ᠨᠤᠳᠤᠭ ᠮᠢᠨᠢ ᠬᠤᠪᠢᠷᠠᠯᠳᠠ

2017-07-28 11:15:31

 

 ᠴᠡᠩᠭᠡᠷ ᠬᠦᠭᠡ ᠲᠡᠭᠷᠢ ᠲᠠᠢ                                                          

 ᠴᠡᠭᠡᠨ ᠬᠦᠨ ᠬᠦᠢᠯᠡᠷ ᠭᠤᠤᠯ ᠲᠠᠢ

 ᠴᠢᠨᠳᠠᠮᠤᠨᠢ ᠶᠡᠭᠡᠲᠠᠢ ᠠᠷᠠᠳ ᠲᠠᠢ

 ᠴᠢᠷᠮᠠᠶᠢᠯᠠᠭ᠎ᠠ ᠶᠡᠭᠡᠲᠠᠢ ᠠᠷᠠᠳ ᠲᠠᠢ

    ᠦᠨᠳᠦᠷ ᠰᠦᠷᠯᠢᠭ ᠠᠭᠤᠯᠠᠨ ᠳᠤ ᠨᠢ

    ᠠᠷᠢᠶᠠᠳᠠᠨ ᠬᠦᠷᠦᠭᠡᠰᠦ ᠲᠤᠭᠯᠠᠯᠳᠤᠭᠠᠳ

    ᠦᠷᠭᠡᠨ ᠠᠭᠤᠳᠠᠮ ᠲᠠᠯ᠎ᠡ ᠳᠤ ᠨᠢ

    ᠦᠭᠡᠷ ᠰᠦᠷᠦᠭ ᠢᠳᠡᠰᠢᠯᠡᠨ᠎ᠡ

 ᠰᠠᠭᠯᠠᠭᠠᠷ ᠲᠤᠮᠦ ᠬᠠᠶᠢᠯᠠᠰᠤᠨ ᠮᠤᠳᠦ ᠨᠢ

 ᠰᠠᠨᠠᠭ᠎ᠠ ᠲᠠᠭ᠎ᠠ ᠲᠠᠢ ᠪᠠᠷ ᠤᠷᠭᠤᠵᠦ

 ᠰᠢᠨ᠎ᠡ ᠴᠠᠭ ᠬᠤᠪᠢᠷᠠᠯᠳᠠ ᠳᠤ

 ᠰᠢᠨᠡᠴᠢᠯᠡᠯ ᠤᠶᠠᠩᠭ᠎ᠠ ᠨᠠᠮᠠᠷᠢᠯᠡᠨ᠎ᠡ

    ᠨᠡᠨ ᠰᠠᠶᠢᠬᠠᠨ ᠤᠷᠤᠨ ᠳᠤ ᠪᠠᠨ

    ᠡᠵᠡᠨ ᠨᠢ ᠪᠤᠯᠤᠭᠰᠠᠨ ᠬᠡᠤᠭᠡᠳ ᠪᠢᠳᠡ

    ᠡᠷᠭᠡ ᠴᠢᠯᠤᠭᠡᠳᠦ ᠠᠮᠢᠳᠤᠷᠠᠯ

    ᠡᠷᠬᠢᠮᠨᠡᠵᠦ ᠬᠠᠮᠭᠠᠯᠠᠵᠦ ᠶᠠᠪᠤᠵᠠᠭᠠᠶ᠎ᠠ︕


ᠵᠣᠬᠢᠶᠠᠭᠴᠢ : ᠶᠢᠨ ᠫᠢᠩ

ᠢᠷᠡᠯᠲᠡ : ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠠᠷᠠᠳ ᠪᠠᠶᠢᠴᠠᠭᠠᠬᠤ ᠬᠤᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.