ᠠᠮᠤᠷᠯᠢᠩᠭᠤᠢ ᠨᠤᠶᠢᠷᠰᠤᠭᠠᠷᠠᠢ

2016-03-04 15:35:24

ᠠᠷᠪᠡᠨ ᠲᠦᠷᠪᠡᠨ ᠦᠳᠡ ᠡᠮᠤᠨ᠎ᠡ 

ᠠᠵᠢᠯ ᠳᠤ ᠭᠠᠷᠬᠤ ᠵᠠᠮ ᠵᠠᠭᠤᠷ᠎ᠠ 

ᠭᠠᠷ ᠤᠳᠠᠰᠤ ᠮᠢᠨᠢ ᠭᠡᠨᠡᠳᠲᠡ ᠲᠠᠴᠢᠬᠢᠨᠠᠬᠤᠯᠡᠷ

ᠭᠠᠷ ᠠᠶ᠎ᠠ ᠪᠠᠷ ᠲᠤᠰᠤᠨ ᠠᠪᠤᠯ᠎ᠠ᠃

ᠠᠬᠠᠮᠡᠳ ᠪᠠᠶᠢᠴᠠᠭᠠᠭᠴᠢ ᠪᠠᠢ ᠱᠦᠨ ᠠᠬ᠎ᠠ ᠬᠠᠯᠢᠴᠢᠬᠠᠯ᠎ᠠ ᠬᠡᠮᠡᠨ 

ᠠᠷᠪᠡᠨ ᠵᠡᠭᠦᠳᠦᠨ ᠳᠤ ᠴᠦ ᠤᠷᠤᠭ᠎ᠠ ᠦᠭᠡᠢ 

ᠬᠤᠶᠠᠷ ᠴᠢᠬᠢ ᠪᠠᠨ ᠪᠢ ᠢᠲᠡᠭᠡᠵᠤ ᠶᠠᠳᠠᠯ᠎ᠠ 

ᠬᠠᠯᠠᠭᠤᠨ ᠨᠢᠯᠪᠤᠰᠤ ᠡᠷᠬᠡ ᠦᠭᠡᠢ ᠪᠦᠮᠪᠦᠷᠢᠵᠤ ᠭᠠᠷᠤᠯ᠎ᠠ᠃

ᠰᠢᠬᠢᠷ ᠰᠢᠵᠢᠩ ᠡᠪᠡᠳᠴᠢᠨ ᠴᠢᠨᠢ ᠲᠠᠭᠡᠷ᠎ᠡ 

ᠰᠢᠬᠡᠬᠦ ᠪᠦᠭᠡᠷ᠎ᠡ ᠴᠢᠯᠠᠭᠤᠵᠢᠮᠠᠯ ᠪᠠᠰᠠ ᠳᠠᠪᠬᠤᠴᠠᠵᠤ

ᠲᠡᠷᠢᠬᠢᠨ ᠠᠴᠠ ᠴᠢᠨᠢ ᠭᠡᠨᠡᠳᠲᠡ ᠴᠢᠰᠤ ᠬᠠᠷᠪᠤᠨ 

ᠲᠠᠷᠴᠢᠯᠭᠠᠵᠤ ᠴᠢᠮᠠᠬᠢ ᠬᠡᠴᠡᠭᠦᠦ ᠵᠤᠪᠠᠭᠠᠯ᠎ᠠ᠃

ᠠᠷᠬᠠᠭ ᠡᠪᠡᠳᠴᠢᠨ ᠴᠢᠨᠢ ᠬᠦᠳᠡᠯᠵᠤ

ᠡᠮᠨᠡᠯᠭᠡ ᠭᠠᠵᠠᠷ ᠬᠦᠷᠭᠡᠭᠳᠡᠭᠰᠡᠨ ᠪᠤᠯᠪᠠᠴᠤ 

ᠠᠷᠡᠢ ᠠᠷᠪᠠᠭ᠋ᠠᠨ ᠡᠳᠤᠷ ᠴᠦ ᠪᠤᠯᠤᠭ᠎ᠠ ᠦᠭᠡᠢ 

ᠠᠯᠳᠡᠨ ᠲᠡᠯᠡᠬᠡᠢ ᠠᠴᠠ ᠠᠩᠬᠢᠵᠢᠷᠠᠴᠢᠬᠠᠯ᠎ᠠ ᠲᠠ ᠮᠢᠨᠢ

ᠠᠬ᠎ᠠ ᠲᠡᠬᠦᠦ ᠪᠤᠯᠤᠨ ᠦᠷ᠎ᠡ ᠬᠡᠦᠬᠡᠳ ᠴᠢᠨᠢ

ᠠᠯᠢ ᠴᠢᠳᠠᠬᠤ ᠪᠠᠷ ᠲᠠᠨ ᠢ ᠪᠠᠨ ᠠᠪᠤᠷᠠᠭᠰᠠᠨ 

ᠠᠷᠠᠢ ᠰᠠᠶ᠋ᠢ ᠵᠢᠷᠠᠬᠠᠨ ᠨᠠᠰᠤᠨ ᠰᠢᠤ

ᠠᠬᠢᠭᠠᠳ ᠠᠷᠪᠠᠭ᠋ᠠᠨ ᠵᠢᠯ ᠴᠦ ᠠᠮᠢᠳᠤᠷᠠᠭᠠᠰᠠᠢ 

ᠨᠠᠰᠤᠨ ᠬᠡᠮᠵᠢᠶ᠎ᠡ ᠨᠢ ᠲᠤᠯᠵᠡᠢ ᠭᠡᠰᠡᠨ ᠦᠭᠡ 

ᠨᠠᠳᠠ ᠶᠠᠭ ᠢᠳᠡᠭᠡᠭᠳᠡᠬᠦ ᠦᠭᠡᠢ ᠪᠠᠶᠢᠨ᠎ᠠ 

ᠨᠠᠶᠢᠷᠯᠠᠯᠳᠤᠵᠤ ᠳᠠᠰᠤᠯᠴᠠᠭᠰᠠᠨ ᠲᠡᠬᠦᠦ ᠴᠢᠨᠢ 

ᠨᠠᠰᠤᠨ ᠲᠤᠷᠰᠢ ᠲᠠᠨ ᠢ ᠪᠠᠨ ᠮᠦᠷᠦᠭᠡᠳᠦᠨ ᠪᠠᠶᠢᠨ᠎ᠠ᠃

ᠬᠦᠮᠦᠨ ᠰᠠᠶᠢᠨ ᠬᠦᠮᠦᠨ ᠰᠢᠥ ᠲᠠᠨᠤᠰ 

ᠬᠥᠬᠡ ᠮᠤᠩᠭᠤᠯ ᠰᠤᠲᠤᠨ ᠦᠷᠡᠰ 

ᠵᠢᠷᠠᠬᠠᠨ ᠬᠠᠪᠤᠷ ᠨᠠᠮᠤᠷ ᠢ ᠲᠤᠭᠤᠯᠠᠭᠠᠳ

ᠵᠠᠮ ᠬᠠᠭᠠᠰ ᠳᠣᠲᠠᠭᠤ ᠳᠤᠷᠭᠤᠨ  ᠤᠳᠴᠢᠬᠠᠯ᠎ᠠ᠃

ᠨᠠᠶᠢᠷ ᠰᠢᠷᠡᠭᠡᠨ᠎ᠠ ᠰᠠᠭᠠᠳᠤᠭᠰᠠᠭᠠᠷ ᠲᠠᠨᠤᠰ 

ᠨᠠᠷᠬᠢᠶᠡᠨ ᠬᠥᠭᠵᠢᠶᠡᠨ ᠡᠬᠦᠰᠭᠡᠳᠡᠩ ᠪᠠᠶᠢᠨ᠎ᠠ

ᠦᠶ᠎ᠡ ᠨᠦᠬᠦᠳ ᠲᠠᠢ ᠪᠠᠨ ᠠᠭᠤᠯᠵᠠᠭᠰᠠᠭᠠᠷ ᠲᠠᠨᠤᠰ

ᠦᠯᠢᠭᠡᠷ ᠤᠭᠤᠲᠠ ᠪᠠᠨ ᠠᠭᠣᠳᠠᠯᠯᠠᠳᠠᠭ ᠪᠠᠶᠢᠨ᠎ᠠ᠃

ᠰᠡᠳᠭᠡᠯ ᠴᠢᠨᠢ ᠲᠤᠩ ᠴᠠᠭᠠᠪᠤᠷ ᠰᠢᠤ 

ᠰᠠᠨᠠᠭ᠎ᠠ ᠴᠢᠨᠢ ᠲᠤᠶᠢᠯ ᠠᠰᠪᠤᠷᠢ ᠶᠤᠮ 

ᠬᠠᠣᠯᠢ ᠠᠵᠢᠯ ᠢ ᠬᠢᠭᠡᠳ 

ᠭᠠᠤᠯᠢ ᠬᠤᠷᠢᠶᠠᠭᠰᠠᠨ ᠤᠳᠠᠭ᠎ᠠ ᠦᠭᠡᠢ ᠲᠠᠨᠤᠰ᠃

ᠪᠤᠰᠤᠳ ᠢ ᠲᠤᠰᠠᠯᠠᠬᠤ ᠪᠤᠳᠤᠳᠠᠭ ᠠᠴᠠ ᠪᠢᠰᠢ 

ᠪᠡᠶ᠎ᠡ ᠳᠡᠭᠡᠨ ᠬᠤᠵᠢᠶ᠎ᠠ ᠰᠠᠨᠠᠳᠠᠭ ᠦᠭᠡᠢ 

ᠬᠡᠨ ᠬᠦᠮᠦᠨ ᠴᠢᠮᠠᠶᠢ ᠪᠤᠯᠤᠨ᠎ᠠ ᠭᠡᠪᠡᠯ 

ᠬᠡᠤᠳᠡᠢ ᠲᠠᠢ ᠪᠠᠨ ᠬᠦᠨᠳᠦᠷᠴᠦ ᠥᠭᠳᠡᠭ ᠵᠠᠩ ᠲᠠᠢ ᠲᠠ᠃

ᠠᠷᠪᠠᠨ ᠠᠭᠲᠠ ᠴᠢᠮ᠎ᠠ ᠳᠤ ᠦᠭᠡᠢ ᠪᠤᠯᠪᠠᠴᠤ 

ᠠᠷᠪᠢᠨ ᠠᠬ᠎ᠠ ᠲᠡᠬᠦᠥ ᠲᠠᠨᠤᠰ ᠳᠤ ᠪᠠᠶᠢᠨ᠎ᠠ 

ᠦᠬᠦᠯ ᠠᠴᠠ ᠲᠠᠨᠤᠰ ᠢ ᠠᠪᠤᠷᠠᠬᠤ ᠭᠡᠳ 

ᠤᠯᠠᠨ ᠲᠠᠯ᠎ᠠ ᠠᠴᠠ ᠲᠤᠰᠠᠯᠠᠯᠴᠠᠭᠰᠠᠨ ᠰᠢᠤ᠃

ᠬᠤᠤᠷ ᠢ ᠴᠢᠨᠢ ᠠᠮᠰᠠᠭᠰᠠᠨ ᠬᠦᠮᠦᠨ ᠢ ᠦᠵᠡᠭᠡ ᠦᠭᠡᠢ 

ᠬᠠᠶᠢᠷ᠎ᠠ ᠴᠢᠨᠢ ᠬᠦᠷᠲᠡᠭᠰᠡᠨ ᠤᠯᠤᠰ ᠢ ᠤᠯᠠᠨ ᠰᠤᠨᠤᠰᠤᠭᠰᠠᠨ 

ᠬᠦᠮᠦᠨ ᠪᠦᠬᠦᠨ ᠲᠠᠨᠤᠰ ᠠᠳᠠᠯᠢ ᠪᠤᠯᠤᠭᠠᠰᠠᠢ ᠳ᠋ᠠ 

ᠬᠦᠷᠦᠰᠦᠳᠦ ᠲᠡᠯᠡᠬᠡᠢ ᠶᠠᠭᠤᠳᠠᠢ ᠭᠤᠸ᠎ᠠ ᠰᠠᠶᠢᠬᠠᠨ ᠪᠣᠯᠳᠠᠭ ᠪᠣᠯ︕

ᠠᠯᠳᠠᠨ ᠪᠡᠶ᠎ᠡ ᠴᠢᠨᠢ ᠶᠢᠷᠲᠢᠨᠴᠤ ᠠᠴᠠ ᠠᠩᠬᠢᠵᠢᠷᠠᠭᠰᠠᠨ ᠴᠦ 

ᠠᠤᠭ᠎ᠠ ᠪᠦᠳᠦᠭᠡᠯ ᠴᠢᠨᠢ ᠣᠪᠣᠭ᠎ᠠ ᠬᠤᠴᠣᠷᠠᠯ᠎ᠠ 

ᠵᠤᠬᠢᠶᠠᠯ ᠢ ᠴᠢᠨᠢ ᠠᠪᠤᠭᠠᠳ ᠤᠩᠰᠢᠭᠰᠠᠭᠠᠷ 

ᠵᠣᠷᠢᠭ ᠬᠦᠴᠦᠨ ᠢ ᠮᠢᠨᠢ ᠡᠷᠴᠢᠯᠡᠭᠡᠳ ᠪᠠᠶᠢᠨ᠎ᠠ᠃

ᠨᠠᠰᠤ ᠪᠡᠶ᠎ᠡ ᠴᠢᠨᠢ ᠡᠴᠤᠰᠯᠡᠭᠰᠡᠨ ᠴᠦ 

ᠨᠠᠷ᠎ᠡ ᠠᠯᠳᠠᠷ ᠴᠢᠨᠢ ᠦᠨᠢᠳᠡ ᠳᠣᠷᠠᠰᠤᠭᠳᠠᠨᠠᠮ

ᠶᠢᠰᠦᠨ ᠪᠤᠯᠠᠭ ᠲᠤᠤᠷ᠎ᠡ ᠪᠠᠨ ᠠᠬ᠎ᠠ ᠮᠢᠨᠢ ᠲᠠ 

ᠢᠮᠠᠭᠲᠠ ᠠᠮᠤᠷᠯᠢᠩᠭᠤᠢ ᠨᠤᠶᠢᠷᠰᠤᠭᠠᠷᠠᠢ︕

 


ᠵᠣᠬᠢᠶᠠᠭᠴᠢ : ᠱᠤᠸᠠᠩ ᠪᠣᠤ

ᠢᠷᠡᠯᠲᠡ : ᠵᠠᠯᠠᠶᠢᠳ ᠬᠤᠰᠢᠭᠤᠨ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.