤᠯᠠᠨ ᠲᠦᠮᠡᠨ ᠦ ᠠᠰᠢᠭ ᠲᠤᠰᠠ ᠳᠤ ᠪᠠᠭ᠎ᠠ ᠤᠴᠢᠷ ᠦᠭᠡᠢ ᠬᠡᠮᠡᠨ ᠥᠪᠡᠷ ᠦᠨ ᠪᠤᠳᠠᠲᠠᠢ ᠦᠢᠯᠡ ᠠᠵᠢᠯᠯᠠᠭ᠎ᠠ ᠪᠠᠷ ᠢᠶᠠᠨ ᠨᠢᠭᠡᠨ ᠡᠪ ᠬᠠᠮᠲᠦ ᠨᠠᠮ ᠤᠨ ᠭᠡᠰᠢᠭᠦᠨ ᠪᠠ ᠠᠷᠠᠳ ᠤᠨ ᠪᠠᠶᠢᠴᠠᠭᠠᠬᠤ ᠳᠤᠰᠢᠶᠠᠯᠲᠠᠨ ᠤ  ᠡᠭᠡᠯ ᠵᠢᠷ ᠦᠨ ᠮᠦᠷᠲᠡᠭᠡᠨ ᠡᠭᠡᠯ ᠵᠢᠷ ᠦᠨ ᠪᠤᠰᠤ ᠳᠦᠷᠢ ᠳᠦᠷᠬᠦ ᠶᠢ ᠪᠢᠴᠢᠭᠯᠡᠭᠰᠡᠨ ᠪᠠᠶᠢᠨ᠎ᠠ ᠃

    2011 ᠣᠨ ᠤ 5  ᠰᠠᠷ᠎ᠠ ᠶᠢᠨ 6  ᠦ ᠡᠳᠦᠷ ᠬᠤᠷᠴᠢᠨ ᠲᠤᠭᠤᠷᠢᠭ ᠤᠨ ᠪᠥᠯᠬᠦᠮᠳᠡᠯ ᠵᠠᠮ ᠳᠤ ᠨᠢᠭᠡᠨ ᠬᠦᠨᠳᠦ ᠶᠡᠬᠡ ᠭᠠᠯ ᠤᠨ ᠠᠶᠤᠯ ᠭᠠᠷᠴᠦ ᠂ 109 ᠬᠤᠳᠠᠯᠳᠤᠭᠠᠨ ᠤ ᠳᠡᠯᠭᠡᠭᠦᠷ 1160  ᠲᠦᠮᠡᠨ ᠵᠤᠭᠤᠰ ᠦᠨ ᠬᠣᠬᠢᠷᠠᠯ ᠢᠶᠡᠨ ᠳᠡᠭᠡᠭᠰᠢ ᠮᠡᠳᠡᠭᠦᠯᠵᠠᠢ ᠃ ᠬᠤᠳᠠᠯᠳᠤᠭᠠᠨ ᠤ ᠳᠡᠯᠭᠡᠭᠦᠷ ᠦᠨ ᠲᠦᠯᠦᠪᠦᠷᠢ ᠶᠢᠨ ᠤᠴᠢᠷ ᠢ ᠰᠢᠢᠳᠪᠦᠷᠢᠯᠡᠬᠦ ᠨᠢ ᠡᠨᠡ ᠤᠳᠠᠭᠠᠨ ᠤ ᠭᠠᠯ ᠤᠨ ᠠᠶᠤᠯ ᠤᠨ ᠬᠡᠷᠡᠭ ᠦᠨ ᠵᠠᠩᠭᠢᠯᠠᠭ᠎ᠠ ᠪᠠᠶᠢᠵᠤ ᠂ ᠬᠡᠷᠪᠡ ᠵᠤᠬᠢᠮᠵᠢᠲᠠᠢ ᠰᠢᠢᠳᠪᠦᠷᠢᠯᠡᠵᠦ ᠳᠡᠶᠢᠯᠬᠦ ᠦᠭᠡᠢ ᠪᠤᠯ ᠶᠡᠬᠡ ᠬᠡᠪᠴᠢᠶᠡᠨ ᠦ ᠳᠡᠭᠡᠭᠰᠢ  ᠰᠤᠷᠪᠤᠯᠵᠢᠯᠠᠯ ᠪᠠ ᠤᠯᠠᠨ ᠲᠦᠮᠡᠨ ᠦ ᠴᠢᠨᠠᠷᠲᠠᠢ ᠬᠡᠷᠡᠭ ᠤᠴᠢᠷ ᠭᠠᠷᠬᠤ ᠪᠤᠯᠤᠮᠵᠢ ᠲᠠᠢ ᠃ ᠸᠠᠩ ᠵᠦᠩ ᠸᠧᠢ ᠳᠤᠲᠤᠭᠠᠳᠦ ᠶᠢ ᠬᠠᠮᠠᠭᠠᠯᠠᠬᠤ ᠲᠤᠪᠴᠢᠶ᠎ᠠ ᠂ ᠪᠠᠶᠢᠴᠠᠭᠠᠬᠤ ᠬᠤᠷᠢᠶ᠎ᠠ  ᠵᠡᠷᠬᠡ ᠤᠯᠠᠨ ᠪᠠᠶᠢᠭᠤᠯᠭ᠎ᠠ ᠶᠢᠨ ᠬᠠᠮᠲᠤᠷᠠᠭᠰᠠᠨ ᠠᠵᠢᠯ ᠤᠨ ᠳᠤᠭᠤᠶᠢᠯᠠᠩ ᠤᠨ ᠳᠠᠷᠤᠭ᠎ᠠ ᠪᠤᠯᠵᠤ ᠂ ᠲᠡᠷᠡ ᠬᠣᠬᠢᠷᠠᠯ ᠢ ᠬᠠᠷᠭᠤᠯᠬᠤ ᠲᠦᠰᠦᠪ ᠢ ᠳᠤᠭᠲᠠᠭᠠᠵᠤ ᠂ ᠬᠤᠳᠠᠯᠳᠤᠭᠠᠨ ᠤ ᠳᠡᠯᠭᠡᠭᠦᠷ  ᠦᠨ ᠪᠠᠷᠠᠭ᠎ᠠ ᠤᠷᠤᠭᠤᠯᠬᠤ ᠵᠠᠮ ᠂ ᠡᠵᠡᠭᠨᠡᠬᠦ ᠲᠥᠷᠦᠯ ᠵᠦᠢᠯ ᠂ ᠬᠤᠳᠠᠯᠳᠤᠭᠠᠨ ᠤ ᠪᠤᠳᠠᠰ ᠤᠨ ᠦᠨ᠎ᠡ ᠬᠠᠡᠭᠰᠢ ᠵᠢᠴᠢ ᠬᠡᠪᠴᠢᠶ᠎ᠡ  ᠶᠢ ᠤᠳᠠᠭᠰᠠᠨ ᠴᠦ ᠦᠭᠡᠢ ᠪᠠᠶᠢᠴᠠᠭᠠᠨ ᠲᠤᠳᠤᠯᠠᠪᠠ ᠃ ᠭᠠᠯ ᠤᠨ ᠠᠶᠤᠯ ᠤᠨ ᠲᠤᠬᠠᠢ ᠶᠢᠨ ᠲᠠᠯᠠᠪᠠᠢ ᠶᠢ ᠬᠠᠶᠢᠨ ᠪᠠᠶᠢᠴᠠᠭᠠᠬᠤ ᠪᠠᠷ ᠳᠠᠮᠵᠢᠨ ᠂ ᠲᠡᠷᠡ ᠡᠯ᠎ᠡ ᠬᠤᠳᠠᠯᠳᠤᠭᠠᠨ ᠤ ᠳᠡᠯᠭᠡᠭᠦᠷ ᠦᠨ ᠪᠠᠷᠠᠭ᠎ᠠ ᠳᠤ ᠲᠤᠷᠰᠢᠨ ᠪᠠᠶᠢᠴᠠᠭᠠᠯᠲᠠ ᠶᠢᠨ ᠲᠤᠷᠰᠢᠯᠲᠡ ᠬᠢᠬᠦ ᠶᠢ ᠳᠤᠷᠠᠳᠤᠨ ᠭᠠᠷᠭᠠᠵᠤ ᠂ ᠳᠡᠯᠭᠡᠭᠦᠷ ᠦᠨ ᠳᠤᠲᠤᠷ᠎ᠠ ᠳᠠᠭᠤᠷᠢᠶᠠᠮᠠᠯ ᠬᠤᠳᠠᠯᠳᠤᠭᠠᠨ ᠤ ᠪᠤᠳᠠᠰ ᠢ ᠳᠡᠯᠭᠡᠨ ᠲᠠᠯᠪᠢᠭᠰᠠᠨ ᠪᠠᠶᠢᠳᠠᠯ ᠢᠶᠠᠷ ᠲᠤᠬᠢᠷᠠᠮᠵᠢᠲᠠᠢ ᠪᠠᠷᠠᠭ᠎ᠠ ᠶᠢᠨ ᠶᠡᠷᠦᠩᠬᠡᠢ ᠦᠨ᠎ᠡ ᠬᠠᠩᠰᠢ ᠶᠢ ᠪᠤᠳᠤᠨ ᠭᠠᠷᠭᠠᠵᠠᠢ ᠃ ᠡᠨᠡᠬᠦ ᠠᠷᠭ᠎ᠠ ᠪᠠᠷ ᠳᠡᠯᠭᠡᠭᠦᠷ ᠦᠨ ᠬᠣᠬᠢᠷᠠᠯ ᠢ 500  ᠭᠠᠷᠤᠢ  ᠲᠦᠮᠡᠨ ᠵᠤᠭᠤᠰ ᠪᠤᠯᠭᠠᠨ ᠪᠠᠭᠤᠷᠠᠭᠤᠯᠵᠤ ᠂ ᠵᠠᠰᠠᠭ ᠤᠨ ᠣᠷᠳᠤᠨ ᠤ ᠳᠠᠷᠤᠭᠠᠰᠦ ᠶᠢ ᠬᠥᠩᠭᠡᠯᠡᠵᠦ ᠂ ᠬᠣᠬᠢᠷᠠᠯ ᠳᠦ ᠣᠴᠠᠷᠠᠭᠰᠠᠨ ᠬᠤᠳᠠᠯᠳᠤᠭᠠᠨ ᠤ ᠳᠡᠯᠭᠡᠭᠦᠷ ᠴᠦ ᠲᠦᠯᠦᠪᠦᠷᠢ ᠶᠢᠨ ᠮᠥᠩᠭᠦ ᠶᠢ ᠬᠦᠯᠢᠶᠡᠨ ᠠᠪᠴᠦ ᠂ ᠳᠡᠭᠡᠭᠰᠢ  ᠰᠤᠷᠪᠤᠯᠵᠢᠯᠠᠯ ᠤᠨ  ᠳᠠᠯᠳᠠ ᠠᠶᠤᠯ ᠢ ᠠᠷᠢᠯᠭᠠᠭᠰᠠᠨ ᠪᠠᠶᠢᠨ᠎ᠠ ᠃

    ᠸᠠᠩ ᠵᠦᠩ ᠸᠧᠢ ᠨᠥᠬᠦᠷ ᠪᠠᠶᠢᠴᠠᠭᠠᠬᠤ ᠦᠢᠯᠡᠰ ᠲᠠᠢ ᠰᠡᠳᠬᠢᠯ ᠢᠶᠡᠨ ᠬᠤᠯᠪᠤᠵᠤ ᠂ ᠠᠷᠠᠳ ᠲᠦᠮᠡᠨ ᠲᠠᠢ ᠰᠡᠳᠬᠢᠯ ᠢᠶᠡᠨ ᠬᠤᠯᠪᠤᠵᠤ ᠂ ᠠᠵᠢᠯ ᠤᠨ ᠳᠤᠮᠳᠠ ᠬᠠᠷᠢᠭᠤᠴᠠᠯᠭ᠎ᠠ ᠪᠠᠨ ᠪᠡᠶᠡᠯᠡᠭᠦᠯᠵᠦ ᠂  ᠠᠷᠠᠳ ᠤᠨ ᠪᠠᠶᠢᠴᠠᠭᠠᠬᠤ ᠲᠤᠰᠢᠶᠠᠯᠲᠠᠨ ᠤ ᠠᠷᠢᠭᠤᠨ ᠴᠢᠭᠡᠴᠢ ᠪᠡᠷ ᠵᠠᠰᠠᠭ ᠪᠠᠷᠢᠬᠤ ᠂ ᠲᠦᠪ ᠭᠤᠤᠯᠴᠢ ᠪᠠᠷ ᠬᠠᠤᠯᠢ ᠬᠡᠷᠡᠭᠵᠢᠭᠦᠯᠬᠦ  ᠳᠦᠷᠢ  ᠳᠦᠷᠬᠦ  ᠶᠢ ᠪᠦᠲᠦᠭᠡᠵᠠᠢ ᠃ 


ᠢᠷᠡᠯᠲᠡ
ᠪᠠᠭᠠᠷᠢᠨ ᠵᠡᠭᠦᠨ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠬᠠᠰᠨᠠᠪᠴᠢ ᠬᠠᠩᠭᠠᠪᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro