ᠲᠤᠷᠠᠰᠤᠮᠵᠢ ᠠᠨᠢᠷᠯᠠᠬᠤ ᠬᠥᠳᠡᠭᠡ ᠮᠢᠨᠢ

2018-01-19 17:37:00

ᠪᠠᠶᠠᠨ ᠲᠠᠷᠭᠤᠨ ᠨᠠᠮᠤᠷ ᠠᠶᠠᠷᠯᠠᠵᠤ ᠣᠳᠬᠤ ᠳᠤ

ᠪᠠᠷᠠᠯᠠᠨ ᠬᠤᠴᠤᠷᠤᠭᠰᠠᠨ ᠪᠢ ᠪᠠᠭ᠎ᠠ ᠨᠠᠰᠤ ᠪᠠᠨ ᠲᠤᠷᠠᠰᠤᠯ᠎ᠠ

ᠪᠠᠭᠠᠯ ᠨᠣᠬᠠᠢ ᠲᠠᠢ ᠥᠶᠡᠷᠭᠡᠭᠰᠡᠨ ᠲᠡᠷᠡ ᠡᠳᠤᠷ ᠬᠤᠨᠤᠭ

ᠪᠠᠭ᠎ᠠ ᠨᠠᠰᠤᠨ ᠨᠠᠨᠳᠢᠨ ᠲᠤᠷᠠᠳᠬᠠᠯ ᠬᠥᠳᠡᠭᠡ ᠳᠤ ᠪᠠᠶᠢᠯ᠎ᠠ 


ᠥᠨᠢᠶ᠎ᠡ ᠲᠤᠭᠤᠯ ᠨᠡᠶᠢᠯᠡᠬᠦᠯᠥᠯ᠎ᠡ ᠭᠡᠰᠡᠨ ᠡᠵᠢ ᠳᠠᠭᠤᠨ

ᠥᠨᠥᠭᠡᠨ ᠤᠴᠢᠷ ᠰᠢᠭ᠋ ᠰᠠᠨᠠᠭᠳᠠᠭᠠᠳ ᠪᠠᠶᠢᠬᠤ ᠶᠤᠮ

ᠥᠷᠬᠦᠯᠵᠢ ᠲᠤᠭᠯᠠᠵᠤ ᠪᠠᠶᠢᠭᠰᠠᠨ ᠭᠤᠤ ᠵᠢᠯᠠᠭ᠎ᠠ ᠬᠥᠷᠲᠡᠯ᠎ᠡ

ᠦᠷᠦᠴᠡ‌‍ᠴᠡᠭᠡᠵᠢᠨ ᠳᠤ ᠬᠤᠷᠭᠤᠳᠠᠵᠥ ᠬᠤᠴᠤᠷᠤᠭᠰᠠᠨ ᠪᠢᠯᠡ


ᠤᠷᠭᠠᠨ ᠳᠡᠭᠡᠬᠦᠷ ᠠᠯᠬᠤᠵᠤ ᠪᠤᠯᠬᠤ ᠥᠭᠡᠢ ᠭᠡᠰᠡᠨ ᠠᠪᠤ ᠵᠠᠬᠢᠶ᠎ᠠ

ᠤᠬᠠᠭᠠᠨ ᠪᠤᠳᠤᠯ ᠳᠤ ᠮᠢᠨᠢ ᠥᠨᠢᠳᠡ ᠬᠠᠳᠠᠩᠰᠢᠯ᠎ᠠ

ᠤᠨᠠᠭ᠎ᠠ ᠳᠠᠭ᠎ᠠ ᠲᠠᠢ ᠤᠷᠤᠯᠳᠤᠨ ᠬᠥᠶᠤᠭ᠍ᠰᠡᠨ ᠮᠢᠨᠢ ᠬᠥᠷᠳᠡᠯ᠎ᠡ

ᠤᠭᠤᠷᠠᠭ ᠲᠠᠷᠢᠬᠢᠨ ᠳᠤ ᠥᠷᠬᠦᠯᠵᠢ ᠪᠤᠳᠤᠭᠳᠠᠬᠤ ᠶᠤᠮᠰᠠᠨ


ᠬᠠᠮᠳᠤ ᠮᠥᠬᠦ ᠲᠡᠬᠦᠵᠥ ᠶᠠᠪᠤᠭᠰᠠᠨ ᠪᠠᠭ᠎ᠠ ᠮᠢᠨᠢ ᠨᠠᠶᠢᠵᠠ

ᠬᠠᠶᠠ ᠨᠢᠭᠡ ᠪᠤᠳᠤᠯ ᠳᠤ ᠵᠢᠷᠪᠢᠰᠬᠢᠨ ᠤᠷᠤᠵᠥ ᠰᠠᠨᠠᠭᠠᠯᠵᠠᠨ᠎ᠠ

ᠬᠠᠳᠠᠭᠠᠭᠰᠠᠨ ᠠᠭᠠᠷᠤᠤᠯ ᠬᠤᠪᠢᠶᠠᠯᠴᠠᠭᠰᠠᠨ ᠭᠡᠤᠭᠡᠳ ᠥᠶ᠎ᠡ

ᠬᠠᠮᠤᠭ ᠠᠴᠠ ᠡᠷᠬᠢᠮ ᠨᠥᠬᠦᠷᠯᠡᠯ ᠪᠠᠶᠢᠭᠰᠠᠨ


ᠲᠤᠭᠤᠨᠤ ᠪᠠᠷ ᠬᠠᠷᠠᠭᠰᠠᠨ ᠣᠳᠤᠳ ᠨᠢ ᠬᠠᠮᠤᠭ ᠭᠡᠷᠡᠯᠲᠡᠢ ᠪᠠᠶᠢᠭᠰᠠᠨ

ᠲᠤᠯᠭᠠᠨ ᠭᠠᠯ ᠣᠴᠢ ᠨᠢ ᠬᠠᠮᠤᠭ ᠢᠯᠴᠢ ᠲᠠᠢ ᠪᠠᠶᠢᠭᠰᠠᠨ

ᠲᠤᠷᠭᠠᠨ ᠳᠡᠪᠡᠯ  ᠴᠢᠮᠡᠭᠰᠡᠨ ᠨᠢ ᠬᠠᠮᠤᠭ ᠭᠤᠶᠤ ᠪᠠᠶᠢᠭᠰᠠᠨ

ᠲᠤᠭᠤᠯ ᠪᠡᠯᠴᠢᠭᠡᠷ ᠲᠤ ᠲᠤᠭᠯᠠᠭ᠎ᠠ ᠨᠢ ᠬᠠᠮᠤᠭ ᠬᠥᠭᠡᠷᠤᠬᠦᠨ ᠪᠠᠶᠢᠭᠰᠠᠨ


ᠡᠪᠦᠭᠡ ᠡᠮᠡᠭᠡ ᠪᠠᠨ ᠰᠠᠨᠠᠬᠤ ᠪᠠᠷ ᠬᠥᠳᠡᠭᠡ ᠪᠠᠨ ᠮᠥᠷᠤᠭᠡᠳᠳᠡᠭ

ᠡᠭᠡᠵᠡᠭᠡᠢ ᠲᠠᠢ ᠴᠠᠢ ᠪᠠᠨ ᠣᠭᠤᠴᠢᠬᠤ ᠪᠠᠷ ᠬᠥᠳᠡᠭᠡ ᠪᠠᠨ ᠰᠠᠨᠠᠳᠠᠭ

ᠡᠷᠴᠢᠯᠡᠨ ᠳᠠᠪᠬᠢᠭ᠎ᠠ ᠮᠣᠷᠢᠳ ᠢ ᠬᠠᠷᠠᠬᠤ ᠪᠠᠷ ᠬᠥᠳᠡᠭᠡ ᠮᠢᠨᠢ ᠪᠤᠳᠤᠭᠳᠠᠳᠠᠭ

ᠡᠷᠭᠡ ᠥᠭᠡᠢ ᠯᠡ ᠠᠭᠠᠳᠠᠷ ᠪᠤᠷᠤᠭᠠᠨ ᠳᠤ ᠬᠥᠳᠡᠭᠡ ᠪᠠᠨ ᠳᠠᠭᠠᠳᠬᠠᠳᠠᠭ


ᠲᠣᠭᠤᠭ᠎ᠠ ᠲᠠᠢ ᠥᠷᠤᠮ᠎ᠡ ᠳᠤ ᠭᠤᠷᠢᠳᠠᠨ ᠬᠥᠶᠥᠭᠰᠡᠨ

ᠪᠠᠯᠴᠢᠷ ᠨᠠᠰᠤ ᠮᠢᠨᠢ ᠮᠢᠨᠥ ᠠᠮᠢᠨ ᠬᠥᠳᠡᠭᠡ ᠳᠤ ᠪᠠᠶᠢᠨ᠎ᠠ

ᠲᠤᠶᠢᠭ ᠠᠶᠠᠯᠠᠨ ᠬᠤᠷᠠᠭ᠎ᠠ ᠲᠡᠪᠡᠷᠢᠨ ᠲᠤᠷᠨᠢᠭᠰᠠᠠ

ᠪᠠᠭ᠎ᠠ ᠥᠶ᠎ᠡ ᠮᠢᠨᠢ ᠮᠢᠨᠥ ᠠᠭᠤᠳᠠᠮ ᠬᠥᠳᠡᠭᠡ ᠳᠤ ᠪᠠᠶᠢᠨ᠎ᠠ


ᠬᠥᠳᠡᠭᠡ ᠠᠭᠠᠷ ᠴᠡᠭᠡᠵᠢ ᠲᠥᠬᠦᠷᠡᠩ ᠠᠮᠢᠰᠬᠤᠮᠠᠷ ᠪᠠᠶᠢᠨ᠎ᠠ

ᠬᠥᠭᠡᠮᠳᠥᠭ ᠠᠭᠤᠯᠠᠨ ᠱᠣᠪᠬᠤ ᠣᠷᠬᠢᠯ ᠳᠤ ᠪᠠᠨ ᠠᠪᠠᠷᠢᠮᠠᠷ ᠪᠠᠶᠢᠨ᠎ᠠ 

ᠬᠥᠪᠡᠭᠡ ᠬᠢᠵᠠᠭᠠᠷ ᠥᠭᠡᠢ ᠭᠤᠪᠢ ᠨᠤᠳᠤᠭ ᠪᠠᠷᠠᠯᠠᠮᠠᠷ ᠪᠠᠶᠢᠨ᠎ᠠ

ᠬᠥᠭᠡᠷᠤᠬᠦᠨ ᠪᠠᠭ᠎ᠠ ᠢᠯᠳᠠᠮ ᠨᠤᠳᠤᠭ ᠲᠤ ᠪᠠᠨ ᠬᠥᠷᠥᠮᠡᠷ ᠪᠠᠶᠢᠨ᠎ᠠ᠃




 

ᠵᠣᠬᠢᠶᠠᠭᠴᠢ : ᠰᠡᠴᠡᠩᠬᠤᠸᠠᠷ

ᠢᠷᠡᠯᠲᠡ : ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠪᠠᠶᠢᠴᠠᠭᠠᠬᠤ ᠬᠣᠷᠢᠶ᠎ᠠ

内蒙古自治区人民检察院版权所有 © 2015 - 2022    蒙ICP备10000005号    内蒙古蒙科立蒙古文化股份有限公司技术支持    内蒙古自治区人民检察院汉文网站

央视蒙文网     中国蒙古语新闻网    成吉思汗蒙古文博客网    中国 Holvoo Blog 蒙文博客网    Copyright © www.xxxx.com All Right Reserved.