ᠤᠷᠢᠬᠠᠨ ᠬᠠᠪᠤᠷ ᠢᠷᠡᠯ᠎ᠠ

2016-04-25 10:44:43

 ᠭᠠᠵᠠᠷ ᠬᠡᠰᠤᠵᠦ ᠬᠠᠶᠢᠯ ᠪᠠᠭᠤᠵᠦ 

 ᠬᠦᠷᠦᠰᠦᠳᠦ ᠲᠡᠯᠡᠬᠡᠢ ᠠᠮᠢᠯᠠᠨ ᠰᠡᠷᠭᠦᠯ᠎ᠠ᠃ 

       ᠪᠤᠷᠤᠭ᠎ᠠ ᠤᠷᠤᠵᠦ ᠰᠠᠯᠬᠢ ᠰᠠᠷᠴᠢᠬᠢᠨᠠᠵᠦ

       ᠪᠠᠶᠢᠭᠠᠯᠢ ᠶᠢᠷᠳᠢᠨᠴᠦ ᠵᠢᠮ᠎ᠡ ᠳᠡᠭᠡᠨ ᠤᠷᠤᠯ᠎ᠠ᠃

 ᠡᠪᠡᠰᠤ ᠬᠦᠬᠡᠷᠡᠵᠦ ᠮᠤᠳᠦ ᠨᠠᠬᠢᠶᠠᠯᠠᠵᠦ

 ᠡᠳᠤᠷ ᠴᠠᠭ ᠤᠷᠳᠦ ᠪᠤᠯᠤᠯ᠎ᠠ᠃

       ᠬᠠᠯᠠᠭᠤᠨ ᠤᠷᠤᠵᠦ ᠬᠠᠪᠤᠷᠵᠢᠶ᠎ᠠ ᠡᠬᠢᠯᠡᠵᠦ

       ᠬᠠᠷᠢᠶᠠᠴᠠᠢ ᠰᠢᠪᠠᠭᠤ ᠨᠢᠰᠤᠭᠡᠳ ᠢᠷᠠᠯ᠎ᠠ᠃

 ᠡᠪ ᠲᠡᠭᠰᠢ ᠮᠤᠩᠭᠤᠯ ᠲᠦᠷᠪᠡᠨ ᠤᠯᠠᠷᠢᠯ ᠠᠴᠠ

 ᠬᠠᠪᠤᠷ ᠴᠠᠭ ᠢᠩᠭᠢᠵᠦ ᠡᠬᠢᠯᠡᠬᠦ ᠨᠢ ᠰᠠᠶᠢᠬᠠᠨ ᠳ᠋ᠠ︕

       ᠰᠠᠶᠢᠨ ᠪᠠᠶᠢᠵᠠᠭᠠᠨ᠎ᠡ ᠦᠦ︖

       ᠰᠠᠶᠢᠬᠠᠨ ᠬᠠᠪᠤᠷᠵᠢᠵᠦ ᠪᠠᠶᠢᠨ᠎ᠡ ᠦᠦ︖

 ᠠᠵᠢᠯ ᠲᠦᠷᠤᠯ ᠴᠢᠨᠢ ᠦᠭᠡᠳᠠ ᠲᠠᠢ

 ᠠᠳᠤᠭᠤ ᠮᠠᠯ ᠴᠢᠨᠢ ᠦᠩᠭᠡ ᠲᠠᠢ

       ᠰᠠᠶᠢᠬᠠᠨ ᠠᠵᠦ ᠲᠦᠷᠤᠵᠦ

       ᠪᠠᠶᠢᠨ᠎ᠡ ᠦᠦ︖ 

ᠵᠣᠬᠢᠶᠠᠭᠴᠢ : ᠶᠢᠨ ᠫᠢᠩ

ᠢᠷᠡᠯᠲᠡ : ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.