ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠦᠪᠡᠷᠲᠡᠭᠡᠨ ᠵᠠᠰᠠᠬᠤ ᠣᠷᠤᠨ  ᠤ ᠪᠠᠶᠢᠴᠠᠭᠠᠬᠤ ᠬᠣᠷᠢᠶ᠎ᠠ ᠪᠠᠶᠢᠭᠤᠯᠭ᠎ᠠ  ᠶᠢᠨ ᠨᠠᠮ  ᠤᠨ ᠶᠠᠪᠤᠳᠠᠯ  ᠤᠨ ᠪᠣᠯᠪᠠᠰᠤᠷᠠᠯ ᠬᠦᠷᠲᠡᠭᠡᠬᠦ ᠠᠵᠢᠯ  ᠢ ᠭᠦᠨᠵᠡᠭᠡᠶᠢᠷᠡᠭᠦᠯᠦᠨ ᠦᠷᠨᠢᠭᠦᠯᠪᠡ

2018-09-10 15:52:25
ᠵᠣᠬᠢᠶᠠᠭᠴᠢ
ᠡᠷᠬᠡ

1536564359379239.jpg

1536564433183186.jpg

1536564469119542.jpg

1536564564435567.jpg

1536564651190845.jpg

1536564699531442.jpg

     ᠰᠢᠨ᠎ᠡ ᠴᠠᠭ ᠦᠶ᠎ᠡ  ᠶᠢᠨ ᠪᠠᠶᠢᠭᠤᠯᠭ᠎ᠠ  ᠶᠢᠨ ᠨᠠᠮ  ᠤᠨ ᠪᠠᠶᠢᠭᠤᠯᠤᠯᠲᠠ   ᠶᠢ ᠲᠠᠰᠤᠷᠠᠯᠲᠠ ᠦᠭᠡᠢ ᠴᠢᠩᠭᠠᠳᠬᠠᠬᠤ  ᠶᠢᠨ ᠲᠦᠯᠦᠭᠡ ᠂ ᠦᠪᠡᠷᠲᠡᠭᠡᠨ ᠵᠠᠰᠠᠬᠤ ᠣᠷᠤᠨ  ᠤ ᠪᠠᠶᠢᠴᠠᠭᠠᠬᠤ ᠬᠣᠷᠢᠶ᠎ᠠ ᠪᠠᠶᠢᠭᠤᠯᠭ᠎ᠠ  ᠶᠢᠨ ᠨᠠᠮ  ᠤᠨ ᠶᠠᠪᠤᠳᠠᠯ  ᠤᠨ ᠪᠣᠯᠪᠠᠰᠤᠷᠠᠯ ᠬᠦᠷᠲᠡᠭᠡᠬᠦ ᠰᠢᠷᠢᠰ ᠠᠵᠢᠯᠯᠠᠭ᠎ᠠ  ᠶᠢ ᠭᠦᠨᠵᠡᠭᠡᠶᠢᠷᠡᠭᠦᠯᠦᠨ ᠦᠷᠨᠢᠭᠦᠯᠵᠦ ᠂ ᠦᠨᠳᠦᠰᠦᠨ ᠱᠠᠲᠤᠨ  ᠤ ᠨᠠᠮ  ᠤᠨ ᠵᠣᠬᠢᠶᠠᠨ ᠪᠠᠶᠢᠭᠤᠯᠤᠯᠲᠠ  ᠶᠢᠨ ᠳᠠᠶᠢᠨ  ᠤ ᠪᠡᠬᠢᠯᠡᠯᠲᠡ  ᠶᠢᠨ ᠦᠢᠯᠡᠳᠦᠯ ᠪᠠ ᠨᠠᠮ  ᠤᠨ ᠭᠡᠰᠢᠭᠦᠨ  ᠦ ᠬᠤᠰᠢᠭᠤᠴᠢ ᠵᠢᠱᠢᠶᠡᠴᠢ ᠦᠢᠯᠡᠳᠦᠯ  ᠢ ᠪᠦᠬᠦ ᠲᠠᠯ᠎ᠠ  ᠪᠠᠷ ᠪᠠᠲᠤᠵᠢᠭᠤᠯᠪᠠ ᠃ 8 ᠰᠠᠷ᠎ᠠ  ᠶᠢᠨ 30  ᠦ ᠡᠳᠦᠷ  ᠦᠨ ᠦᠳᠡ  ᠶᠢᠨ ᠡᠮᠦᠨ᠎ᠡ ᠂ ᠦᠪᠡᠷᠲᠡᠭᠡᠨ ᠵᠠᠰᠠᠬᠤ ᠣᠷᠤᠨ  ᠤ ᠪᠠᠶᠢᠴᠠᠭᠠᠬᠤ ᠬᠣᠷᠢᠶ᠎ᠠ ᠶᠢᠨ ᠦᠨᠳᠦᠰᠦᠨ ᠱᠠᠲᠤᠨ  ᠤ ᠨᠠᠮ  ᠤᠨ ᠵᠣᠬᠢᠶᠠᠨ ᠪᠠᠶᠢᠭᠤᠯᠤᠯᠲᠠ  ᠶᠢᠨ ᠱᠦᠵᠢ ᠪᠠ ᠨᠠᠮ  ᠤᠨ ᠶᠠᠪᠤᠳᠠᠯ   ᠤᠨ ᠺᠠᠳ᠋ᠷ  ᠤᠨ ᠪᠣᠯᠪᠠᠰᠤᠷᠠᠯ  ᠤᠨ ᠠᠩᠬᠢ ᠵᠢᠩᠬᠢᠨᠢ  ᠪᠡᠷ ᠡᠬᠢᠯᠡᠯ᠎ᠡ ᠃ ᠦᠪᠡᠷᠲᠡᠭᠡᠨ ᠵᠠᠰᠠᠬᠤ ᠣᠷᠤᠨ  ᠤ ᠰᠢᠭᠤᠳ ᠬᠠᠷᠢᠶ᠎ᠠ ᠪᠠᠶᠢᠭᠤᠯᠭ᠎ᠠ  ᠶᠢᠨ ᠨᠠᠮ  ᠤᠨ ᠠᠵᠢᠯ  ᠤᠨ ᠬᠣᠷᠢᠶ᠎ᠠ  ᠶᠢᠨ ᠵᠣᠬᠢᠶᠠᠨ ᠪᠠᠶᠢᠭᠤᠯᠤᠯᠲᠠ  ᠶᠢᠨ ᠬᠡᠯᠲᠡᠰ   ᠤᠨ ᠳᠡᠳ᠋ ᠳᠠᠷᠤᠭ᠎ᠠ ᠰᠢᠤᠸᠠᠢ ᠷᠦᠧᠧ ᠸᠧᠢ ᠦᠪᠡᠷᠲᠡᠭᠡᠨ ᠵᠠᠰᠠᠬᠤ ᠣᠷᠤᠨ  ᠤ ᠪᠠᠶᠢᠴᠠᠭᠠᠬᠤ ᠬᠣᠷᠢᠶ᠎ᠠ ᠶᠢᠨ ᠨᠠᠮ  ᠤᠨ ᠤᠳᠤᠷᠢᠳᠬᠤ ᠳᠤᠭᠤᠶᠢᠯᠠᠩ  ᠤᠨ ᠭᠡᠰᠢᠭᠦᠨ ᠂ᠪᠠᠶᠢᠭᠤᠯᠭ᠎ᠠ  ᠶᠢᠨ ᠨᠠᠮ  ᠤᠨ ᠬᠣᠷᠢᠶᠠᠨ  ᠤ ᠱᠦᠵᠢ ᠂ᠤᠯᠤᠰ ᠲᠦᠷᠦ  ᠶᠢᠨ ᠬᠡᠯᠲᠡᠰ  ᠦᠨ ᠡᠷᠬᠢᠯᠡᠭᠴᠢ ᠸᠠᠩ ᡁᠢ ᠴᠢᠶᠠᠩ ᠠᠩᠬᠢ ᠡᠬᠢᠯᠡᠬᠦ ᠶᠣᠰᠤᠯᠠᠯ  ᠳᠤ ᠣᠷᠤᠯᠴᠠᠪᠠ ᠃

     8 ᠰᠠᠷ᠎ᠠ  ᠶᠢᠨ 30 ᠦ ᠡᠳᠦᠷ  ᠦᠨ ᠦᠳᠡ  ᠶᠢᠨ ᠬᠣᠶᠢᠨ᠎ᠠ ᠂ᠪᠣᠯᠪᠠᠰᠤᠷᠠᠯ ᠬᠦᠷᠲᠡᠭᠴᠢ ᠴᠢᠩ ᠱᠦᠢ ᠾᠧ ᠰᠢᠶᠠᠨ  ᠤ ᠯᠣᠣ ᠨᠢᠤ ᠫᠦᠧᠧ ᠨᠠᠮ  ᠤᠨ ᠭᠡᠰᠢᠭᠦᠨ ᠺᠠᠳ᠋ᠷ  ᠤᠨ ᠬᠦᠮᠦᠵᠢᠯ  ᠦᠨ ᠲᠥᠪ  ᠲᠦ ᠬᠦᠷᠴᠦ ᠂ᠪᠤᠳᠠᠲᠠᠢ ᠭᠠᠵᠠᠷ ᠲᠤᠨᠢ ᠪᠣᠯᠪᠠᠰᠤᠷᠠᠯ ᠬᠦᠷᠲᠡᠪᠡ 


ᠢᠷᠡᠯᠲᠡ
ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro