ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠬᠡᠦᠬᠡᠳ ᠤᠨ ᠲᠣᠭᠯᠠᠭᠠᠮ ᠤᠨ ᠮᠡᠬᠡᠯᠡᠯ ᠠᠴᠠ ᠬᠢᠴᠢᠶᠡᠭᠡᠷᠡᠢ︕

2022-10-20 16:12:19
ᠵᠣᠬᠢᠶᠠᠭᠴᠢ
ᠢᠷᠭᠤᠢ


微信图片_20221019210455.jpg


ᠨᠡᠶᠢᠭᠡᠮ ᠤᠨ ᠬᠦᠭᠵᠢᠯᠲᠡ ᠶᠢ ᠳᠠᠭᠠᠯᠳᠤᠨ᠂ ᠤᠳᠤᠬᠠᠨ ᠳᠤ  ᠨᠠᠰᠤᠨ ᠳᠤ ᠦᠯᠦ ᠬᠦᠷᠦᠭᠰᠡᠳ ᠤᠨ ᠰᠦᠯᠵᠢᠶᠡᠨ ᠤ ᠲᠣᠭᠯᠠᠭᠠᠮ ᠲᠣᠭᠯᠠᠬᠤ᠂  ᠰᠦᠯᠵᠢᠶᠡᠨ ᠤ ᠬᠤᠳᠠᠯᠳᠤᠭ᠎ᠠ ᠬᠢᠬᠦ᠂ ᠰᠢᠭᠤᠳ ᠨᠡᠪᠲᠡᠷᠡᠭᠦᠯᠭᠡ ᠶᠢ ᠦᠵᠡᠬᠦ ᠴᠠᠭ ᠨᠢ ᠣᠷᠲᠣ᠂ ᠳᠠᠪᠲᠠᠮᠵᠢ ᠨᠢ ᠥᠨᠳᠦᠷ ᠪᠤᠯᠵᠠᠢ ᠃  ᠲᠡᠳᠡ ᠨᠠᠰᠤ ᠪᠠᠭ᠎ᠠ ᠴᠢᠰᠤ ᠰᠢᠩᠭᠡᠨ᠂ ᠤᠶᠤᠨ ᠤᠬᠠᠭᠠᠨ ᠤ  ᠪᠤᠶᠢᠵᠢᠯᠲᠠ ᠨᠢ ᠪᠣᠯᠪᠠᠰᠣᠷᠠᠩᠭᠤᠢ ᠪᠤᠰᠤ᠂ ᠮᠡᠬᠡᠯᠡᠯ ᠢ ᠰᠡᠷᠭᠡᠶᠢᠯᠡᠬᠦ ᠤᠬᠠᠮᠰᠠᠷ ᠨᠢ ᠪᠠᠭᠤᠷᠠᠢ  ᠠᠴᠠ ᠪᠣᠯᠵᠤ᠂ ᠰᠦᠯᠵᠢᠶᠡᠨ ᠤ ᠬᠠᠤᠯᠢ ᠶᠢ ᠵᠦᠷᠢᠴᠡᠭᠰᠡᠨ ᠶᠠᠯᠠᠲᠤ ᠠᠵᠢᠯᠯᠠᠭ᠎ᠠ ᠶᠢᠨ ᠬᠤᠤᠷ ᠬᠦᠨᠦᠭᠡᠯ ᠳᠤ ᠤᠴᠠᠷᠠᠬᠤ ᠠᠶᠣᠯ ᠲᠦᠭᠰᠢᠭᠦᠷᠢ ᠡᠳᠦᠷ ᠢᠷᠡᠭᠦᠶ᠎ᠡ ᠬᠦᠨᠳᠦᠷᠡᠵᠦ ᠪᠠᠶᠢᠨ᠎ᠠ᠃ ᠵᠠᠷᠢᠮ ᠬᠠᠤᠯᠢ ᠪᠤᠰᠤ ᠡᠲᠡᠭᠡᠳ ᠨᠠᠰᠤᠨ ᠳᠤ ᠦᠯᠦ ᠬᠦᠷᠦᠭᠰᠡᠳ ᠤᠨ ᠰᠦᠯᠵᠢᠶᠡᠨ ᠳᠡᠭᠡᠷ᠎ᠡ  ᠰᠣᠷᠣᠯᠴᠠᠬᠤ ᠂ ᠲᠣᠭᠯᠠᠬᠤ ᠵᠡᠷᠭᠡ  ᠵᠠᠪᠰᠢᠶᠠᠨ ᠢ ᠠᠰᠢᠭᠯᠠᠨ᠂  ᠺᠣᠳ᠋ ᠰᠢᠷᠪᠢᠭᠦᠯᠦᠨ ᠬᠡᠶᠢᠰᠪᠦᠷᠢ ᠪᠡᠯᠡᠭ ᠬᠦᠷᠬᠡᠬᠦ᠂ ᠲᠣᠭᠯᠠᠭᠠᠮ ᠢ ᠨᠢ ᠣᠷᠣᠯᠠᠨ ᠲᠤᠭᠯᠠᠵᠤ ᠳᠡᠰ ᠢ ᠨᠢ ᠦᠰᠭᠡᠬᠦ᠂ ᠳᠣᠣᠷ᠎ᠠ ᠦᠨ᠎ᠡ ᠪᠠᠷ ᠲᠣᠭᠯᠠᠭᠠᠮ ᠤᠨ ᠳᠦᠷᠢ ᠶᠢᠨ ᠴᠢᠮᠡᠭᠯᠡᠯ ᠬᠦᠷᠭᠡᠬᠦ ᠵᠡᠷᠭᠡ ᠠᠷᠭ᠎ᠠ ᠮᠠᠶ᠋ᠢᠭ ᠢᠶᠠᠷ ᠨᠠᠰᠤᠨ ᠳᠤ ᠦᠯᠦ ᠬᠦᠷᠦᠭᠰᠡᠳ ᠢ  ᠬᠠᠭᠤᠷᠤᠨ ᠮᠡᠬᠡᠯᠡᠳᠡᠭ᠃ ᠮᠡᠬᠡᠯᠡᠭᠴᠢ ᠠᠴᠠ ᠨᠠᠰᠤᠨ ᠳᠤ ᠦᠯᠦ ᠬᠦᠷᠦᠭᠰᠡᠳ ᠲᠤ ᠵᠣᠷᠢᠭᠤᠯᠣᠭᠰᠠᠨ ᠠᠷᠭ᠎ᠠ ᠮᠡᠭᠡ ᠨᠢ ᠦᠨᠡᠨ ᠳᠡᠭᠡᠨ ᠭᠡᠷ ᠤᠨ ᠠᠬᠠᠮᠠᠳ ᠤᠨ ᠵᠣᠭᠤᠰᠣᠨ ᠪᠣᠭᠴᠣ  ᠣᠷᠣᠭᠤ ︽ ᠬᠠᠷ᠎ᠠ ᠰᠠᠪᠠᠷ ︾  ᠢᠶᠠᠨ ᠰᠣᠩᠭᠠᠭᠠᠭᠰᠠᠨ ᠶᠠᠪᠣᠳᠠᠯ ᠪᠣᠯᠣᠨ᠎ᠠ᠃


微信图片_20221019210523.png


ᠬᠤᠨᠠᠨ ᠮᠤᠵᠢ ᠶᠢᠨ ᠸᠠᠩ ᠣᠪᠣᠭᠲᠤ᠂ ᠯᠢᠦ ᠣᠪᠣᠭᠲᠤ ᠵᠡᠷᠭᠡ  ᠬᠦᠮᠦᠰ 2021 ᠣᠨ ᠠᠴᠠ ᠡᠬᠢᠯᠡᠵᠦ᠂ 《 TT》APP ᠳᠡᠭᠡᠷᠡᠬᠢ ᠠᠪᠢᠶᠠᠨ ᠤ ᠳᠠᠩᠰᠠ ᠨᠣᠮᠧᠷ ᠢ ᠠᠰᠢᠭᠯᠠᠨ᠂ 《 ᠾᠧ ᠫᠢᠩ ᠵᠢᠩ ᠶᠢᠩ ᠲᠣᠭᠯᠠᠭᠠᠮ 》 ︵和平精英游戏︶ ᠲᠤᠭᠯᠠᠵᠤ ᠪᠠᠶᠢᠭ᠎ᠠ ᠬᠡᠦᠬᠡᠳ ᠲᠠᠢ  ᠬᠤᠯᠪᠤᠯᠴᠠᠨ ᠸᠢᠴᠠᠲ ᠬᠤᠯᠪᠣᠭ᠎ᠠ  ᠪᠠᠶᠢᠭᠤᠯᠵᠣ᠂ ᠲᠣᠭᠯᠠᠭᠠᠮ ᠤᠨ ᠲᠦᠷᠢ ᠶᠢᠨ ᠴᠢᠮᠡᠭᠯᠡᠯ ᠬᠦᠷᠭᠡᠬᠦ ᠠᠷᠭ᠎ᠠ ᠮᠠᠶ᠋ᠢᠭ ᠢᠶᠠᠷ ᠮᠡᠬᠡᠯᠡᠯ  ᠶᠠᠪᠤᠭᠤᠯᠵᠤ ᠡᠬᠢᠯᠡᠵᠡᠢ ᠃ ᠦᠣᠰᠢᠨ ᠬᠤᠰᠢᠭᠤᠨ ᠤ ᠨᠢᠭᠡᠨ ᠪᠠᠭ᠎ᠠ ᠰᠣᠷᠭᠠᠭᠤᠯᠢ ᠶᠢᠨ ᠬᠡᠦᠬᠡᠳ  ᠾᠧ ᠣᠪᠣᠭᠲᠤ ᠪᠣᠯ  ᠲᠠᠷᠤᠢ ᠡᠢᠢᠮᠦᠷᠬᠦ ᠬᠤᠤᠷ ᠢ ᠠᠮᠰᠠᠭᠰᠠᠨ ᠮᠡᠬᠡᠯᠡᠭᠳᠡᠭᠴᠢ  ᠪᠤᠯᠤᠨ᠎ᠠ᠃  ᠤᠷᠴᠢᠮᠬᠠᠨ᠂ ᠾᠧ ᠣᠪᠣᠭᠲᠤ ᠬᠦᠦ᠂ ᠭᠡᠷ ᠤᠨ ᠠᠬᠠᠮᠠᠳ ᠤᠨ ᠢᠶᠠᠨ ᠭᠠᠷ ᠣᠲᠠᠰᠣ ᠪᠠᠷ 《 ᠾᠧ ᠫᠢᠩ ᠵᠢᠩ ᠶᠢᠩ ᠲᠣᠭᠯᠠᠭᠠᠮ 》 ᠢ ᠲᠣᠭᠯᠠᠵᠤ ᠪᠠᠶᠢᠬᠤ ᠳᠤ  ᠨᠢ ᠸᠠᠩ ᠣᠪᠣᠭᠲᠤ᠂ ᠯᠢᠦ ᠣᠪᠣᠭᠲᠤ  ᠲᠣᠭᠯᠠᠭᠠᠮ ᠤᠨ ᠳᠦᠷᠢ ᠶᠢᠨ ᠴᠢᠮᠡᠭᠯᠡᠯ ᠬᠦᠷᠭᠡᠬᠦ ᠨᠡᠷ᠎ᠡ ᠪᠠᠷ ᠾᠧ ᠣᠪᠣᠭᠲᠤ  ᠬᠦᠦ ᠶᠢ ᠸᠢᠴᠠᠲ ᠤᠨ ᠬᠤᠯᠪᠤᠭᠠᠨ ᠳᠤ ᠲᠠᠲᠠᠨ ᠣᠷᠣᠭᠤᠯᠵᠣ᠂ ᠲᠡᠭᠦᠨ ᠢ ᠵᠢᠭᠠᠨ ᠲᠣᠬᠢᠵᠣ ᠪᠠᠶᠢᠭᠠᠳ 49 ᠲᠦᠭᠦᠷᠢᠭ ᠤᠨ ᠤᠯᠠᠭᠠᠨ ᠪᠠᠭᠯᠠᠭ᠎ᠠ ᠶᠢ 150 ᠭᠠᠷᠤᠢ ᠤᠳᠠᠭ᠎ᠠ  ᠶᠠᠪᠤᠭᠤᠯᠤᠭᠤᠯᠵᠤ 7000 ᠭᠠᠷᠦᠢ ᠲᠦᠭᠦᠷᠢᠭ ᠵᠣᠭᠤᠰ ᠮᠡᠬᠡᠯᠡᠪᠠ᠃ ᠢᠩᠬᠢᠭᠡᠳ ᠮᠡᠬᠡᠯᠡᠵᠦ ᠳᠠᠭᠤᠰᠬᠤ ᠲᠠᠢ ᠵᠡᠷᠬᠡ ᠾᠧ ᠣᠪᠣᠭᠲᠤ ᠬᠦᠦ ᠶᠢᠨ ᠸᠢᠴᠠᠲ ᠢ ᠬᠤᠯᠪᠣᠭᠠᠨ ᠠᠴᠠ ᠭᠠᠷᠭᠠᠵᠤ ᠬᠠᠷ᠎ᠠ ᠳᠠᠩᠰᠠ ᠳᠤ ᠤᠷᠤᠭᠤᠯᠪᠠ᠃ ᠡᠨᠡᠬᠦ ᠤᠴᠢᠷ ᠤᠨ ᠳᠠᠷᠠᠭ᠎ᠠ᠂ ᠾᠧ ᠤᠪᠤᠭᠲᠤ ᠬᠦᠦ ᠶᠢᠨ ᠭᠡᠷ ᠤᠨ ᠠᠬᠠᠮᠠᠳ ᠨᠢ ᠵᠣᠭᠤᠰ ᠳᠣᠲᠠᠭᠰᠠᠨ ᠢᠶᠠᠨ ᠮᠡᠳᠡᠵᠦ ᠦᠣᠰᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ  ᠳᠤ ᠬᠡᠷᠡᠭ ᠮᠡᠳᠡᠭᠦᠯᠪᠡ᠂ ᠡᠨᠡ ᠬᠦ ᠰᠦᠪᠡᠭᠴᠢ ᠪᠠᠷ  ᠦᠣᠰᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ  ᠲᠣᠷᠰᠢᠨ ᠪᠠᠶᠢᠴᠠᠭᠠᠭᠠᠳ᠂  ᠲᠣᠰ ᠬᠡᠷᠡᠭ ᠨᠢ ᠮᠤᠵᠢ ᠠᠯᠤᠰᠯᠠᠨ ᠰᠦᠯᠵᠢᠶ᠎ᠡ ᠪᠠᠷ ᠮᠡᠬᠡᠯᠡᠵᠦ ᠪᠠᠶᠢᠭ᠎ᠠ ᠶᠠᠯᠠᠲᠤ ᠪᠦᠯᠦᠭᠲᠡᠨ ᠤ ᠦᠢᠯᠡᠳᠦᠭᠰᠡᠨ  ᠬᠡᠷᠡᠭ ᠪᠠᠶᠢᠵᠤ᠂  ᠪᠦᠬᠦ ᠤᠯᠤᠰ ᠤᠨ ᠬᠡᠪᠴᠢᠶᠡᠨ ᠳᠤ ᠶᠡᠭᠡ ᠬᠡᠮᠵᠢᠶᠡᠨ ᠤ ᠵᠤᠭᠤᠰ ᠮᠡᠬᠡᠯᠡᠭᠰᠡᠨ ᠢ ᠣᠯᠵᠣ ᠮᠡᠳᠡᠪᠡ᠃ ᠲᠡᠭᠡᠭᠡᠳ ᠲᠣᠷᠰᠢᠨ ᠪᠠᠶᠢᠴᠠᠭᠠᠵᠤ  ᠳᠠᠭᠤᠰᠬᠠᠭᠠᠳ  ᠵᠠᠭᠠᠯᠳᠤᠬᠤ ᠶᠢ ᠬᠢᠨᠠᠭᠤᠯᠬᠤ ᠪᠠᠷ ᠦᠣᠰᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠳᠤ ᠰᠢᠯᠵᠢᠭᠦᠯᠦᠨ ᠢᠷᠡᠭᠦᠯᠪᠡ᠃  ᠣᠳᠣᠬᠠᠨ ᠳᠤ᠂ ᠲᠣᠰ ᠬᠡᠷᠡᠭ  ᠢ ᠤᠯᠠᠮ ᠨᠢᠭᠡ ᠠᠯᠬᠤᠮ  ᠪᠠᠶᠢᠴᠠᠭᠠᠵᠣ ᠪᠣᠢ᠃


微信图片_20221019210503.jpg


ᠭᠡᠷ ᠤᠨ ᠠᠬᠠᠮᠠᠳ ᠲᠤ ᠰᠠᠨᠠᠭᠤᠯᠬᠤ ᠨᠢ᠄ ᠬᠡᠦᠬᠡᠳ ᠲᠤ ᠪᠠᠨ ᠬᠤᠯᠪᠣᠭ᠎ᠠ᠂ ᠰᠦᠯᠵᠢᠶ᠎ᠡ ᠪᠠᠷ ᠮᠡᠬᠡᠯᠡᠬᠦ ᠶᠢ ᠰᠡᠷᠭᠡᠶᠢᠯᠡᠬᠦ ᠬᠦᠮᠦᠵᠢᠯ ᠢ  ᠰᠠᠶᠢᠲᠤᠷ ᠬᠢᠵᠤ᠂ ᠢᠷᠡᠯᠲᠡ ᠨᠢ ᠲᠣᠳᠣᠷᠬᠠᠢ ᠦᠭᠡᠢ ᠣᠲᠠᠰᠣ᠂ ᠣᠬᠤᠷ ᠮᠡᠳᠡᠭᠡ᠂  ᠬᠤᠯᠪᠤᠭᠠᠰᠣ ᠵᠡᠷᠭᠡ ᠶᠢ ᠦᠵᠡᠬᠦ ᠦᠭᠡᠢ᠂ ᠤᠶᠢᠰᠢᠶᠠᠬᠤ ᠦᠭᠡᠢ ᠪᠠᠶᠢᠬᠤ ᠬᠡᠷᠡᠭᠲᠡᠢ ᠭᠡᠵᠦ ᠬᠡᠯᠡᠵᠦ  ᠦᠭᠭᠦᠭᠡᠷᠡᠢ ᠃ ᠡᠭᠦᠨ ᠠᠴᠠ ᠭᠠᠳᠠᠨ᠎ᠠ᠂ ᠭᠡᠷ ᠤᠨ ᠠᠬᠠᠮᠠᠳ ᠪᠠᠰᠠ ᠭᠠᠷ ᠣᠲᠠᠰᠦᠨ ᠤ ᠲᠣᠭᠠᠴᠠᠭ᠎ᠠ ᠬᠢᠬᠦ ᠵᠦᠭᠡᠯᠡᠨ ᠲᠣᠨᠤᠭ  ᠲᠤ ᠪᠠᠨ ᠬᠤᠷᠣᠭᠤᠨ ᠣᠷᠣᠮ ᠢᠶᠠᠷ ᠭᠦᠢᠴᠡᠳᠭᠡᠬᠦ᠂ ᠨᠢᠭᠤᠴᠠ ᠨᠤᠮᠧᠷ ᠲᠠᠭᠠᠷᠠᠭᠤᠯᠬᠤ ᠵᠡᠷᠭᠡ ᠰᠡᠷᠭᠡᠶᠢᠯᠡᠬᠦ ᠠᠷᠭ᠎ᠠ ᠬᠡᠮᠵᠢᠶ᠎ᠠ ᠠᠪᠬᠤ ᠬᠡᠷᠡᠭᠲᠡᠢ᠂ ᠬᠡᠷᠪᠡ ᠮᠡᠬᠡᠯᠡᠭᠳᠡᠭᠰᠡᠨ ᠢ ᠣᠯᠵᠣ ᠮᠡᠳᠡᠪᠡᠯ᠂ ᠭᠡᠷᠡᠴᠢ ᠪᠠᠷᠢᠮᠲᠠ ᠶᠢ ᠴᠠᠭ ᠲᠣᠬᠠᠢ ᠳᠤᠨᠢ ᠦᠯᠡᠳᠡᠭᠡᠬᠦ ᠶᠢᠨ ᠬᠠᠮᠲᠦ ᠴᠠᠭᠳᠠᠭ᠎ᠠ ᠳᠤ ᠬᠡᠷᠡᠭ ᠮᠡᠳᠡᠭᠦᠯᠬᠦ ᠬᠡᠷᠡᠭᠲᠡᠢ᠃


ᠢᠷᠭᠤᠢ ᠮᠡᠳᠡᠭᠡᠯᠡᠪᠡ


ᠢᠷᠡᠯᠲᠡ
ᠤᠷᠳᠣᠰ ᠬᠤᠲᠠ ᠶᠢᠨ ᠦᠣᠰᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro