ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠭᠠᠷ ᠬᠤᠯᠪᠤᠯᠴᠠᠨ ᠬᠢᠵᠢᠭ ᠢ ᠰᠡᠷᠭᠡᠶᠢᠯᠡᠶ᠎ᠡ

2022-10-20 16:39:15
ᠵᠣᠬᠢᠶᠠᠭᠴᠢ
ᠪᠣᠣ ᠭᠦᠸ᠋ᠸ ᠮᠸᠢ

 

                         

     ᠨᠠᠮᠤᠷ ᠴᠠᠭ ᠤᠨ ᠨᠠᠪᠴᠢᠰ ᠤᠯᠠᠷᠢᠯ ᠤᠨ ᠦᠩᠭᠡ ᠪᠠᠷ ᠰᠢᠷᠠᠯᠠᠳᠠᠭ ᠴᠦ

     ᠨᠠᠭᠠᠰᠢᠯᠠᠵᠤ ᠢᠷᠡᠳᠡᠭ ᠬᠠᠪᠤᠷ ᠲᠤ ᠪᠠᠨ ᠠᠬᠢᠭᠠᠳ ᠨᠠᠬᠢᠶᠠᠯᠠᠳᠠᠭ ᠤᠴᠢᠷ ᠲᠠᠢ

     ᠨᠠᠷᠮᠠᠢ ᠰᠠᠶᠢᠬᠠᠨ ᠡᠬᠡ ᠤᠷᠤᠨ ᠮᠢᠨᠢ ᠬᠢᠵᠢᠭ ᠤᠨ ᠮᠠᠨᠠᠨ ᠳᠤ ᠪᠦᠷᠭᠦᠭᠳᠡᠭᠰᠡᠨ ᠴᠦ

     ᠨᠢᠭᠳᠠᠷᠠᠵᠤ ᠪᠦᠯᠬᠦᠮᠳᠡᠭᠰᠡᠨ ᠪᠢᠳᠡᠨ ᠤ ᠬᠦᠴᠦᠨ ᠳᠤ ᠢᠯᠠᠯᠳᠠ ᠤᠯᠳᠠᠭ ᠤᠴᠢᠷ ᠲᠠᠢ

    

    

     ᠡᠬᠡ ᠰᠠᠶᠢᠬᠠᠨ ᠪᠠᠶᠢᠭᠠᠯᠢ ᠮᠢᠨᠢ ᠦᠭᠭᠢᠶᠡᠮᠦᠷ ᠵᠦᠭᠡᠯᠡᠨ ᠪᠠᠶᠢᠳᠠᠭ ᠠᠴᠠ

     ᠢᠷᠡᠬᠦ ᠮᠠᠷᠭᠠᠰᠢ ᠶᠢᠨ ᠬᠦᠰᠡᠯ ᠮᠢᠨᠢ ᠰᠠᠷᠠᠭᠤᠯ ᠭᠡᠭᠡᠨ ᠪᠠᠶᠢᠳᠠᠭ ᠶᠤᠮ

     ᠡᠷᠡᠬᠦᠯ ᠡᠩᠭᠡ ᠶᠢᠨ  ᠡᠯᠴᠢᠳ ᠤᠨ ᠵᠢᠳᠭᠦᠯ ᠨᠢ ᠢᠷᠠᠭᠤ ᠪᠠᠶᠢᠳᠠᠭ ᠠᠴᠠ

     ᠡᠰᠡᠨ ᠮᠡᠨᠳᠦ ᠡᠬᠡ ᠤᠯᠤᠰ ᠮᠢᠨᠢ ᠠᠮᠤᠷ ᠲᠤᠭᠳᠠᠭᠤᠨ ᠪᠠᠶᠢᠳᠠᠭ ᠶᠤᠮ

    

    

     ᠠᠭᠠᠷ ᠲᠡᠭᠷᠢ ᠶᠢᠨ ᠨᠠᠷᠠᠨ ᠢ ᠡᠬᠦᠯᠡ ᠬᠠᠯᠬᠠᠯᠠᠵᠤ ᠲᠡᠶᠢᠯᠳᠡᠭ ᠦᠭᠡᠢ

     ᠠᠭᠤᠤ ᠨᠠᠮ ᠤᠨ ᠬᠠᠯᠠᠮᠵᠢᠯᠠᠯ ᠲᠤᠤᠷ᠎ᠠ ᠬᠢᠵᠢᠭ ᠠᠴᠠ ᠪᠢᠳᠡ ᠰᠦᠷᠳᠡᠬᠦ ᠦᠬᠡᠢ

     ᠠᠷᠢᠭᠤᠨ ᠴᠡᠪᠡᠷ ᠢ ᠡᠷᠬᠢᠮᠯᠡᠨ ᠬᠠᠤᠯᠢ ᠲᠦᠷᠢᠮ ᠢ ᠵᠢᠷᠤᠮᠯᠠᠪᠠᠯ

     ᠠᠤᠭ᠎ᠠ ᠡᠬᠡ ᠤᠷᠤᠨ ᠳᠤ ᠪᠠᠨ ᠨᠡᠮᠡᠷᠢ ᠦᠵᠡᠬᠦᠯᠵᠦ ᠪᠠᠶᠢᠬᠤ ᠨᠢ ᠲᠡᠷᠡ

    

     

     ᠭᠠᠷᠬᠠᠯᠠᠨ ᠰᠠᠭᠤᠭᠰᠠᠨ ᠠᠨᠠᠷ ᠤᠨ ᠦᠷ᠎ᠡ ᠰᠢᠭ ᠲᠠᠪᠢᠨ ᠵᠢᠷᠭᠤᠭᠠᠨ ᠦᠨᠳᠦᠰᠦᠳᠡᠨ

     ᠭᠠᠷ ᠭᠠᠷ ᠢᠶᠠᠨ ᠬᠤᠯᠪᠤᠯᠴᠠᠨ ᠬᠢᠯᠢᠨᠴᠡᠳᠦ ᠬᠢᠵᠢᠭ ᠢ ᠰᠡᠷᠭᠡᠶᠢᠯᠡᠶ᠎ᠡ

     ᠠᠯᠬᠤᠨ ᠲᠤᠭᠤᠯᠬᠤ ᠦᠢᠯᠡᠰ ᠠᠮᠢᠳᠤᠷᠠᠯ ᠮᠢᠨᠢ ᠢᠳᠡᠭᠡᠯ ᠲᠦᠭᠦᠷᠡᠩ ᠪᠠᠶᠢᠬᠤ ᠶᠢ

     ᠠᠷᠪᠠᠨ ᠵᠦᠭ ᠲᠤ ᠪᠠᠨ ᠬᠡᠶᠢᠮᠤᠷᠢ ᠬᠤᠷᠤᠶᠢᠯᠠᠨ ᠵᠦᠩᠨᠡᠨ ᠵᠦᠩᠨᠡᠨ ᠪᠡᠯᠬᠡᠳᠡᠶ᠎ᠡ︕

                                 


                  2022.10.12

     

                  ᠵᠤᠬᠢᠶᠠᠭᠴᠢ᠄  ᠪᠣᠣ ᠭᠦᠸ᠋ᠸ ᠮᠸᠢ

     

    


ᠢᠷᠡᠯᠲᠡ
ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro