ᠢᠷᠦᠭᠡᠯ

2016-05-10 10:43:51

ᠵᠧ︕ ᠬᠤᠷᠤᠢ᠂ ᠬᠤᠷᠤᠢ︕

ᠪᠠᠶᠠᠨ ᠰᠠᠶᠢᠨ ᠵᠢᠷᠭᠠᠵᠤ ᠶᠠᠪᠦ

ᠪᠠᠳᠠᠷᠠᠨ ᠳᠡᠯᠭᠡᠷᠡᠵᠦ ᠬᠥᠭᠵᠢᠵᠥ ᠶᠠᠪᠦ

ᠠᠰ ᠪᠡᠶ᠎ᠡ ᠴᠢᠨᠢ ᠡᠷᠡᠭᠦᠯ ᠶᠠᠪᠦ

ᠠᠰᠢᠭ ᠵᠣᠭᠤᠰ ᠴᠢᠨᠢ ᠵᠤᠵᠠᠭᠠᠷᠠᠵᠤ ᠶᠠᠪᠦ

ᠥᠲᠡᠯᠥᠭᠡ ᠨᠠᠰᠤᠲᠠᠨ ᠬᠦᠨᠳᠦᠯᠡᠵᠦ ᠶᠠᠪᠦ

ᠦᠷ᠎ᠡ ᠬᠡᠥᠭᠡᠳ ᠰᠤᠶᠤᠯᠵᠢᠭᠤᠯᠵᠤ ᠶᠠᠪᠤ

ᠥᠯᠵᠡᠢ ᠮᠦᠷ ᠲᠠᠢ ᠥᠭᠡᠳᠡᠯᠡᠵᠦ ᠶᠠᠪᠦ

ᠤᠯᠤᠰ ᠬᠦᠷᠦᠨ ᠳᠡᠭᠡᠨ ᠵᠢᠳᠭᠦᠯ ᠲᠠᠢ ᠶᠠᠪᠦ

ᠡᠷᠥᠭᠡ ᠭᠡᠷ ᠴᠢᠨᠢ ᠥᠭᠡᠳᠡᠯᠡᠵᠦ ᠶᠠᠪᠦ

ᠡᠷᠬᠢᠯᠡᠭᠰᠡᠨ ᠠᠵᠢᠯ ᠴᠢᠨᠢ ᠠᠮᠵᠢᠯᠲᠠ ᠲᠠᠢ ᠶᠠᠪᠦ

ᠦᠨᠳᠦᠰᠦᠲᠡᠨ ᠣᠭᠰᠠᠭᠠᠲᠠᠨ ᠮᠠᠨᠳᠤᠭᠤᠯᠵᠦ ᠶᠠᠪᠦ

ᠦᠰᠦᠭ ᠪᠢᠴᠢᠭ ᠬᠦᠭᠵᠢᠭᠦᠯᠵᠦ ᠶᠠᠪᠦ

ᠲᠠᠷᠢᠶ᠎ᠠ ᠲᠦᠮᠦᠰᠦ ᠪᠠᠨ ᠲᠦᠷᠦᠭᠦᠯᠵᠦ ᠶᠠᠪᠦ

ᠲᠦᠷᠥ ᠤᠯᠤᠰ ᠬᠦᠴᠦᠷᠬᠡᠭᠵᠢᠭᠦᠯᠵᠦ ᠶᠠᠪᠦ

ᠠᠳᠤᠭᠤ ᠮᠠᠯ ᠦᠰᠭᠡᠵᠦ ᠶᠠᠪᠦ

ᠠᠵᠢᠯ ᠦᠢᠯᠡᠰ ᠲᠡᠭᠡᠨ ᠪᠦᠲᠦᠭᠡᠯ ᠲᠠᠢ ᠶᠠᠪᠦ

ᠨᠠᠷᠡᠨ ᠮᠡᠳᠥ ᠭᠡᠷᠡᠯᠲᠦᠵᠦ ᠶᠠᠪᠦ

ᠨᠠᠪᠴᠢ ᠴᠡᠴᠡᠭ ᠰᠢᠭ ᠳᠡᠯᠭᠡᠷᠡᠵᠦ ᠶᠠᠪᠦ

ᠰᠠᠷᠡᠨ ᠰᠢᠭ᠋ ᠲᠤᠩᠭᠠᠯᠠᠭ ᠶᠠᠪᠦ

ᠽᠠᠮᠪᠤᠲᠢᠪ ᠢ ᠵᠠᠬᠢᠷᠵᠦ ᠶᠠᠪᠦ

ᠨᠢᠰᠬᠦ ᠮᠡᠳᠥ ᠤᠷᠤᠭᠰᠢᠯᠠᠵᠤ ᠶᠠᠪᠦ

ᠨᠢᠰᠭᠡᠯ ᠰᠢᠭ ᠬᠠᠯᠢᠵᠦ ᠶᠠᠪᠦ

ᠦᠶ᠎ᠡ ᠦᠶ᠎ᠡ ᠳᠡᠭᠡᠨ ᠥᠯᠵᠡᠢ ᠲᠠᠢ ᠶᠠᠪᠦ

ᠦᠨᠢ ᠡᠭᠦᠷᠢᠳᠡ ᠪᠣᠶᠠᠨ ᠲᠠᠢ ᠶᠠᠪᠦ

ᠮᠢᠩᠭᠠᠨ ᠳᠣᠮᠳᠠ ᠮᠠᠩᠯᠠᠶᠢᠯᠠᠵᠦ ᠶᠠᠪᠦ

ᠲᠦᠮᠡᠨ ᠳᠣᠲᠤᠷ᠎ᠠ ᠲᠦᠷᠦᠭᠦᠯᠡᠵᠦ ᠶᠠᠪᠦ

ᠲᠠᠶᠠᠭᠠᠷ ᠤᠯᠠᠨ ᠪᠠᠶᠠᠰᠬᠠᠵᠦ ᠶᠠᠪᠦ

ᠳᠠᠶᠠᠩ ᠳᠡᠯᠡᠬᠡᠢ ᠳᠤ ᠠᠯᠳᠠᠷᠰᠢᠵᠦ ᠶᠠᠪᠦ

ᠠᠵᠢᠯᠴᠢ ᠠᠷᠪᠢᠴᠢ ᠪᠠᠷ ᠠᠮᠢᠳᠤᠷᠠᠵᠤ ᠶᠠᠪᠦ

ᠠᠷᠢᠭᠤᠨ ᠴᠡᠪᠡᠷ ᠢ ᠡᠷᠬᠢᠮᠯᠡᠵᠦ ᠶᠠᠪᠦ

ᠵᠢᠯ ᠵᠢᠯ ᠵᠢᠷᠭᠠᠯ ᠲᠠᠢ ᠶᠠᠪᠦ

ᠣᠨ ᠣᠨ ᠣᠯᠵᠠ ᠲᠠᠢ ᠶᠠᠪᠦ

ᠠᠮᠢ ᠨᠠᠰᠦ ᠴᠢᠨᠢ ᠤᠷᠲᠦ ᠶᠠᠪᠦ

ᠠᠯᠲᠠ ᠮᠥᠩᠭᠦ ᠴᠢᠨᠢ ᠣᠪᠤᠭᠠᠷᠠᠵᠦ ᠶᠠᠪᠦ

ᠴᠠᠰᠤᠨ ᠳᠡᠭᠡᠷ᠎ᠡ ᠮᠥᠷ ᠲᠠᠢ ᠶᠠᠪᠦ

ᠴᠠᠭᠠᠰᠤᠨ ᠳᠡᠭᠡᠷ᠎ᠡ ᠨᠡᠷ᠎ᠡ ᠲᠠᠢ ᠶᠠᠪᠦ

ᠪᠢᠴᠢᠭ ᠰᠣᠶᠤᠯ ᠢ ᠡᠵᠡᠮᠰᠢᠵᠦ ᠶᠠᠪᠦ

ᠪᠢᠯᠢᠭ ᠤᠬᠠᠭᠠᠨ ᠨᠡᠮᠡᠭᠳᠡᠭᠦᠯᠵᠦ ᠶᠠᠪᠦ

ᠣᠯᠡᠨ ᠡᠮᠦᠨ᠎ᠡ ᠣᠷᠤᠶᠢᠯᠠᠵᠦ ᠶᠠᠪᠦ

ᠪᠥᠭᠦᠳᠡ ᠳᠣᠮᠳᠠ ᠬᠤᠰᠢᠭᠤᠷᠠᠵᠤ ᠶᠠᠪᠦ

ᠭᠡᠷ ᠡᠷᠦᠭᠡ ᠪᠠᠨ ᠭᠡᠷᠡᠯᠳᠦᠭᠦᠯᠵᠦ ᠶᠠᠪᠦ

ᠭᠡᠷᠡᠯ ᠭᠢᠯᠪᠠᠭ᠎ᠠ ᠪᠠᠨ ᠰᠠᠴᠤᠷᠠᠭᠤᠯᠵᠤ ᠶᠠᠪᠦ

ᠭᠠᠯ ᠲᠠᠢ ᠴᠤᠭ ᠲᠠᠢ ᠭᠠᠪᠰᠢᠭᠠᠶᠢᠯᠠᠵᠦ ᠶᠠᠪᠦ

ᠭᠠᠢ ᠪᠠᠷᠴᠢᠳ ᠠᠴᠠ ᠵᠠᠶᠢᠯᠠᠵᠦ ᠶᠠᠪᠦ

ᠪᠥᠭᠡ ᠮᠠᠩᠯᠠᠢ ᠰᠢᠭᠦᠷᠴᠦ ᠶᠠᠪᠦ

ᠪᠦᠷᠭᠦᠳ ᠠᠳᠠᠯᠢ ᠳᠡᠭᠦᠯᠢᠵᠦ ᠶᠠᠪᠦ

ᠮᠠᠭᠲᠠᠭᠠᠯ ᠰᠠᠶᠢᠰᠢᠶᠠᠯ ᠢ ᠬᠦᠷᠲᠡᠵᠦ ᠶᠠᠪᠦ

ᠮᠠᠩᠨᠤᠭ ᠲᠣᠷᠭ᠎ᠠ ᠡᠳ᠋ᠯᠡᠵᠦ ᠶᠠᠪᠦ

ᠣᠳᠣ ᠰᠤᠳᠦ ᠪᠣᠯᠤᠨ ᠭᠢᠯᠠᠷᠠᠭᠤᠯᠵᠦ ᠶᠠᠪᠦ

ᠣᠬᠢ ᠰᠠᠶᠢᠨ  ᠱᠠᠩᠨᠠᠭᠳᠠᠵᠤ ᠶᠠᠪᠦ

ᠠᠲᠠᠭᠠᠲᠡᠨ ᠳᠠᠶᠢᠰᠤᠨ ᠢ ᠳᠠᠷᠤᠩᠭᠤᠶᠢᠯᠠᠵᠦ ᠶᠠᠪᠦ

ᠠᠯᠳᠠᠷ ᠨᠡᠷ᠎ᠡ ᠪᠠᠨ ᠮᠠᠨᠳᠤᠭᠤᠯᠵᠦ ᠶᠠᠪᠦ

ᠰᠢᠨᠵᠢᠯᠡᠬᠦ ᠤᠬᠠᠭᠠᠨ ᠢ ᠡᠵᠡᠮᠰᠢᠵᠦ ᠶᠠᠪᠦ

ᠰᠢᠯᠢᠳᠡᠭ ᠪᠦᠲᠦᠭᠡᠯ ᠭᠠᠷᠭᠠᠵᠦ ᠶᠠᠪᠦ

ᠡᠪ ᠬᠠᠮᠲᠦ ᠨᠠᠮ  ᠳᠠᠭᠠᠨ ᠲᠠᠯᠠᠷᠬᠠᠵᠤ ᠶᠠᠪᠦ

ᠡᠬᠡ ᠤᠷᠤᠨ ᠳᠠᠭᠠᠨ ᠭᠠᠪᠢᠶ᠎ᠠ ᠲᠠᠢ ᠶᠠᠪᠦ

ᠮᠤᠷᠢᠲᠡᠨ ᠭᠡᠳᠡᠭ ᠲᠡᠭᠡᠨ ᠣᠮᠤᠭᠰᠢᠵᠣ ᠶᠠᠪᠦ

ᠮᠤᠩᠭᠤᠯ ᠭᠡᠳᠡᠭ ᠴᠡᠭᠡᠵᠢᠯᠡᠵᠦ ᠶᠠᠪᠦ

ᠬᠡᠰᠢᠭ ᠪᠤᠶᠠᠨ ᠴᠢᠨᠢ ᠨᠡᠮᠡᠭᠳᠡᠵᠦ ᠶᠠᠪᠦ

ᠬᠡᠢ  ᠮᠣᠷᠢ ᠴᠢᠨᠢ ᠥᠭᠡᠳᠡᠯᠡᠵᠦ ᠶᠠᠪᠦ

ᠵᠠᠭᠤᠨ ᠨᠠᠰᠤᠯᠠᠵᠤ ᠵᠠᠯᠠᠭᠤᠵᠢᠨ ᠶᠠᠪᠦ

ᠵᠣᠭᠤᠰ ᠮᠥᠩᠭᠦ ᠪᠠᠷ ᠡᠯᠪᠡᠭ ᠶᠠᠪᠦ

ᠬᠡᠵᠢᠶ᠎ᠡ ᠡᠭᠦᠷᠢᠳᠡ ᠪᠣᠶᠠᠨ ᠲᠠᠢ ᠶᠠᠪᠦ

ᠬᠡᠮᠵᠢᠶᠡᠯᠡᠰᠢ ᠦᠭᠡᠢ ᠵᠢᠷᠭᠠᠵᠤ ᠶᠠᠪᠦ︕

              

 

ᠵᠣᠬᠢᠶᠠᠭᠴᠢ : ᠱᠤᠸᠠᠩ ᠪᠣᠤ

ᠢᠷᠡᠯᠲᠡ : ᠬᠢᠩᠭᠠᠨ ᠠᠶᠢᠮᠠᠭ ᠵᠠᠯᠠᠶᠢᠳ ᠬᠤᠰᠢᠭᠤᠨ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.