ᠴᠤᠬᠤᠮ ᠬᠡᠨ ᠲᠦᠯᠦᠭᠡ ᠱᠤᠷᠤᠩ ᠳᠤ ᠰᠠᠭᠤᠪᠠ

2017-08-16 16:57:28

    ᠡᠪᠦᠯ ᠰᠡᠭᠦᠯᠴᠢ ᠵᠢᠨ ᠨᠢᠭᠡᠨ ᠰᠦᠨᠢ᠂ ᠬᠤᠤᠷᠯᠠᠭᠳᠠᠭᠴᠢ ᠯᠢᠦ ᠤᠪᠤᠭᠲᠤ ᠨᠢ ᠲᠠᠨᠢᠯ ᠪᠤᠰᠤ ᠬᠦᠮᠦᠨ  ᠳᠦ ᠴᠤᠬᠢᠭᠳᠠᠵᠤ᠂ ᠬᠠᠥᠯᠢ ᠪᠤᠰᠤ ᠪᠡᠷ ᠪᠦᠬᠦᠯᠢ ᠳᠦᠷᠪᠡᠨ ᠴᠠᠭ ᠬᠢᠷᠢᠲᠡᠢ ᠬᠤᠷᠢᠭᠳᠠᠵᠤ᠂ ᠬᠠᠷ᠎ᠠ ᠲᠠᠮᠤᠯᠠᠯ  ᠠᠮᠰᠠᠵᠤ ᠠᠷᠠᠢ ᠯᠠ ᠠᠮᠢ ᠲᠠᠢ ᠲᠤᠲᠠᠭᠠᠵᠤ ᠭᠠᠷᠴᠠᠢ᠃ ᠦᠢᠷ᠎ᠠ ᠳᠤ᠂ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠠᠷᠠᠳ ᠪᠠᠶᠢᠴᠠᠭᠠᠬᠤ ᠬᠤᠷᠢᠶ᠎ᠠ ᠵᠠᠭᠠᠯᠳᠤᠭᠳᠠᠭᠴᠢ ᠯᠢ ᠤᠪᠤᠭᠲᠤ ᠪᠤᠯᠤᠨ ᠴᠢᠦ ᠤᠪᠤᠭᠲᠤ  ᠬᠠᠥᠯᠢ ᠪᠤᠰᠤ ᠪᠡᠷ ᠬᠤᠷᠢᠭᠰᠠᠨ ᠶᠠᠯ᠎ᠠ ᠪᠡᠷ ᠠᠯᠪᠠᠨ ᠵᠠᠭᠠᠯᠳᠤᠯᠭ᠎ᠠ ᠬᠢᠭᠰᠡᠨ ᠪᠠᠶᠢᠨ᠎ᠠ᠃

    2016 ᠤᠡ   12 ᠰᠠᠷ᠎ᠠ ᠵᠢᠨ 1 ᠤᠷᠤᠢ ᠵᠢᠨ 9᠄35 ᠦᠶ᠎ᠡ ᠪᠡᠷ᠂ ᠵᠠᠭᠠᠯᠳᠤᠭᠳᠠᠭᠴᠢ ᠯᠢ ᠤᠪᠤᠭᠲᠤ᠂ ᠴᠢᠦ ᠤᠪᠤᠭᠲᠤ ᠪᠤᠯᠤᠨ ᠬᠤᠤᠷᠯᠠᠭᠳᠠᠭᠴᠢ ᠯᠢᠦ ᠤᠪᠤᠭᠲᠤ ᠵᠢᠨ ᠨᠠᠶᠢᠵᠠ ᠦᠬᠢᠨ ᠭᠤᠷᠪᠠᠭᠤᠯᠠ ᠰᠢᠷᠠᠯᠠᠭ᠎ᠠ ᠵᠢᠨ ᠬᠤᠭᠤᠯᠠᠨ ᠭᠡᠷ ᠲᠦ ᠠᠷᠢᠬᠢ ᠤᠤᠭᠤᠵᠤ ᠪᠠᠷᠠᠭᠠᠳ ᠭᠠᠷᠬᠤ ᠦᠶ᠎ᠡ ᠳ᠋ᠠᠬᠡᠨ ᠯᠢᠦ ᠤᠪᠤᠭᠲᠤ ᠲᠠᠢ ᠬᠠᠷᠭᠤᠪᠡ᠃ ᠡᠳᠡ ᠭᠤᠷᠪᠠᠭᠤᠯᠠ  ᠪᠠᠨ ᠮᠠᠰᠢᠨ ᠪᠠᠷᠢᠵᠤ ᠯᠢᠦ ᠤᠪᠤᠭᠲᠤ  ᠠᠷᠤ  ᠡᠴᠡ ᠨᠢ ᠨᠡᠬᠡᠮᠵᠢᠯᠡᠨ ᠬᠦᠭᠡᠭᠡᠵᠦ ᠬᠤᠲᠠ ᠵᠢᠨ ᠲᠡᠭᠦᠷᠭᠡ ᠵᠢᠨ ᠵᠠᠰᠠᠮᠠᠯ ᠵᠠᠮ ᠬᠦᠷᠬᠦ  ᠳᠦ ᠬᠦᠭᠡᠭᠡᠨ ᠭᠦᠢᠴᠡᠵᠦ᠂ ᠲᠡᠭᠦᠨ ᠢ ᠮᠠᠰᠢᠨ ᠡᠴᠡ ᠨᠢ ᠴᠢᠷᠴᠤ ᠭᠠᠷᠭᠠᠨ ᠡᠵᠡᠭᠦᠢ ᠬᠡᠭᠡᠷ᠎ᠡ ᠠᠭᠯᠠᠭ ᠠᠭᠤᠯᠠᠨ ᠳᠤ ᠠᠪᠠᠴᠢᠵᠤ᠂ ᠨᠠᠶᠢᠵᠠ ᠦᠬᠢᠨ ᠲᠠᠢ ᠪᠠᠨ ᠢᠨᠠᠭ ᠬᠠᠷᠢᠴᠠᠭ᠎ᠠ ᠪᠠᠨ ᠲᠠᠰᠤᠯᠬᠤ ᠬᠡᠷᠡᠭᠲᠡᠢ ᠭᠡᠮᠡᠨ ᠰᠦᠷᠳᠡᠭᠦᠯᠦᠨ ᠴᠤᠬᠢᠭᠰᠠᠨ ᠪᠠᠶᠢᠨ᠎ᠠ᠃ ᠯᠢᠦ ᠤᠪᠤᠭᠲᠤ ᠨᠠᠶᠢᠵᠠ ᠦᠬᠢᠨ ᠪᠠᠨ ᠬᠠᠪᠰᠤᠷᠤᠯᠭ᠎ᠠ ᠪᠡᠷ ᠯᠢ ᠤᠪᠤᠭᠲᠤ ᠪᠤᠯᠤᠨ ᠴᠢᠦ ᠤᠪᠤᠭᠲᠤ ᠵᠢᠨ ᠰᠠᠨᠠᠮᠰᠠᠷ ᠦᠭᠡᠢ ᠪᠠᠶᠢᠬᠤ ᠲᠠᠯᠢᠮᠳᠠᠭᠤᠯᠤᠨ ᠲᠤᠲᠠᠭᠠᠨ ᠭᠠᠷᠴᠤ᠂ ᠲᠤᠲᠤᠭᠠᠳᠤ ᠬᠠᠮᠠᠭᠠᠯᠠᠬᠤ ᠲᠤᠪᠴᠢᠶᠠᠨ ᠲᠤᠮᠢᠯᠠᠭᠰᠠᠨ ᠰᠠᠯᠪᠤᠷᠢ ᠳᠤ ᠬᠦᠷᠴᠦ ᠬᠡᠷᠡᠭ ᠮᠡᠳᠡᠭᠦᠯᠵᠠᠢ᠃

    ᠢᠩᠭᠢᠭᠡᠳ ᠬᠤᠶᠠᠷ ᠰᠠᠷ᠎ᠠ ᠲᠠᠢ ᠨᠢᠯᠬ᠎ᠠ ᠦᠷ᠎ᠡ ᠵᠢᠨ ᠡᠴᠢᠭᠡ ᠰᠠᠭᠤᠭᠰᠠᠨ ᠯᠢ ᠤᠪᠤᠭᠲᠤ ᠪᠤᠯᠤᠨ ᠭᠠᠯ ᠵᠠᠯᠠᠭᠤ ᠨᠠᠰᠤᠨ ᠳ᠋ᠠᠭᠠᠨ ᠪᠠᠶᠢᠭ᠎ᠠ ᠴᠢᠦ ᠤᠪᠤᠭᠲᠤ ᠱᠤᠷᠤᠩ ᠳᠤ ᠤᠷᠤᠵᠤ᠂  ᠬᠠᠥᠯᠢ ᠴᠠᠭᠠᠵᠠ ᠵᠢᠨ ᠬᠠᠲᠠᠭᠤ ᠰᠢᠳᠭᠡᠯ ᠢ ᠬᠦᠯᠢᠶᠡᠨ ᠰᠠᠭᠤᠬᠤ ᠪᠤᠯᠵᠠᠢ᠃ ᠋

    ᠠᠮᠢᠳᠤᠷᠠᠯ ᠰᠠᠶᠢᠨ ᠰᠠᠶᠢᠬᠠᠨ ᠵᠠᠮ ᠢ ᠰᠤᠩᠭᠤᠵᠤ᠂ ᠦᠪᠡᠷ ᠭᠡᠷ ᠪᠦᠯᠢ ᠳ᠋ᠠᠬᠡᠨ ᠬᠠᠷᠢᠭᠤᠴᠠᠯᠭ᠎ᠠ ᠲᠠᠢ᠂ ᠬᠠᠥᠯᠢ  ᠳᠦᠷᠢᠮ ᠢ ᠰᠠᠬᠢᠭᠰᠠᠨ ᠠᠷᠠᠳ ᠢᠷᠭᠡᠨ ᠪᠤᠯᠵᠤ᠂ ᠡᠶ᠎ᠡ ᠵᠤᠬᠢᠴᠠᠩᠭᠤᠢ ᠨᠡᠶᠢᠭᠡᠮ ᠳᠦ  ᠵᠣᠯ ᠵᠢᠷᠭᠠᠯᠲᠠᠢ ᠠᠮᠢᠳᠤᠷᠠᠵᠠᠭᠠᠶ᠎ᠠ︕

ᠵᠣᠬᠢᠶᠠᠭᠴᠢ : ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ‍ᠣ ᠠᠷᠠᠳ ᠪᠠᠶᠢᠴᠠᠭᠠᠬᠤ ᠬᠤᠷᠢᠶ᠎ᠠ

ᠢᠷᠡᠯᠲᠡ : ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ‍ᠣ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.