ᠮᠤᠩᠭᠤᠯ ᠬᠢᠳᠠᠳ ᠬᠤᠤᠰ ᠭᠡᠯᠡ ᠶᠢ ᠵᠢᠱᠢᠶᠡᠴᠢ ᠪᠠᠷ ᠭᠡᠷᠡᠭᠯᠡᠭᠡᠳ ᠦᠨᠳᠦᠰᠦᠳᠡᠨ ᠤ ᠤᠷᠤᠨ ᠨᠤᠲᠤᠭ ᠤᠨ ᠪᠠᠶᠢᠴᠠᠭᠠᠬᠤ ᠠᠵᠢᠯ ᠢ ᠠᠬᠢᠭᠤᠯᠵᠤ ᠪᠤᠢ
ᠦᠨᠳᠤᠰᠤᠳᠡᠨ ᠤ ᠪᠦᠯᠬᠦᠮᠳᠠᠯ ᠲᠠᠪᠰᠢᠯᠳᠠ ᠶᠢᠨ ᠵᠢᠱᠢᠶᠡᠴᠢ — ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠫᠠᠨ ᡁᠢ ᠷᠦᠩ ᠪᠦᠬᠦ ᠤᠷᠤᠨ ᠤ ᠬᠤᠤᠰ ᠭᠡᠯᠡᠨ ᠤ ᠪᠤᠯᠪᠠᠰᠤᠷᠠᠯ ᠠᠩᠬᠢ ᠲᠡᠭᠡᠷ᠎ᠡ ᠬᠢᠭᠰᠡᠨ ᠲᠤᠷᠰᠢᠯᠭ᠎ᠠ ᠲᠠᠨᠢᠯᠴᠠᠭᠤᠯᠭ᠎ᠠ
ᠭᠦᠨᠳᠦᠲᠤ ᠤᠳᠤᠷᠢᠳᠤᠯᠭ᠎ᠠ᠂ ᠬᠠᠮᠲᠤ ᠠᠵᠢᠯᠯᠠᠭᠰᠠᠳ ᠬᠠᠮᠲᠤ ᠰᠤᠷᠤᠯᠭᠠᠲᠠᠨ ᠨᠠᠷ ᠳᠠᠶᠠᠭᠠᠷ ᠢᠶᠠᠨ ᠰᠠᠶᠢᠨ ᠪᠠᠶᠢᠨᠤ︖
ᠪᠢ ᠪᠤᠯ ᠪᠤᠭᠤᠲᠤ ᠬᠤᠳᠠ ᠶᠢᠨ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠫᠠᠨ ᡁᠢ ᠷᠦᠩ᠂ ᠤᠳᠤ ᠪᠠᠶᠢᠴᠠᠭᠠᠬᠤ ᠬᠤᠷᠢᠶᠠᠨ ᠤ ᠮᠠᠨᠳᠤᠯ ᠪᠤᠭᠤᠮᠲᠠ ᠶᠢᠨ ᠪᠠᠶᠢᠴᠠᠭᠠᠬᠤ ᠲᠠᠰᠤᠭ ᠪᠤᠯᠤᠨ ᠰᠢᠪᠡᠷ ᠭᠦᠷᠢᠶ᠎ᠡ ᠪᠠᠯᠭᠠᠰᠤᠨ ᠤ ᠪᠠᠶᠢᠴᠠᠭᠠᠬᠤ ᠲᠠᠰᠤᠭ ᠤᠨ ᠡᠷᠬᠢᠯᠡᠭᠴᠢ ᠶᠢᠨ ᠠᠵᠢᠯ ᠢ ᠡᠭᠦᠷᠭᠡᠯᠡᠵᠦ ᠪᠤᠢ᠃ ᠶᠠᠭᠤᠨ ᠤ ᠤᠷᠢᠳᠠ ᠦᠪᠡᠷᠳᠡᠭᠡᠨ ᠵᠠᠰᠠᠬᠤ ᠤᠷᠤᠨ ᠤ ᠬᠤᠷᠢᠶᠠᠨ ᠠᠴᠠ ᠨᠠᠳᠠ ᠳᠤ ᠲᠤᠰ ᠤᠳᠠᠭᠠᠨ ᠤ ᠤᠯᠠᠨ ᠲᠠᠢ ᠬᠠᠮᠲᠤ ᠰᠤᠷᠤᠯᠴᠠᠵᠤ ᠶᠠᠷᠢᠯᠴᠠᠬᠤ ᠡᠷᠬᠢᠮ ᠨᠠᠨᠳᠢᠨ ᠵᠠᠪᠰᠢᠶᠠᠨ ᠤᠯᠭᠤᠭᠰᠠᠨ ᠳᠤ ᠮᠠᠰᠢ ᠶᠡᠭᠡ ᠲᠠᠯᠠᠷᠬᠠᠵᠦ ᠪᠠᠶᠢᠨ᠎ᠠ᠃ ᠦᠨᠦᠳᠦᠷ ᠤᠯᠠᠨ ᠲᠠᠢ ᠰᠤᠯᠢᠯᠴᠠᠨ ᠬᠤᠪᠢᠶᠠᠯᠴᠠᠬᠤ ᠭᠤᠤᠯ ᠰᠡᠳᠦᠪ ᠪᠤᠯ᠄ ᠦᠪᠡᠷ ᠤᠨ ᠮᠤᠩᠭᠤᠯ ᠬᠢᠳᠠᠳ ᠬᠤᠤᠰ ᠭᠡᠯᠡᠨ ᠤ ᠲᠠᠪᠠᠭᠤᠯᠢᠭ ᠢᠶᠠᠨ ᠪᠠᠳᠠᠷᠠᠭᠤᠯᠵᠦ᠂ ᠲᠤᠰ ᠬᠤᠷᠢᠶᠠᠨ ᠤ ᠮᠤᠩᠭᠤᠯ ᠬᠢᠳᠠᠳ ᠬᠤᠤᠰ ᠬᠡᠯᠡᠨ ᠤ ᠤᠨᠴᠠᠯᠢᠭ ᠲᠠᠢ ᠪᠠᠶᠢᠴᠠᠭᠠᠬᠤ ᠠᠵᠢᠯ ᠳᠤ ᠢᠳᠡᠪᠬᠢᠲᠠᠢ ᠤᠷᠤᠯᠴᠠᠵᠤ᠂ ᠲᠤᠰ ᠤᠷᠤᠨ ᠤ ᠪᠠᠨ ᠮᠠᠯᠴᠢᠨ ᠲᠦᠮᠡᠨ ᠳᠤ ᠨᠡᠩ ᠰᠠᠶᠢᠨ ᠢᠶᠠᠷ ᠦᠢᠯᠡᠴᠢᠯᠡᠬᠦ ᠰᠡᠳᠬᠢᠭᠳᠡᠯ ᠪᠤᠯᠤᠨ ᠮᠠᠨ ᠤ ᠬᠤᠷᠢᠶᠠᠨ ᠤ ᠮᠤᠩᠭᠤᠯ ᠬᠢᠳᠠᠳ ᠬᠤᠤᠰ ᠬᠡᠯᠡᠨ ᠤ ᠠᠵᠢᠯ ᠬᠡᠷᠡᠭᠵᠢᠭᠦᠯᠦᠯᠳᠡ ᠶᠢᠨ ᠲᠤᠮᠳᠠᠬᠢ ᠠᠪᠤᠭᠰᠠᠠ ᠠᠷᠭ᠎ᠠ ᠪᠠᠷᠢᠯ ᠪᠠ ᠤᠯᠤᠭᠰᠠᠠ ᠦᠷ᠎ᠡ ᠪᠦᠳᠦᠮᠵᠢ ᠶᠢᠨ ᠲᠤᠬᠠᠢ᠃
ᠨᠢᠭᠡ᠂ ᠮᠢᠨᠤ ᠮᠤᠩᠭᠤᠯ ᠬᠢᠳᠠᠳ ᠬᠤᠤᠰ ᠬᠡᠯᠡᠨ ᠤ ᠪᠠᠶᠢᠳᠠᠯ
ᠪᠢ ᠪᠤᠯ ᠬᠢᠳᠠᠳ ᠦᠨᠳᠦᠰᠦᠳᠡᠨ ᠭᠡᠪᠡᠴᠤ ᠪᠠᠭ᠎ᠠ ᠠᠴᠠ ᠪᠠᠨ ᠮᠠᠯᠵᠢᠬᠤ ᠤᠷᠤᠨ ᠳᠤ ᠠᠮᠢᠳᠤᠷᠠᠵᠦ᠂ ᠮᠤᠩᠭᠤᠯ ᠪᠢᠴᠢᠭ ᠦᠵᠡᠵᠠᠢ᠃ ᠠᠮᠢᠳᠤᠷᠠᠯ ᠤᠨ ᠵᠠᠩ ᠳᠠᠳᠬᠠᠯ ᠵᠡᠷᠭᠡ ᠨᠢ ᠮᠠᠨ ᠤ ᠮᠤᠩᠭᠤᠯ ᠦᠨᠳᠦᠰᠦᠲᠡᠨ ᠲᠠᠢ ᠦᠭᠡᠷ᠎ᠡ ᠦᠭᠡᠢ ᠪᠤᠯᠵᠠᠢ᠃ ᠡᠴᠢᠨᠡᠭᠡᠨ ᠵᠢᠯ ᠤᠨ ᠠᠵᠢᠯ ᠠᠮᠢᠳᠤᠷᠠᠯ ᠤᠨ ᠳᠤᠮᠳᠠ ᠮᠠᠯᠴᠢᠨ ᠲᠦᠮᠡᠨ ᠠᠴᠠ ᠰᠠᠯᠵᠦ ᠦᠩᠭᠡᠷᠡᠭᠡ ᠦᠭᠡᠢ᠂ ᠪᠢ ᠴᠤ ᠦᠪᠡᠷ ᠢ ᠪᠠᠨ ᠮᠠᠯᠴᠢᠨ ᠤ ᠭᠦᠤ᠂ ᠭᠦᠳᠡᠭᠡ ᠶᠢᠨ ᠭᠦᠤ ᠭᠡᠵᠦ ᠦᠵᠡᠳᠡᠭ᠃ ᠪᠢ 1985 ᠤᠨ ᠳᠤ ᠠᠵᠢᠯ ᠳᠤ ᠤᠷᠤᠵᠦ ᠬᠤᠰᠢᠭᠤᠨ ᠤ ᠬᠠᠤᠯᠢ ᠴᠠᠭᠠᠵᠠ ᠶᠢᠨ ᠲᠤᠪᠴᠢᠶ᠎ᠠ ᠳᠤ ᠠᠵᠢᠯᠯᠠᠵᠦ ᠪᠠᠶᠢᠪᠠ᠃1986 ᠤᠨ ᠳᠤ᠂ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠶᠢᠴᠠᠭᠠᠬᠤ ᠬᠤᠷᠢᠶᠠᠨ ᠳᠤ ᠮᠤᠩᠭᠤᠯ ᠬᠢᠳᠠᠳ ᠭᠡᠯᠡᠨ ᠳᠤ ᠨᠡᠪᠲᠡᠷᠭᠡᠢ ᠠᠵᠢᠯᠳᠠᠨ ᠭᠡᠷᠡᠭᠰᠡᠭᠦ ᠪᠤᠯᠤᠭᠰᠠᠨ ᠲᠤᠯᠠ ᠵᠣᠬᠢᠶᠠᠨ ᠪᠠᠶᠢᠭᠤᠯᠤᠯᠲᠠ ᠠᠴᠠ ᠨᠠᠳᠠ ᠶᠢ ᠪᠠᠶᠢᠴᠠᠭᠠᠬᠤ ᠬᠤᠷᠢᠶᠠᠨ ᠳᠤ ᠠᠵᠢᠯ ᠰᠢᠯᠵᠢᠭᠦᠯᠵᠦ ᠤᠳᠤ ᠭᠦᠷᠳᠡᠯ᠎ᠡ ᠠᠵᠢᠯᠯᠠᠭᠰᠠᠭᠠᠷ ᠨᠢᠭᠡᠨᠲᠡ ᠭᠤᠴᠢᠨ ᠵᠢᠯ ᠤᠨ ᠨᠢᠭᠤᠷ ᠢ ᠦᠵᠡᠵᠦ ᠪᠤᠢ᠃ ᠤᠯᠠᠨ ᠤ ᠮᠡᠳᠡᠭᠡᠵᠢ ᠪᠠᠷ᠂ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤ ᠪᠤᠯ ᠮᠠᠯᠵᠢᠬᠤ ᠬᠤᠰᠢᠭᠤ᠂ ᠪᠦᠬᠦ ᠬᠤᠰᠢᠭᠤᠨ ᠤ ᠬᠦᠮᠦᠨ ᠠᠮᠠ 12 ᠲᠦᠮᠡ᠂ ᠮᠤᠩᠭᠤᠯ ᠦᠨᠳᠦᠰᠦᠲᠡᠨ 1.73 ᠲᠦᠮᠡ ᠪᠠᠶᠢᠳᠠᠭ᠃ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠠᠴᠠ ᠮᠢᠨᠤ ᠮᠤᠩᠭᠤᠯ ᠬᠢᠳᠠᠳ ᠬᠤᠤᠰ ᠬᠡᠯᠡᠨ ᠳᠤ ᠨᠡᠪᠲᠡᠷᠡᠬᠦᠢ ᠭᠡᠮᠡᠬᠦ ᠤᠨᠴᠠᠯᠢᠭ ᠢ ᠪᠤᠳᠤᠯᠬᠢᠯᠠᠵᠦ ᠲᠤᠰ ᠤᠷᠤᠨ ᠳᠤ ᠪᠠᠨ ᠨᠡᠩ ᠰᠠᠶᠢᠨ ᠢᠶᠠᠷ ᠦᠢᠯᠡᠴᠢᠯᠡᠭᠦᠯᠬᠦ ᠶᠢᠨ ᠲᠦᠯᠦᠭᠡ᠂ ᠮᠤᠩᠭᠤᠯ ᠦᠨᠳᠦᠰᠦᠲᠡᠨ ᠤ ᠤᠯᠠᠨ ᠲᠦᠮᠡᠨ ᠤ ᠬᠡᠷᠡᠭ ᠵᠠᠷᠭᠤ᠂ ᠠᠰᠠᠭᠤᠵᠦ ᠰᠤᠷᠠᠬᠤ᠂ ᠤᠬᠠᠭᠤᠯᠬᠤ᠂ ᠬᠠᠤᠯᠢ ᠲᠦᠭᠡᠮᠡᠯᠵᠢᠭᠦᠯᠬᠦ ᠵᠡᠷᠭᠡ ᠠᠵᠢᠯ ᠢ ᠪᠦᠷ ᠨᠠᠳᠠ ᠶᠢ ᠲᠤᠮᠢᠯᠠᠵᠦ ᠰᠡᠢᠳᠪᠦᠷᠢᠯᠡᠭᠦᠯᠳᠡᠭ᠃ ᠮᠢᠨᠤ ᠠᠵᠢᠯ ᠤᠨ ᠪᠠᠶᠢᠷᠢ ᠠᠩᠬᠠᠨ ᠤ ᠡᠷᠡᠭᠦᠤ ᠶᠢᠨ ᠭᠡᠷᠡᠭ ᠢ ᠪᠠᠶᠢᠴᠠᠭᠠᠬᠤ ᠰᠠᠯᠠᠭ᠎ᠠ ᠳᠤ ᠪᠠᠶᠢᠭᠰᠠᠨ ᠠᠴᠠ ᠰᠡᠭᠦᠯ ᠤᠨ ᠦᠶ᠎ᠡ ᠶᠢᠨ ᠲᠤᠰᠢᠶᠠᠯ ᠢᠶᠠᠨ ᠭᠤᠲᠤᠭᠠᠵᠤ ᠡᠷᠬᠡ ᠳᠤ ᠬᠠᠯᠳᠠᠬᠤ ᠶᠢ ᠡᠰᠡᠷᠭᠦᠴᠡᠬᠦ ᠲᠣᠪᠴᠢᠶ᠎ᠠ᠂ ᠭᠢᠨᠳᠠᠨ ᠬᠤᠷᠢᠭᠤᠯ ᠪᠠᠶᠢᠴᠠᠭᠠᠬᠤ ᠰᠠᠯᠠᠭ᠎ᠠ ᠠᠴᠠ ᠤᠳᠤ ᠶᠢᠨ ᠪᠠᠶᠢᠴᠠᠭᠠᠬᠤ ᠲᠠᠰᠤᠭ ᠪᠤᠯᠳᠠᠯ᠎ᠠ ᠪᠦᠷ ᠠᠵᠢᠯ ᠤᠨ ᠨᠢᠭᠡᠳᠦᠭᠡᠷ ᠹᠷᠤᠨᠲ ᠳᠤ ᠠᠵᠢᠯᠯᠠᠵᠦ ᠪᠤᠢ᠃ ᠪᠢ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ 90% ᠠᠴᠠ ᠲᠡᠭᠡᠭᠰᠢᠬᠢ ᠮᠠᠯᠴᠢᠳ ᠤᠨ ᠰᠠᠭᠤᠷᠢᠰᠢᠯ ᠢᠶᠠᠷ ᠤᠴᠢᠵᠦ ᠦᠩᠭᠡᠷᠡᠪᠡ᠃ 90% ᠠᠴᠠ ᠲᠡᠭᠡᠭᠰᠢᠬᠢ ᠮᠠᠯᠴᠢᠳ ᠤᠨ ᠰᠠᠭᠤᠷᠢᠰᠢᠯ ᠤᠨ ᠪᠠᠶᠢᠳᠠᠯ ᠪᠦᠷ ᠮᠢᠨᠤ ᠲᠠᠷᠢᠬᠢᠨ ᠳᠤ ᠲᠤᠳᠤᠬᠠᠨ ᠪᠠᠶᠢᠨ᠎ᠠ᠃ ᠪᠢ ᠴᠤ ᠦᠢ ᠤᠯᠠᠨ ᠮᠠᠯᠴᠢᠨ ᠨᠠᠶᠢᠵᠠ ᠲᠠᠢ ᠪᠤᠯᠵᠠᠢ᠃ ᠤᠶᠢᠷ᠎ᠠ ᠶᠢᠨ ᠭᠤᠴᠢᠨ ᠵᠢᠯ ᠳᠤ ᠮᠢᠨᠤ ᠰᠡᠢᠳᠪᠦᠷᠢᠯᠡᠭᠰᠡᠨ ᠭᠡᠷᠡᠭ ᠵᠠᠷᠭᠤ 600 ᠭᠠᠷᠤᠢ ᠪᠠᠶᠢᠵᠦ᠂100 ᠰᠢᠬᠠᠮ ᠤᠳᠠᠭᠠᠨ ᠤ ᠵᠦᠷᠢᠴᠡᠯ ᠮᠦᠷᠭᠦᠯᠳᠡᠭᠡᠨ ᠢ ᠨᠠᠮᠳᠠᠭᠤᠯᠪᠠ᠃
ᠮᠢᠨᠤ ᠤᠯᠤᠯᠲᠠ ᠲᠦᠷᠦᠭᠳᠡᠯ᠄
︵ᠨᠢᠭᠡ︶ ᠮᠤᠩᠭᠤᠯ ᠬᠡᠯᠡ ᠪᠤᠯ ᠮᠤᠩᠭᠤᠯ ᠦᠨᠳᠦᠰᠦᠳᠡᠨ ᠤ ᠤᠯᠠᠨ ᠲᠦᠮᠡᠨ ᠤ ᠰᠡᠵᠢᠭᠯᠡᠯ ᠡᠷᠡᠭᠡᠯᠵᠡᠯ ᠤᠨ ᠰᠡᠳᠬᠢᠴᠡ ᠶᠢ ᠲᠠᠶᠢᠯᠬᠤ ᠳᠦᠯᠬᠢᠭᠦᠷ ᠮᠦᠨ᠃
ᠮᠢᠨᠤ ᠠᠳᠡ ᠡᠶᠢᠮᠤ ᠨᠢᠭᠡ ᠵᠢᠱᠢᠶ᠎ᠡ ᠪᠤᠢ᠂ ᠤᠯᠠᠨ ᠲᠠᠢ ᠬᠤᠪᠢᠶᠠᠯᠴᠠᠶ᠎ᠠ᠄ ᠪᠢ ᠲᠦᠷᠪᠡᠨ ᠵᠢᠯ ᠤᠨ ᠡᠮᠤᠨ᠎ᠡ ᠨᠠᠰᠤᠨ ᠳᠤ ᠦᠯᠦ ᠬᠦᠷᠦᠭᠰᠡᠳ ᠤᠨ ᠲᠤᠨᠤᠨ ᠳᠡᠭᠡᠷᠡᠮᠳᠦᠭᠰᠡᠨ ᠭᠡᠷᠡᠭ ᠢ ᠬᠦᠯᠢᠶᠡᠨ ᠠᠪᠴᠤ ᠰᠡᠢᠳᠪᠦᠷᠢᠯᠡᠪᠡ᠃ ᠭᠤᠷᠪᠠᠨ ᠭᠡᠷᠡᠭ ᠤᠨ ᠰᠡᠵᠢᠭᠲᠡᠨ ᠨᠢ ᠪᠦᠷ ᠮᠤᠩᠭᠤᠯ ᠭᠡᠤᠭᠡᠳ ᠪᠠᠶᠢᠵᠤ᠂ ᠪᠢ ᠲᠡᠳᠡᠨ ᠤ ᠡᠳᠦᠷ ᠲᠤᠳᠤᠮ ᠤᠨ ᠠᠮᠢᠳᠤᠷᠠᠯ ᠳᠤ ᠪᠠᠨ ᠮᠤᠩᠭᠤᠯ ᠢᠶᠠᠷ ᠶᠠᠷᠢᠳᠠᠭ ᠢ ᠤᠶᠢᠯᠠᠭᠠᠭᠰᠠᠨ ᠤ ᠳᠠᠷᠠᠭ᠎ᠠ ᠰᠢᠬᠦᠨ ᠠᠰᠠᠭᠤᠬᠤ ᠳᠠᠭᠠᠨ ᠮᠤᠩᠭᠤᠯ ᠢᠶᠠᠷ ᠶᠠᠷᠢᠵᠠᠢ᠃ ᠨᠡᠩ ᠢᠯᠠᠩᠭᠤᠶ᠎ᠠ ᠨᠢᠭᠡᠳᠤᠭᠡᠷ ᠤᠳᠠᠭ᠎ᠠ ᠰᠢᠬᠦᠬᠦ ᠳᠤ ᠪᠠᠨ ᠪᠢ ᠦᠪᠡᠷ ᠤᠨ ᠭᠡᠤᠭᠡᠳ ᠲᠠᠢ ᠪᠠᠨ ᠶᠠᠷᠢᠵᠤ ᠪᠠᠶᠢᠬᠤ ᠰᠢᠭ᠋ ᠤᠪᠤᠷ ᠢᠶᠠᠷ ᠲᠡᠳᠡᠨ ᠲᠠᠢ ᠶᠠᠷᠢᠯᠴᠠᠵᠦ᠂ ᠮᠤᠩᠭᠤᠯ ᠢᠶᠠᠷ ᠶᠠᠷᠢᠵᠦ ᠡᠬᠢᠯᠡᠭᠰᠡᠨ ᠳᠤ ᠤᠭ ᠤᠨ ᠳᠤᠷᠤᠭᠰᠢ ᠬᠠᠷᠠᠵᠦ ᠦᠭᠡ ᠶᠠᠷᠢᠬᠤ ᠦᠭᠡᠢ ᠵᠦᠷᠢᠭᠦᠳ ᠭᠡᠤᠭᠡᠳ ᠤᠳ ᠪᠠᠶᠢᠭᠰᠠᠨ ᠠᠴᠠ ᠪᠠᠨ ᠦᠪᠡᠷ ᠢᠶᠠᠨ ᠪᠤᠷᠤᠭᠤ ᠪᠠᠨ ᠮᠡᠳᠡᠵᠦ᠂ ᠭᠡᠮᠰᠢᠵᠦ᠂ ᠦᠪᠡᠷ ᠤᠨ ᠪᠠᠶ᠎ᠠ ᠪᠠᠨ ᠢᠳᠡᠪᠬᠢᠲᠠᠢ ᠦᠭᠡᠷᠡᠴᠢᠯᠡᠵᠦ ᠨᠡᠶᠢᠭᠡᠮ ᠳᠤ ᠲᠤᠰᠠᠲᠠᠢ ᠭᠦᠮᠦᠨ ᠪᠤᠯᠬᠤ ᠪᠠᠷ ᠵᠤᠷᠢᠭ ᠰᠢᠭᠤᠳᠵᠠᠭᠠᠪᠠ᠃ ᠲᠤᠬᠠᠢ ᠶᠢᠨ ᠦᠶ᠎ᠡ ᠶᠢᠨ ᠡᠨᠡ ᠭᠡᠷᠡᠭ ᠵᠠᠷᠭᠤ ᠮᠢᠨᠦ ᠰᠡᠳᠬᠢᠯ ᠳᠤ ᠭᠦᠨ ᠰᠠᠭᠤᠭᠳᠠᠭᠰᠠᠨ᠂ ᠮᠢᠨᠤ ᠪᠤᠳᠤᠬᠤ ᠪᠠᠷ ᠮᠠᠨ ᠤ ᠪᠠᠶᠢᠴᠠᠭᠠᠬᠤ ᠪᠠᠶᠢᠭᠤᠯᠭ᠎ᠠ ᠶᠢᠨ ᠬᠢᠨ ᠲᠤᠬᠠᠢ ᠶᠢᠨ ᠭᠡᠷᠡᠭᠲᠡᠨ ᠲᠠᠢ ᠶᠠᠷᠢᠯᠴᠠᠬᠤ ᠳᠤ ᠪᠠᠨ ᠲᠡᠳᠡᠨ ᠤ ᠡᠬᠡ ᠬᠡᠯᠡ ᠪᠠᠷ ᠨᠢ ᠶᠠᠷᠢᠯᠴᠠᠪᠠᠯ᠂ ᠶᠠᠭ ᠯᠠ ᠴᠤᠤᠵᠢ ᠶᠢᠨ ᠲᠦᠯᠬᠢᠭᠦᠷ ᠢ ᠠᠳᠬᠤᠵᠦ ᠪᠠᠶᠢᠭ᠎ᠠ ᠲᠠᠢ ᠠᠳᠠᠯᠢ ᠭᠡᠵᠦ ᠦᠵᠡᠳᠡᠭ᠃ ᠪᠠᠰᠠ ᠨᠢᠭᠡ ᠤᠳᠠᠭᠠᠨ ᠤ ᠦᠪᠡᠷ ᠤᠨ ᠪᠡᠶ᠎ᠠ ᠪᠠᠷ ᠢᠶᠠᠨ ᠦᠩᠭᠡᠷᠡᠭᠦᠯᠦᠭᠰᠡᠨ ᠭᠡᠷᠡᠭ ᠮᠦᠨ ᠴᠤ ᠡᠨᠡ ᠲᠠᠯ᠎ᠠ ᠶᠢ ᠬᠠᠷᠠᠭᠤᠯᠵᠤ ᠲᠡᠶᠢᠯᠦᠨ᠎ᠡ᠃ 1996 ᠤᠨ ᠳᠤ᠂ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠶᠠᠨᠬᠤᠸᠠ ᠪᠠᠯᠭᠠᠰᠣᠨ ᠤ ᠮᠠᠯᠴᠢᠨ ᠳᠦᠪᠰᠢᠨ ᠡ ᠤᠪᠤᠭᠲᠤ ᠲᠠᠢ ᠠᠷᠢᠬᠢ ᠤᠤᠭᠤᠵᠦ ᠬᠡᠷᠡᠭᠦᠯ ᠵᠤᠳᠤᠭᠠᠨ ᠪᠤᠯᠵᠦ ᠡ ᠤᠪᠤᠭᠲᠤ ᠶᠢ ᠰᠢᠷᠬᠠᠲᠤᠭᠤᠯᠪᠠ᠃ ᠳᠤᠲᠤᠭᠠᠲᠤ ᠶᠢ ᠬᠠᠮᠠᠭᠠᠯᠠᠬᠤ ᠲᠤᠪᠴᠢᠶ᠎ᠠ ᠪᠠᠶᠢᠳᠠᠯ ᠢ ᠤᠶᠢᠯᠭᠠᠭᠰᠠᠨ ᠤ ᠳᠠᠷᠠᠭ᠎ᠠ᠂ ᠲᠦᠪᠰᠢᠨ ᠢ ᠡ ᠤᠪᠤᠭᠲᠤ ᠳᠤ ᠪᠤᠷᠤᠭᠤ ᠭᠦᠯᠢᠶᠡᠵᠦ ᠲᠦᠯᠦᠪᠦᠷᠢ ᠦᠭᠬᠦᠬᠦᠯᠬᠦ ᠪᠠᠷ ᠲᠠᠰᠤᠯᠪᠠ᠃ ᠭᠡᠪᠡᠴᠤ ᠲᠦᠪᠰᠢᠨ ᠪᠤᠷᠤᠭᠤ ᠬᠦᠯᠢᠶᠡᠬᠦ ᠦᠭᠡᠢ ᠮᠦᠷᠳᠡᠬᠡᠨ ᠲᠦᠯᠦᠪᠦᠷᠢ ᠦᠭᠬᠦ ᠦᠭᠡᠢ ᠪᠠᠶᠢᠪᠠ᠃ ᠪᠢ ᠡᠨᠡ ᠪᠠᠶᠢᠳᠠᠯ ᠢ ᠤᠶᠢᠯᠠᠭᠠᠭᠰᠠᠨ ᠤ ᠳᠠᠷᠠᠭ᠎ᠠ᠂ ᠰᠠᠨᠠᠭᠠᠴᠢᠯᠠᠭ᠎ᠠ ᠠᠴᠠ ᠪᠠᠨ ᠳᠦᠪᠰᠢᠨ ᠢ ᠡᠷᠢᠵᠦ ᠮᠤᠩᠭᠤᠯ ᠢᠶᠠᠷ ᠡᠨᠡ ᠭᠡᠷᠡᠭ ᠤᠨ ᠲᠤᠬᠠᠢ ᠰᠠᠶᠢᠬᠠᠨ ᠶᠠᠷᠢᠯᠴᠠᠵᠦ᠂ ᠲᠤᠰ ᠭᠡᠷᠡᠭ ᠨᠢ ᠬᠠᠤᠯᠢ ᠵᠦᠷᠢᠴᠡᠭᠰᠡᠨ ᠭᠡᠳᠡᠭ ᠢ ᠲᠡᠭᠦᠨ ᠳᠤ ᠮᠡᠳᠡᠭᠦᠯᠪᠡ᠃ ᠢᠩᠬᠢᠵᠦ ᠭᠦᠯᠢᠴᠡᠩᠭᠦᠢ ᠶᠠᠷᠢᠯᠴᠠᠭᠰᠠᠨ ᠤ ᠳ᠋ᠦᠩ ᠳᠤ ᠲᠦᠪᠰᠢᠨ ᠡᠷᠡᠭᠡᠯᠵᠡᠯ ᠢᠶᠠᠨ ᠲᠠᠶᠠᠭᠳᠠᠵᠦ ᠡ ᠤᠪᠤᠭᠲᠤ ᠳᠤ ᠪᠤᠷᠤᠭᠤ ᠬᠦᠯᠢᠶᠡᠵᠦ ᠲᠦᠯᠦᠪᠦᠷᠢ ᠶᠢᠨ ᠮᠦᠩᠬᠦ ᠦᠭᠪᠡ᠃ ᠡᠨᠡ ᠤᠴᠢᠷ ᠢᠶᠠᠷ ᠳᠠᠮᠵᠢᠨ ᠲᠦᠪᠰᠢᠨ ᠪᠢᠳᠠ ᠬᠤᠶᠠᠷ ᠰᠠᠶᠢᠨ ᠠᠨᠳᠠ ᠪᠤᠯᠵᠠᠢ᠃ ᠪᠢ ᠭᠦᠳᠡᠭᠡ ᠪᠠᠭᠤᠬᠤ ᠪᠤᠯᠭᠠᠨ ᠳᠦᠪᠰᠢᠨ ᠤ ᠭᠡᠷ ᠢᠶᠠᠷ ᠤᠴᠢᠵᠦ ᠭᠦᠴᠢᠷᠳᠡᠯ ᠢ ᠨᠢ ᠠᠰᠠᠭᠤᠨ ᠰᠡᠢᠳᠪᠦᠷᠢᠯᠡᠳᠡᠭ᠃ ᠬᠡᠤᠬᠡᠳ ᠨᠢ ᠰᠤᠷᠭᠠᠭᠤᠯᠢ ᠡᠬᠢᠯᠡᠬᠦ ᠳᠤ ᠰᠤᠷᠤᠯᠭ᠎ᠠ ᠶᠢᠨ ᠰᠦᠢᠳᠭᠡᠯ ᠬᠦᠷᠦᠯᠴᠡᠬᠦ ᠦᠭᠡᠢ ᠪᠠᠶᠢᠬᠤ ᠳᠤ ᠪᠢ ᠭᠡᠷ ᠠᠴᠠ ᠪᠠᠨ 3000 ᠲᠦᠭᠦᠷᠢᠭ ᠢᠶᠠᠷ ᠲᠤᠰᠠᠯᠠᠪᠠ᠃ ᠡᠪᠤᠯ ᠵᠤᠳ ᠪᠤᠯᠵᠦ᠂ ᠮᠠᠯ ᠤᠨ ᠲᠡᠵᠢᠭᠡᠯ ᠪᠤᠷᠳᠤᠭ᠎ᠠ ᠠᠪᠬᠤ ᠵᠤᠭᠤᠰ ᠦᠭᠡᠢ ᠪᠠᠶᠢᠬᠤ ᠳᠤ ᠪᠢ ᠪᠠᠲᠤᠯᠠᠨ ᠪᠠᠩᠬᠢ ᠠᠴᠠ ᠵᠢᠭᠡᠯᠡᠯᠭᠡ ᠠᠪᠴᠤ ᠦᠭᠪᠡ᠃ ᠤᠳᠤ ᠪᠢᠳᠠ ᠬᠤᠶᠠᠷ ᠠᠬ᠎ᠠ ᠳᠡᠭᠦᠤ ᠬᠤᠶᠠᠷ ᠰᠢᠭ᠋ ᠶᠠᠪᠤᠯᠴᠠᠵᠦ ᠪᠠᠶᠢᠨ᠎ᠠ᠃ ᠡᠨᠡ ᠬᠡᠳᠤᠨ ᠵᠢᠯ ᠤᠨ ᠠᠵᠢᠯ ᠤᠨ ᠳᠤᠮᠳᠠ ᠠᠴᠠ ᠪᠢ ᠮᠤᠩᠭᠤᠯ ᠭᠡᠯᠡ ᠪᠤᠯ ᠲᠤᠬᠠᠢ ᠶᠢᠨ ᠭᠡᠷᠡᠭᠲᠡᠨ ᠲᠠᠢ ᠰᠡᠳᠬᠢᠯ ᠰᠠᠨᠠᠯ ᠢᠶᠠᠨ ᠰᠤᠯᠢᠯᠴᠠᠵᠦ᠂ ᠰᠡᠳᠭᠢᠯ ᠤᠨ ᠰᠡᠵᠢᠭᠯᠡᠯ ᠡᠷᠡᠭᠡᠯᠵᠡᠯ ᠢ ᠲᠠᠶᠢᠯᠬᠤ ᠰᠠᠶᠢᠨ ᠲᠦᠯᠬᠢᠭᠦᠷ ᠮᠦᠨ᠂ ᠮᠦᠨᠴᠤ ᠠᠵᠢᠯ ᠢᠶᠠᠨ ᠨᠡᠩ ᠰᠠᠶᠢᠨ ᠢᠶᠠᠷ ᠦᠷᠨᠢᠭᠦᠯᠬᠦ ᠶᠢᠨ ᠪᠠᠳᠤᠯᠠᠭ᠎ᠠ ᠮᠦᠨ ᠭᠡᠳᠡᠭ ᠢ ᠤᠶᠢᠯᠠᠭᠠᠵᠦ ᠮᠡᠳᠡᠪᠡ᠃
︵ᠬᠤᠶᠠᠷ︶ ᠮᠣᠩᠭᠤᠯ ᠬᠢᠲᠠᠳ ᠬᠤᠣᠰ ᠬᠡᠯᠡ ᠪᠠᠷ ᠪᠠᠶᠢᠴᠠᠭᠠᠬᠤ ᠴᠢᠳᠠᠮᠵᠢ ᠶᠢ ᠰᠤᠩᠭᠠᠬᠤ ᠨᠢ ᠣᠯᠠᠨ ᠲᠦᠮᠡᠨ ᠤ ᠮᠠᠭᠲᠠᠭᠠᠯ ᠢ ᠣᠯᠵᠠᠢ
ᠨᠢᠭᠡ᠂ ︿ᠪᠠᠶᠢᠴᠠᠭᠠᠬᠤ ᠬᠤᠷᠢᠶ᠎ᠠ ᠪᠣᠯᠤᠨ ᠠᠷᠠᠳ ᠲᠦᠮᠡᠨ ᠤ ᠬᠠᠷᠢᠯᠴᠠᠬᠤ ᠺᠠᠷᠲ﹀ ᠪᠠᠷ ᠪᠠᠶᠢᠴᠠᠭᠠᠬᠤ ᠴᠢᠳᠠᠮᠵᠢ ᠶᠢ ᠰᠤᠩᠭᠠᠵᠠᠢ᠃ ᠪᠢ ᠲᠠ ᠪᠦᠬᠦᠨ ᠳᠤ ᠨᠢᠭᠡ ᠶᠠᠭᠤᠮ᠎ᠠ ᠶᠢ ᠦᠵᠡᠭᠦᠯᠦᠶ᠎ᠡ᠃ ᠡᠨᠡ ᠪᠣᠯ ᠮᠠᠨ ᠤ ᠪᠠᠶᠢᠴᠠᠭᠠᠬᠤ ᠲᠠᠰᠤᠭ ᠤᠨ ᠬᠡᠪᠯᠡᠭᠰᠡᠨ ᠮᠣᠩᠭᠤᠯ ᠬᠢᠲᠠᠳ ᠬᠤᠣᠰ ᠬᠡᠯᠡᠨ ᠤ ︿ᠪᠠᠶᠢᠴᠠᠭᠠᠬᠤ ᠬᠤᠷᠢᠶ᠎ᠠ ᠪᠣᠯᠤᠨ ᠠᠷᠠᠳ ᠲᠦᠮᠡᠨ ᠤ ᠬᠠᠷᠢᠯᠴᠠᠬᠤ ᠺᠠᠷᠲ﹀᠂ ᠡᠨᠡ ᠺᠠᠷᠲ ᠮᠠᠨ ᠤ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠮᠠᠯᠴᠢᠨ ᠤ ᠳᠤᠮᠳᠠ ᠶᠡᠭᠡ ᠨᠡᠷ᠎ᠡ ᠭᠠᠷᠤᠭᠰᠠᠠ ᠪᠠᠶᠢᠨ᠎ᠠ᠃ ᠪᠢ ᠪᠠᠶᠢᠴᠠᠭᠠᠬᠤ ᠲᠠᠰᠤᠭ ᠤᠨ ᠠᠵᠢᠯᠲᠠᠨ ᠲᠠᠢ ᠪᠠᠨ ᠮᠠᠯᠵᠢᠬᠤ ᠣᠷᠤᠨ ᠳᠤ ᠲᠣᠭᠤᠷᠢᠨ ᠰᠤᠷᠪᠤᠯᠵᠢᠯᠠᠬᠤ ᠳᠤ ᠪᠠᠨ ᠮᠠᠯᠴᠢᠨ ᠳᠤ ᠲᠠᠷᠬᠠᠭᠠᠵᠤ ᠥᠭᠭᠦᠭᠰᠡᠨ᠂ ᠣᠳᠣ ᠡᠨᠡ ᠺᠠᠷᠲ ᠪᠠᠷᠤᠭ ᠮᠠᠨ ᠤ ᠬᠤᠰᠢᠭᠤᠨ ᠤ ᠮᠠᠯᠴᠢᠨ ᠪᠣᠯᠭᠠᠨ ᠤ ᠭᠠᠷ ᠲᠤ ᠪᠦᠷ ᠨᠢᠭᠡ ᠬᠤᠪᠢ ᠪᠠᠶᠢᠨ᠎ᠠ᠃ ᠺᠠᠷᠲ ᠲᠡᠭᠡᠷ᠎ᠡ ᠮᠢᠨᠤ ᠭᠠᠷ ᠤᠳᠠᠰᠤᠨ ᠤ ᠳ᠋ᠤᠭᠠᠷ ᠪᠠᠶᠢᠬᠤ ᠪᠤᠯᠬᠤᠷ ᠶᠡᠭᠡ ᠶᠠᠭᠠᠷᠠᠯᠲᠠᠢ ᠪᠣᠯᠵᠠᠢ᠃ ᠮᠠᠯᠴᠢᠳ ᠭᠡᠷ ᠲᠡᠭᠡᠨ ᠶᠠᠮᠠᠷ ᠤᠴᠢᠷ ᠭᠠᠷᠤᠭᠰᠠᠨ ᠴᠤ ᠪᠦᠷ ᠨᠠᠳᠠ ᠳᠤ ᠤᠲᠠᠰᠤ ᠶᠠᠪᠤᠭᠤᠯᠬᠤ ᠳᠤᠷᠠᠲᠠᠢ᠃ ᠪᠢ ᠴᠤ ᠥᠪᠡᠷ ᠤᠨ ᠴᠢᠳᠠᠯ ᠤᠨ ᠬᠢᠷᠢ ᠪᠠᠷ ᠢᠶᠠᠨ ᠰᠢᠢᠳᠪᠦᠷᠢᠯᠡᠵᠦ ᠳᠡᠶᠢᠯᠪᠡᠯ ᠰᠢᠢᠳᠪᠦᠷᠢᠯᠡᠵᠦ ᠥᠭᠳᠡᠭ᠂ ᠪᠢᠳᠡ ᠪᠣᠯ ᠠᠯᠪᠠᠨ ᠤ ᠠᠵᠢᠯᠲᠠᠨ᠂ ᠮᠠᠯᠴᠢᠳ ᠢ ᠪᠤᠳᠤᠪᠠᠯ ᠠᠷᠪᠢᠨ ᠤᠴᠢᠷ ᠰᠢᠢᠳᠪᠦᠷᠢᠯᠡᠬᠦ ᠠᠷᠭ᠎ᠠ ᠵᠠᠮ ᠲᠠᠢ ᠭᠡᠵᠦ ᠪᠤᠳᠤᠳᠠᠭ᠃ ᠪᠢ ᠪᠠᠰᠠ ᠨᠢᠭᠡ ᠦᠯᠢᠭᠡᠷ ᠵᠢᠱᠢᠶ᠎ᠡ ᠶᠠᠷᠢᠶ᠎ᠠ᠂ 2012 ᠣᠨ ᠤ 8 ᠰᠠᠷ᠎ᠠ ᠶᠢᠨ ᠦᠶ᠎ᠡ ᠳᠤ ᠪᠢ ᠪᠠᠶ᠋ᠬᠠᠤᠪᠤᠭ᠎ᠠ ᠰᠤᠮᠤ ᠵᠢᠨᠲ᠋ᠠᠪᠰᠢᠯᠲᠠ ᠭᠠᠴᠠᠭ᠎ᠠ ᠳᠤ ᠲᠣᠭᠤᠷᠢᠨ ᠰᠤᠷᠪᠤᠯᠵᠢᠯᠠᠬᠤ ᠳᠤ ᠮᠠᠯᠴᠢᠨ ᠹᠦ᠋ ᠨᠠᠳᠠ ᠳᠤ ᠥᠪᠡᠷ ᠤᠨ ᠵᠣᠪᠠᠭᠤᠷᠢ ᠪᠠᠨ ᠶᠠᠷᠢᠪᠠ᠃ ᠮᠠᠯᠴᠢᠨ ᠹᠦ᠋ ᠪᠣᠯᠣᠨ ᠮᠠᠯᠴᠢᠨ ᠸᠠᠩ ᠪᠣᠯ ᠠᠶᠢᠯ ᠰᠠᠭᠠᠬᠠᠯᠲᠠ᠂ ᠬᠤᠶᠠᠷ ᠠᠶᠢᠯ ᠤᠨ ᠳᠠᠭᠠᠭᠠᠴᠢᠯᠠᠭᠰᠠᠨ ᠪᠡᠯᠴᠢᠭᠡᠷ ᠪᠠᠰᠠ ᠬᠤᠭᠤᠷᠤᠨᠳᠤ ᠪᠠᠨ ᠵᠠᠯᠭᠠᠯᠳᠤᠵᠤ ᠪᠠᠶᠢᠨ᠎ᠠ᠂ ᠭᠡᠪᠡᠴᠦ 2002 ᠣᠨ ᠠᠴᠠ ᠡᠬᠢᠯᠡᠨ ᠮᠠᠯᠴᠢᠨ ᠸᠠᠩ ᠮᠠᠯᠴᠢᠨ ᠹᠦ᠋ ᠶᠢᠨ ᠪᠡᠯᠴᠢᠭᠡᠷ ᠳᠡᠭᠡᠷ᠎ᠡ ᠪᠠᠶᠢᠰᠢᠩ᠂ ᠬᠤᠨᠢᠨ ᠤ ᠬᠠᠰᠢᠶ᠎ᠠ ᠪᠣᠯᠤᠨ ᠬᠤᠶᠠᠷ ᠵᠢᠭᠠᠰᠤᠨ ᠤ ᠴᠦᠬᠦᠷᠦᠮ ᠢ ᠪᠠᠷᠢᠵᠠᠢ᠃ ᠠᠷᠪᠠᠨ ᠵᠢᠯ ᠥᠩᠭᠡᠷᠡᠪᠡ᠂ ᠬᠤᠶᠠᠷ ᠠᠶᠢᠯ ᠤᠨ ᠵᠦᠷᠢᠴᠡᠯ ᠤᠯᠠᠮ ᠰᠢᠷᠤᠬᠦᠰᠴᠤ ᠬᠤᠶᠠᠷ ᠠᠶᠢᠯ ᠤᠨ ᠠᠵᠢᠯ ᠠᠮᠢᠳᠤᠷᠠᠯ ᠢ ᠨᠥᠯᠥᠭᠡᠯᠡᠭᠰᠡᠨ ᠪᠠᠶᠢᠨ᠎ᠠ᠃ ᠤᠴᠢᠷ ᠢ ᠣᠶᠢᠯᠠᠭᠠᠭᠰᠠᠨ ᠤ ᠳᠠᠷᠠᠭ᠎ᠠ᠂ ᠪᠢ ᠰᠤᠮᠦ᠂ ᠭᠠᠴᠠᠭ᠎ᠠ ᠶᠢᠨ ᠵᠠᠰᠠᠭ ᠤᠨ ᠣᠷᠳᠤᠨ᠂ ᠨᠤᠲᠤᠭ ᠪᠡᠯᠴᠢᠭᠡᠷ ᠤᠨ ᠬᠢᠨᠠᠨ ᠬᠠᠮᠢᠶᠠᠷᠤᠯᠲᠠ ᠶᠢᠨ ᠲᠣᠪᠴᠢᠶ᠎ᠠ ᠶᠢᠨ ᠠᠵᠢᠯᠲᠠᠨ ᠲᠠᠢ ᠬᠠᠮᠲᠤ ᠪᠠᠷ ᠰᠢᠢᠳᠪᠦᠷᠢᠯᠡᠬᠦ ᠠᠷᠭ᠎ᠠ ᠶᠢ ᠵᠥᠪᠳᠡᠨ ᠶᠠᠷᠢᠯᠴᠠᠵᠤ᠂ ᠮᠠᠯᠴᠢᠨ ᠹᠦ᠋ ᠪᠣᠯᠣᠨ ᠮᠠᠯᠴᠢᠨ ᠸᠠᠩ ᠤᠨ ᠭᠡᠷ ᠲᠤ ᠠᠶᠢᠯᠴᠢᠯᠠᠵᠤ ᠤᠴᠢᠷ ᠤᠨ ᠥᠩᠭᠡᠷᠡᠯᠲᠡ ᠶᠢ ᠣᠶᠢᠯᠠᠭᠠᠵᠤ᠂ ᠵᠠᠷᠢᠮ ᠦᠶ᠎ᠡ ᠳᠤ ᠬᠤᠶᠠᠷ ᠠᠶᠢᠯ ᠤᠨ ᠪᠡᠯᠴᠢᠭᠡᠷ ᠳᠡᠭᠡᠷ᠎ᠡ ᠰᠠᠭᠤᠨ ᠶᠠᠷᠢᠯᠴᠠᠵᠤ᠂ ᠲᠡᠳᠡ ᠨᠠᠷ ᠢ ᠬᠠᠪᠰᠤᠷᠤᠵᠤ ᠰᠠᠶᠢᠨ ᠲᠠᠯ᠎ᠠ ᠮᠠᠭᠤ ᠲᠠᠯ᠎ᠠ ᠶᠢ ᠵᠠᠳᠠᠯᠤᠨ ᠰᠢᠨᠵᠢᠯᠡᠵᠦ ᠬᠤᠶᠠᠷ ᠠᠶᠢᠯ ᠤᠨ ᠤᠬᠠᠭᠤᠯᠬᠤ ᠠᠵᠢᠯ ᠢ ᠬᠠᠯᠠᠰᠢᠷᠠᠯ ᠦᠭᠡᠢ ᠬᠢᠪᠡ᠃ ᠬᠠᠮᠤᠭ ᠤᠨ ᠡᠴᠦᠰ ᠲᠤ ᠬᠤᠶᠠᠷ ᠠᠶᠢᠯ ᠡᠶᠡᠳᠡᠬᠦ ᠬᠡᠯᠡᠯᠴᠡᠭᠡᠷ ᠶᠠᠷᠢᠨ ᠲᠣᠭᠲᠠᠵᠤ᠂ ᠮᠠᠯᠴᠢᠨ ᠸᠠᠩ ᠥᠪᠡᠷ ᠤᠨ ᠪᠡᠯᠴᠢᠭᠡᠷ ᠠᠴᠠ ᠨᠢᠭᠡ ᠬᠡᠰᠡᠭ ᠢ ᠭᠠᠷᠭᠠᠵᠤ ᠮᠠᠯᠴᠢᠨ ᠹᠦ᠋ ᠳᠤ ᠥᠭᠴᠦ᠂ ᠪᠠᠶᠢᠰᠢᠩ᠂ ᠬᠤᠨᠢᠨ ᠤ ᠬᠠᠰᠢᠶ᠎ᠠ ᠪᠠᠷᠢᠭᠠᠳ ᠡᠵᠡᠯᠡᠭᠰᠡᠨ ᠮᠠᠯᠴᠢᠨ ᠹᠦ᠋ ᠶᠢᠨ ᠪᠡᠯᠴᠢᠭᠡᠷ ᠢ ᠨᠥᠬᠦᠪᠦᠷᠢᠯᠡᠨ᠎ᠡ᠃ ᠮᠠᠯᠴᠢᠨ ᠹᠦ᠋ ᠪᠣᠯᠣᠨ ᠮᠠᠯᠴᠢᠨ ᠸᠠᠩ ᠬᠤᠶᠠᠷ ᠭᠠᠷ ᠠᠳᠬᠤᠨ᠂ ᠠᠷᠪᠠᠨ ᠵᠢᠯ ᠤᠨ ᠪᠡᠯᠴᠢᠭᠡᠷ ᠤᠨ ᠵᠢᠭᠤᠷᠠᠯᠳᠤᠭᠠᠨ ᠡᠴᠠᠡᠭᠦᠰᠦᠭᠰᠡᠨ ᠵᠦᠷᠢᠴᠡᠯ ᠢᠶᠠᠨ ᠪᠦᠷᠢᠨ ᠭᠦᠢᠴᠡᠳ ᠰᠢᠢᠳᠪᠦᠷᠢᠯᠡᠪᠡ᠃ ᠮᠠᠯᠴᠢᠨ ᠲᠦᠮᠡᠨ ᠪᠣᠯ ᠬᠠᠮᠤᠭ ᠤᠨ ᠦᠨᠡᠨᠴᠢ ᠭᠤᠣᠯᠴᠢ᠂ ᠴᠢ ᠲᠡᠳᠡᠨ ᠢ ᠨᠢᠭᠡ ᠬᠠᠪᠰᠤᠷᠪᠠᠯ᠂ ᠲᠡᠷᠡ ᠴᠢᠮᠠᠶᠢ ᠨᠢᠭᠡ ᠨᠠᠰᠤᠨ ᠳᠠᠭᠠᠨ ᠴᠡᠭᠡᠵᠢᠯᠡᠵᠦ ᠮᠠᠷᠲᠠᠬᠤ ᠦᠭᠡᠢ᠃ ᠢᠩᠭᠢᠭᠡᠳ ᠠᠷᠪᠢᠨ ᠤᠳᠠᠭ᠎ᠠ ᠮᠠᠯᠴᠢᠨ ᠠᠷᠠᠳ ᠲᠤ ᠤᠴᠢᠷ ᠶᠠᠪᠤᠳᠠᠯ ᠢ ᠨᠢ ᠰᠢᠢᠳᠪᠦᠷᠢᠯᠡᠵᠦ ᠥᠭᠭᠦᠭᠰᠡᠨ ᠳᠤ ᠮᠢᠨᠤ ᠮᠠᠯᠴᠢᠨ ᠨᠠᠶᠢᠵᠠ ᠤᠯᠠᠮ ᠠᠷᠪᠢᠨ ᠪᠣᠯᠤᠭᠰᠠᠨ ᠪᠠᠶᠢᠨ᠎ᠠ᠂ ᠮᠠᠨ ᠤ ᠬᠤᠷᠢᠶᠠᠨ ᠤ ᠬᠠᠮᠲᠤ ᠠᠵᠢᠯᠲᠠᠨ ᠮᠠᠯᠵᠢᠬᠤ ᠣᠷᠤᠨ ᠳᠤ ᠣᠴᠢᠪᠠᠯ ᠨᠠᠳᠠ ᠶᠢ ᠳᠠᠭᠠᠭᠤᠯᠬᠤ ᠳᠤᠷᠠᠲᠠᠢ᠂ ᠠᠵᠢᠯ ᠬᠢᠬᠦ ᠳᠤ ᠠᠮᠠᠷᠬᠠᠨ ᠪᠠᠶᠢᠳᠠᠭ᠃ ᠪᠠᠶᠢᠴᠠᠭᠠᠬᠤ ᠲᠠᠰᠤᠭ ᠤᠨ ᠠᠵᠢᠯ ᠪᠣᠯ ᠰᠣᠮᠦ ᠭᠠᠴᠠᠭ᠎ᠠ ᠬᠦᠳᠡᠭᠡ ᠲᠤᠰᠬᠤᠨ ᠳᠤ ᠦᠷᠭᠦᠯᠵᠢ ᠲᠣᠭᠤᠷᠢᠨ ᠰᠤᠷᠪᠤᠯᠵᠢᠯᠠᠨ᠎ᠠ᠂ ᠡᠨᠡ ᠪᠣᠯ ᠮᠢᠨᠤ ᠠᠵᠢᠯ᠂ ᠪᠠᠰᠠ ᠮᠢᠨᠤ ᠬᠢᠬᠦ ᠳᠤᠷᠠᠲᠠᠢ ᠠᠵᠢᠯ ᠤᠨ ᠬᠡᠯᠪᠡᠷᠢ ᠮᠥᠨ᠃ ᠪᠢ ᠬᠦᠳᠡᠭᠡ ᠶᠠᠪᠤᠬᠤ ᠳᠤᠷᠠᠲᠠᠢ᠂ ᠪᠠᠶᠢᠭᠤᠯᠭ᠎ᠠ ᠳᠤ ᠬᠤᠶᠠᠷ ᠡᠳᠤᠷ ᠰᠠᠭᠤᠪᠠᠯ ᠪᠦᠬᠦ ᠪᠡᠶ᠎ᠡ ᠡᠪ ᠦᠭᠡᠢ ᠰᠠᠨᠠᠭᠳᠠᠨ᠎ᠠ᠂ ᠮᠠᠯᠵᠢᠬᠤ ᠣᠷᠤᠨ ᠳᠤ ᠬᠤᠶᠠᠷ ᠡᠳᠤᠷ ᠲᠣᠭᠤᠷᠢᠨ ᠰᠤᠷᠪᠤᠯᠵᠢᠯᠠᠭᠠᠳ ᠶᠠᠪᠤᠪᠠᠯ ᠰᠠᠨᠠᠭ᠎ᠠ ᠰᠡᠳᠬᠢᠯ ᠠᠮᠤᠷ ᠲᠠᠭᠠᠲᠠᠶᠢᠬᠠᠨ ᠪᠣᠯᠳᠠᠭ᠃ ᠮᠣᠩᠭᠤᠯ ᠬᠢᠲᠠᠳ ᠬᠤᠣᠰ ᠬᠡᠯᠡᠶᠢᠨ ᠪᠠᠶᠢᠴᠠᠭᠠᠬᠤ ᠬᠤᠷᠢᠶ᠎ᠠ ᠪᠣᠯᠤᠨ ᠠᠷᠠᠳ ᠲᠦᠮᠡᠨ ᠤ ᠬᠠᠷᠢᠯᠴᠠᠬᠤ ᠺᠠᠷᠲ ᠪᠣᠯ ᠪᠠᠶᠢᠴᠠᠭᠠᠬᠤ ᠴᠢᠳᠠᠮᠵᠢ ᠶᠢ ᠰᠤᠩᠭᠠᠬᠤ ᠶᠢᠨ ᠳᠣᠲᠣᠷᠠᠬᠢ ᠨᠢᠭᠡ ᠯᠠ ᠲᠠᠯ᠎ᠠ ᠶᠢᠨ ᠠᠭᠤᠯᠭ᠎ᠠ ᠪᠣᠯᠤᠨ᠎ᠠ᠃
ᠬᠤᠶᠠᠷ ᠮᠠᠨᠳᠤᠯ ᠪᠣᠭᠤᠮᠲᠠ ᠶᠢᠨ ᠪᠠᠯᠭᠠᠰᠤᠨ ᠳᠤ ᠲᠣᠮᠢᠯᠡᠨ ᠰᠠᠭᠤᠯᠭᠠᠬᠤ ᠪᠠᠶᠢᠴᠠᠭᠠᠬᠤ ᠲᠠᠰᠤᠭ ᠢ ᠪᠠᠶᠢᠭᠤᠯᠵᠤ᠂ ᠠᠵᠢᠯ ᠤᠨ ᠲᠠᠯ᠎ᠠ ᠠᠴᠠ ᠪᠠᠨ ᠪᠠᠶᠢᠴᠠᠭᠠᠬᠤ ᠴᠢᠳᠠᠮᠵᠢ ᠪᠠᠨ ᠰᠤᠩᠭᠠᠨ᠎ᠠ᠃ ᠮᠣᠩᠭᠤᠯ ᠥᠨᠳᠦᠰᠦᠲᠡᠨ ᠤ ᠣᠯᠠᠨ ᠲᠦᠮᠡᠨ ᠪᠠ ᠮᠣᠩᠭᠤᠯ ᠤᠯᠤᠰ ᠠᠴᠠ ᠬᠢᠯᠢ ᠳᠠᠮᠵᠢᠵᠤ ᠢᠷᠡᠭᠰᠡᠨ ᠬᠦᠮᠦᠰ ᠲᠤ ᠤᠯᠠᠮ ᠰᠠᠶᠢᠨ ᠦᠢᠯᠡᠴᠢᠯᠡᠬᠦ ᠶᠢᠨ ᠲᠦᠯᠦᠭᠡ 2009 ᠣᠨ ᠤ 10 ᠰᠠᠷ᠎ᠠ ᠳᠤ ᠮᠠᠨ ᠤ ᠬᠤᠷᠢᠶ᠎ᠠ ᠮᠠᠨᠳᠤᠯ ᠪᠠᠯᠭᠠᠰᠤ ᠮᠣᠩᠭᠤᠯ ᠤᠯᠤᠰ ᠤᠨ ᠬᠢᠯᠢ ᠲᠠᠢ ᠣᠶᠢᠷ᠎ᠠ᠂ ᠮᠣᠩᠭᠤᠯ ᠥᠨᠳᠦᠰᠦᠲᠡᠨ ᠤ ᠣᠯᠠᠨ ᠲᠦᠮᠡᠨ ᠠᠷᠪᠢᠨ ᠪᠠᠶᠢᠬᠤ ᠪᠠᠶᠢᠳᠠᠯ ᠢᠶᠠᠷ ︽ᠮᠠᠨᠳᠤᠯ ᠪᠠᠯᠭᠠᠰᠤᠨ ᠳᠤ ᠲᠣᠮᠢᠯᠡᠨ ᠰᠠᠭᠤᠯᠭ᠎ᠠ ᠪᠣᠭᠤᠮᠲᠠ ᠶᠢᠨ ᠪᠠᠶᠢᠴᠠᠭᠠᠬᠤ ᠲᠠᠰᠤᠭ︾ ᠢ ᠪᠠᠶᠢᠭᠤᠯᠵᠠᠢ᠃ 2010 ᠣᠨ ᠤ 7 ᠳᠤ ᠰᠠᠷ᠎ᠠ ᠮᠠᠨᠳᠤᠯ ᠪᠠᠯᠭᠠᠰᠤᠨ ᠳᠤ ᠲᠣᠮᠢᠯᠡᠨ ᠰᠠᠭᠤᠯᠭ᠎ᠠ ᠪᠣᠭᠤᠮᠲᠠ ᠶᠢᠨ ᠪᠠᠶᠢᠴᠠᠭᠠᠬᠤ ᠲᠠᠰᠤᠭ ᠠᠯᠪᠠᠨ ᠶᠣᠰᠤ ᠪᠠᠷ ᠫᠠᠶᠢᠰᠠ ᠡᠯᠭᠦᠭᠡᠳ ᠪᠠᠶᠢᠭᠤᠯᠤᠭᠳᠠᠵᠠᠢ᠃ ᠪᠠᠶᠢᠴᠠᠭᠠᠬᠤ ᠲᠠᠰᠤᠭ ᠪᠠᠶᠢᠭᠤᠯᠤᠭᠳᠠᠭᠰᠠᠨ ᠠᠴᠠ ᠬᠤᠶᠢᠰᠢ ᠮᠣᠩᠭᠤᠯ ᠬᠢᠲᠠᠳᠬᠤᠣᠰ ᠬᠡᠯᠡ ᠪᠠᠷ ᠠᠵᠢᠯᠯᠠᠬᠤ ᠳᠠᠪᠠᠭᠤ ᠲᠠᠯ᠎ᠠ ᠶᠢ ᠪᠠᠷᠢᠮᠲᠠᠯᠠᠵᠤ᠂ ᠳᠣᠷᠣᠭᠰᠢ ᠪᠠᠭᠤᠵᠤ ᠰᠤᠷᠪᠤᠯᠵᠢᠯᠠᠬᠤ ᠪᠣᠯᠤᠨ ᠲᠣᠭᠤᠷᠢᠨᠰᠤᠷᠪᠤᠯᠵᠢᠯᠠᠬᠤ ᠲᠣᠭᠲᠠᠭᠠᠯ ᠢ ᠪᠠᠶᠢᠭᠤᠯᠵᠤ᠂ ᠮᠣᠩᠭᠤᠯ ᠬᠢᠲᠠᠳ ᠬᠤᠣᠰ ᠬᠡᠯᠡ ᠪᠠᠷ ᠬᠦᠯᠢᠶᠡᠨ ᠠᠪᠴᠤ᠂ ᠮᠣᠩᠭᠤᠯ ᠬᠢᠲᠠᠳ ᠬᠤᠣᠰ ᠬᠡᠯᠡ ᠪᠠᠷ ᠬᠢᠭᠰᠡᠨ ︽ᠰᠤᠷᠪᠤᠯᠵᠢᠯᠠᠬᠤ ᠳᠤ ᠠᠩᠬᠠᠷᠠᠬᠤ ᠵᠦᠢᠯᠡᠰ︾ ︽ᠭᠤᠮᠤᠳᠠᠯ ᠲᠣᠭᠠᠴᠢᠬᠤ ᠵᠢᠯᠤᠭᠤᠳᠤᠮᠵᠢ︾ ︽ᠪᠠᠶᠢᠴᠠᠭᠠᠬᠤ ᠠᠵᠢᠯ ᠢ ᠢᠯᠡ ᠪᠣᠯᠭᠠᠬᠤ ᠲᠠᠶᠢᠯᠪᠦᠷᠢ︾ ᠵᠡᠷᠭᠡ ᠤᠬᠠᠭᠤᠯᠬᠤ ᠮᠠᠲᠸ᠋ᠷᠢᠶᠠᠯ ᠢᠶᠠᠷ ᠮᠣᠩᠭᠤᠯ ᠥᠨᠳᠦᠰᠦᠲᠡᠨ ᠤ ᠣᠯᠠᠨ ᠲᠦᠮᠡᠨ ᠤ ᠵᠠᠬᠢᠳᠠᠯ ᠢᠶᠠᠷ ᠰᠤᠷᠪᠤᠯᠵᠢᠯᠠᠬᠤ᠂ ᠢᠯᠡᠴᠢᠯᠡᠨ ᠮᠡᠳᠡᠭᠦᠯᠬᠦ᠂ ᠭᠤᠮᠤᠳᠠᠯ ᠲᠣᠭᠠᠴᠢᠬᠤ ᠵᠡᠷᠭᠡ ᠶᠢ ᠵᠢᠭᠠᠨ ᠵᠢᠯᠣᠭᠤᠳᠪᠠ᠃ ᠪᠠᠶᠢᠴᠠᠭᠠᠬᠤ ᠲᠠᠰᠤᠭ ᠪᠠᠶᠢᠭᠤᠯᠤᠭᠳᠠᠭᠰᠠᠨ ᠠᠴᠠ ᠬᠤᠶᠢᠰᠢ ᠬᠤᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠡᠩ ᠵᠢᠯ ᠪᠣᠯᠭᠠᠨ ᠮᠣᠩᠭᠤᠯ ᠬᠢᠲᠠᠳ ᠬᠤᠣᠰ ᠬᠡᠯᠡ ᠨᠡᠪᠲᠡᠷᠡᠬᠦ ᠠᠵᠢᠯᠲᠡᠨ ᠢ ᠲᠣᠮᠢᠯᠠᠵᠤ᠂ 12 ᠰᠤᠮᠦ᠂ ᠪᠠᠯᠭᠠᠰᠤ᠂ ᠰᠢᠶᠠᠩ᠂ ᠲᠤᠰᠬᠤᠨ ᠳᠤ 30 ᠤᠳᠠᠭ᠎ᠠ ᠬᠠᠤᠯᠢ ᠶᠢᠨ ᠤᠬᠠᠭᠤᠯᠭ᠎ᠠ ᠶᠢᠨ ᠬᠦᠳᠡᠯᠭᠡᠭᠡᠨ ᠶᠠᠪᠤᠭᠳᠠᠭᠤᠯᠪᠠ᠃ ᠮᠣᠩᠭᠤᠯ ᠬᠢᠲᠠᠳ ᠬᠤᠣᠰ ᠬᠡᠯᠡ ᠨᠡᠪᠲᠡᠷᠡᠬᠦ ᠠᠵᠢᠯᠲᠡᠨ ᠲᠣᠬᠢᠷᠠᠭᠤᠯᠤᠭᠰᠠᠨ ᠠᠴᠠ ᠪᠣᠯᠵᠤ ᠬᠡᠷᠡᠭ ᠰᠢᠢᠳᠪᠦᠷᠢᠯᠡᠬᠦ ᠶᠠᠪᠤᠴᠠᠳᠦ ᠮᠠᠯᠴᠢᠨ ᠲᠠᠢ ᠤᠯᠠᠮ ᠰᠠᠶᠢᠨ ᠢᠶᠠᠷ ᠬᠠᠷᠢᠯᠴᠠᠵᠤ᠂ ᠠᠷᠠᠳ ᠲᠦᠮᠡᠨ ᠳᠤ ᠦᠢᠯᠡᠴᠢᠯᠡᠬᠦ ︽ᠬᠠᠮᠤᠭ ᠡᠴᠦᠰ ᠤᠨ ᠨᠢᠭᠡ ᠺᠢᠯᠤᠮᠸ᠋ᠲᠷ︾ ᠤᠨ ᠠᠰᠠᠭᠤᠳᠡᠯ ᠢ ᠰᠠᠶᠢᠵᠢᠷᠠᠭᠤᠯᠪᠠ᠃ ᠮᠣᠩᠭᠤᠯ ᠬᠢᠲᠠᠳ ᠬᠤᠣᠰ ᠬᠡᠯᠡ ᠶᠢ ᠬᠡᠷᠡᠭᠯᠡᠬᠦ ᠠᠷᠭ᠎ᠠ ᠬᠡᠮᠵᠢᠶ᠎ᠡ ᠶᠢ ᠲᠠᠰᠤᠷᠠᠯᠲᠠ ᠦᠭᠡᠢ ᠳᠡᠬᠦᠯᠳᠡᠵᠢᠭᠦᠯᠵᠤ᠂ ᠮᠠᠨ ᠤ ᠬᠤᠷᠢᠶ᠎ᠠ ᠵᠢᠨᠮᠣᠩᠭᠤᠯ ᠬᠢᠲᠠᠳ ᠬᠤᠣᠰ ᠬᠡᠯᠡᠶᠢᠨ ᠡᠷᠦᠬᠡᠨᠰᠦ᠋ᠯᠵᠢᠶᠡ ᠶᠢ ᠳᠠᠭᠠᠮᠳᠠᠭᠤᠯᠵᠤ᠂10 ᠪᠠᠶᠢᠴᠠᠭᠠᠬᠤ ᠠᠵᠢᠯ ᠤᠨ ᠥᠷᠲᠡᠭᠡ ᠳᠤ ᠮᠣᠩᠭᠤᠯ ᠬᠢᠲᠠᠳ ᠬᠤᠣᠰ ᠬᠡᠯᠡ ᠶᠢᠨ QQ ᠪᠠᠷ ᠭᠥᠯᠢᠶᠡᠨ ᠠᠪᠬᠤ ᠲᠠᠪᠴᠡᠩ ᠢ ᠪᠠᠶᠢᠭᠤᠯᠵᠤ᠂ ᠠᠭᠯᠠᠭ ᠪᠦᠢᠳᠠ ᠭᠠᠵᠠᠷ ᠤᠨᠮᠣᠩᠭᠤᠯ ᠥᠨᠳᠦᠰᠦᠲᠡᠨ ᠤ ᠣᠯᠠᠨ ᠲᠦᠮᠡᠨ ᠪᠠᠶᠢᠴᠠᠭᠠᠬᠤ ᠠᠵᠢᠯ ᠤᠨᠥᠷᠲᠡᠭᠡ ᠳᠤ ᠣᠴᠢᠵᠤ ᠰᠠᠨᠠᠯ ᠢᠶᠠᠨ ᠮᠡᠳᠡᠭᠦᠯᠬᠦ ᠳᠤ ᠳᠦᠭᠦᠮ ᠦᠵᠡᠭᠦᠯᠵᠦ᠂ ︽ᠠᠷᠠᠳ ᠲᠦᠮᠡᠨ ᠨᠡᠷ᠎ᠡ ᠳᠤᠷᠠᠳᠤᠨ ᠬᠦᠯᠢᠶᠡᠨ ᠠᠪᠬᠤ︾ ᠲᠣᠭᠲᠠᠭᠠᠯ ᠬᠡᠷᠡᠭᠵᠢᠭᠦᠯᠵᠦ᠂ ᠰᠤᠷᠪᠤᠯᠵᠢᠯᠠᠬᠤ ᠪᠠᠷ ᠢᠷᠡᠭᠰᠡᠨᠮᠣᠩᠭᠤᠯ ᠥᠨᠳᠦᠰᠦᠲᠡᠨ ᠤ ᠠᠷᠠᠳ ᠲᠦᠮᠡᠨ ᠮᠣᠩᠭᠤᠯ ᠥᠨᠳᠦᠰᠦᠲᠡᠨ ᠤ ᠪᠠᠶᠢᠴᠠᠭᠠᠬᠤ ᠳᠠᠷᠤᠭ᠎ᠠ ᠪᠠ ᠮᠣᠩᠭᠤᠯ ᠥᠨᠳᠦᠰᠦᠲᠡᠨ ᠤ ᠪᠠᠶᠢᠴᠠᠭᠠᠬᠤ ᠠᠵᠢᠯᠲᠠᠨ ᠢ ᠰᠣᠩᠭᠤᠨ ᠬᠦᠯᠢᠶᠡᠨ ᠠᠪᠴᠤ ᠪᠣᠯᠤᠨ᠎ᠠ᠃ ᠪᠠᠶᠢᠴᠠᠭᠠᠬᠤ ᠠᠵᠢᠯ ᠤᠨ ᠨᠡᠭᠦᠳᠡᠯᠲ᠋ᠡᠷᠭᠡ ᠶᠢ ᠲᠣᠬᠢᠷᠠᠭᠤᠯᠵᠤ᠂ ᠮᠠᠯᠴᠢᠨ ᠤ ᠭᠡᠷ ᠲᠤ ᠬᠦᠷᠴᠦ ᠮᠣᠩᠭᠤᠯ ᠬᠢᠲᠠᠳ ᠬᠤᠣᠰ ᠬᠡᠯᠡ ᠪᠠᠷ ︽ᠬᠠᠷᠰᠢ ᠦᠭᠡᠢ︾ ᠦᠢᠯᠡᠴᠢᠯᠡᠵᠦ᠂ ᠴᠥᠬᠡᠨ ᠲᠣᠭᠠᠲᠤ ᠥᠨᠳᠦᠰᠦᠲᠡᠨ ᠤ ᠬᠠᠤᠯᠢ ᠶᠣᠰᠤᠨ ᠤ ᠡᠷᠬᠡ ᠠᠰᠢᠭ ᠢ ᠬᠠᠮᠠᠭᠠᠯᠠᠨ᠂ ᠡᠷᠬᠢᠨ ᠲᠣᠭᠤᠷᠢᠨ ᠤ ᠣᠯᠠᠨ ᠲᠦᠮᠡᠨ ᠳᠤ ᠬᠠᠤᠯᠢ ᠶᠢᠨ ᠦᠢᠯᠡᠴᠢᠯᠡᠭᠡ ᠬᠢᠵᠦ᠂ ᠬᠢᠵᠠᠭᠠᠷ ᠣᠷᠤᠨ ᠤ ᠠᠮᠤᠷ ᠲᠠᠶᠢᠪᠦᠩ ᠢ ᠪᠠᠲᠤᠯᠠᠵᠤ᠂ ᠥᠨᠳᠦᠰᠦᠲᠡᠨ ᠤ ᠪᠥᠯᠬᠦᠮᠳᠡᠯ ᠢ ᠠᠬᠢᠭᠤᠯᠬᠤ ᠲᠠᠯ᠎ᠠ ᠪᠠᠷ ᠢᠳᠡᠪᠬᠢᠲᠠᠢ ᠬᠤᠪᠢ ᠨᠡᠮᠡᠷᠢ ᠦᠵᠡᠭᠦᠯᠵᠡᠢ᠃
ᠲᠣᠰᠢᠶᠠᠯ ᠤᠨ ᠶᠠᠯᠠᠲᠦ ᠬᠡᠷᠡᠭ ᠢ ᠰᠡᠷᠭᠡᠶᠢᠯᠡᠬᠦ ᠲᠠᠯ᠎ᠠ ᠪᠠᠷ᠂ ᠪᠠᠶᠢᠴᠠᠭᠠᠬᠤ ᠲᠠᠰᠤᠭ ᠨᠢ ︽ᠬᠠᠯᠬᠠᠪᠴᠢ︾ ᠶᠢᠨ ᠦᠢᠯᠡᠳᠦᠯ ᠢᠶᠠᠨ ᠪᠠᠳᠠᠷᠠᠭᠤᠯᠬᠤ ᠪᠠᠷ ᠣᠨᠴᠠ ᠳᠣᠪᠣᠶᠢᠮ᠎ᠡ ᠪᠠᠶᠢᠳᠠᠭ᠃ 2011 ᠣᠨ ᠠᠴᠠ ᠡᠬᠢᠯᠡᠨ᠂ ᠮᠠᠨ ᠤ ᠬᠤᠰᠢᠭᠤᠨ ᠤ ᠮᠠᠯᠵᠢᠬᠤ ᠶᠢ ᠬᠤᠷᠢᠭᠯᠠᠬᠤ ᠳᠦᠷᠦ ᠶᠢᠨ ᠪᠣᠳᠦᠯᠭᠠ ᠶᠢ ᠬᠡᠷᠡᠭᠵᠢᠭᠦᠯᠬᠦ ᠵᠢᠴᠢ ᠮᠠᠯᠵᠢᠬᠤ ᠶᠢ ᠬᠤᠷᠢᠭᠯᠠᠬᠤ ᠨᠦᠬᠦᠪᠦᠷᠢ ᠮᠥᠩᠭᠦ ᠶᠢ ᠴᠠᠭ ᠲᠣᠬᠠᠢ ᠳᠤᠨᠢ ᠪᠦᠷᠢᠨ ᠭᠦᠢᠴᠡᠳ ᠢᠶᠠᠷ ᠮᠠᠯᠴᠢᠳ ᠤᠨ ᠭᠠᠷ ᠲᠤ ᠬᠦᠷᠬᠦ ᠶᠢ ᠪᠠᠲᠦᠯᠠᠬᠤ ᠶᠢᠨ ᠲᠦᠯᠦᠭᠡ᠂ ᠪᠢ ᠮᠠᠨ ᠤ ᠬᠤᠷᠢᠶᠠᠨ ᠤ ᠮᠠᠯᠵᠢᠬᠤ ᠶᠢ ᠬᠤᠷᠢᠭᠯᠠᠬᠤ ᠶᠢ ᠰᠡᠷᠭᠡᠶᠢᠯᠡᠨ ᠪᠠᠶᠢᠴᠠᠭᠠᠬᠤ ᠳᠣᠭᠤᠶᠢᠯᠠᠩ ᠤᠨ ᠺᠠᠳ᠋ᠷ ᠴᠠᠭᠳᠠᠭ᠎ᠠ ᠨᠠᠷ ᠲᠠᠢ ᠬᠠᠮᠲᠦ ᠪᠠᠷ ᠦᠨᠳᠦᠰᠦᠨ ᠱᠠᠳᠦᠨ ᠳᠤ ᠭᠦᠨᠵᠡᠭᠡᠶᠢᠷᠡᠨ᠂ ᠲᠣᠣᠷᠯᠠᠬᠤ ᠬᠡᠯᠪᠡᠷᠢ ᠶᠢᠨ ᠪᠠᠶᠢᠴᠠᠭᠠᠯᠡᠲᠡ ᠬᠢᠵᠡᠢ᠃ ᠪᠢ ᠮᠠᠯᠴᠢᠳ ᠤᠨ ᠡᠯ᠎ᠡ ᠵᠦᠢᠯ ᠤᠨ ᠰᠠᠨᠠᠯ ᠢ ᠰᠣᠨᠣᠰᠤᠨ᠂ ᠨᠠᠷᠢᠨ ᠲᠣᠳᠣᠷᠬᠠᠢ ᠪᠠᠷ ︽ᠠᠷᠠᠳ ᠤᠨ ᠰᠡᠳᠬᠢᠯ ᠤᠨ ᠡᠳᠦᠷ ᠤᠨ ᠲᠡᠮᠳᠡᠭᠯᠡᠯ︾ ᠢ ᠬᠢᠵᠦ᠂ ᠪᠠᠷᠤᠭ ᠭᠤᠷᠪᠠᠨ ᠵᠣᠵᠠᠭᠠᠨ ᠳᠡᠪᠲᠡᠷ ᠪᠣᠢ᠃ ᠲᠡᠳᠡᠭᠡᠷ ᠴᠠᠭ ᠳᠣᠬᠠᠢ ᠳᠤᠨᠢ ᠮᠠᠯᠵᠢᠬᠤ ᠶᠢ ᠬᠤᠷᠢᠭᠯᠠᠬᠤ ᠨᠦᠬᠦᠪᠦᠷᠢ ᠮᠥᠩᠭᠦ ᠪᠠᠨ ᠠᠪᠴᠦ ᠴᠢᠳᠠᠠᠰᠡᠨ ᠦᠭᠡᠢ ᠪᠣᠶᠣ ᠡᠰᠡᠭᠦᠯ᠎ᠠ ᠨᠣᠲᠤᠭ ᠪᠡᠯᠴᠢᠭᠡᠷ ᠤᠨ ᠵᠢᠭᠤᠷᠠᠯᠳᠤᠭᠠᠨ ᠠᠴᠠ ᠪᠣᠯᠵᠤ ᠨᠦᠬᠦᠪᠦᠷᠢ ᠶᠢ ᠨᠢ ᠵᠣᠭᠰᠣᠭᠠᠭᠰᠠᠨ ᠪᠠᠶᠢᠳᠠᠯ ᠳᠤ ᠬᠠᠨᠳᠦᠭᠤᠯᠠᠨ᠂ ᠪᠢᠳᠠ ᠴᠦᠮ ᠡᠷᠦᠬᠡ ᠳᠠᠷᠠᠭᠠᠯᠠᠨ ᠲᠡᠮᠳᠡᠭᠯᠡᠯ ᠬᠢᠵᠦ᠂ ᠪᠦᠬᠦᠨ ᠢ ᠬᠠᠮᠲᠦᠷᠠᠭᠤᠯᠡᠨ ᠬᠠᠮᠢᠶ᠎ᠠ ᠪᠦᠬᠦᠢ ᠨᠢᠭᠡᠴᠢ ᠳᠤ ᠣᠴᠢᠨ᠂ ᠮᠠᠯᠵᠢᠬᠤ ᠶᠢ ᠬᠤᠷᠢᠭᠯᠠᠬᠤ ᠨᠦᠬᠦᠪᠦᠷᠢ ᠣᠯᠵᠦ ᠪᠠᠶᠢᠭ᠎ᠠ ᠬᠦᠮᠦᠰ ᠤᠨ ᠨᠠᠷ᠎ᠡ ᠶᠢ ᠬᠠᠷᠭᠤᠭᠤᠯᠤᠨ ᠦᠵᠡᠵᠣ᠂ ᠨᠦᠬᠦᠪᠦᠷᠢ ᠶᠢ ᠨᠢ ᠵᠣᠭᠰᠣᠭᠠᠭᠰᠠᠨ ᠰᠢᠯᠲᠠᠭᠠᠨ ᠶᠢ ᠨᠢ ᠮᠡᠳᠡᠭᠰᠡᠨ ᠤ ᠳᠠᠷᠠᠭ᠎ᠠ ᠴᠠᠭ ᠳᠣᠬᠠᠢ ᠳᠤᠨᠢ ᠮᠠᠯᠴᠢᠳ ᠲᠤ ᠲᠤᠰᠬᠠᠨ᠂ ᠲᠡᠳᠡᠭᠡᠷ ᠨᠦᠬᠦᠪᠦᠷᠢ ᠮᠥᠩᠭᠦ ᠶᠢ ᠨᠢ ᠬᠤᠵᠢᠭᠳᠠᠭᠤᠯᠤᠨ ᠦᠭᠬᠦ ᠪᠣᠶᠣ ᠨᠢᠭᠡ ᠭᠡᠰᠡᠭ ᠢ ᠦᠭᠭᠦᠭᠰᠡᠨ ᠪᠠᠶᠢᠳᠠᠯ ᠳᠤ ᠬᠠᠨᠳᠤᠭᠤᠯᠤᠨ᠂ ᠬᠠᠮᠢᠶ᠎ᠠ ᠪᠦᠭᠦᠢ ᠨᠢᠭᠡᠴᠢ ᠶᠢ ᠳᠠᠷᠦᠶᠢᠬᠠᠨ ᠮᠠᠯᠴᠢᠳ ᠤᠨ ᠨᠦᠬᠦᠪᠦᠷᠢ ᠮᠥᠩᠭᠦ ᠦᠭᠬᠦ ᠶᠢ ᠱᠠᠭᠠᠷᠳᠡᠳᠠᠭ᠃ ᠬᠡᠳᠦᠨ ᠵᠢᠯ ᠤᠨ ᠲᠣᠷᠰᠢ᠂ ᠨᠡᠶᠢᠲᠡ 10 ᠳ᠋ᠦᠩᠰᠢᠭᠤᠷ ᠰᠢᠬᠠᠮ ᠮᠠᠯᠵᠢᠬᠤ ᠶᠢ ᠬᠤᠷᠢᠭᠯᠠᠬᠤ ᠨᠦᠬᠦᠪᠦᠷᠢ ᠮᠥᠩᠭᠦ ᠶᠢᠨ ᠠᠮᠦᠷ ᠲᠦᠪᠰᠢᠨ ᠡᠷᠭᠢᠯᠲᠡ ᠳᠤ ᠣᠷᠣᠬᠤ ᠶᠢ ᠪᠠᠲᠦᠯᠠᠵᠢ᠃ ᠣᠳᠣᠬᠠᠨ ᠳᠤ᠂ ᠮᠠᠯᠵᠢᠬᠤ ᠶᠢ ᠬᠤᠷᠢᠭᠯᠠᠭᠰᠠᠨ ᠤ ᠳᠠᠷᠠᠭᠠᠬᠢ ᠮᠠᠯᠴᠢᠳ ᠲᠤ ᠠᠰᠠᠭᠤᠳᠠᠯ ᠲᠤᠯᠭᠠᠷᠠᠬᠤ ᠪᠦᠷᠢ᠂ ᠬᠠᠮᠤᠭ ᠲᠦᠷᠦᠭᠦᠨ ᠳᠤ ᠪᠣᠳᠦᠵᠦ ᠣᠯᠳᠠᠭ ᠨᠢ ᠮᠠᠨ ᠤ ᠪᠠᠶᠢᠴᠠᠭᠠᠬᠤ ᠬᠤᠷᠢᠶᠠᠠ ᠤ ᠠᠷᠠᠳ ᠲᠦᠮᠡᠨ ᠤ ᠬᠠᠷᠢᠯᠴᠠᠬᠤ ᠺᠠᠷᠲ ᠳᠡᠭᠡᠷᠡᠬᠢ ᠺᠠᠳ᠋ᠷ ᠴᠠᠭᠳᠠᠭ᠎ᠠ ᠪᠤᠯᠤᠨ᠎ᠠ᠃ 2012 ᠣᠨ 6 ᠰᠠᠷ᠎ᠠ ᠳᠤ᠂ ᠪᠢ ᠮᠠᠯᠴᠢᠳᠤᠨ ᠭᠡᠷ ᠢᠶᠠᠷ ᠣᠷᠣᠵᠤ᠂ ᠤᠶᠢᠯᠠᠭᠠᠨ ᠰᠣᠷᠪᠣᠯᠵᠢᠯᠠᠬᠤ ᠶᠠᠪᠣᠴᠠ ᠳᠣᠮᠳᠠ ᠪᠠᠲᠣᠬᠠᠭᠠᠯᠭᠠ ᠪᠠᠯᠭᠠᠰᠣᠨ ᠤ ᠭᠡᠷᠡᠯᠣ᠋ᠳᠣ ᠭᠠᠴᠠᠭᠠᠨ ᠤ ᠮᠠᠯᠴᠢᠳ ᠤᠨ ᠲᠣᠰᠬᠠᠭᠰᠠᠨ ᠢᠶᠠᠷ 2009 ᠣᠨ ᠳᠤ ᠪᠦᠷᠢᠳᠭᠡᠭᠰᠡᠨ ᠳᠠᠷᠬᠠᠨ ᠮᠣᠣᠮᠢᠩᠭᠠᠨ ᠬᠤᠯᠪᠣᠭᠠᠲᠦ ᠬᠤᠰᠢᠭᠤᠨ ᠤ ᠮᠠᠯᠵᠢᠬᠤ ᠣᠷᠣᠨ ᠤ ᠮᠠᠯᠵᠢᠬᠤ ᠶᠢ ᠬᠤᠷᠢᠭᠯᠠᠨ᠂ ᠮᠠᠯᠴᠢᠳ ᠢ ᠰᠢᠯᠵᠢᠭᠦᠯᠦᠨ ᠳᠦᠪᠬᠢᠨᠡᠭᠦᠯᠬᠦ ᠣᠷᠣᠨ ᠰᠠᠭᠤᠴᠠ ᠣᠳᠣ ᠪᠣᠯᠲᠠᠯ᠎ᠠ ᠪᠡᠶᠡᠯᠡᠭᠦᠯᠵᠦ ᠴᠢᠳᠠᠭ᠎ᠠ ᠦᠭᠡᠢ ᠪᠠᠶᠢᠳᠠᠯ ᠳᠤ ᠬᠠᠨᠳᠦᠭᠤᠯᠣᠨ᠂ ᠳᠠᠷᠦᠶᠢᠬᠠᠨ ᠰᠣᠷᠪᠦᠯᠵᠢᠯᠠᠨ ᠪᠠᠶᠢᠴᠠᠭᠠᠵᠤ᠂ ᠢᠳᠡᠪᠬᠢᠲᠠᠢ ᠪᠠᠷ ᠪᠠᠯᠭᠠᠰᠤᠨ ᠤ ᠵᠠᠰᠠᠭ ᠤᠨ ᠣᠷᠳᠣᠨ᠂ ᠮᠠᠯᠵᠢᠬᠤ ᠶᠢ ᠬᠤᠷᠢᠭᠯᠠᠬᠤ ᠠᠯᠪᠡᠨ ᠭᠡᠷ ᠵᠡᠷᠭᠡ ᠨᠢᠭᠡᠴᠢ ᠲᠠᠢ ᠬᠠᠷᠢᠯᠴᠠᠨ᠂ ᠮᠠᠯᠵᠢᠬᠤ ᠶᠢ ᠬᠤᠷᠢᠭᠯᠠᠬᠤ ᠠᠯᠪᠡᠨ ᠭᠡᠷ ᠤᠨ ᠠᠵᠢᠯᠲᠠᠨ ᠢ ᠱᠠᠭᠠᠷᠳᠡᠨ ᠳᠠᠷᠦᠶᠢᠬᠠᠨ ᠰᠠᠭᠤᠬᠤ ᠣᠷᠣᠨ ᠰᠠᠭᠤᠴᠠ ᠬᠤᠯᠪᠤᠬᠳᠡᠬᠤ ᠪᠦᠬᠦᠢ ᠭᠠᠷ ᠭᠦᠢᠴᠡᠳᠬᠡᠯ ᠬᠢᠵᠦ᠂ ᠠᠰᠠᠷ ᠬᠤᠳᠠᠯᠳᠤᠨ ᠠᠪᠬᠤ ᠬᠡᠯᠡᠯᠴᠡᠭᠡᠷ ᠲᠣᠭᠲᠠᠵᠤ᠂ ᠮᠠᠯᠴᠢᠳ ᠤᠨ ᠠᠰᠠᠷ ᠬᠤᠳᠠᠯᠳᠤᠨ ᠠᠪᠬᠤ ᠠᠰᠠᠭᠤᠳᠠᠯ ᠢ ᠠᠮᠵᠢᠯᠲᠠᠲᠠᠢ ᠪᠠᠷ ᠰᠢᠢᠳᠪᠦᠷᠢᠯᠡᠵᠦ ᠥᠭᠴᠡᠢ᠃ 2014 ᠣᠨ ᠤ ᠡᠬᠢᠨ ᠠᠴᠠ ᠡᠬᠢᠯᠡᠨ᠂ ᠪᠢ ᠮᠠᠨ ᠤ ᠬᠤᠷᠢᠶᠠᠠ ᠤ ᠤᠷᠢᠳᠴᠢᠯᠠᠨ ᠰᠡᠷᠭᠡᠶᠢᠯᠡᠬᠦ ᠲᠠᠰᠤᠭ ᠤᠨ ᠬᠦᠮᠦᠰ ᠲᠠᠢ ᠬᠠᠮᠲᠦ ᠪᠠᠷ ᠪᠦᠬᠦ ᠬᠤᠰᠢᠭᠤᠨ ᠤ ᠮᠠᠯᠵᠢᠬᠤ ᠲᠠᠷᠢᠶᠠᠯᠠᠬᠤ ᠲᠠᠢ ᠬᠤᠯᠪᠣᠭᠳᠠᠬᠤ 12 ᠪᠠᠶᠢᠭᠤᠯᠭ᠎ᠠ ᠨᠢᠭᠡᠴᠢ ᠳᠤ ᠭᠦᠨᠵᠡᠭᠡᠶᠢᠷᠡᠨ ᠲᠣᠰᠢᠶᠠᠯ ᠤᠨ ᠶᠠᠯᠠᠲᠦ ᠬᠡᠷᠡᠭ ᠠᠮᠠᠷᠬᠠᠨ ᠡᠭᠦᠰᠬᠦ ᠬᠡᠪᠴᠢᠶᠡᠨ ᠳᠤ ᠪᠠᠶᠢᠭ᠎ᠠ᠂ ᠲᠠᠷᠢᠶᠠᠯᠠᠩ ᠤᠨ ᠮᠠᠰᠢᠨ ᠲᠦᠬᠦᠭᠡᠷᠦᠮᠵᠢ ᠶᠢᠨ ᠨᠦᠬᠦᠪᠦᠷᠢ᠂ ᠮᠠᠯᠵᠢᠬᠤ ᠶᠢ ᠬᠤᠷᠢᠭᠯᠠᠬᠤ ᠨᠦᠬᠦᠪᠦᠷᠢ᠂ ᠮᠢᠬᠠᠨ ᠤ ᠦᠬᠡᠷ ᠮᠢᠬᠠᠨ ᠤ ᠬᠤᠨᠢᠨ ᠤ ᠨᠦᠬᠦᠪᠦᠷᠢ᠂ ᠲᠠᠷᠢᠶᠠᠯᠠᠬᠤ ᠪᠠᠨ ᠪᠣᠯᠢᠵᠦ ᠮᠣᠳᠣ ᠣᠶᠢᠵᠢᠭᠤᠯᠬᠤ᠂ ᠨᠡᠶᠢᠲᠡ ᠶᠢᠨ ᠣᠢ᠂ ᠠᠮᠦ ᠪᠣᠳᠠᠭᠠᠨ ᠤ ᠰᠢᠭᠤᠳ ᠨᠦᠬᠦᠪᠦᠷᠢ᠂ ᠳᠣᠣᠷ᠎ᠠ ᠪᠠᠲᠦᠯᠠᠭᠠᠲᠦ ᠡᠷᠦᠬᠡ᠂ ᠲᠠᠪᠣᠨ ᠪᠠᠲᠦᠯᠠᠭᠠᠲᠦ ᠡᠷᠦᠬᠡ᠂ ᠭᠤᠷᠪᠠᠨ ᠠᠷᠠᠳ ᠢ ᠲᠡᠩᠬᠡᠷᠡᠭᠦᠯᠬᠦ᠂ ᠬᠦᠳᠡᠭᠡ ᠲᠣᠰᠠᠬᠤᠨ ᠤ ᠬᠤᠷᠰᠢᠭᠰᠠᠨ ᠡᠮᠨᠡᠯᠭᠡ ᠶᠢᠨ ᠨᠦᠬᠦᠪᠦᠷᠢ᠂ ᠮᠠᠯᠴᠢᠨ ᠲᠠᠷᠢᠶᠠᠴᠢᠳ ᠤᠨ ᠨᠠᠰᠦᠵᠢᠯ ᠤᠨ ᠳᠠᠭᠠᠳᠬᠠᠯ ᠤᠨ ᠬᠠᠮᠢᠶ᠎ᠠ ᠪᠦᠬᠦᠢ ᠲᠤᠭ᠎ᠠ ᠪᠠᠷᠢᠮᠲᠠ ᠶᠢ ᠰᠢᠯᠢᠨ ᠠᠪᠴᠣ᠂ ᠡᠭᠦᠨ ᠤ ᠬᠠᠮᠲᠦ ᠡᠯ᠎ᠡ ᠵᠦᠢᠯ ᠤᠨ ᠲᠤᠭ᠎ᠠ ᠪᠠᠷᠢᠮᠲᠠ ᠶᠢ ᠲᠦᠷᠦᠯ ᠬᠤᠪᠢᠶᠠᠨ ᠬᠤᠷᠢᠶᠠᠩᠭᠤᠶᠢᠯᠠᠵᠤ᠂ 41 ᠶᠡᠭᠡ ᠲᠦᠷᠦᠯ 112 ᠪᠠᠭ᠎ᠠ ᠲᠥᠷᠥᠯ ᠢ ᠪᠠᠭᠲᠠᠭᠠᠭᠰᠠᠨ ᠮᠠᠯᠴᠢᠨ ᠲᠠᠷᠢᠶᠠᠴᠢᠨ ᠲᠠᠢ ᠬᠤᠯᠪᠣᠭᠳᠠᠬᠤ ᠠᠷᠠᠳ ᠲᠤ ᠠᠰᠢᠭ ᠣᠯᠭᠤᠬᠤ ᠵᠣᠭᠤᠰ ᠮᠥᠩᠭᠦᠨ ᠤ ᠬᠠᠮᠢᠶᠠᠷᠦᠯᠲᠠ ᠶᠢᠨ ᠲᠤᠭ᠎ᠠ ᠪᠠᠷᠢᠮᠲᠠ ᠶᠢᠨ ᠮᠠᠲ᠋ᠧᠷᠢᠶᠠᠯ ᠤᠨ ᠬᠦᠮᠦᠷᠭᠡ ᠪᠠᠶᠢᠭᠤᠯᠵᠣ᠂ ᠡᠨᠠᠬᠦ ᠬᠦᠮᠥᠷᠭᠡ ᠨᠢ ᠬᠤᠵᠢᠮ ᠨᠢ ᠮᠠᠨ ᠤ ᠬᠤᠷᠢᠶᠠᠨ ᠤ ᠲᠤᠷᠰᠢᠨ ᠪᠠᠶᠢᠴᠠᠭᠠᠬᠤ ᠪᠠᠶᠢᠭᠤᠯᠭ᠎ᠠ ᠶᠢᠨ ᠬᠡᠷᠡᠭ ᠰᠢᠢᠳᠪᠦᠷᠢᠯᠡᠬᠦ᠂ ᠬᠡᠷᠡᠭ ᠤᠨ ᠰᠦᠪᠡᠭᠴᠢ ᠢᠯᠡᠷᠡᠭᠦᠯᠬᠦ ᠲᠠᠯ᠎ᠠ ᠳᠤ ᠴᠢᠬᠤᠯᠠ ᠦᠢᠯᠡᠳᠦᠯ ᠦᠵᠡᠭᠦᠯᠵᠡᠢ᠃
ᠮᠠᠨ ᠤ ᠪᠠᠶᠢᠴᠠᠭᠠᠬᠤ ᠲᠠᠰᠤᠭ ᠪᠠᠶᠢᠭᠤᠯᠠᠭᠳᠠᠰᠠᠨ ᠠᠴᠠ ᠨᠠᠰᠢ᠂ ᠮᠠᠯᠴᠢᠨ ᠲᠠᠷᠢᠶᠠᠴᠢᠳ ᠤᠨ ᠡᠯ᠎ᠡ ᠵᠦᠢᠯ ᠤᠨ ᠡᠷᠡᠮᠡᠯᠵᠡᠯ ᠢ 253 ᠤᠳᠠᠭ᠎ᠠ ᠬᠦᠯᠢᠶᠡᠨ ᠠᠪᠴᠢ᠃ ᠮᠠᠯᠵᠢᠬᠤ ᠶᠢ ᠬᠤᠷᠢᠭᠯᠠᠬᠤ ᠳᠦᠷᠦ ᠶᠢᠨ ᠪᠣᠳᠦᠯᠭᠠ ᠶᠢ ᠬᠡᠷᠡᠭᠵᠢᠭᠦᠯᠦᠭᠰᠡᠨ ᠠᠴᠠ ᠨᠠᠰᠢ᠂ ᠪᠦᠬᠦ ᠬᠤᠰᠢᠭᠤᠨ ᠤ 49 ᠮᠠᠯᠵᠢᠬᠤ ᠶᠢ ᠬᠤᠷᠢᠭᠯᠠᠬᠤ ᠭᠠᠴᠠᠭᠠᠨ ᠳᠤ ᠭᠦᠨᠵᠡᠭᠡᠶᠢᠷᠡᠨ᠂ 38 ᠤᠳᠠᠭ᠎ᠠ ᠶᠠᠪᠦᠵᠦ ᠰᠣᠷᠪᠣᠯᠵᠢᠯᠠᠨ ᠪᠠᠶᠢᠴᠠᠭᠠᠯᠲᠠ ᠬᠢᠵᠦ᠂ ᠮᠠᠯᠴᠢᠨ ᠲᠠᠷᠢᠶᠠᠴᠢᠳᠤᠨ ᠨᠡᠶᠢᠭᠡᠮ ᠤᠨ ᠵᠦᠷᠢᠴᠡᠯ ᠢ 50 ᠭᠠᠷᠦᠢ ᠤᠳᠠᠭ᠎ᠠ ᠰᠢᠢᠳᠪᠦᠷᠢᠯᠡᠵᠦ᠂ ᠮᠠᠯᠵᠢᠬᠤ ᠶᠢ ᠬᠤᠷᠢᠭᠯᠠᠭᠰᠠᠠ ᠮᠠᠯᠴᠢᠳ ᠲᠤ 55 ᠤᠳᠠᠭ᠎ᠠ ᠡᠯ᠎ᠡ ᠵᠦᠢᠯ ᠤᠨ ᠬᠦᠴᠢᠷ ᠢ ᠰᠢᠢᠳᠪᠦᠷᠢᠯᠡᠨ ᠥᠭᠴᠦ᠂ ᠬᠢᠯᠢ ᠬᠢᠵᠠᠭᠠᠷ ᠣᠷᠣᠨ ᠤ ᠦᠨᠳᠦᠰᠦᠲᠡᠨ ᠤ ᠪᠦᠯᠬᠦᠮᠳᠡᠯ ᠢ ᠠᠬᠢᠭᠤᠯᠵᠦ᠂ ᠡᠶ᠎ᠡ ᠨᠠᠶᠢᠷᠠᠮᠳᠠᠭᠤ ᠲᠣᠭᠳᠠᠭᠤᠨ ᠶᠢ ᠪᠠᠲᠦᠯᠠᠬᠤ ᠳᠤ ᠢᠳᠡᠪᠬᠢᠲᠠᠢ ᠦᠢᠯᠡᠳᠦᠯ ᠦᠵᠡᠭᠦᠯᠵᠡᠢ᠃ 2013 ᠣᠨ ᠳᠤ᠂ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠦᠨ ᠢ ᠬᠠᠮᠵᠢᠨ ᠫᠦ᠋ ᠱᠧᠩ ᠠᠭᠤᠷᠬᠠᠢ ᠶᠢᠨ ᠬᠢᠵᠠᠭᠠᠷᠲᠦ ᠬᠠᠷᠢᠭᠤᠴᠠᠯᠭᠠᠲᠣ ᠺᠣᠮᠫᠠᠨᠢ ᠶᠢᠨ ᠲᠡᠷᠭᠡᠨ ᠵᠢᠯᠣᠭᠤᠴᠢᠨ ᠳᠤ ᠥᠷᠢᠳᠦᠵᠦ ᠪᠠᠶᠢᠭᠰᠠᠨ ᠴᠠᠯᠢᠩ ᠤᠨ ᠠᠰᠠᠭᠤᠳᠠᠯ᠂ ᠰᠢ ᠬᠡᠡ ᠰᠢᠶᠡᠩ ᠤ ᠽᠠᠢ ᠵᠢᠶᠠ ᠬᠤᠣ ᠶᠢᠨ ᠲᠠᠷᠢᠶᠠᠴᠢᠨ ᠬᠢᠭᠡᠳ ᠰᠢᠪᠠᠷᠬᠦᠷᠢᠶᠠ ᠪᠠᠯᠭᠠᠰᠥᠨ ᠤ ᠮᠣᠦ ᠱᠧᠩ ᠲᠣᠭᠤᠰᠬᠠᠨ ᠤ ᠦᠢᠯᠡᠳᠪᠦᠷᠢ ᠶᠢᠨ ᠬᠦᠯᠦᠰᠤᠨᠲ᠋ᠠᠷᠢᠶᠠᠴᠢᠨ ᠤ ᠬᠠᠮᠲᠦ ᠶᠢᠨ ᠳᠡᠭᠡᠭᠰᠢ ᠰᠣᠷᠪᠣᠯᠵᠢᠯᠠᠬᠤ ᠵᠡᠷᠭᠡ ᠬᠡᠷᠡᠭ ᠤᠳ ᠢ ᠰᠢᠢᠳᠪᠦᠷᠢᠯᠡᠨ ᠥᠭᠴᠡᠢ᠃ ᠨᠢᠳᠦᠨᠣᠨ ᠵᠢᠯ ᠤᠨ 4 ᠰᠠᠷ᠎ᠠ ᠶᠢᠨ ᠦᠶ᠎ᠡ ᠪᠠᠷ᠂ ᠪᠢ ᠳᠣᠭᠤᠷᠢᠨ ᠰᠣᠷᠪᠣᠯᠵᠢᠯᠠᠬᠤ ᠶᠠᠪᠣᠴᠠ ᠳᠣᠮᠳᠠ ᠰᠢᠪᠠᠷᠬᠦᠷᠢᠶᠠ ᠪᠠᠯᠭᠠᠰᠥᠨ ᠤ ᠴᠢᠩ ᠳ᠋ᠠ ᠴᠠᠷᠳᠠᠭᠤᠯ ᠤᠨ ᠦᠢᠯᠡᠳᠪᠦᠷᠢ ᠶᠢᠨ ᠬᠦᠯᠦᠰᠤᠨ ᠲᠠᠷᠢᠶᠠᠴᠢᠨ ᠤ ᠲᠦᠯᠦᠭᠡᠯᠡᠩᠴᠢ ᠶᠢᠨ ᠲᠣᠰᠬᠠᠭᠰᠠ᠂ ᠴᠠᠯᠢᠩ ᠬᠦᠯᠦᠰᠦ ᠥᠷᠢᠳᠦᠵᠦ ᠪᠠᠶᠢᠭ᠎ᠠ ᠠᠰᠠᠭᠤᠳᠠᠯ ᠢ ᠤᠶᠢᠯᠠᠭᠠᠵᠤ ᠮᠡᠳᠡᠨ᠂ ᠬᠤᠰᠢᠭᠤᠨ ᠤ ᠬᠦᠳᠡᠯᠮᠤᠷᠢ ᠶᠢ ᠬᠢᠨᠠᠨ ᠪᠠᠶᠢᠴᠠᠭᠠᠬᠤ ᠶᠡᠭᠡ ᠠᠩᠭᠢ ᠲᠠᠢ ᠬᠠᠮᠵᠢᠯᠴᠡᠨ ᠰᠢᠢᠳᠪᠦᠷᠢᠯᠡᠵᠦ᠂ ᠡᠴᠦᠰ ᠲᠡᠭᠡᠨ ᠥᠷᠢᠳᠦᠵᠦ ᠪᠠᠶᠢᠭᠰᠠᠨ 2 ᠲᠦᠮᠡ ᠭᠠᠷᠦᠢ ᠴᠢᠯᠢᠩ ᠢ ᠬᠦᠯᠦᠰᠤᠨ ᠲᠠᠷᠢᠶᠠᠴᠢᠨ ᠤ ᠭᠠᠷ ᠲᠤ ᠬᠦᠷᠭᠡᠵᠡᠢ᠃ ᠨᠢᠳᠦᠨᠣᠨ ᠵᠢᠯ ᠤᠨ 7 ᠰᠠᠷ᠎ᠠ ᠶᠢᠨ ᠦᠶ᠎ᠡ ᠪᠠᠷ ᠮᠢᠨᠤ ᠪᠠᠶᠢᠭ᠎ᠠ ᠲᠣᠮᠢᠯᠠᠭᠰᠠᠨ ᠪᠠᠶᠢᠴᠠᠭᠠᠬᠤ ᠲᠠᠰᠤᠭ ᠤᠨ ᠠᠵᠢᠯ ᠤᠨ ᠲᠣᠷᠰᠢᠯᠭ᠎ᠠ ᠶᠢᠨ ᠮᠠᠲ᠋ᠧᠷᠢᠶᠠᠯ ᠪᠦᠬᠦ ᠣᠷᠣᠨ ᠤ ᠪᠠᠶᠢᠴᠠᠭᠠᠬᠤ ᠳᠠᠷᠤᠭ᠎ᠠ ᠨᠠᠷ ᠤᠨ ᠰᠠᠭᠤᠳᠡᠯ ᠤᠨ ᠬᠤᠷᠠᠯ ᠵᠢᠴᠢ ᠦᠨᠳᠦᠰᠦᠨ ᠱᠠᠲᠦᠨ ᠤ ᠪᠠᠶᠢᠴᠠᠭᠠᠬᠤ ᠲᠠᠰᠤᠭ ᠤᠨ ᠪᠦᠲᠦᠭᠡᠨ ᠪᠠᠶᠢᠭᠤᠯᠣᠯᠲᠡ ᠶᠢ ᠠᠬᠢᠭᠤᠯᠬᠤ ᠬᠤᠷᠠᠯ ᠳᠡᠭᠡᠷ᠎ᠡ ᠲᠣᠷᠰᠢᠯᠭ᠎ᠠ ᠰᠤᠯᠢᠯᠴᠠᠭᠤᠯᠤᠭᠰᠠᠠ ᠤ ᠳᠠᠭᠠᠣ ᠬᠤᠰᠢᠭᠤᠨ ᠤ ᠵᠠᠰᠠᠭ ᠤᠨ ᠣᠷᠳᠦᠨ ᠤ ᠳᠠᠷᠤᠭ᠎ᠠ ᠡᠩᠬᠡᠲᠦ᠋ᠪᠰᠢᠨ ᠤ ᠪᠢᠴᠢᠭ ᠤᠨ ᠬᠡᠯᠪᠡᠷᠢ ᠶᠢᠨ ᠴᠣᠬᠤᠯᠪᠣᠷᠢ ᠶᠢ ᠬᠦᠯᠢᠶᠡᠨ ᠠᠪᠴᠠᠢ᠃
︵ᠭᠤᠷᠪᠠ︶ ᠮᠣᠩᠭᠤᠯ ᠬᠢᠲᠠᠳ ᠬᠤᠣᠰ ᠬᠡᠯᠡ ᠪᠠᠷ ᠤᠷᠢᠳᠴᠢᠯᠠᠨ ᠰᠡᠷᠭᠡᠶᠢᠯᠡᠬᠦ ᠪᠠ ᠤᠬᠠᠭᠤᠯᠬᠤ ᠠᠵᠢᠯ ᠢᠶᠠᠨ ᠦᠷᠨᠢᠭᠦᠯᠬᠦ ᠪᠣᠯ ᠦᠨᠳᠦᠰᠦᠲᠡᠨ ᠤ ᠪᠦᠯᠬᠦᠮᠳᠡᠯ ᠢ ᠠᠬᠢᠭᠤᠯᠬᠤ ᠦᠷ᠎ᠡ ᠪᠦᠲᠦᠮᠵᠢᠲᠡᠢ ᠠᠷᠭ᠎ᠠ ᠬᠡᠯᠪᠡᠷᠢ ᠮᠥᠨ᠃
ᠮᠣᠩᠭᠤᠯ ᠬᠢᠲᠠᠳ ᠬᠤᠣᠰ ᠬᠡᠯᠡ ᠪᠠᠷ ᠤᠷᠢᠳᠴᠢᠯᠠᠨ ᠰᠡᠷᠭᠡᠶᠢᠯᠡᠬᠦ ᠪᠠ ᠤᠬᠠᠭᠤᠯᠬᠤ ᠠᠵᠢᠯ ᠢᠶᠠᠨ ᠰᠠᠶᠢᠳᠦᠷ ᠦᠷᠨᠢᠭᠦᠯᠬᠦ ᠶᠢᠨ ᠲᠣᠰᠠᠳᠠ᠂ ᠮᠠᠨ ᠤ ᠬᠤᠷᠢᠶ᠎ᠠ ᠴᠦ ᠮᠠᠰᠢ ᠲᠣᠮᠣ ᠬᠦᠴᠦ ᠬᠦᠯᠦᠰᠦ ᠵᠠᠷᠣᠴᠠᠭᠤᠯᠵᠢ᠃ ᠣᠶᠢᠷ᠎ᠠ ᠶᠢᠨ ᠬᠡᠳᠥᠨ ᠵᠢᠯ ᠬᠦᠳᠡᠭᠡ ᠲᠤᠰᠬᠤᠨ ᠮᠠᠯᠵᠢᠬᠤ ᠣᠷᠣᠨ ᠳᠤ ᠪᠠᠭᠤᠵᠦ ᠲᠠᠷᠬᠠᠭᠰᠠᠨ ᠮᠠᠲ᠋ᠧᠷᠢᠶᠠᠯ ᠢ ᠴᠦᠮ ᠮᠣᠩᠭᠤᠯ ᠬᠢᠲᠠᠳ ᠬᠤᠣᠰ ᠬᠡᠯᠡ ᠪᠠᠷ ᠳᠠᠷᠦᠮᠯᠠᠭᠰᠠᠨ ᠶᠤᠮ᠃ ᠮᠠᠯᠵᠢᠬᠤ ᠣᠷᠣᠨ ᠳᠤ ᠬᠦᠷᠦᠭᠰᠡᠨ ᠤ ᠳᠠᠷᠠᠭ᠎ᠠ᠂ ᠮᠣᠩᠭᠤᠯ ᠦᠭᠡ ᠶᠠᠷᠢᠳᠠᠭ ᠪᠦᠬᠦᠨ ᠳᠤ ᠬᠤᠣᠰ ᠬᠡᠯᠡ ᠪᠠᠷ ᠳᠠᠷᠦᠮᠯᠠᠭᠰᠠᠨ ᠮᠠᠲ᠋ᠧᠷᠢᠶᠠᠯ ᠬᠦᠷᠭᠡᠬᠦ ᠦᠶ᠎ᠡ ᠳᠤ᠂ ᠮᠠᠯᠴᠢᠨ ᠲᠦᠮᠡᠨ ᠳᠤ ᠬᠠᠯᠠᠭᠤᠨ ᠲᠣᠲᠣᠨᠣ ᠰᠠᠨᠠᠭᠳᠠᠭᠤᠯᠵᠣ᠂ ᠲᠡᠳᠡ ᠨᠠᠶᠢᠷᠰᠠᠭ ᠢᠶᠠᠷ ᠮᠣᠩᠭᠤᠯ ᠭᠡᠷ ᠲᠡᠭᠡᠨ ᠤᠷᠢᠳᠠᠭ᠃ ᠵᠠᠷᠢᠮ ᠦᠶ᠎ᠡ ᠳᠤ ᠬᠤᠨᠢᠨ ᠰᠦᠷᠦᠭ ᠤᠨ ᠬᠠᠵᠢᠭᠤ ᠳᠤ ᠰᠠᠭᠤᠯᠴᠠᠵᠣ᠂ ᠡᠷᠡᠭᠡ ᠵᠢᠷᠤᠭ᠎ᠠ ᠦᠭᠡᠢ ᠶᠠᠷᠢᠯᠴᠠᠨ᠂ ᠮᠠᠯᠴᠢᠨ ᠲᠦᠮᠡᠨ ᠤ ᠰᠡᠳᠭᠢᠯ ᠤᠨ ᠦᠭᠡ ᠶᠢ ᠰᠣᠨᠣᠰᠴᠤ᠂ ᠲᠡᠳᠡᠨ ᠤ ᠬᠦᠴᠢᠷ ᠲᠦᠪᠡᠭᠳᠡᠯ᠂ ᠲᠡᠳᠡᠨ ᠤ ᠬᠠᠪᠰᠤᠷᠬᠤ ᠴᠢᠬᠤᠯᠲᠠᠢ ᠠᠰᠠᠭᠤᠳᠠᠯ ᠤᠳ ᠢ ᠶᠠᠷᠢᠯᠴᠠᠳᠠᠭ᠃ ᠮᠣᠩᠭᠤᠯ ᠬᠢᠲᠠᠳ ᠬᠤᠣᠰ ᠬᠡᠯᠡ ᠪᠠᠷ ᠣᠯᠠᠨ ᠲᠦᠮᠡᠨ ᠲᠠᠢ ᠤᠶᠢᠯᠠᠭᠠᠯᠴᠠᠵᠤ ᠨᠠᠪᠲᠡᠷᠡᠯᠴᠡᠬᠦ ᠶᠢᠨ ᠲᠦᠭᠦᠮ ᠲᠦᠲᠡ ᠶᠢ ᠥᠪᠡᠷ ᠤᠨ ᠪᠡᠶ᠎ᠡ ᠪᠠᠷ ᠢᠶᠠᠨ ᠰᠡᠷᠡᠵᠦ ᠮᠡᠳᠡᠭᠰᠡᠨ ᠤ ᠳᠠᠷᠠᠭ᠎ᠠ᠂ ᠪᠢ ᠥᠷᠭᠦᠯᠵᠢ ᠬᠤᠪᠢᠳᠠᠨ ᠬᠠᠮᠢᠶᠠᠷᠬᠤ ᠪᠠᠶᠢᠴᠠᠭᠠᠬᠤ ᠳᠠᠷᠤᠭ᠎ᠠ᠂ ᠪᠠᠶᠢᠴᠠᠭᠠᠬᠤ ᠳᠠᠷᠤᠭ᠎ᠠ ᠳᠤ ᠥᠪᠡᠷ ᠤᠨ ᠲᠦᠷᠦᠭᠳᠡᠯ ᠢᠶᠠᠨ ᠬᠠᠷᠢᠭᠤ ᠮᠡᠳᠡᠭᠦᠯᠵᠦ᠂ ᠬᠤᠷᠢᠶᠡᠨ ᠤ ᠨᠠᠮ ᠤᠨ ᠣᠳᠣᠷᠢᠳᠬᠤ ᠳᠣᠭᠤᠶᠢᠯᠠᠩ ᠡᠨᠠᠬᠦ ᠠᠵᠢᠯ ᠢ ᠲᠤᠶᠢᠯ ᠢᠶᠠᠷ ᠬᠦᠨᠳᠦᠳᠬᠡᠨ ᠦᠵᠡᠳᠡᠭ᠃ ᠣᠨᠴᠠᠭᠠᠶᠢᠯᠠᠨ ᠣᠶᠢᠷ᠎ᠠ ᠶᠢᠨ ᠬᠡᠳᠦᠨ ᠵᠢᠯ ᠠᠴᠠ ᠨᠠᠰᠢ ᠮᠣᠩᠭᠤᠯ ᠪᠠᠷ ᠵᠠᠷᠭᠤᠯᠳᠦᠬᠤ᠂ ᠬᠤᠣᠰ ᠬᠡᠯᠡ ᠪᠠᠷ ᠦᠨᠳᠦᠰᠦᠳᠡᠨ ᠤ ᠪᠦᠯᠬᠦᠮᠳᠡᠯ ᠢ ᠪᠠᠲᠤᠯᠠᠬᠤ ᠵᠡᠷᠭᠡ ᠮᠣᠩᠭᠤᠯ ᠬᠢᠲᠠᠳ ᠬᠤᠣᠰ ᠬᠡᠯᠡᠨ ᠤ ᠬᠠᠮᠢᠶ᠎ᠠ ᠪᠦᠬᠦᠢ ᠪᠠᠶᠢᠴᠠᠭᠠᠬᠤ ᠠᠵᠢᠯ ᠨᠢ ᠪᠦᠬᠦ ᠬᠤᠷᠢᠶᠠᠨ ᠤ ᠰᠢᠨ᠎ᠡ ᠶᠢ ᠡᠭᠦᠳᠬᠦ ︽ᠪᠦᠬᠦ ᠣᠷᠣᠨ ᠤ ᠲᠡᠷᠢᠭᠦᠨ ᠤ ᠡᠩᠨᠡᠭᠡ᠂ ᠪᠦᠬᠦ ᠤᠯᠤᠰ ᠤᠨ ᠣᠬᠢ ᠰᠢᠯᠢᠳᠡᠭ ︾ ᠢ ᠲᠡᠮᠡᠴᠡᠬᠦ ᠲᠠᠯ᠎ᠠ ᠪᠠᠷ ᠮᠠᠰᠢ ᠣᠯᠠᠨ ᠢᠳᠡᠪᠬᠢᠲᠠᠢ ᠦᠷ᠎ᠡ ᠠᠰᠢᠭ ᠪᠦᠬᠦᠢ ᠠᠵᠢᠯ ᠢ ᠦᠷᠨᠢᠭᠦᠯᠵᠦ᠂ ᠵᠣᠬᠢᠬᠤ ᠬᠡᠮᠵᠢᠶᠡᠨ ᠤ ᠦᠷ᠎ᠡ ᠪᠦᠲᠦᠮᠵᠢ ᠣᠯᠵᠠᠢ᠃ 2013 ᠣᠨ ᠳᠤ᠂ ᠮᠠᠨ ᠤ ᠬᠤᠷᠢᠶᠠᠠ ᠤ ᠮᠣᠩᠭᠤᠯ ᠬᠡᠯᠡ ᠪᠠᠷ ᠬᠡᠷᠡᠭ ᠰᠢᠢᠳᠪᠦᠷᠢᠯᠡᠬᠦ ᠠᠵᠢᠯ ᠤᠨ ᠳᠣᠭᠤᠶᠢᠯᠠᠩ ᠤᠨᠦᠷᠨᠢᠭᠦᠯᠦᠭᠰᠡᠨ ᠡᠷᠡᠭᠦᠦ ᠶᠢᠨ ᠬᠡᠷᠡᠭ ᠶᠢᠨ ᠡᠶᠡᠳᠡᠭᠦᠯᠬᠦ ᠠᠵᠢᠯ ᠤᠨᠲ᠋ᠣᠷᠰᠢᠯᠭᠠ ᠶᠢᠨ ᠮᠠᠲ᠋ᠧᠷᠢᠶᠠᠯ ᠨᠢ ᠪᠦᠬᠦ ᠣᠷᠣᠨ ᠤ ᠪᠠᠶᠢᠴᠠᠭᠠᠬᠤ ᠪᠠᠶᠢᠭᠤᠯᠭ᠎ᠠ ᠵᠢᠨᠵᠠᠷᠭᠤᠯᠳᠦᠬᠤ ᠪᠣᠳᠠᠲᠠᠢ ᠡᠭᠦᠷᠭᠡ ᠶᠢᠨ ᠪᠣᠯᠪᠠᠰᠤᠷᠠᠯ ᠤᠨ ᠠᠩᠭᠢ ᠵᠢᠴᠢ ᠵᠠᠷᠭᠤᠯᠳᠦᠬᠤ ᠰᠠᠯᠠᠭ᠎ᠠ ᠮᠦᠴᠢᠷ ᠤᠨ ᠡᠷᠡᠭᠦᠦ ᠶᠢᠨ ᠵᠠᠷᠭᠤ ᠶᠢᠨ ᠬᠠᠣᠯᠢ ᠶᠢᠨ ᠲᠦᠯᠬᠢᠨ ᠠᠬᠢᠭᠤᠯᠬᠤ ᠬᠤᠷᠠᠯ ᠲᠡᠭᠡᠷ᠎ᠡ ᠳᠠᠷᠦᠮᠯᠠᠭᠳᠠᠨ ᠲᠠᠷᠬᠠᠭᠳᠠᠵᠤ᠂ ᠪᠦᠬᠦ ᠣᠷᠣᠨ ᠤ ᠵᠠᠷᠭᠤᠯᠳᠦᠬᠤ ᠰᠠᠯᠠᠭ᠎ᠠ ᠮᠦᠴᠢᠷ ᠶᠢᠨ ᠦᠨᠳᠥᠷ ᠦᠨᠡᠯᠡᠯᠲᠡ ᠶᠢ ᠣᠯᠵᠤ᠂ ᠪᠦᠬᠦ ᠣᠷᠣᠨ ᠤ ᠲᠡᠷᠢᠭᠦᠨ ᠤ ᠬᠢᠷᠢ ᠬᠡᠮᠵᠢᠶᠡᠨ ᠳᠤ ᠬᠦᠷᠴᠡᠢ᠃ 2014 ᠣᠨ ᠳᠤ᠂ ᠮᠣᠩᠭᠤᠯ ᠬᠢᠲᠠᠳ ᠬᠤᠣᠰ ᠬᠡᠯᠡ ᠪᠠᠷ ᠦᠷᠨᠢᠭᠦᠯᠦᠭᠰᠡᠨ ᠣᠨᠴᠠᠯᠢᠭ ᠪᠦᠬᠦᠢ ᠪᠠᠶᠢᠴᠠᠭᠠᠬᠤ ᠠᠵᠢᠯ ᠤᠨ ᠠᠷᠭ᠎ᠠ ᠮᠠᠶ᠋ᠢᠭ ᠨᠢ ︽ᠪᠠᠶᠢᠴᠠᠭᠠᠬᠤ ᠡᠳᠦᠷ ᠤᠨ ᠰᠣᠨᠢᠨ ︾ ᠤ ᠲᠡᠷᠢᠭᠦᠨ ᠨᠢᠭᠤᠷ ᠤᠨ ᠲᠡᠷᠢᠭᠦᠨ ᠵᠣᠷᠪᠣᠰ ᠲᠤ ︽ᠥᠪᠥᠷ ᠮᠣᠩᠭᠤᠯ᠄ ᠬᠤᠣᠰ ᠬᠡᠯᠡᠨ ᠤ ︿ᠢᠵᠢ ᠬᠤᠭᠤᠯᠠᠨ﹀ ᠨᠢ ᠥᠨᠳᠦᠰᠦᠲᠡᠨ ᠤ ᠪᠦᠯᠬᠦᠮᠳᠡᠯ ᠢ ᠣᠮᠳᠠᠯᠠᠵᠡᠢ︾ ᠭᠡᠬᠦ ᠰᠡᠳᠦᠪ ᠢᠶᠠᠷ ᠮᠡᠳᠡᠭᠡᠯᠡᠵᠦ᠂ ᠪᠦᠬᠦ ᠣᠷᠣᠨ ᠤ ᠪᠠᠶᠢᠴᠠᠭᠠᠬᠤ ᠪᠠᠶᠢᠭᠤᠯᠭ᠎ᠠ ᠶᠢᠨ ᠠᠵᠢᠯ ᠤᠨ ᠪᠠᠶᠢᠴᠠᠭᠠᠬᠤ ᠡᠭᠦᠷᠭᠡ ᠶᠢᠨ ᠲᠣᠭᠲᠠᠴᠠ᠂ ᠠᠵᠤ ᠠᠬᠤᠢ ᠶᠢᠨ ᠬᠥᠭᠵᠢᠯᠲᠡ ᠳᠤ ᠥᠢᠯᠡᠴᠢᠯᠡᠬᠦ᠂ ᠨᠡᠶᠢᠭᠡᠮ ᠤᠨ ᠲᠣᠭᠲᠠᠭᠤᠨ ᠢ ᠬᠠᠮᠠᠭᠠᠯᠠᠬᠤ᠂ ᠥᠨᠳᠦᠰᠦᠲᠡᠨ ᠤ ᠪᠦᠯᠬᠦᠮᠳᠡᠯ ᠢ ᠠᠬᠢᠭᠤᠯᠬᠤ ᠵᠡᠷᠭᠡ ᠠᠵᠢᠯ ᠤᠨ ᠲᠠᠯ᠎ᠠ ᠪᠠᠷ ᠲᠤᠰᠬᠠᠢ ᠰᠡᠳᠦᠪᠲᠦ ᠮᠡᠳᠡᠭᠡᠯᠡᠯ ᠬᠢᠵᠦ᠂ ᠮᠡᠳᠡᠭᠡᠯᠡᠯ ᠢ ᠭᠤᠷᠪᠠᠨ ᠭᠡᠰᠡᠭ ᠢᠶᠠᠷ ᠥᠭᠦᠯᠡᠵᠦ᠂ ᠲᠡᠭᠦᠨ ᠤ ᠲᠣᠲᠣᠷ᠎ᠠ ︽ᠬᠤᠣᠰ ᠬᠡᠯᠡᠨ ᠤ ᠦᠢᠯᠡᠴᠢᠯᠡᠭᠡ᠂ ᠠᠷᠠᠳ ᠲᠦᠮᠡᠨ ᠪᠠ ᠪᠠᠶᠢᠴᠠᠭᠠᠬᠤ ᠬᠤᠷᠢᠶᠠᠨ ᠤ ᠨᠠᠪᠲᠡᠷᠡᠯᠴᠭᠡ ᠶᠢ ᠨᠡᠩ ᠢᠯᠭᠤᠮ ᠪᠣᠯᠭᠠᠨ᠎ᠠ ︾᠂ ︽ᠬᠤᠣᠰ ᠬᠡᠯᠡ ᠪᠠᠷ ᠬᠡᠷᠡᠭ ᠰᠢᠢᠳᠪᠦᠷᠢᠯᠡᠬᠦ ᠨᠢ᠂ ᠲᠣᠬᠠᠢ ᠶᠢᠨ ᠬᠦᠮᠦᠨ ᠳᠤ ᠡᠷᠬᠡ ᠲᠡᠭᠰᠢ ᠲᠦᠪ ᠭᠤᠣᠯᠴᠢ ᠲᠦᠷᠦᠭᠳᠡᠯ ᠣᠯᠭᠤᠨ᠎ᠠ︾ ᠭᠡᠰᠡᠨ ᠬᠤᠶᠠᠷ ᠭᠡᠰᠡᠭ ᠠᠭᠤᠯᠭ᠎ᠠ ᠶᠢᠨ ᠳᠣᠮᠳᠠ᠂ ᠮᠢᠩᠭ᠎ᠠ ᠰᠢᠬᠠᠮ ᠦᠰᠦᠭ ᠤᠨ ᠬᠡᠮᠵᠢᠶ᠎ᠡ ᠲᠠᠢ ᠥᠭᠦᠯᠡᠯ ᠨᠢ ᠮᠠᠨ ᠤ ᠬᠤᠷᠢᠶᠠᠨ ᠤ ᠦᠷᠨᠢᠭᠦᠯᠦᠭᠰᠡᠨ ︽ᠨᠠᠷᠠᠨ ᠭᠡᠷᠡᠯᠲᠦ ᠪᠠᠶᠢᠴᠠᠭᠠᠬᠤ ᠴᠣᠩᠬᠤ︾᠂ ᠬᠤᠣᠰ ᠬᠡᠯᠡᠨ ᠤ ᠲᠠᠪᠴᠡᠩ ᠸᠸ᠋ᠴᠠᠲ ᠶᠢ ᠨᠠᠪᠲᠡᠷᠡᠭᠦᠯᠦᠨ᠂ ᠪᠠᠶᠢᠴᠠᠭᠠᠬᠤ ᠠᠵᠢᠯ ᠢ ᠢᠯᠡ ᠪᠣᠯᠭᠠᠬᠠᠣ ᠬᠢᠭᠡᠳ ᠮᠣᠩᠭᠤᠯ ᠬᠡᠯᠡ ᠪᠠᠷ ᠬᠡᠷᠡᠭ ᠰᠢᠢᠳᠪᠦᠷᠢᠯᠡᠬᠦ ᠶᠢ ᠦᠷᠨᠢᠭᠦᠯᠬᠦ᠂ ᠦᠨᠳᠦᠰᠦᠲᠡᠨ ᠤ ᠪᠦᠯᠬᠦᠮᠳᠡᠯ ᠢ ᠪᠠᠲᠤᠯᠠᠭᠰᠠᠨ ᠬᠠᠮᠢᠶ᠎ᠠ ᠪᠦᠬᠦᠢ ᠠᠵᠢᠯ ᠤᠨ ᠠᠷᠭ᠎ᠠ ᠬᠡᠯᠪᠡᠷᠢ ᠶᠢᠨ ᠲᠠᠯ᠎ᠠ ᠪᠠᠷ ᠮᠡᠳᠡᠭᠡᠯᠡᠵᠦ᠂ ᠦᠷᠭᠡᠨ ᠣᠯᠠᠨ ᠠᠷᠠᠳ ᠲᠦᠮᠡᠨ ᠤ ᠲᠠᠷᠬᠠᠨ ᠮᠣᠣᠮᠢᠩᠭᠠᠨ ᠬᠤᠯᠪᠣᠭᠠᠲᠦ ᠬᠤᠰᠢᠭᠤᠨ ᠤ ᠪᠠᠶᠢᠴᠠᠭᠠᠬᠤ ᠠᠵᠢᠯ ᠳᠠᠬᠢ ᠣᠶᠢᠯᠠᠭᠠᠯᠲᠠ ᠶᠢ ᠭᠦᠨᠵᠡᠭᠡᠶᠢᠷᠡᠭᠦᠯᠵᠦ᠂ ᠮᠠᠨ ᠤ ᠬᠤᠷᠢᠶᠠᠨ ᠤ ᠤᠯᠠᠮ ᠨᠢᠭᠡ ᠠᠯᠬᠤᠮ ᠪᠠᠶᠢᠴᠠᠭᠠᠬᠤ ᠠᠵᠢᠯ ᠤᠨ ᠡᠭᠦᠷᠭᠡ ᠶᠢ ᠢᠯᠡ ᠪᠤᠯᠭᠠᠬᠤ ᠳᠤ ᠨᠡᠩ ᠰᠠᠶᠢᠨ ᠣᠬᠠᠭᠤᠯᠬᠤ ᠪᠠ ᠵᠣᠷᠢᠭᠵᠢᠭᠤᠯᠬᠤ ᠥᠢᠯᠡᠳᠦᠯ ᠦᠵᠡᠭᠦᠯᠪᠠ᠃ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠤᠷᠢᠶᠠᠨ ᠤ ᠪᠠᠶᠢᠴᠠᠭᠠᠬᠤ ᠳᠠᠷᠤᠭ᠎ᠠ ᠮᠠ ᠶᠦᠩ ᠱᠧᠩ ᠲᠣᠰ ᠰᠣᠨᠢᠨ ᠳᠡᠭᠡᠷ᠎ᠡ᠄ ︽ᠵᠦᠪᠬᠡᠨ ᠰᠡᠳᠬᠢᠯ ᠰᠢᠭᠤᠳᠴᠣ ᠬᠦᠴᠦ ᠨᠢᠭᠡᠳᠳᠡᠭ ᠯᠠ ᠶᠤᠮ ᠪᠣᠯ᠂ ᠠᠵᠢᠯ ᠲᠦᠷᠦᠯ ᠪᠦᠷᠢ ᠠᠴᠠ ᠴᠢᠳᠠᠪᠦᠷᠢᠲᠠᠨ ᠭᠠᠷᠴᠤ᠂ ᠬᠦᠮᠦᠨ ᠪᠣᠯᠭᠠᠨ ᠲᠡᠷᠢᠭᠦᠨ ᠵᠡᠷᠭᠡ ᠶᠢᠨ ᠠᠵᠢᠯ ᠤᠨ ᠪᠦᠲᠦᠮᠵᠢ ᠣᠯᠵᠣ ᠴᠢᠳᠠᠨ᠎ᠠ︾ ᠭᠡᠮᠡᠨ ᠴᠤᠬᠤᠯᠠᠪᠤᠷᠢᠯᠠᠭᠰᠠᠠ ᠪᠠᠶᠢᠨ᠎ᠠ᠃
ᠬᠤᠶᠠᠷ᠂ ᠮᠠᠨ ᠤ ᠬᠤᠷᠢᠶᠠᠨ ᠤ ᠮᠣᠩᠭᠤᠯ ᠬᠢᠲᠠᠳ ᠬᠤᠣᠰ ᠬᠡᠯᠡᠨ ᠦᠪᠠᠶᠢᠴᠠᠭᠠᠬᠤ ᠠᠵᠢᠯ ᠦᠷᠨᠢᠭᠦᠯᠦᠭᠰᠡᠨ ᠪᠠᠶᠢᠳᠠᠯ
︵ᠨᠢᠭᠡ︶ ᠲᠡᠦᠬᠡᠨ ᠤᠯᠠᠷᠢᠯᠠᠯᠲᠠ ᠶᠢᠨ ᠲᠠᠯ᠎ᠠ ᠪᠠᠷ
ᠮᠠᠨ ᠤ ᠬᠤᠷᠢᠶᠠᠨ ᠤ ᠮᠣᠩᠭᠤᠯ ᠬᠢᠲᠠᠳ ᠬᠤᠣᠰ ᠬᠡᠯᠡᠨ ᠤ ᠣᠨᠴᠠᠯᠢᠭ ᠲᠠᠢ ᠪᠠᠶᠢᠴᠠᠭᠠᠬᠤ ᠠᠵᠢᠯ ᠶᠢᠨ ᠡᠬᠢᠯᠡᠭᠰᠡᠨ ᠨᠢ ᠪᠦᠬᠦ ᠣᠷᠦᠨ ᠤ ᠬᠡᠪᠴᠢᠶᠠᠨ ᠳᠤ ᠠᠪᠴᠦ ᠬᠡᠯᠡᠪᠡᠯ ᠮᠥᠨ ᠴᠤ ᠨᠡᠯᠢᠶᠡᠳ ᠡᠷᠲᠡ ᠶᠤᠮ᠃ ᠮᠠᠨ ᠤ ᠬᠤᠷᠢᠶ᠎ᠠ 2005 ᠣᠨ ᠠᠴᠠ ᠡᠬᠢᠯᠡᠨ ᠮᠣᠩᠭᠤᠯ ᠬᠢᠲᠠᠳ ᠬᠤᠣᠰ ᠬᠡᠯᠡᠨ ᠤ ᠪᠠᠶᠢᠴᠠᠭᠠᠬᠤ ᠠᠵᠢᠯ ᠢ ᠵᠢᠯ ᠤᠨ ᠡᠬᠢᠨ ᠤ ᠠᠵᠢᠯ ᠤᠨ ᠭᠤᠣᠯᠳᠠᠯᠭ᠎ᠠ ᠪᠠᠨ ᠪᠤᠯᠭᠠᠭᠰᠠᠨ ᠪᠢᠯᠡ᠃ ᠬᠢᠨᠠᠨ ᠪᠠᠶᠢᠴᠠᠭᠠᠨ ᠪᠠᠷᠢᠪᠴᠢᠯᠠᠬᠤ ᠶᠢ ᠵᠦᠪᠰᠢᠶᠡᠷᠡᠬᠦ᠂ ᠬᠢᠨᠠᠨ ᠪᠠᠶᠢᠴᠠᠭᠠᠨ ᠵᠠᠭᠠᠯᠳᠦᠯᠭᠠ ᠭᠠᠷᠭᠠᠬᠤ ᠠᠵᠢᠯ ᠦᠷᠨᠢᠭᠦᠯᠬᠦ ᠳᠤ ᠪᠠᠨ᠂ ᠮᠣᠩᠭᠤᠯ ᠲᠣᠬᠠᠢ ᠶᠢᠨ ᠬᠦᠮᠦᠨ ᠳᠤ ᠮᠣᠩᠭᠤᠯ ᠦᠭᠡ ᠬᠡᠯᠡ ᠦᠰᠦᠭ ᠪᠢᠴᠢᠭ ᠢᠶᠠᠷ ᠬᠠᠣᠯᠢ ᠶᠣᠰᠦᠨ ᠤ ᠡᠭᠦᠷᠭᠡ ᠬᠠᠷᠢᠭᠤᠴᠠᠯᠭ᠎ᠠ ᠶᠢ ᠨᠢ ᠮᠠᠳᠡᠭᠳᠡᠬᠦ ᠪᠦᠭᠡᠳ ᠯᠠᠪᠯᠠᠨ ᠠᠰᠠᠭᠤᠬᠤ᠂ ᠰᠢᠬᠦᠨ ᠠᠰᠠᠭᠤᠬᠤ ᠵᠡᠷᠭᠡ ᠠᠵᠢᠯ ᠢ ᠦᠷᠨᠢᠭᠦᠯᠳᠡᠭ᠃ 2009 ᠣᠨ ᠠᠴᠠ ᠡᠬᠢᠯᠡᠨ᠂ ᠵᠢᠯ ᠪᠣᠯᠭᠠᠨ ᠨᠢᠭᠡ ᠠᠴᠠ ᠬᠤᠶᠠᠷ ᠤᠳᠠᠭᠠᠨ ᠤ ᠮᠣᠩᠭᠤᠯ ᠦᠭᠡ ᠬᠡᠯᠡ ᠦᠰᠦᠭ ᠪᠢᠴᠢᠭ ᠤᠨ ᠵᠠᠷᠭᠤᠯᠳᠦᠭᠠᠨ ᠤ ᠦᠵᠡᠬᠦᠯᠦᠯᠭᠡ ᠶᠢᠨ ᠰᠢᠭᠦᠬᠦ ᠲᠢᠩᠬᠢᠮ ᠬᠢᠵᠤ᠂ ᠦᠢᠯᠡᠳᠦᠯᠭᠡ ᠶᠢᠨ ᠳᠣᠮᠳᠠ ᠠᠴᠠ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ ᠴᠢᠳᠠᠪᠦᠷᠢ ᠢᠶᠠᠨ ᠳᠡᠭᠡᠭᠰᠢᠯᠡᠭᠦᠯᠬᠦ ᠶᠢ ᠴᠢᠬᠤᠯᠴᠢᠯᠠᠳᠠᠭ ᠪᠠᠶᠢᠪᠠ᠃ ᠦᠵᠡᠬᠦᠯᠦᠯᠭᠡ ᠰᠢᠭᠦᠬᠦ ᠲᠢᠩᠬᠢᠮ ᠳᠤ ᠪᠠᠨ ᠭᠤᠷᠪᠠᠨ ᠱᠠᠳᠤᠨ ᠤ ᠪᠠᠶᠢᠴᠠᠭᠠᠬᠤ ᠬᠤᠷᠢᠶᠠᠨ ᠤ ᠠᠯᠪᠠᠨ ᠵᠠᠭᠠᠯᠳᠦᠯᠭᠠ᠂ ᠣᠷᠴᠢᠭᠤᠯᠭ᠎ᠠ ᠶᠢᠨ ᠰᠠᠯᠠᠭ᠎ᠠ ᠮᠦᠴᠢᠷ ᠤᠨ ᠣᠳᠣᠷᠢᠳᠦᠯᠭᠠ ᠵᠢᠴᠢ ᠠᠵᠢᠯᠲᠡᠳ ᠢ ᠣᠷᠢᠨ ᠰᠣᠨᠢᠷᠬᠠᠭᠤᠯᠵᠦ᠂ ᠪᠦᠬᠦ ᠣᠷᠦᠨ ᠤ ᠬᠡᠪᠴᠢᠶᠠᠨ ᠳᠤ ᠨᠡᠯᠢᠶᠠᠳ ᠰᠠᠶᠢᠨ ᠦᠷ᠎ᠡ ᠪᠦᠲᠦᠮᠵᠢ ᠣᠯᠣᠭᠰᠠᠨ ᠪᠠᠶᠢᠨ᠎ᠠ᠃ 2011 ᠣᠨ ᠤ 8 ᠰᠠᠷ᠎ᠠ ᠳᠤ᠂ ᠮᠠᠨ ᠤ ᠬᠤᠷᠢᠶ᠎ᠠ ᠮᠣᠩᠭᠤᠯ ᠬᠢᠲᠠᠳ ᠬᠤᠣᠰ ᠬᠡᠯᠡᠨ ᠤ ᠪᠠᠶᠢᠴᠠᠭᠠᠬᠤ ᠠᠵᠢᠯ ᠤᠨ ᠣᠯᠣᠭᠰᠠᠨ ᠦᠷ᠎ᠡ ᠪᠦᠲᠦᠮᠵᠢ ᠪᠠ ᠲᠣᠷᠰᠢᠯᠭ᠎ᠠ ᠰᠣᠷᠭᠠᠮᠵᠢ ᠶᠢᠨ ᠰᠠᠭᠤᠷᠢᠨ ᠳᠡᠭᠡᠷ᠎ᠡ᠂ ᠮᠠᠨ ᠤ ᠬᠤᠷᠢᠶ᠎ᠠ ᠵᠢᠩᠭᠢᠨᠢ ᠪᠠᠷ ︽ᠪᠣᠭᠤᠲᠦ ᠬᠤᠲᠠ ᠶᠢᠨ ᠪᠠᠶᠢᠴᠠᠭᠠᠬᠤ ᠪᠠᠶᠢᠭᠤᠯᠭ᠎ᠠ ᠶᠢᠨ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ ᠰᠠᠭᠤᠷᠢᠨ ᠭᠠᠵᠠᠷ︾ ᠤᠨ ᠫᠠᠶᠢᠰᠠ ᠡᠯᠭᠦᠪᠡ᠃ ᠪᠣᠳᠠᠲᠠᠢ ᠬᠡᠷᠡᠭ ᠰᠢᠢᠳᠪᠦᠷᠢᠯᠡᠯᠲᠡ ᠶᠢᠨ ᠳᠣᠮᠳᠠ ᠳᠤ ᠪᠠᠨ ᠮᠣᠩᠭᠤᠯ ᠬᠢᠲᠠᠳ ᠬᠤᠣᠰ ᠬᠡᠯᠡ ᠮᠡᠳᠡᠳᠡᠭ ᠺᠠᠳ᠋ᠷ ᠴᠠᠭᠳᠠᠭ᠎ᠠ ᠲᠣᠮᠢᠯᠠᠵᠦ᠂ ᠮᠣᠩᠭᠤᠯ ᠦᠭᠡ ᠬᠡᠯᠡ ᠦᠰᠦᠭ ᠪᠢᠴᠢᠭ ᠤᠨ ᠵᠠᠷᠭᠤᠯᠳᠦᠭᠠᠨ ᠬᠢᠳᠡᠭ᠃ 2009 ᠣᠨ ᠳᠤ᠂ ︽ᠲᠠᠷᠬᠠᠨ ᠮᠣᠣᠮᠢᠩᠭᠠᠨ ᠬᠤᠯᠪᠦᠭᠠᠲᠦ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ ᠠᠷᠭ᠎ᠠ ︵ᠲᠣᠷᠰᠢᠨ ᠬᠡᠷᠡᠭᠯᠡᠬᠦ︶︾ ᠶᠢ ᠡᠮᠬᠢᠯᠡᠨ ᠵᠣᠬᠢᠶᠠᠵᠦ᠂ ︽ᠲᠠᠷᠬᠠᠨ ᠮᠣᠣᠮᠢᠩᠭᠠᠨ ᠬᠤᠯᠪᠦᠭᠠᠲᠦ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠮᠣᠩᠭᠤᠯ ᠦᠭᠡ ᠬᠡᠯᠡ ᠦᠰᠦᠭ ᠪᠢᠴᠢᠭ ᠢᠶᠠᠷ ᠬᠡᠷᠡᠭ ᠰᠢᠢᠳᠪᠦᠷᠢᠯᠡᠬᠦ ᠳᠣᠭᠤᠶᠢᠯᠠᠩ︾ ᠪᠠᠶᠢᠭᠤᠯᠵᠤ᠂ ᠪᠢ ᠴᠦ ᠡᠨᠡ ᠲᠣᠭᠤᠶᠢᠯᠠᠩ ᠤᠨ ᠨᠢᠭᠡᠨ ᠭᠡᠰᠢᠭᠦᠨ ᠨᠢ ᠪᠣᠯᠤᠭᠰᠠᠨ᠃ 2012 ᠣᠨ ᠠᠴᠠ ᠣᠳᠦ ᠬᠦᠷᠲᠡᠯ᠎ᠡ ᠡᠯ᠎ᠡ ᠵᠦᠢᠯ ᠤᠨ ᠡᠷᠡᠭᠦᠦ ᠶᠢᠨ ᠬᠡᠷᠡᠭ ᠨᠡᠶᠢᠲᠠ 240 ᠬᠡᠷᠡᠭ 313 ᠬᠦᠮᠦᠨ ᠢ ᠰᠢᠢᠳᠪᠦᠷᠢᠯᠡᠵᠦ᠂ ᠡᠭᠦᠨ ᠤ ᠲᠣᠲᠦᠷᠠ ᠲᠣᠬᠠᠢ ᠶᠢᠨ ᠬᠦᠮᠦᠨ ᠨᠢ ᠮᠣᠩᠭᠤᠯ ᠦᠨᠳᠦᠰᠦᠲᠡᠨ ᠪᠣᠯᠬᠤ ᠡᠷᠡᠭᠦᠦ ᠶᠢᠨ ᠬᠡᠷᠡᠭ ᠨᠢ 84 ᠬᠡᠷᠡᠭ 96 ᠬᠦᠮᠦᠨ ᠪᠠᠶᠢᠵᠤ᠂ ᠰᠢᠢᠳᠪᠦᠷᠢᠯᠡᠭᠰᠡᠨ ᠬᠡᠷᠡᠭ ᠤᠨ 35% ᠶᠢ ᠡᠵᠡᠯᠡᠨ᠎ᠡ᠃ ᠦᠨᠤ ᠵᠢᠯ᠂ ᠵᠠᠷᠭᠤᠯᠳᠦᠬᠤ ᠠᠷᠭ᠎ᠠ ᠳᠤ ᠪᠠᠨ ᠵᠠᠰᠠᠪᠦᠷᠢ ᠣᠷᠦᠭᠤᠯᠣᠭᠰᠠᠨ ᠪᠦᠭᠡᠳ ᠲᠤᠳᠤᠭᠠᠳᠤ ᠶᠢ ᠬᠠᠮᠠᠭᠠᠯᠠᠬᠤ ᠲᠣᠪᠴᠢᠶ᠎ᠠ᠂ ᠰᠢᠭᠦᠬᠦ ᠬᠤᠷᠢᠶ᠎ᠠ ᠲᠠᠢ ᠬᠤᠷᠠᠯᠳᠤᠨ ᠲᠣᠭᠲᠠᠵᠤ᠂ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ ᠠᠵᠢᠯ ᠤᠨ ᠳᠦᠷᠢᠮ ᠲᠣᠭᠳᠠᠭᠠᠯ ᠢ ᠴᠠᠭ ᠲᠣᠬᠠᠢ ᠳᠤᠨᠢ ᠰᠢᠨᠡᠴᠢᠯᠡᠭᠰᠡᠨ ᠪᠦᠭᠡᠳᠵᠠᠷᠭᠤᠯᠳᠦᠬᠤ ᠠᠵᠢᠯ ᠤᠨ ᠡᠮᠬᠢ ᠳᠦᠷᠢᠮ ᠲᠠᠢ ᠶᠠᠪᠦᠭ᠌ᠳᠠᠬᠤ ᠳᠤ ᠴᠢᠬᠤᠯᠠ ᠦᠢᠯᠡᠳᠦᠯ ᠦᠵᠡᠭᠦᠯᠦᠭᠰᠡᠨ ᠪᠠᠶᠢᠨ᠎ᠠ᠃ ᠡᠭᠦᠨ ᠤ ᠬᠠᠮᠲᠦ᠂ ᠮᠣᠩᠭᠤᠯ ᠦᠭᠡ ᠬᠡᠯᠡ ᠦᠰᠦᠭ ᠪᠢᠴᠢᠭ ᠢᠶᠠᠷ ᠬᠡᠷᠡᠭ ᠰᠢᠢᠳᠪᠦᠷᠢᠯᠡᠬᠦ ᠠᠷᠭ᠎ᠠ ᠶᠢ ᠲᠣᠰᠢᠶᠠᠯ ᠤᠨ ᠶᠠᠯᠠᠲᠦ ᠬᠡᠷᠡᠭ ᠤᠨ ᠲᠣᠷᠰᠢᠨ ᠪᠠᠶᠢᠴᠠᠭᠠᠬᠤ ᠠᠵᠢᠯ ᠳᠤ ᠠᠰᠢᠭᠯᠠᠬᠤ ᠪᠠᠷ ᠴᠢᠷᠮᠠᠶᠢᠵᠦ ᠪᠣᠢ᠃
ᠳᠡᠭᠡᠷᠡᠬᠢ ᠡᠯ᠎ᠡ ᠵᠣᠶᠢᠯ ᠤᠨ ᠮᠣᠩᠭᠤᠯ ᠬᠢᠲᠠᠳ ᠬᠤᠣᠰ ᠬᠡᠯᠡᠨ ᠤ ᠠᠵᠢᠯ ᠢ ᠣᠷᠣᠭᠰᠢᠲᠠᠢ ᠶᠠᠪᠤᠭᠳᠠᠭᠤᠯᠬᠤ ᠶᠢᠨ ᠲᠤᠯᠠᠳᠠ᠂ ᠮᠠᠨ ᠤ ᠬᠤᠷᠢᠶ᠎ᠠ 2008 ᠣᠨ ᠠᠴᠠ ᠡᠬᠢᠯᠡᠨ ᠠᠵᠢᠯᠲᠡᠨ ᠡᠯᠰᠡᠬᠦ ᠲᠦᠯᠦᠪᠯᠡᠭᠡ ᠬᠢᠬᠦ ᠳᠡᠭᠡᠨ᠂ ᠢᠳᠡᠪᠬᠢᠲᠠᠢ ᠪᠠᠷ ᠳᠡᠭᠡᠷ᠎ᠡ ᠱᠠᠲᠦᠨ ᠤ ᠪᠠᠶᠢᠴᠠᠭᠠᠬᠤ ᠬᠤᠷᠢᠶ᠎ᠠ ᠪᠠ ᠭᠠᠵᠠᠷ ᠣᠷᠦᠨ ᠤ ᠨᠠᠮ ᠤᠨ ᠡᠭᠦᠷ ᠤᠨ ᠳᠡᠮᠵᠢᠯᠭᠡ ᠶᠢ ᠣᠯᠬᠤ ᠪᠠᠷ ᠴᠢᠷᠮᠠᠶᠢᠵᠦ᠂ ᠮᠣᠩᠭᠤᠯ ᠬᠢᠲᠠᠳ ᠬᠤᠣᠰ ᠬᠡᠯᠡᠨ ᠤ ᠴᠢᠳᠠᠪᠦᠷᠢᠲᠠᠨ ᠢ ᠡᠯᠰᠡᠬᠦ ᠨᠣᠷᠮ᠎ᠠ ᠪᠠᠨ ᠶᠠᠭᠡᠰᠭᠡᠵᠦ᠂ ᠮᠣᠩᠭᠤᠯ ᠬᠢᠲᠠᠳ ᠬᠤᠣᠰ ᠬᠡᠯᠡᠨ ᠤ ᠴᠢᠳᠠᠪᠦᠷᠢᠲᠠᠨ ᠤ ᠰᠢᠨᠡᠴᠢᠯᠠᠯᠲᠡ ᠪᠠ ᠨᠦᠬᠦᠪᠦᠷᠢᠯᠡᠯᠲᠠ ᠶᠢ ᠪᠠᠳᠦᠯᠠᠪᠠ᠃2008 ᠣᠨ ᠠᠴᠠ ᠨᠠᠰᠢ᠂ ᠰᠢᠯᠭᠠᠯᠲᠠ ᠪᠠᠷ ᠲᠠᠮᠵᠢᠨ 9 ᠨᠡᠷᠡᠰ ᠮᠣᠩᠭᠤᠯ ᠬᠢᠲᠠᠳ ᠬᠤᠣᠰ ᠬᠡᠯᠡᠨ ᠤ ᠠᠯᠪᠠᠨ ᠠᠵᠢᠯᠲᠠᠨ ᠡᠯᠰᠡᠵᠤ᠂ ᠡᠨᠡ ᠨᠢ ᠪᠦᠬᠦ ᠬᠤᠷᠢᠶᠠᠨ ᠤ ᠺᠠᠳ᠋ᠷ ᠴᠠᠭᠳᠠᠭ᠎ᠠ ᠶᠢᠨ ᠪᠦᠬᠦ ᠲᠣᠭᠠᠨ ᠤ 29% ᠶᠢ ᠡᠵᠠᠯᠡᠨᠡ᠃ ᠡᠯᠰᠡᠭᠰᠡᠨ ᠬᠤᠣᠰ ᠬᠡᠯᠡᠨ ᠤ ᠴᠢᠳᠠᠪᠦᠷᠢᠲᠠᠨ ᠢᠶᠠᠨ ᠠᠯᠪᠠᠨ ᠵᠠᠭᠠᠯᠳᠦᠯᠭᠠ ᠶᠢᠨ ᠰᠠᠯᠠᠭ᠎ᠠ᠂ ᠲᠣᠷᠰᠢᠨ ᠪᠠᠶᠢᠴᠠᠭᠠᠯᠳᠠ ᠳᠤ ᠬᠢᠨᠠᠯᠲᠠ ᠲᠠᠯᠪᠢᠬᠤ ᠰᠠᠯᠠᠭ᠎ᠠ ᠵᠡᠷᠭᠡ ᠴᠢᠬᠤᠯᠠ ᠠᠵᠢᠯ ᠪᠠ ᠭᠤᠮᠣᠳᠠᠯ ᠲᠣᠭᠠᠴᠢᠬᠤ ᠵᠢᠴᠢ ᠪᠠᠶᠢᠴᠠᠭᠠᠬᠤ ᠲᠠᠰᠤᠭ ᠵᠡᠷᠭᠡ ᠴᠣᠩᠬᠤᠨ ᠠᠵᠢᠯ ᠤᠨ ᠰᠠᠯᠠᠭ᠎ᠠ ᠮᠦᠴᠢᠷ ᠲᠤ ᠲᠣᠬᠢᠷᠠᠭᠤᠯᠣᠨ ᠬᠡᠷᠡᠭᠯᠡᠪᠡ᠃ ᠡᠳᠡᠭᠡᠷ ᠠᠵᠢᠯᠲᠡᠳ ᠢᠶᠠᠨ ᠬᠡᠰᠡᠭ ᠬᠤᠭᠤᠴᠠᠭ᠎ᠠ ᠵᠢᠯᠣᠭᠤᠳᠤᠨ ᠬᠦᠮᠦᠵᠢᠭᠦᠯᠦᠭᠰᠡᠨ ᠤ ᠳᠠᠷᠠᠭ᠎ᠠ᠂ ᠲᠤᠬᠠᠶᠢᠯᠠᠭᠰᠠᠨᠠᠵᠢᠯ ᠳᠠᠭᠠᠨ ᠪᠣᠯᠪᠠᠰᠦᠷᠠᠩᠭᠤᠢ᠂ ᠬᠤᠣᠰ ᠬᠡᠯᠡᠨ ᠳᠡᠭᠡᠨ ᠭᠠᠷᠮᠠᠭᠠᠢ ᠬᠦᠮᠦᠰ ᠢ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ ᠠᠵᠢᠯ ᠤᠨ ᠲᠣᠭᠤᠶᠢᠯᠠᠩ ᠳᠤ ᠣᠷᠦᠭᠤᠯᠵᠦ᠂ ᠮᠣᠩᠭᠤᠯ ᠦᠭᠡ ᠬᠡᠯᠡ ᠦᠰᠦᠭ ᠪᠢᠴᠢᠭ ᠤᠨ ᠪᠠᠶᠢᠴᠠᠭᠠᠬᠤ ᠠᠵᠢᠯ ᠤᠨ ᠣᠷᠣᠭᠰᠢᠲᠠᠢ ᠶᠠᠪᠦᠭ᠌ᠳᠠᠬᠤ ᠳᠤ ᠴᠢᠬᠤᠯᠠ ᠪᠠᠳᠤᠯᠠᠭ᠎ᠠ ᠬᠠᠩᠭᠠᠨᠰᠡᠨ ᠪᠠᠶᠢᠨ᠎ᠠ᠃ ᠡᠭᠦᠨ ᠤ ᠬᠠᠮᠲᠤ᠂ ᠮᠠᠨ ᠤ ᠬᠤᠷᠢᠶ᠎ᠠ ᠮᠣᠩᠭᠤᠯ ᠬᠢᠲᠠᠳ ᠬᠤᠣᠰ ᠬᠡᠯᠡᠨ ᠤ ᠴᠢᠳᠠᠪᠦᠷᠢᠲᠠᠨ ᠤ ᠬᠦᠮᠦᠵᠢᠭᠦᠯᠦᠯᠳᠡ ᠶᠢ ᠴᠢᠬᠤᠯᠠᠴᠢᠯᠠᠵᠤ᠂ ᠢᠳᠡᠪᠬᠢᠲᠡᠢ ᠪᠠᠷ ᠬᠤᠣᠰ ᠬᠡᠯᠡᠨ ᠤ ᠺᠠᠳ᠋ᠷ ᠴᠠᠭᠳᠠᠭ᠎ᠠ ᠶᠢᠨ ᠬᠡᠪ ᠴᠢᠨᠠᠷ ᠤᠨ ᠪᠣᠯᠪᠠᠰᠦᠷᠠᠯ ᠳᠤ ᠣᠷᠦᠯᠴᠠᠬᠤ ᠶᠢ ᠵᠣᠷᠢᠭᠵᠢᠭᠤᠯᠵᠤ᠂ ᠬᠤᠣᠰ ᠬᠡᠯᠡᠨ ᠤ ᠴᠢᠳᠠᠪᠦᠷᠢᠳᠠᠳ ᠲᠤ ᠡᠯ᠎ᠡ ᠵᠣᠶᠢᠯ ᠤᠨ ᠨᠦᠭᠦᠴᠡᠯ ᠪᠦᠷᠢᠯᠳᠤᠬᠦᠯᠵᠤ᠂ ᠲᠡᠳᠡᠨ ᠤ ᠠᠵᠢᠯ ᠤᠨ ᠬᠡᠪ ᠴᠢᠨᠠᠷ ᠤᠨ ᠪᠣᠯᠪᠠᠰᠦᠷᠠᠯ ᠪᠠ ᠮᠣᠩᠭᠤᠯ ᠬᠡᠯᠡᠨ ᠤ ᠣᠷᠴᠢᠭᠤᠯᠭ᠎ᠠ ᠶᠢᠨ ᠰᠣᠷᠦᠯᠴᠠᠭᠤᠯᠭᠠ ᠳᠤ ᠣᠷᠣᠯᠴᠠᠬᠤ ᠶᠢ ᠶᠡᠬᠡᠪᠡᠷ ᠵᠣᠷᠢᠭᠵᠢᠭᠤᠯᠵᠤ᠂ ᠮᠣᠩᠭᠤᠯ ᠦᠭᠡ ᠬᠡᠯᠡ ᠦᠰᠦᠭ ᠪᠢᠴᠢᠭ ᠢᠶᠠᠷ ᠬᠡᠷᠡᠭ ᠰᠢᠢᠳᠪᠦᠷᠢᠯᠡᠬᠦ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠦᠭᠰᠡᠨ ᠪᠠᠶᠢᠨ᠎ᠠ᠃ ᠦᠨᠤ ᠵᠢᠯ ᠮᠠᠨ ᠤ ᠬᠤᠷᠢᠶ᠎ᠠ ᠨᠢᠭᠡᠨ ᠠᠰᠫᠢᠷᠠᠨᠲ ᠶᠢᠨ ᠰᠣᠶᠣᠯ ᠤᠨ ᠬᠡᠮᠵᠢᠶ᠎ᠠ ᠲᠠᠢ ᠬᠤᠣᠰ ᠬᠡᠯᠡᠨ ᠤ ᠺᠠᠳ᠋ᠷ ᠴᠠᠭᠳᠠᠭ᠎ᠠ ᠰᠣᠳᠦᠮᠡᠷᠭᠡᠨ ᠢ ᠲᠣᠮᠢᠯᠠᠨ ᠪᠦᠬᠦ ᠬᠤᠰᠢᠭᠤᠨ ᠤ ᠮᠣᠩᠭᠤᠯ ᠬᠡᠯᠡᠨ ᠤ ᠣᠷᠠᠨ ᠵᠣᠬᠢᠶᠠᠯ ᠤᠨ ᠵᠣᠬᠢᠶᠠᠨ ᠪᠢᠴᠢᠯᠭᠡ ᠪᠠ ᠣᠩᠰᠢᠯᠭ᠎ᠠ ᠶᠢᠨ ᠣᠷᠦᠯᠳᠦᠭᠠᠨ ᠳᠤ ᠣᠷᠦᠯᠴᠠᠭᠤᠯᠣᠭᠰᠠᠨ ᠪᠠᠶᠢᠨ᠎ᠠ᠃ ᠲᠡᠷᠡ ᠪᠦᠬᠦ ᠬᠤᠰᠢᠭᠤᠨ ᠤ 140 ᠭᠠᠷᠤᠢ ᠣᠷᠣᠯᠴᠠᠭᠰᠠᠳ ᠤᠨ ᠳᠤᠮᠳᠠ ᠠᠴᠠ ᠰᠢᠯᠭᠠᠷᠠᠵᠤ᠂ ᠰᠢᠢᠳᠪᠦᠷᠢᠲᠦ ᠣᠷᠦᠯᠳᠦᠭᠠᠨ ᠳᠤ ᠣᠷᠦᠵᠦ ᠰᠢᠯᠢᠳᠡᠭ ᠳᠡᠰ ᠤᠨ ᠱᠠᠩᠨᠠᠯ ᠬᠦᠷᠲᠡᠪᠡ᠃ ᠰᠣᠳᠦᠮᠡᠷᠭᠡᠨ ᠪᠠᠰᠠ ᠬᠤᠲᠠ ᠶᠢᠨ ᠳᠡᠰ ᠤᠨ ᠰᠢᠯᠢᠳᠡᠭ ᠡᠪᠯᠡᠯ ᠤᠨ ᠭᠡᠰᠢᠭᠦᠨ ᠢᠶᠠᠷ ᠦᠨᠡᠯᠡᠭᠳᠡᠪᠡ᠃ ᠮᠠᠨ ᠤ ᠬᠤᠷᠢᠶᠠᠨ ᠤ ᠮᠣᠩᠭᠤᠯ ᠬᠢᠲᠠᠳ ᠬᠤᠣᠰ ᠬᠡᠯᠡᠨ ᠤ ᠺᠠᠳ᠋ᠷ ᠴᠠᠭᠳᠠᠭ᠎ᠠ ᠰᠡᠴᠡᠨᠬᠤᠸ᠋ᠷ᠂ 2013 ᠣᠨ ᠳᠤ ᠬᠤᠲᠠ ᠶᠢᠨ ᠳᠡᠰ ᠤᠨ ᠰᠢᠯᠢᠳᠡᠭ ᠡᠮᠩᠳᠠᠶᠢᠴᠦᠳ ᠤᠨ ᠡᠷᠬᠡ ᠠᠰᠢᠭ ᠤᠨ ᠬᠠᠮᠠᠭᠠᠯᠠᠭᠴᠢ ᠪᠠᠷᠦᠨᠡᠯᠡᠭᠳᠡᠭᠰᠡᠨ ᠪᠠᠶᠢᠨ᠎ᠠ᠂ ᠰᠡᠴᠡᠨᠬᠤᠸ᠋ᠷ ᠪᠠᠰᠠ ᠨᠢᠭᠡᠨ ᠮᠣᠩᠭᠤᠯ ᠬᠢᠲᠠᠳ ᠬᠤᠣᠰ ᠬᠡᠯᠡᠨ ᠤ ᠺᠠᠳ᠋ᠷ ᠴᠠᠭᠳᠠᠭ᠎ᠠ ᠣᠷᠢᠬᠠᠨ ᠲᠠᠢ ᠬᠤᠶᠠᠭᠤᠯᠠ ᠬᠤᠰᠢᠭᠤᠨ ᠤ ᠳᠡᠰ ᠤᠨ ᠰᠢᠯᠢᠳᠡᠭ ᠵᠠᠯᠠᠭᠤ ᠠᠵᠢᠯ ᠤᠨ ᠴᠢᠳᠠᠪᠦᠷᠢᠲᠠᠨ ᠢᠶᠠᠷ ᠦᠨᠡᠯᠡᠭᠳᠡᠪᠡ᠃ ᠣᠷᠢᠬᠠᠨ ᠪᠠ ᠣᠶᠠᠩᠭ᠎ᠠ ᠬᠤᠶᠠᠭᠤᠯᠠ ᠦᠨᠤ ᠵᠢᠯ ᠪᠠᠰᠠ ᠬᠤᠪᠢ ᠬᠦᠮᠦᠨ ᠤ ᠭᠤᠷᠪᠠᠳᠦᠭᠠᠷ ᠳᠡᠰ ᠤᠨ ᠭᠠᠪᠢᠶ᠎ᠠ ᠬᠦᠷᠲᠡᠵᠦ᠂ ᠣᠶᠠᠩᠭ᠎ᠠ ᠨᠢᠳᠦᠨᠦᠨ ᠵᠢᠯ ᠦᠪᠡᠷᠲᠡᠭᠡᠨ ᠵᠠᠰᠠᠬᠤ ᠣᠷᠦᠨ ᠤ ᠪᠠᠶᠢᠴᠠᠭᠠᠬᠤ ᠬᠤᠷᠢᠶᠠᠨ ᠳᠤ ᠰᠢᠯᠢᠳᠡᠭ ᠠᠯᠪᠠᠨ ᠵᠠᠭᠠᠯᠳᠣᠭᠴᠢ ᠪᠠᠷ ᠦᠨᠡᠯᠡᠭᠳᠡᠵᠦ᠂ ᠦᠨᠤ ᠵᠢᠯ ᠳᠤ ᠪᠦᠬᠦ ᠣᠷᠦᠨ ᠤ ᠪᠠᠶᠢᠴᠠᠭᠠᠬᠤ ᠪᠠᠶᠢᠭᠤᠯᠭ᠎ᠠ ᠶᠢᠨ ᠲᠦᠷᠦᠭᠦᠦ ᠣᠳᠠᠭᠠᠨ ᠤ ᠬᠤᠣᠰ ᠬᠡᠯᠡᠨ ᠤ ᠴᠢᠳᠠᠪᠦᠷᠢᠲᠠᠨ ᠤ ᠬᠦᠮᠦᠷᠭᠡ ᠳᠤ ᠰᠤᠩᠭᠤᠭᠳᠠᠨᠰᠠᠨ ᠪᠦᠭᠡᠳ ᠲᠦᠷᠦᠬᠦᠭᠡᠨ ᠦᠪᠦᠷ ᠮᠣᠩᠭᠤᠯ ᠤᠨ ᠣᠬᠠᠭᠤᠯᠭ᠎ᠠ ᠶᠢᠨ ᠬᠡᠯᠲᠡᠰ ᠲᠤ ᠰᠢᠯᠭᠠᠨ ᠣᠷᠦᠭ᠌ᠰᠠᠨ ᠪᠠᠶᠢᠨ᠎ᠠ᠃ ᠮᠠᠨ ᠤ ᠬᠤᠷᠢᠶᠠᠨ ᠤ ᠭᠤᠷᠪᠠᠨ ᠮᠣᠩᠭᠤᠯ ᠬᠢᠲᠠᠳ ᠬᠤᠣᠰ ᠬᠡᠯᠡᠨ ᠤ ᠡᠮᠡᠭᠲᠡᠢ ᠺᠠᠳ᠋ᠷ ᠴᠠᠭᠳᠠᠭ᠎ᠠ ᠪᠠᠷ ᠪᠦᠷᠢᠯᠳᠦᠭᠰᠡᠨ ᠠᠯᠪᠠᠨ ᠵᠠᠭᠠᠯᠳᠦᠯᠭᠠ ᠶᠢᠨ ᠰᠠᠯᠠᠭ᠎ᠠ ᠦᠨᠤ ᠵᠢᠯ ᠬᠤᠰᠢᠭᠤᠨ ᠤ ᠳᠡᠰ ᠤᠨ ᠭᠤᠷᠪᠠ ᠨᠠᠢᠮᠠ ᠣᠯᠠᠭᠠᠨ ᠲᠤᠭᠴᠢ ᠬᠠᠮᠲᠦ ᠨᠢᠭᠡᠴᠢ ᠪᠠᠷ ᠦᠨᠡᠯᠡᠭᠳᠡᠵᠦ᠂ ᠲᠣᠷᠰᠢᠨ ᠪᠠᠶᠢᠴᠠᠭᠠᠯᠳᠠ ᠳᠤ ᠬᠢᠨᠠᠯᠲᠠ ᠲᠠᠯᠪᠢᠬᠤ ᠰᠠᠯᠠᠭ᠎ᠠ ᠨᠢᠳᠦᠨᠦᠨ ᠵᠢᠯ ᠤᠨ ᠡᠴᠦᠰ ᠲᠤ ᠬᠤᠲᠠ ᠶᠢᠨ ᠳᠡᠰ ᠤᠨ ᠰᠢᠯᠢᠳᠡᠭ ᠵᠠᠯᠠᠭᠤᠴᠦᠳ ᠤᠨ ᠡᠷᠬᠡ ᠶᠢ ᠬᠠᠮᠠᠭᠠᠯᠠᠬᠤ ᠪᠡᠶᠢᠷᠢ ᠪᠠᠷ ᠦᠨᠡᠯᠡᠭᠳᠡᠭᠰᠡᠨ ᠪᠠᠶᠢᠨ᠎ᠠ᠃ ᠣᠶᠢᠷ᠎ᠠ ᠶᠢᠨ ᠵᠢᠯ ᠤᠳ ᠲᠤ᠂ ᠵᠣᠬᠢᠶᠠᠨ ᠪᠠᠶᠢᠭᠤᠯᠣᠯᠲᠠ ᠠᠴᠠ ᠨᠠᠳᠠ ᠳᠤ ᠪᠠᠰᠠ ᠪᠠᠭ᠎ᠠ ᠪᠣᠰᠦ ᠢᠷᠠᠭᠤ ᠠᠯᠳᠠᠷ ᠣᠯᠭᠤᠭᠰᠠᠨ ᠪᠠᠶᠢᠨ᠎ᠠ᠃ ᠮᠠᠨ ᠤ ᠬᠤᠷᠢᠶᠠᠨ ᠤ ᠮᠣᠩᠭᠤᠯ ᠬᠢᠲᠠᠳ ᠬᠤᠣᠰ ᠬᠡᠯᠡᠨ ᠤ ᠺᠠᠳ᠋ᠷ ᠴᠠᠭᠳᠠᠭ᠎ᠠ ᠪᠠ ᠰᠠᠯᠠᠭ᠎ᠠ ᠮᠦᠴᠢᠷ ᠡᠳᠡᠭᠡᠷ ᠢᠷᠠᠭᠤ ᠠᠯᠳᠠᠷ ᠪᠠ ᠬᠢᠷᠢ ᠪᠦᠲᠦᠮᠵᠢ ᠶᠢ ᠤᠯᠤᠭᠰᠠᠨ᠂ ᠦᠨᠡᠨ ᠢ ᠬᠡᠯᠡᠬᠦ ᠳᠤ ᠡᠭᠦᠨ ᠳᠤ ᠮᠣᠩᠭᠤᠯ ᠬᠢᠲᠠᠳ ᠬᠤᠣᠰ ᠬᠡᠯᠡᠨ ᠤ ᠭᠠᠪᠢᠶ᠎ᠠ ᠵᠢᠳᠬᠦᠯ ᠪᠠᠶᠢᠵᠦ᠂ ᠡᠨᠡ ᠨᠢ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨᠮᠣᠩᠭᠤᠯ ᠬᠢᠲᠠᠳ ᠬᠤᠣᠰ ᠬᠡᠯᠡᠨ ᠤ ᠪᠠᠶᠢᠴᠠᠭᠠᠬᠤ ᠠᠵᠢᠯ ᠢ ᠴᠢᠬᠤᠯᠠᠴᠢᠯᠠᠭᠰᠠᠨ ᠨᠢ ᠭᠠᠵᠠᠷ ᠣᠷᠦᠨ ᠤ ᠪᠣᠳᠠᠳᠠᠢ ᠪᠠᠶᠢᠳᠠᠯ ᠳᠤ ᠪᠠᠨᠵᠤᠬᠢᠴᠠᠭᠰᠠᠨ ᠪᠦᠭᠡᠳ ᠪᠠᠶᠢᠴᠠᠭᠠᠬᠤ ᠠᠵᠢᠯ ᠤᠨ ᠱᠠᠭᠠᠷᠳᠠᠯᠭ᠎ᠠ ᠳᠤ ᠨᠡᠶᠢᠴᠩᠰᠡᠨ ᠢ ᠬᠠᠷᠠᠭᠤᠯᠵᠦ ᠪᠣᠢ᠃
︵ᠬᠤᠶᠠᠷ︶ ᠮᠣᠩᠭᠤᠯ ᠬᠢᠲᠠᠳ ᠬᠤᠣᠰ ᠬᠡᠯᠡᠨ ᠤ ᠣᠨᠴᠠᠯᠢᠭᠲᠤ ᠠᠵᠢᠯ
ᠮᠠᠨ ᠤ ᠬᠤᠷᠢᠶ᠎ᠠ ᠬᠤᠰᠢᠭᠤᠨ ᠤ ᠪᠣᠳᠠᠳᠠᠢ ᠪᠠᠶᠢᠳᠠᠯ ᠳᠤ ᠵᠣᠬᠢᠴᠠᠭᠤᠯᠣᠨ᠂ ᠮᠣᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤᠯᠳᠦᠬᠤ᠂ ᠮᠠᠯᠵᠢᠬᠤ ᠶᠢ ᠬᠤᠷᠢᠭᠯᠠᠬᠤ ᠠᠵᠢᠯ ᠤᠨ ᠣᠷᠢᠳᠴᠢᠯᠠᠨ ᠪᠠᠶᠢᠴᠠᠭᠠᠬᠤ᠂ ᠮᠣᠩᠭᠤᠯ ᠬᠢᠲᠠᠳ ᠬᠤᠣᠰ ᠬᠡᠯᠡᠨ ᠤ ᠣᠷᠢᠳᠴᠢᠯᠠᠨ ᠣᠬᠠᠭᠤᠯᠭ᠎ᠠ ᠬᠢᠬᠦ᠂ ᠮᠣᠩᠭᠤᠯ ᠬᠢᠲᠠᠳ ᠬᠤᠣᠰ ᠬᠡᠯᠡᠨ ᠤ ᠰᠢᠨ᠎ᠡ ᠵᠠᠭᠤᠴᠢᠯᠡᠭᠤᠷ ᠵᠡᠷᠭᠡ ᠣᠨᠴᠠᠯᠢᠭᠲᠤ ᠪᠠᠶᠢᠴᠠᠭᠠᠬᠤ ᠠᠵᠢᠯ ᠢ ᠦᠷᠨᠢᠭᠦᠯᠵᠦ᠂ ᠡᠳᠡᠭᠡᠷ ᠠᠵᠢᠯ ᠳᠤ ᠪᠢ ᠪᠦᠷ ᠣᠷᠣᠯᠴᠠᠵᠤ᠂ ᠢᠳᠡᠪᠬᠢᠲᠠᠢ ᠦᠢᠯᠡᠳᠦᠯ ᠦᠵᠡᠭᠦᠯᠦᠭᠰᠡᠨ ᠪᠦᠭᠡᠳ ᠰᠠᠨᠠᠯ ᠳᠣᠷᠠᠳᠦᠯᠭᠠ ᠭᠠᠷᠭᠠᠵᠦ᠂ ᠵᠢᠯ ᠠᠴᠠ ᠵᠢᠯ ᠨᠠᠷᠢᠨ ᠪᠤᠳᠠᠲᠠᠢ ᠪᠦᠭᠡᠳ ᠪᠦᠷᠢᠨ ᠲᠡᠭᠦᠯᠳᠡᠷᠵᠢᠭᠦᠯᠵᠦ ᠪᠣᠢ᠃ ᠣᠶᠢᠷ᠎ᠠ ᠶᠢᠨ 30 ᠵᠢᠯ ᠤᠨ ᠳᠣᠲᠦᠷ᠎ᠠ᠂ ᠪᠢ ᠪᠡᠶ᠎ᠡ ᠪᠠᠷ ᠢᠶᠠᠨ ᠥᠩᠭᠡᠷᠡᠭᠦᠯᠬᠦ ᠶᠢᠨ ᠳᠠᠭᠠᠤ᠂ ᠮᠣᠩᠭᠤᠯ ᠬᠢᠲᠠᠳ ᠬᠤᠣᠰ ᠬᠡᠯᠡ ᠪᠠᠷ ᠪᠠᠶᠢᠴᠠᠭᠠᠬᠤ ᠠᠵᠢᠯ ᠦᠷᠨᠢᠭᠦᠯᠬᠦ ᠨᠢ ᠠᠷᠠᠳ ᠲᠦᠮᠡᠨ ᠳᠤ ᠦᠢᠯᠡᠴᠢᠯᠡᠬᠦ ᠠᠵᠢᠯ ᠳᠤ ᠢᠳᠡᠪᠬᠢᠲᠠᠢ ᠪᠦᠭᠡᠳ ᠯᠣᠳᠦ ᠶᠡᠭᠡ ᠣᠶᠢᠯᠡᠳᠦᠯ ᠦᠵᠡᠭᠦᠯᠵᠦ᠂ ᠮᠠᠯᠴᠢᠨ ᠲᠦᠮᠡᠨ ᠤ ᠦᠨᠡᠯᠡᠯ ᠰᠠᠶᠢᠰᠢᠶᠠᠯ ᠢ ᠣᠯᠣᠭᠰᠠᠨ ᠪᠠᠶᠢᠨ᠎ᠠ ᠭᠡᠵᠦ ᠦᠨᠡᠨ ᠬᠦ ᠲᠦᠷᠦᠭᠳᠡᠭᠰᠡᠨ ᠶᠤᠮ᠃ ᠣᠳᠦ ᠮᠠᠨ ᠤ ᠬᠤᠷᠢᠶᠠᠮᠣᠩᠭᠤᠯ ᠬᠢᠲᠠᠳ ᠬᠤᠣᠰ ᠬᠡᠯᠡᠨ ᠤ ᠪᠠᠶᠢᠴᠠᠭᠠᠬᠤ ᠠᠵᠢᠯ ᠢ ᠤᠯᠠᠮ ᠠᠴᠠ ᠤᠯᠠᠮ ᠴᠢᠬᠤᠯᠠᠴᠢᠯᠠᠵᠤ᠂ ᠮᠣᠩᠭᠤᠯ ᠬᠢᠲᠠᠳ ᠬᠤᠣᠰ ᠬᠡᠯᠡᠨ ᠤ ᠪᠠᠶᠢᠴᠠᠭᠠᠬᠤ ᠠᠵᠢᠯ ᠤᠨ ᠦᠷᠨᠢᠭᠦᠯᠲᠡ ᠶᠢᠨ ᠲᠦ᠋ᠮᠳᠠ ᠨᠡᠯᠢᠶᠠᠳ ᠣᠯᠠᠨ ᠠᠷᠭ᠎ᠠ ᠠᠪᠴᠢᠯ ᠪᠠ ᠲᠤᠷᠰᠢᠯᠭ᠎ᠠ ᠰᠣᠷᠭᠠᠮᠵᠢ ᠳ᠋ᠦᠩᠨᠡᠭᠰᠡᠨ ᠪᠦᠭᠡᠳ ᠮᠠᠯᠵᠢᠬᠤ ᠣᠷᠦᠨ ᠤ ᠪᠠᠶᠢᠴᠠᠭᠠᠬᠤ ᠠᠵᠢᠯ ᠢ ᠢᠳᠡᠪᠬᠢᠲᠠᠢ ᠲᠦᠯᠬᠢᠨ ᠠᠬᠢᠭᠤᠯᠣᠭᠰᠠᠨ ᠪᠠᠶᠢᠨ᠎ᠠ᠃
1.ᠮᠤᠩᠭᠤᠯ ᠦᠭᠡ ᠬᠡᠯᠡ ᠦᠰᠦᠭ ᠪᠢᠴᠢᠭ ᠢᠶᠠᠷ ᠵᠠᠷᠭᠤ ᠬᠢᠬᠦ ᠶᠢ ᠦᠷᠨᠢᠭᠦᠯᠵᠤ᠂ ︽ᠵᠠᠷᠭᠤ ᠬᠢᠬᠦ ᠡᠷᠬᠡ ᠡᠭᠦᠷᠭᠡ ᠶᠢᠨ ᠮᠡᠳᠡᠭᠳᠡᠯ ᠤᠨ ᠪᠢᠴᠢᠭ︾ ᠢ ᠰᠠᠶᠢᠲᠤᠷ ᠠᠰᠢᠭᠯᠠᠪᠠ᠃ ᠪᠤᠳᠠᠳᠠᠢ ᠵᠠᠷᠭᠤ ᠬᠢᠬᠦ ᠶᠠᠪᠥᠴᠠ ᠳᠣᠮᠳᠠ᠂ ᠮᠤᠩᠭᠤᠯ ᠬᠦᠮᠦᠨ ᠳᠤ ᠬᠤᠯᠪᠤᠭᠳᠠᠬᠤ ᠬᠦᠮᠤᠨ ᠤ ᠵᠠᠷᠭᠤ ᠬᠢᠬᠦ ᠡᠷᠬᠡ ᠤᠯᠠᠮ ᠶᠡᠭᠡ ᠬᠦᠨᠳᠥᠳᠭᠡᠵᠤ᠂ ᠮᠤᠩᠭᠤᠯ ᠬᠢᠲᠠᠳ ᠬᠤᠣᠰ ᠬᠡᠯᠡ ᠲᠠᠢ ᠠᠵᠢᠯᠲᠠᠨ ᠢ ᠲᠤᠮᠢᠯᠠᠵᠤ ᠮᠤᠩᠭᠤᠯ ᠬᠡᠯᠡ ᠪᠠᠷ ᠵᠠᠷᠭᠤ ᠬᠢᠳᠡᠭ᠂ ᠡᠨᠡ ᠬᠦ ᠠᠷᠭ᠎ᠠ ᠵᠠᠮ ᠨᠢ ᠵᠣᠬᠢᠬᠤ ᠬᠡᠪᠴᠢᠶᠡᠨ ᠳᠤ ᠵᠠᠷᠭᠤ ᠬᠢᠬᠦ ᠶᠢᠨ ᠵᠠᠷᠤᠳᠠᠯ ᠪᠣᠯᠣᠨ ᠴᠠᠭ ᠢ ᠠᠷᠪᠢᠯᠠᠨ ᠭᠠᠮᠨᠠᠬᠤ ᠪᠠᠷ ᠪᠠᠷᠠᠬᠤ ᠦᠭᠡᠢ᠂ ᠪᠠᠰᠠ ᠮᠤᠩᠭᠤᠯ ᠦᠭᠡ ᠬᠡᠯᠡᠦᠰᠦᠭ ᠪᠢᠴᠢᠭ ᠢᠶᠠᠷ ᠵᠠᠷᠭᠤ ᠬᠢᠬᠦ ᠶᠢ ᠪᠣᠲᠠᠲᠠᠶᠢᠵᠢᠭᠤᠯᠪᠠ᠃ ᠨᠢᠳᠤᠨᠤᠨ ᠵᠢᠯ ᠤᠨ 6 ᠰᠠᠷ᠎ᠠ ᠳᠤ ᠪᠤᠭᠤᠲᠤ ᠬᠤᠲᠠ ᠶᠢᠨ ᠪᠠᠶᠢᠴᠠᠭᠠᠬᠤ ᠬᠤᠷᠢᠶᠠᠨ ᠤ ᠶᠠᠪᠣᠭᠳᠠᠭᠤᠯᠣᠭᠰᠠᠨ ᠬᠠᠤᠯᠢ ᠪᠣᠰᠤ ᠬᠤᠳᠠᠯᠳᠤᠭ᠎ᠠ ᠪᠠᠷ ᠬᠤᠪᠤᠷ ᠨᠠᠨᠳᠢᠨ ᠬᠡᠭᠡᠷ᠎ᠡ ᠶᠢᠨ ᠠᠮᠢᠲᠠᠨ ᠢ ᠬᠤᠳᠠᠯᠳᠤᠭᠠᠯᠠᠭᠰᠠᠠ ᠶᠠᠯᠠᠲᠤ ᠠᠵᠢᠯᠯᠠᠭ᠎ᠠ ᠶᠢ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠳᠤ ᠦᠵᠡᠬᠦᠯᠦᠯᠭᠡ ᠶᠢᠨ ᠰᠢᠭᠦᠯᠲᠡ ᠬᠢᠵᠠᠢ᠂ ᠲᠤᠰ ᠤᠳᠠᠭᠠᠨ ᠤ ᠰᠢᠭᠦᠯᠲᠡ ᠳᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ᠂ ᠣᠯᠣᠰ ᠲᠦᠷᠥ ᠶᠢᠨ ᠵᠦᠪᠯᠡᠯᠭᠡᠨ ᠤ ᠬᠡᠰᠢᠭᠦᠨ ᠪᠣᠯᠣᠨ ᠬᠡᠷᠡᠭ ᠡᠭᠦᠰᠥᠭᠰᠡᠨ ᠭᠠᠵᠠᠷ ᠤᠨ ᠣᠶᠢᠷ᠎ᠠ ᠣᠷᠴᠢᠮ ᠤᠨ50 ᠭᠠᠷᠣᠢ ᠮᠠᠯᠴᠢᠳ ᠢ ᠰᠣᠨᠣᠰᠤᠭᠤᠯᠪᠠ᠃ ᠮᠠᠨ ᠤ ᠬᠤᠷᠢᠶ᠎ᠠ ᠮᠤᠩᠭᠤᠯ ᠬᠢᠲᠠᠳ ᠬᠤᠣᠰ ᠬᠡᠯᠡ ᠲᠠᠢ ᠠᠵᠢᠯᠲᠠᠨ ᠢ ᠲᠣᠮᠢᠯᠠᠨ ᠠᠯᠪᠠᠨ ᠵᠠᠭᠠᠯᠳᠤᠭ᠎ᠠ ᠬᠢᠬᠦ᠂ ᠰᠢᠭᠦᠬᠦ ᠲᠢᠩᠬᠢᠮ ᠳᠤ ᠪᠠᠶᠢᠴᠠᠭᠠᠯᠲᠠ ᠬᠢᠬᠦ᠂ ᠭᠡᠷᠡᠴᠢ ᠳᠠᠮᠵᠢᠭᠤᠯᠬᠤ᠂ ᠬᠡᠷᠠᠴᠢ ᠲᠤᠯᠭᠠᠬᠤ ᠪᠣᠯᠣᠨ ᠮᠠᠷᠭᠤᠯᠳᠥᠯᠭᠠ ᠶᠢᠨ ᠶᠠᠪᠤᠴᠠ ᠳᠤᠮᠳᠠ ᠪᠠᠷᠢᠨ ᠣᠷᠴᠢᠭᠤᠯᠭ᠎ᠠ ᠬᠢᠭᠰᠡᠨ ᠪᠣᠯᠬᠤᠷ ᠬᠤᠯᠪᠣᠳᠠᠬᠤ ᠬᠦᠮᠥᠨ ᠤ ᠦᠭᠡ ᠬᠡᠯᠡ ᠶᠢᠨ ᠲᠠᠯ᠎ᠠ ᠪᠠᠷ ᠬᠠᠷᠰᠢ ᠰᠠᠭᠠᠳ ᠢ ᠠᠷᠢᠯᠭᠠᠭᠰᠠᠨ ᠪᠠᠶᠢᠨ᠎ᠠ᠃ ᠡᠭᠦᠨ ᠤ ᠬᠠᠮᠲᠣ ᠠᠯᠪᠠᠨ ᠵᠠᠭᠠᠯᠳᠤᠭᠴᠢ ᠬᠡᠷᠡᠭ ᠶᠠᠪᠣᠳᠠᠯ ᠤᠨ ᠦᠨᠡᠨ ᠪᠤᠲᠠᠳᠤ ᠪᠠᠶᠢᠳᠠᠯ ᠬᠢᠭᠡᠳ ᠬᠠᠤᠯᠢ ᠴᠠᠭᠠᠵᠠ ᠶᠢᠨ ᠭᠡᠷᠡᠭᠯᠡᠯᠳᠡ ᠶᠢᠨ ᠬᠤᠶᠠᠷ ᠲᠠᠯ᠎ᠠ ᠠᠴᠠ ᠮᠣᠩᠭᠤᠯ ᠬᠢᠲᠠᠳ ᠬᠡᠯᠡ ᠪᠠᠷ ᠦᠪᠡᠷ ᠤᠨ ᠠᠯᠪᠠᠨ ᠵᠠᠭᠠᠯᠳᠤᠯᠭ᠎ᠠ ᠶᠢᠨ ᠰᠠᠨᠠᠯ ᠢᠶᠠᠨ ᠳᠤᠷᠠᠳᠴᠤ᠂ ᠲᠣᠰ ᠬᠡᠷᠡᠭ ᠶᠠᠪᠣᠳᠠᠯ ᠠᠴᠠ ᠣᠯᠣᠭᠰᠠᠨ ᠲᠣᠷᠰᠢᠯᠭ᠎ᠠ ᠰᠣᠷᠭᠠᠮᠵᠢ ᠣᠯᠬᠤ ᠶᠢ ᠲᠣᠲᠣᠷᠬᠠᠢ ᠵᠢᠭᠠᠨ ᠭᠠᠷᠭᠠᠬᠤ ᠪᠠᠷ ᠦᠯᠦ ᠪᠠᠷᠠᠨ᠂ ᠮᠠᠨ ᠤ ᠣᠷᠣᠨ ᠤ ᠬᠢᠯᠢ ᠬᠢᠵᠠᠭᠠᠷ ᠤᠨ ᠮᠠᠯᠴᠢᠳᠤᠨ ᠬᠠᠤᠯᠢ ᠴᠠᠭᠠᠵᠠ ᠶᠢᠨ ᠮᠡᠳᠡᠯᠭᠡ ᠲᠣᠲᠠᠮᠠᠭ ᠪᠠᠶᠢᠬᠤ ᠪᠠᠶᠢᠳᠠᠯ ᠳᠤ ᠬᠠᠤᠯᠢ ᠶᠢᠨ ᠤᠬᠠᠭᠤᠯᠭ᠎ᠠ ᠬᠢᠵᠤ᠂ ᠡᠭᠦᠨ ᠤ ᠰᠡᠭᠦᠯᠡᠷ ᠬᠡᠭᠡᠷ᠎ᠡ ᠶᠢᠨ ᠠᠮᠢᠲᠠᠨ ᠣᠷᠭᠤᠮᠠᠯ ᠬᠢᠭᠡᠳ ᠣᠷᠴᠢᠨ ᠲᠣᠭᠤᠷᠢᠨ ᠢ ᠬᠠᠶᠢᠷᠠᠯᠠᠨ ᠬᠠᠮᠠᠭᠠᠯᠠᠬᠤ ᠲᠣᠬᠠᠢ ᠢᠯᠡᠭᠦᠬᠡᠨ ᠬᠠᠤᠯᠢ ᠴᠠᠭᠠᠵᠠ ᠣᠬᠠᠭᠤᠯᠭ᠎ᠠ ᠬᠢᠬᠦ ᠬᠡᠷᠡᠭᠲᠡᠢ ᠢ ᠰᠠᠨᠠᠭᠤᠯᠵᠤ᠂ ᠰᠢᠭᠦᠯᠲᠡ ᠶᠢᠨ ᠰᠤᠷᠭᠠᠨ ᠬᠦᠮᠦᠵᠢᠯ ᠤᠨ ᠴᠢᠨᠠᠷ ᠢ ᠲᠤᠪᠤᠶᠢᠯᠭᠠᠪᠠ᠃ ᠰᠢᠭᠦᠯᠲᠡ ᠪᠠᠷᠠᠭᠰᠠᠨ ᠤ ᠳᠠᠷᠠᠭ᠎ᠠ ᠰᠣᠨᠣᠰᠤᠭᠴᠢᠳ ᠪᠤᠯᠤᠨ ᠭᠤᠣᠯ ᠰᠢᠭᠦᠭᠴᠢ ᠳᠠᠷᠤᠭ᠎ᠠ᠂ ᠠᠯᠪᠠᠨ ᠵᠠᠭᠠᠯᠳᠤᠭᠴᠢ᠂ ᠦᠮᠥᠭᠯᠡᠭᠴᠢ ᠬᠡᠷᠬᠢᠨ ᠣᠶᠢᠷ᠎ᠡ ᠣᠷᠴᠢᠮ ᠤᠨ ᠠᠷᠠᠳ ᠲᠦᠮᠡᠨ ᠤ ᠬᠠᠤᠯᠢ ᠴᠠᠭᠠᠵᠠ ᠶᠢᠨ ᠮᠡᠳᠡᠯᠭᠡ ᠶᠢ ᠳᠡᠭᠡᠭᠰᠢᠯᠡᠭᠦᠯᠬᠦ᠂ ᠬᠡᠷᠡᠭ ᠶᠠᠪᠣᠳᠠᠯ ᠤᠨ ᠡᠭᠦᠰᠥᠭᠰᠡᠨ ᠪᠡᠶᠡᠴᠢ ᠪᠣᠰᠤᠳᠴᠢ ᠲᠠᠯ᠎ᠠ ᠶᠢᠨ ᠰᠢᠯᠲᠠᠭᠠᠨ ᠤ ᠲᠠᠯ᠎ᠠ ᠪᠠᠷ ᠬᠠᠷᠢᠯᠴᠢᠨ ᠲᠤᠷᠰᠢᠯᠭ᠎ᠠ ᠰᠤᠯᠢᠯᠴᠠᠪᠠ᠃ ᠲᠣᠰ ᠣᠳᠠᠭᠠᠨ ᠤ ᠰᠢᠭᠦᠯᠲᠡᠶᠢᠨ ᠪᠠᠶᠢᠳᠡᠯ ᠨᠢ ᠵᠧᠨ ᠢ ᠰᠦᠯᠵᠢᠶ᠎ᠡ ᠵᠡᠷᠭᠡ ᠤᠯᠠᠨ ᠵᠠᠭᠤᠴᠢ ᠳᠤ ᠬᠡᠷᠡᠭᠯᠡᠭᠳᠡᠵᠦ᠂ ᠮᠠᠨ ᠤ ᠪᠠᠶᠢᠴᠠᠭᠠᠬᠤ ᠬᠤᠷᠢᠶᠠᠨ ᠤ ᠮᠣᠩᠭᠤᠯ ᠦᠭᠡ ᠬᠡᠯᠡ ᠦᠰᠥᠭ ᠪᠢᠴᠢᠭ ᠢᠶᠠᠷ ᠠᠯᠪᠠᠨ ᠵᠠᠭᠠᠯᠳᠤᠯᠭ᠎ᠠ ᠬᠢᠬᠦ ᠰᠠᠭᠤᠷᠢᠨ ᠭᠠᠵᠠᠷ ᠤᠨ ᠨᠦᠯᠥᠭᠡ ᠶᠢ ᠤᠯᠠᠮ ᠢᠯᠡᠭᠦᠦ ᠥᠷᠭᠡᠳᠬᠡᠪᠡ᠃
2᠂ ᠢᠳᠡᠪᠬᠢᠲᠠᠢ ᠪᠠᠷ ᠮᠤᠩᠭᠤᠯ ᠬᠢᠲᠠᠳ ᠬᠤᠣᠰ ᠬᠡᠯᠡ ᠪᠠᠷ ᠮᠠᠯᠵᠢᠬᠤ ᠶᠢ ᠬᠤᠷᠢᠭᠯᠠᠬᠤ ᠶᠢ ᠤᠷᠢᠳᠴᠢᠯᠠᠨ ᠰᠡᠷᠭᠡᠶᠢᠯᠡᠯᠲᠡ ᠶᠢᠨ ᠠᠵᠢᠯ ᠢ ᠦᠷᠨᠢᠭᠦᠯᠥᠨ᠎ᠡ᠃ ᠪᠦᠬᠦ ᠬᠤᠰᠢᠭᠤᠨ ᠤ ᠬᠠᠰᠢᠶᠠᠯᠠᠨ ᠮᠠᠯᠵᠢᠬᠤ ᠠᠵᠢᠯᠯᠠᠭ᠎ᠠ ᠳᠣᠮᠳᠠ᠂ ᠮᠠᠯᠵᠢᠬᠤ ᠶᠢ ᠬᠤᠷᠢᠭᠯᠠᠬᠤ ᠨᠦᠬᠦᠪᠥᠷᠢ ᠮᠥᠩᠭᠦ ᠨᠢᠭᠡ ᠳ᠋ᠦᠩᠰᠢᠭᠤᠷ ᠲᠦᠭᠦᠷᠡᠭ ᠲᠤ ᠬᠦᠷᠴᠤ ᠪᠠᠶᠢᠨ᠎ᠠ᠃ ᠡᠳᠡᠭᠡᠷ ᠨᠦᠬᠦᠪᠦᠷᠢ ᠮᠥᠩᠭᠦ ᠶᠢ ᠲᠣᠭᠲᠠᠭᠰᠠᠨ ᠴᠠᠭ ᠲᠣᠭᠲᠠᠭᠰᠠᠨ ᠲᠤᠭ᠎ᠠ ᠲᠠᠢ ᠪᠠᠷ ᠨᠢ ᠮᠠᠯᠴᠢᠳ ᠤᠨ ᠭᠠᠷ ᠲᠤ ᠬᠦᠷᠭᠡᠬᠦ ᠶᠢᠨ ᠲᠦᠯᠥᠭᠡ᠂ ᠮᠣᠩᠭᠤᠯ ᠬᠢᠲᠠᠳ ᠬᠤᠣᠰ ᠬᠡᠯᠡ ᠪᠠᠷ ᠬᠠᠰᠢᠶᠠᠯᠠᠨ ᠮᠠᠯᠵᠢᠬᠤ ᠨᠦᠭᠦᠪᠦᠷᠢ ᠮᠥᠩᠭᠦ ᠶᠢᠨ ᠬᠡᠷᠡᠭᠵᠢᠭᠦᠯᠦᠯᠳᠡ ᠳᠤ ᠬᠢᠨᠠᠯᠲᠠ ᠲᠠᠯᠪᠢᠨ᠎ᠠ᠃ ᠮᠠᠯᠴᠢᠨ ᠲᠠᠷᠢᠶᠠᠴᠢᠨ ᠤ ᠳᠣᠮᠳᠠ ᠭᠦᠨᠵᠢᠭᠡᠶᠢᠷᠡᠨ ᠣᠷᠤᠵᠣ᠂ ᠮᠠᠯᠴᠢᠨ ᠲᠠᠷᠢᠶᠠᠴᠢᠨ ᠤ ᠨᠦᠬᠦᠪᠦᠷᠢ ᠮᠥᠩᠭᠦ ᠲᠣᠭᠲᠠᠭᠰᠠᠨ ᠴᠠᠭ ᠲᠠᠭᠠᠨ ᠤᠯᠤᠭᠰᠠᠨ ᠦᠭᠡᠢ ᠪᠠᠶᠢᠳᠠᠯ ᠳᠤ ᠲᠡᠮᠲᠡᠭᠯᠡᠯ ᠬᠢᠵᠣ ᠬᠤᠷᠢᠶᠠᠩᠭᠤᠶᠢᠯᠠᠨ ᠳᠠᠩᠰᠠ ᠡᠪᠬᠡᠮᠡᠯ ᠬᠢᠵᠦ᠂ ᠬᠠᠰᠢᠶᠠᠯᠠᠨ ᠮᠠᠯᠵᠢᠬᠤ ᠬᠠᠮᠢᠶᠠᠷᠤᠯᠲᠠ ᠶᠢᠨ ᠰᠠᠯᠠᠭ᠎ᠠ ᠮᠦᠴᠢᠷ ᠢ ᠡᠷᠢᠵᠣ ᠨᠦᠬᠦᠪᠦᠷᠢ ᠮᠥᠩᠭᠦ ᠲᠠᠷᠬᠠᠭᠠᠨ ᠬᠤᠪᠢᠶᠠᠨᠬᠤ ᠠᠵᠢᠯᠯᠠᠭ᠎ᠠ ᠪᠣᠯᠤᠨ ᠮᠠᠯᠵᠢᠯ ᠢ ᠴᠠᠭᠠᠵᠠᠯᠠᠬᠤ ᠬᠠᠤᠯᠢ ᠬᠡᠷᠡᠭᠵᠢᠭᠦᠯᠦᠯᠳᠡ ᠶᠢᠨ ᠳᠤᠮᠳᠠ ᠬᠠᠤᠯᠢ ᠠᠴᠠ ᠵᠦᠷᠢᠴᠡᠭᠰᠡᠨ ᠪᠠᠶᠢᠳᠠᠯ ᠢ ᠤᠯᠵᠤ ᠮᠡᠳᠡᠪᠡᠯ ᠲᠡᠷᠡ ᠳᠠᠷᠦᠢ ᠳᠤ ᠨᠢ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠴᠡᠭᠴᠡᠯᠡᠨ ᠦᠭᠡᠷᠡᠴᠢᠯᠡᠬᠦ ᠰᠠᠨᠠᠭᠤᠯᠭ᠎ᠠ ᠭᠠᠷᠭᠠᠨ᠎ᠠ᠃ ᠮᠠᠯᠵᠢᠬᠤ ᠶᠢ ᠬᠤᠷᠢᠭᠯᠠᠬᠤ ᠠᠯᠪᠠᠨ ᠭᠡᠷ ᠬᠢᠭᠡᠳ ᠡᠯ᠎ᠡ ᠰᠤᠮᠤ ᠪᠠᠯᠭᠠᠰᠤ ᠶᠢᠨ ᠵᠠᠰᠠᠭ ᠤᠨ ᠣᠷᠳᠣᠨ ᠢᠶᠠᠷ ᠶᠠᠪᠤᠵᠣ ᠬᠠᠰᠢᠶᠠᠯᠠᠨ ᠮᠠᠯᠵᠢᠬᠤ ᠠᠵᠢᠯ ᠡᠯ᠎ᠡ ᠵᠦᠢᠯ ᠤᠨ ᠨᠦᠬᠦᠪᠦᠷᠢ ᠮᠥᠩᠭᠦ ᠶᠢ ᠬᠤᠪᠢᠶᠠᠨ ᠲᠠᠷᠬᠠᠭᠠᠭᠰᠠᠨ ᠪᠠᠶᠢᠳᠠᠯ ᠢ ᠣᠶᠢᠯᠠᠭᠠᠨ᠂ ᠭᠠᠴᠠᠭ᠎ᠠ ᠳᠤ ᠭᠦᠨᠵᠡᠭᠡᠶᠢᠷᠡᠨ ᠮᠢᠩᠭ᠎ᠠ ᠢᠯᠡᠭᠦᠦ ᠡᠷᠦᠬᠡ ᠳᠤ ᠣᠷᠣᠵᠤ᠂ 300 ᠬᠤᠪᠢ ᠨᠦᠬᠦᠪᠦᠷᠢ ᠮᠥᠩᠭᠦ ᠬᠤᠪᠢᠶᠠᠬᠤ ᠠᠵᠢᠯ ᠢ ᠣᠷᠢᠳᠴᠢᠯᠠᠨ ᠰᠡᠷᠭᠡᠶᠢᠯᠡᠬᠦ ᠪᠠᠶᠢᠴᠠᠭᠠᠯᠲᠠ ᠶᠢᠨ ᠲᠡᠮᠳᠡᠭᠯᠡᠯ ᠬᠢᠵᠤ᠂ ︽ᠳᠠᠷᠬᠠᠨ ᠮᠤᠤᠮᠢᠩᠭᠠᠨ ᠬᠤᠯᠪᠣᠭᠠᠲᠣ ᠬᠤᠰᠢᠭᠤᠨ ᠤ ᠮᠠᠯᠵᠢᠬᠤ ᠶᠢ ᠬᠤᠷᠢᠭᠯᠠᠬᠤ ᠠᠵᠢᠯ ᠨᠦᠬᠦᠪᠥᠷᠢ ᠮᠦᠩᠬᠦ ᠶᠢᠨ ᠬᠤᠪᠢᠶᠠᠨ ᠲᠠᠷᠬᠠᠭᠠᠭᠰᠠᠨ ᠪᠠᠶᠢᠳᠠᠯ ᠬᠢᠭᠡᠳ ᠳᠤᠰᠢᠶᠠᠯ ᠤᠨ ᠶᠠᠯᠠᠲᠣ ᠬᠡᠷᠡᠭ ᠢ ᠣᠷᠢᠳᠴᠢᠯᠠᠨ ᠰᠡᠷᠭᠡᠶᠢᠯᠡᠬᠦ ᠶᠢ ᠪᠠᠶᠢᠴᠠᠭᠠᠬᠤ ᠮᠡᠳᠡᠭᠦᠯᠦᠯᠲᠡ︾ ᠶᠢ ᠪᠢᠴᠢᠨ᠂ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠤᠨ ᠳᠤ ᠮᠡᠳᠡᠭᠦᠯᠦᠯᠲᠡ ᠬᠢᠵᠣ᠂ ᠬᠤᠰᠢᠭᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠮᠠᠭᠲᠠᠭᠠᠯ ᠢ ᠣᠯᠪᠠ᠂ ᠪᠠᠰᠠ ᠮᠠᠯᠵᠢᠬᠤ ᠶᠢ ᠬᠤᠷᠢᠭᠯᠠᠬᠤ ᠣᠳᠣᠷᠢᠳᠣᠯᠭ᠎ᠠ ᠶᠢᠨ ᠳᠣᠭᠤᠶᠢᠯᠠᠩ ᠤᠨ ᠪᠠᠶᠢᠭᠤᠯᠭ᠎ᠠ ᠨᠢᠭᠡᠴᠢ ᠳᠤ ᠳᠠᠮᠵᠢᠭᠤᠯᠣᠨ ᠲᠠᠷᠬᠠᠭᠠᠯᠭᠠᠪᠠ᠃ ᠮᠠᠯᠵᠢᠬᠤ ᠶᠢ ᠬᠤᠷᠢᠭᠯᠠᠬᠤ ᠶᠢ ᠣᠷᠢᠳᠴᠢᠯᠠᠨ ᠰᠡᠷᠭᠡᠶᠢᠯᠡᠬᠦ ᠠᠵᠢᠯᠯᠠᠭ᠎ᠠ ᠶᠢ ᠥᠷᠨᠢᠭᠦᠯᠬᠦ ᠪᠠᠷ ᠳᠠᠮᠵᠢᠨ᠂ ᠡᠯ᠎ᠡ ᠵᠦᠢᠯ ᠤᠨ ᠨᠦᠬᠦᠪᠥᠷᠢ ᠮᠥᠩᠭᠦ ᠶᠢᠨ ᠠᠮᠣᠷ ᠲᠦᠪᠰᠢᠨ ᠢᠶᠠᠷ ᠡᠷᠢᠯᠬᠢᠯᠡᠬᠦ ᠶᠢ ᠪᠠᠲᠤᠯᠠᠵᠠᠢ᠃ ᠡᠨᠡ ᠵᠢᠯ ᠤᠨ 2 ᠰᠠᠷ᠎ᠡ ᠳᠤ᠂ ᠮᠠᠨ ᠤ ᠪᠠᠶᠢᠴᠠᠭᠠᠬᠤ ᠬᠤᠷᠢᠶᠠᠨ ᠤ ᠨᠠᠶᠢᠷᠠᠭᠤᠯᠤᠨ ᠪᠢᠴᠢᠭᠰᠡᠨ ︽2014 ᠣᠨ ᠤ ᠲᠣᠰᠢᠶᠠᠯ ᠤᠨ ᠶᠠᠯᠠᠲᠣ ᠬᠡᠷᠡᠭ ᠢ ᠰᠢᠢᠳᠬᠡᠬᠦ ᠪᠠ ᠣᠷᠢᠳᠴᠢᠯᠠᠨ ᠰᠡᠷᠭᠡᠶᠢᠯᠡᠬᠦ ᠵᠢᠯ ᠤᠨ ᠡᠴᠤᠰ ᠤᠨ ᠮᠡᠳᠡᠭᠦᠯᠦᠯᠲᠡ︾ ᠨᠢ ᠬᠤᠰᠢᠭᠤᠨ ᠤ ᠱᠦᠵᠢ ᠹᠦ᠋ ᠷᠦᠢ ᠹᠧᠩ ᠤᠨ ᠴᠣᠬᠤᠯᠠᠪᠤᠷᠢ ᠶᠢ ᠣᠯᠣᠭᠰᠠᠨ ᠢᠶᠠᠷ ᠦᠯᠦ ᠪᠠᠷᠠᠨ ᠪᠠᠰᠠ ᠪᠦᠬᠦ ᠬᠤᠰᠢᠭᠤᠨ ᠤ ᠡᠯ᠎ᠡ ᠪᠠᠶᠢᠭᠤᠯᠭ᠎ᠠ ᠨᠢᠭᠡᠴᠢ ᠳᠤ ᠲᠠᠷᠬᠠᠭᠭᠠᠳᠠᠵᠠᠢ᠂ ᠴᠣᠬᠤᠯᠠᠪᠤᠷᠢ ᠶᠢᠨ ᠪᠢᠴᠢᠭ ᠲᠤ ᠢᠩᠭᠢᠵᠦ ᠪᠢᠴᠢᠭᠰᠡᠨ ᠪᠠᠶᠢᠳᠠᠭ᠄ ︽2014 ᠣᠨ ᠤ ᠶᠠᠯᠠᠯᠠᠨ ᠰᠢᠳᠭᠡᠬᠦ ᠪᠠ ᠣᠷᠢᠳᠴᠢᠯᠠᠨ ᠰᠡᠷᠭᠡᠶᠢᠯᠡᠬᠦ ᠠᠵᠢᠯ ᠨᠢ ᠪᠣᠭᠤᠲᠣ ᠬᠤᠲᠠ ᠶᠢᠨ ᠪᠠᠶᠢᠴᠠᠭᠠᠬᠤ ᠬᠤᠷᠢᠶᠠᠨ ᠤ ᠲᠡᠮᠵᠢᠯᠭᠡ ᠵᠢᠯᠤᠭᠤᠳᠤᠯᠭ᠎ᠠ ᠶᠢᠨ ᠳᠣᠣᠷ᠎ᠠ ᠮᠠᠰᠢ ᠶᠡᠭᠡ ᠠᠮᠵᠢᠯᠲᠠ ᠣᠯᠵᠠᠢ᠂ ᠲᠠ ᠨᠠᠷ ᠡᠭᠦᠨ ᠤ ᠲᠥᠯᠥᠭᠡ ᠶᠠᠳᠠᠷᠠᠯ ᠵᠦᠳᠡᠷᠯᠡᠯ ᠢᠶᠠᠨ ᠵᠣᠷᠢᠭᠤᠯᠵᠤ᠂ ᠬᠦᠨᠳᠦ ᠶᠡᠭᠡ ᠳᠠᠷᠤᠭᠠᠰᠤ ᠶᠢ ᠡᠭᠦᠷᠯᠡᠭᠰᠡᠨ ᠶᠤᠮ᠂ ᠬᠤᠰᠢᠭᠤᠨ ᠤ ᠨᠠᠮ ᠤᠨ ᠬᠤᠷᠢᠶ᠎ᠠ ᠲᠠ ᠨᠠᠷ ᠤᠨ ᠠᠵᠢᠯ ᠳᠤ ᠮᠠᠰᠢ ᠬᠠᠨᠤᠮᠵᠢᠲᠠᠢ ᠪᠠᠶᠢᠨ᠎ᠠ᠂ ᠲᠠ ᠨᠠᠷ ᠦᠷᠭᠦᠯᠵᠢᠯᠡᠨᠬᠢᠷᠢ ᠪᠦᠲᠦᠮᠵᠢ ᠪᠠᠨ ᠪᠠᠳᠠᠷᠠᠭᠤᠯᠵᠤ᠂ ᠬᠦᠴᠢᠷ ᠪᠡᠷᠬᠡᠰᠢᠶᠡᠯ ᠢ ᠢᠯᠠᠨ ᠳᠠᠪᠠᠵᠣ᠂ ᠢᠲᠡᠭᠡᠯ ᠲᠡᠭᠦᠯᠳᠡᠷ ᠪᠠᠶᠢᠵᠤ᠂ ᠶᠠᠯᠠᠯᠠᠨ ᠰᠢᠳᠭᠡᠬᠦ ᠪᠠ ᠣᠷᠢᠳᠴᠢᠯᠠᠨ ᠰᠡᠷᠭᠡᠶᠢᠯᠡᠬᠦ ᠵᠣᠬᠢᠴᠠᠮᠵᠢ ᠶᠢ ᠳᠡᠬᠦᠯᠳᠠᠷᠵᠢᠬᠦᠯᠵᠤ᠂ ᠤᠬᠠᠭᠤᠯᠭ᠎ᠠ ᠰᠣᠷᠣᠯᠴᠠᠯ ᠤᠨ ᠠᠵᠢᠯ ᠢ ᠴᠢᠩᠭᠠᠳᠬᠠᠵᠤ᠂ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠨᠡᠶᠢᠳᠡᠪᠦᠷᠢᠵᠢᠭᠤᠯᠵᠤ᠂ ᠤᠯᠠᠮ ᠶᠡᠭᠡ ᠠᠮᠵᠢᠯᠲᠠ ᠣᠯᠬᠤ ᠪᠠᠷ ᠴᠢᠷᠮᠠᠶᠢᠰᠤᠭᠠᠢ᠃ ᠬᠤᠰᠢᠭᠤᠨ ᠤ ᠨᠠᠮ ᠤᠨ ᠬᠤᠷᠢᠶᠠᠨ ᠤ ᠠᠯᠪᠠᠨ ᠭᠡᠷ ᠲᠤᠰ ᠮᠡᠳᠡᠭᠦᠯᠦᠯᠲᠡ ᠶᠢ ᠪᠠᠶᠢᠴᠠᠭᠠᠬᠤ ᠬᠤᠷᠢᠶ᠎ᠠ ᠲᠠᠢ ᠵᠦᠪᠳᠡᠯᠴᠡᠵᠤ ᠪᠠᠶᠢᠭᠠᠳ ᠰᠢᠯᠵᠢᠭᠦᠯᠦᠨ ᠲᠠᠷᠬᠠᠭᠠᠷᠠᠢ᠂ ᠱᠠᠭᠠᠷᠳᠠᠬᠤ ᠨᠢ ᠡᠯ᠎ᠡ ᠰᠤᠮᠤ ᠪᠠᠯᠭᠠᠰᠤ᠂ ᠡᠯ᠎ᠡ ᠰᠠᠯᠠᠭ᠎ᠠ ᠮᠦᠴᠢᠷ᠂ ᠪᠠᠶᠢᠭᠤᠯᠭ᠎ᠠ ᠨᠢᠭᠡᠴᠢ ᠲᠣᠰᠢᠶᠠᠯ ᠤᠨ ᠶᠠᠯᠠᠲᠤ ᠬᠡᠷᠡᠭ ᠢ ᠶᠠᠯᠠᠯᠠᠨ ᠰᠢᠳᠭᠡᠬᠦ ᠪᠠ ᠣᠷᠢᠳᠴᠢᠯᠠᠨ ᠰᠡᠷᠭᠡᠶᠢᠯᠡᠬᠦ ᠠᠵᠢᠯ ᠤᠨ ᠲᠦᠰᠦᠯ ᠭᠠᠷᠭᠠᠨ ᠨᠠᠶᠢᠳᠠᠪᠤᠷᠢᠵᠢᠭᠤᠯᠤᠭᠠᠷᠠᠢ︾᠃ ᠡᠨᠡ ᠨᠢ ᠪᠢᠳᠡᠨ ᠤ ᠳᠠᠷᠠᠭᠠᠴᠢ ᠶᠢᠨ ᠦᠷᠨᠢᠭᠦᠯᠬᠦ ᠮᠤᠩᠭᠤᠯ ᠬᠢᠲᠠᠳ ᠬᠤᠣᠰ ᠬᠡᠯᠡ ᠪᠠᠷ ᠣᠷᠢᠳᠴᠢᠯᠠᠨ ᠰᠡᠷᠭᠡᠶᠢᠯᠡᠬᠦ ᠠᠵᠢᠯ ᠳᠤ ᠲᠤᠩ ᠶᠡᠭᠡ ᠵᠣᠷᠢᠭᠵᠢᠭᠤᠯᠣᠯ ᠪᠣᠯᠪᠠ᠃
3᠂ ᠮᠠᠯᠵᠢᠬᠤ ᠲᠠᠷᠢᠶᠠᠯᠠᠬᠤ ᠣᠷᠤᠨ ᠤ ᠥᠨᠳᠦᠰᠦᠨ ᠱᠠᠲᠤᠨ ᠤ ᠺᠠᠳ᠋ᠷ ᠲᠤ ᠲᠣᠰᠢᠶᠠᠯ ᠤᠨ ᠶᠠᠯᠠᠲᠦ ᠬᠡᠷᠡᠭ ᠢ ᠣᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠣᠷ ᠬᠢᠪᠡ᠃ ᠣᠷᠴᠢᠮ ᠤᠨ ᠵᠢᠯ ᠳᠤ ᠥᠨᠳᠦᠰᠦᠨ ᠱᠠᠲᠤᠨ ᠤ ᠺᠠᠳ᠋ᠷ ᠤᠨ ᠲᠣᠰᠢᠶᠠᠯ ᠤᠨ ᠶᠠᠯᠠᠲᠤ ᠬᠡᠷᠡᠭ ᠢ ᠣᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠣᠷ ᠬᠢᠬᠦ ᠶᠢᠨ ᠲᠦᠯᠥᠭᠡ᠂ ᠶᠡᠷᠦ ᠶᠢᠨ ᠴᠠᠭ ᠲᠤ ᠪᠠᠶᠢᠴᠠᠭᠠᠬᠤ ᠲᠠᠰᠤᠭ ᠢᠶᠠᠷ ᠲᠣᠯᠣᠭᠠᠶᠢᠯᠠᠨ᠂ ᠬᠠᠤᠯᠢ ᠲᠦᠭᠡᠮᠡᠯᠵᠢᠭᠦᠯᠬᠦ ᠪᠣᠯᠣᠨ ᠡᠩᠬᠡ ᠲᠠᠶᠢᠪᠣᠩ ᠳᠠᠷᠬᠠᠨ ᠮᠤᠤᠮᠢᠩᠭᠠᠨᠪ᠊ ᠪᠦᠲᠦᠭᠡᠨ ᠪᠠᠶᠢᠭᠤᠯᠤᠯᠲᠠ ᠶᠢ ᠤᠬᠠᠭᠤᠯᠤᠨ᠂ ᠢᠯᠡᠴᠢᠯᠡᠨ ᠮᠡᠳᠡᠭᠦᠯᠬᠦ ᠶᠢ ᠣᠬᠠᠭᠤᠯᠬᠤ ᠭᠠᠷᠠᠭ ᠤᠨ ᠡᠯ᠎ᠡ ᠵᠦᠢᠯ ᠤᠨ ᠱᠠᠭᠠᠷᠳᠠᠯᠭ᠎ᠠ ᠲᠠᠢ ᠤᠶᠠᠯᠳᠤᠭᠤᠯᠤᠨ ᠬᠠᠤᠯᠢ ᠴᠠᠭᠠᠵᠠ ᠶᠢᠨ ᠣᠬᠠᠭᠤᠯᠭ᠎ᠠ ᠶᠢ ᠮᠠᠯᠵᠢᠬᠤ ᠲᠠᠷᠢᠶᠠᠯᠠᠬᠤ ᠣᠷᠤᠨ ᠳᠤ ᠬᠦᠷᠭᠡᠨ᠂ ᠬᠠᠤᠯᠢ ᠴᠠᠭᠠᠵᠠ ᠶᠢᠨ ᠣᠬᠠᠭᠤᠯᠭ᠎ᠠ ᠬᠢᠵᠠᠢ᠃ ᠣᠨᠴᠠᠭᠠᠶᠢᠯᠠᠨ ᠤᠳᠠᠭ᠎ᠠ ᠪᠣᠯᠭᠠᠨ ᠤ ᠬᠤᠶᠠᠷ ᠵᠥᠪᠯᠡᠯ ᠤᠨ ᠬᠤᠭᠤᠴᠠᠭ᠎ᠠ ᠰᠣᠯᠢᠬᠤ ᠦᠶᠡᠰ ᠢᠶᠠᠷ᠂ ᠮᠠᠨ ᠤ ᠬᠢᠨ ᠪᠦᠷ ᠬᠤᠭᠤᠴᠠᠭ᠎ᠠ ᠰᠣᠯᠢᠯᠲᠠ ᠳᠤ ᠴᠢᠭᠯᠡᠭᠦᠯᠦᠭᠰᠡᠨ ᠠᠷᠭ᠎ᠠ ᠪᠠᠷᠢᠯ ᠢᠶᠠᠷ ᠪᠦᠬᠦ ᠬᠤᠰᠢᠭᠤᠨ ᠤ ︽ᠬᠤᠶᠠᠷ ᠵᠥᠪᠯᠡᠯ︾ ᠤᠨ ᠬᠤᠭᠤᠴᠠᠭ᠎ᠠ ᠰᠣᠯᠢᠬᠤ ᠠᠵᠢᠯ ᠤᠨ ᠳᠢᠭᠯᠢᠮ ᠲᠠᠢ ᠶᠠᠪᠤᠭᠳᠠᠬᠤ ᠶᠢ ᠪᠠᠲᠤᠯᠠᠵᠤ᠂ ᠬᠤᠭᠤᠴᠠᠭ᠎ᠠ ᠰᠣᠯᠢᠬᠤ ᠰᠤᠩᠭᠤᠭᠤᠯᠢ ᠶᠢᠨ ᠬᠥᠳᠡᠯᠭᠡᠭᠡᠨ ᠳᠤ ᠰᠠᠶᠢᠬᠠᠨ ᠬᠠᠤᠯᠢ ᠴᠠᠭᠠᠵᠠ ᠶᠢᠨ ᠣᠷᠴᠢᠨ ᠢ ᠪᠤᠢ ᠪᠤᠯᠭᠠᠵᠤ ᠥᠭᠪᠡ᠃ ᠡᠨᠡ ᠵᠢᠯ ᠠᠴᠠ ᠡᠬᠢᠯᠡᠵᠦ᠂ ᠮᠠᠨ ᠤ ᠬᠢᠨ ︽ᠨᠢᠭᠡ ᠲᠥᠰᠥᠪ᠂ ᠭᠤᠷᠪᠠᠨ ᠠᠷᠭ᠎ᠠ ᠬᠡᠮᠵᠢᠶ᠎ᠡ︾ ᠪᠠᠷ ᠬᠤᠶᠠᠷ ᠵᠥᠪᠯᠡᠯ ᠤᠨ ᠬᠤᠭᠤᠴᠠᠭ᠎ᠠ ᠰᠣᠯᠢᠯᠲᠠ ᠳᠤ ᠬᠦᠴᠦ ᠪᠠᠨ ᠡᠷᠭᠦᠭᠰᠡᠨ ᠪᠠᠶᠢᠨ᠎ᠠ᠃ ᠨᠢᠭᠡ ᠲᠥᠰᠥᠪ ᠭᠡᠳᠡᠭ ᠨᠢ ︽ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠬᠤᠶᠠᠷ ᠵᠥᠪᠯᠡᠯ ᠤᠨ ᠬᠤᠭᠤᠴᠠᠭ᠎ᠠ ᠰᠣᠯᠢᠯᠲᠠ ᠶᠢᠨ ᠰᠤᠩᠭᠤᠭᠤᠯᠢ ᠶᠢ ᠪᠠᠲᠤᠯᠠᠬᠤ ᠲᠥᠰᠥᠪ︾ ᠢ ᠵᠢᠭᠠᠵᠤ ᠪᠤᠢ᠂ ᠲᠥᠰᠥᠪ ᠲᠤ ᠬᠡᠷᠡᠭᠵᠢᠭᠦᠯᠦᠯᠲᠡ ᠶᠢᠨ ᠶᠠᠪᠤᠴᠠ ᠶᠢ ᠪᠣᠳᠠᠲᠠᠶᠢᠵᠢᠭᠤᠯᠵᠤ᠂ ᠤᠳᠤᠷᠢᠳᠬᠤ ᠪᠠᠭ ᠪᠠᠶᠢᠭᠤᠯᠤᠨ᠂ ᠨᠢᠭᠡᠨ ᠳᠡᠳ᠋ ᠪᠠᠶᠢᠴᠠᠭᠠᠬᠤ ᠳᠠᠷᠤᠭ᠎ᠠ ᠪᠠᠷ ᠪᠠᠭ ᠤᠨ ᠡᠷᠬᠢᠯᠡᠭᠴᠢ ᠪᠤᠯᠭᠠᠨ᠂ ᠪᠠᠶᠢᠴᠠᠭᠠᠬᠤ ᠲᠠᠰᠤᠭ᠂ ᠲᠤᠰᠢᠶᠠᠯ ᠤᠨ ᠶᠠᠯᠠᠲᠤ ᠬᠡᠷᠡᠭ ᠢ ᠤᠷᠢᠳᠴᠢᠯᠠᠨ ᠰᠡᠷᠭᠡᠶᠢᠯᠡᠬᠦ ᠰᠠᠯᠠᠭ᠎ᠠ᠂ ᠱᠠᠮᠰᠢᠵᠤ ᠬᠡᠭᠡᠯᠢ ᠲᠦᠯᠬᠢᠵᠤ ᠬᠠᠭ᠋ᠤᠤᠯᠢ ᠢᠳᠡᠬᠦ ᠶᠢ ᠡᠰᠡᠷᠭᠦᠴᠡᠬᠦ ᠲᠣᠪᠴᠢᠶ᠎ᠠ᠂ ᠲᠤᠰᠢᠶᠠᠯ ᠢᠶᠠᠨ ᠭᠤᠲᠤᠭᠠᠵᠤ ᠡᠷᠬᠡ ᠳᠤ ᠬᠠᠯᠳᠠᠬᠤ ᠶᠢ ᠡᠰᠡᠷᠭᠦᠴᠡᠬᠦ ᠲᠣᠪᠴᠢᠶ᠎ᠠ᠂ ᠲᠤᠷᠰᠢᠨ ᠪᠠᠶᠢᠴᠠᠭᠠᠯᠲᠠ ᠳᠤ ᠬᠢᠨᠠᠯᠲᠠ ᠲᠠᠯᠪᠢᠬᠤ ᠰᠠᠯᠠᠭ᠎ᠠ᠂ ᠠᠯᠪᠠᠨ ᠵᠠᠭᠠᠯᠳᠤᠯᠭ᠎ᠠ ᠶᠢᠨ ᠰᠠᠯᠠᠭ᠎ᠠ᠂ ᠢᠷᠭᠡᠨ ᠤ ᠪᠠ ᠵᠠᠰᠠᠭ ᠵᠠᠬᠢᠷᠭᠠᠨ ᠤ ᠬᠡᠷᠡᠭ ᠪᠠᠶᠢᠴᠠᠭᠠᠬᠤ ᠰᠠᠯᠠᠭ᠎ᠠ ᠵᠡᠷᠭᠡ ᠰᠠᠯᠠᠭ᠎ᠠ ᠮᠥᠴᠢᠷ ᠤᠨ ᠬᠢᠨ ᠣᠷᠣᠯᠴᠠᠵᠤ᠂ ᠮᠠᠨ ᠤ ᠬᠤᠷᠢᠶᠠᠨ ᠤ ᠬᠤᠶᠠᠷ ᠵᠥᠪᠯᠡᠯ ᠤᠨ ᠬᠤᠭᠤᠴᠠᠭ᠎ᠠ ᠰᠣᠯᠢᠯᠲᠠ ᠳᠤ ᠦᠢᠯᠡᠴᠢᠯᠡᠬᠦ ᠬᠠᠮᠲᠤ ᠶᠢᠨ ᠬᠦᠴᠦᠨ ᠢ ᠪᠤᠢ ᠪᠣᠯᠭᠠᠭᠰᠠᠨ ᠶᠤᠮ᠃ ᠭᠤᠷᠪᠠᠨ ᠠᠷᠭ᠎ᠠ ᠬᠡᠮᠵᠢᠶ᠎ᠡ ᠭᠡᠳᠡᠭ ᠨᠢ ᠨᠢᠭᠡ ᠨᠢ ᠪᠣᠯ ᠰᠤᠩᠭᠤᠭᠤᠯᠢ ᠶᠢᠨ ᠡᠮᠦᠨᠡᠬᠢ ᠦᠶ᠎ᠡ ᠶᠢᠨ ᠲᠤᠰᠢᠶᠠᠯ ᠤᠨ ᠶᠠᠯᠠᠲᠤ ᠬᠡᠷᠡᠭ ᠢ ᠤᠷᠢᠳᠴᠢᠯᠠᠨ ᠰᠡᠷᠭᠡᠶᠢᠯᠡᠬᠦ ᠶᠢᠨ ᠤᠬᠠᠭᠤᠯᠭ᠎ᠠ ᠪᠣᠯᠣᠨ᠎ᠠ᠃ ᠪᠠᠶᠢᠴᠠᠭᠠᠬᠤ ᠲᠠᠰᠤᠭ ᠢᠶᠠᠷ ᠲᠣᠯᠣᠭᠠᠶᠢᠯᠠᠭᠤᠯᠵᠤ᠂ ᠲᠤᠰᠢᠶᠠᠯ ᠤᠨ ᠶᠠᠯᠠᠲᠤ ᠬᠡᠷᠡᠭ ᠢ ᠤᠷᠢᠳᠴᠢᠯᠠᠨ ᠰᠡᠷᠭᠡᠶᠢᠯᠡᠬᠦ ᠰᠠᠯᠠᠭ᠎ᠠ᠂ ᠱᠠᠮᠰᠢᠵᠤ ᠬᠡᠭᠡᠯᠢ ᠲᠦᠯᠬᠢᠵᠤ ᠬᠠᠭ᠋ᠤᠤᠯᠢ ᠢᠳᠡᠬᠦ ᠶᠢ ᠡᠰᠡᠷᠭᠦᠴᠡᠬᠦ ᠲᠣᠪᠴᠢᠶ᠎ᠠ᠂ ᠲᠤᠰᠢᠶᠠᠯ ᠢᠶᠠᠨ ᠭᠤᠲᠤᠭᠠᠵᠤ ᠡᠷᠬᠡ ᠳᠤ ᠬᠠᠯᠳᠠᠬᠤ ᠶᠢ ᠡᠰᠡᠷᠭᠦᠴᠡᠬᠦ ᠲᠣᠪᠴᠢᠶ᠎ᠠ᠂ ᠲᠤᠷᠰᠢᠨ ᠪᠠᠶᠢᠴᠠᠭᠠᠯᠲᠠ ᠳᠤ ᠬᠢᠨᠠᠯᠲᠠ ᠲᠠᠯᠪᠢᠬᠤ ᠰᠠᠯᠠᠭ᠎ᠠ᠂ ᠠᠯᠪᠠᠨ ᠵᠠᠭᠠᠯᠳᠤᠯᠭ᠎ᠠ ᠶᠢᠨ ᠰᠠᠯᠠᠭ᠎ᠠ ᠬᠠᠮᠲᠤᠷᠠᠵᠤ᠂ ᠰᠢ ᠾᠧ ᠰᠢᠶᠠᠩ᠂ ᠦᠬᠡᠷᠬᠤᠳᠳᠤᠭ ᠪᠠᠯᠭᠠᠰᠤ᠂ ᠮᠢᠩᠭᠠᠨ ᠪᠠᠯᠭᠠᠰᠤ᠂ ᠪᠠᠶ᠋ᠬᠠᠣᠪᠣᠭ᠎ᠠ ᠰᠤᠮᠤ᠂ ᠪᠠᠶᠠᠨᠬᠤᠸᠠ ᠪᠠᠯᠭᠠᠰᠤ᠂ ᠮᠠᠨᠳᠤᠯ ᠪᠠᠯᠭᠠᠰᠤ ᠳᠤ ᠭᠦᠨᠵᠡᠭᠡᠶᠢᠷᠡᠵᠦ᠂ ᠬᠤᠶᠠᠷ ᠵᠥᠪᠯᠡᠯ ᠤᠨ ᠭᠡᠰᠢᠭᠦᠳ ᠲᠤ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠦᠨᠳᠦᠰᠦᠨ ᠱᠠᠲᠤᠨ ᠤ ᠵᠤᠬᠢᠶᠠᠨ ᠪᠠᠶᠢᠭᠤᠯᠤᠯᠲᠠ ᠶᠢᠨ ᠰᠤᠩᠭᠤᠭᠤᠯᠢ ᠶᠢᠨ ᠠᠵᠢᠯ ᠤᠨ ᠲᠦᠷ ᠬᠡᠷᠡᠭᠵᠢᠭᠦᠯᠬᠦ ᠳᠦᠷᠢᠮ︾᠂ ︽ᠭᠠᠴᠠᠭᠠᠨ ᠤ ᠠᠷᠠᠳ ᠤᠨ ᠵᠥᠪᠯᠡᠯ ᠤᠨ ᠵᠤᠬᠢᠶᠠᠨ ᠪᠠᠶᠢᠭᠤᠯᠤᠯᠲᠠ ᠶᠢᠨ ᠬᠠᠣᠯᠢ︾ ᠵᠡᠷᠭᠡ ᠬᠠᠤᠯᠢ ᠳᠦᠷᠢᠮ ᠢ ᠤᠬᠠᠭᠤᠯᠵᠤ᠂ ᠮᠣᠩᠭᠤᠯ ᠬᠢᠲᠠᠳ ᠬᠤᠣᠰ ᠬᠡᠯᠡᠨ ᠤ ︽ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠠᠴᠠ ᠶᠢᠰᠦᠳᠦᠭᠡᠷ ᠬᠤᠭᠤᠴᠠᠭᠠᠨ ᠤ ᠭᠠᠴᠠᠭᠠᠨ ᠤ ᠠᠷᠠᠳ ᠤᠨ ᠵᠥᠪᠯᠡᠯ ᠤᠨ ᠬᠤᠭᠤᠴᠠᠭ᠎ᠠ ᠰᠣᠯᠢᠯᠲᠠ ᠶᠢᠨ ᠬᠦᠳᠡᠯᠭᠡᠭᠡᠨ ᠤ ᠰᠤᠩᠭᠤᠭᠤᠯᠢ ᠳᠤ ᠣᠷᠣᠯᠴᠠᠭᠰᠠᠳ ᠬᠢᠭᠡᠳ ᠰᠤᠩᠭᠤᠭᠴᠢᠳ ᠲᠤ ᠥᠭᠬᠦ ᠨᠢᠭᠡᠨ ᠬᠤᠪᠢ ᠵᠠᠬᠢᠳᠠᠯ᠂ ︽ᠮᠠᠯᠵᠢᠬᠤ ᠲᠠᠷᠢᠶᠠᠯᠠᠬᠤ ᠣᠷᠣᠨ ᠤ ᠺᠠᠳ᠋ᠷ ᠤᠨ ᠰᠡᠷᠡᠮᠵᠢᠯᠡᠭᠦᠯᠦᠯ︾ ᠢ 1000 ᠭᠠᠷᠤᠢ ᠬᠤᠪᠢ ᠳᠠᠷᠤᠮᠠᠯᠯᠠᠵᠤ᠂ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ᠺᠠᠳ᠋ᠷ ᠲᠤ ᠲᠠᠷᠬᠠᠭᠠᠨ ᠦᠭᠴᠦ᠂ ᠢᠳᠡᠪᠬᠢᠲᠡᠢ ᠪᠠᠷ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ᠺᠠᠳ᠋ᠷ ᠤᠨ ᠮᠠᠯᠵᠢᠬᠤ ᠲᠠᠷᠢᠶᠠᠯᠠᠬᠤ ᠲᠠᠢ ᠬᠤᠯᠪᠤᠭᠳᠠᠬᠤ ᠪᠡᠯᠡ ᠮᠥᠩᠭᠦ ᠶᠢ ᠬᠠᠮᠢᠶᠠᠷᠬᠤ ᠶᠠᠪᠤᠴᠠ ᠳᠤᠮᠳᠠ ᠲᠤᠰᠢᠶᠠᠯ ᠤᠨ ᠶᠠᠯᠠᠲᠤ ᠬᠡᠷᠡᠭ ᠬᠢᠬᠦ ᠶᠢ ᠤᠷᠢᠳᠴᠢᠯᠠᠨ ᠰᠡᠷᠭᠡᠶᠢᠯᠡᠭᠰᠡᠨ ᠶᠤᠮ᠃ ᠡᠭᠦᠨ ᠤ ᠳᠠᠭᠠᠤ ︽ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠦᠨᠳᠦᠰᠦᠨ ᠱᠠᠲᠤᠨ ᠤ ᠬᠤᠶᠠᠷ ᠵᠥᠪᠯᠡᠯ ᠤᠨ ᠭᠡᠰᠢᠭᠦᠳ ᠤᠨ ᠪᠠᠶᠢᠴᠠᠭᠠᠬᠤ ᠠᠵᠢᠯ ᠤᠨ ᠢᠯᠡᠴᠢᠯᠡᠯᠲᠡ ᠶᠢᠨ ᠸᠸ᠋ᠴᠠᠲ ᠤᠨ ᠴᠤᠭᠯᠠᠷᠠᠯ︾ ᠢ ᠪᠠᠶᠢᠭᠤᠯᠵᠤ᠂ ᠪᠦᠬᠦ ᠬᠤᠰᠢᠭᠤᠨ ᠤ ᠬᠤᠶᠠᠷ ᠵᠥᠪᠯᠡᠯ ᠤᠨ ᠭᠡᠰᠢᠭᠦᠳ ᠲᠤ 300 ᠭᠠᠷᠤᠢ ᠵᠤᠷᠪᠤᠰ ᠬᠤᠭᠤᠴᠠᠭ᠎ᠠ ᠰᠣᠯᠢᠬᠤ ᠰᠤᠩᠭᠤᠭᠤᠯᠢ ᠶᠢᠨ ᠶᠠᠪᠤᠴᠠ ᠳᠤ ᠬᠢ ᠶᠠᠯᠠᠲᠤ ᠬᠡᠷᠡᠭ ᠤᠨ ᠬᠠᠮᠢᠶ᠎ᠠ ᠪᠦᠬᠦᠢ ᠴᠢᠮᠡᠭᠡ ᠶᠢ ᠲᠠᠷᠬᠠᠭᠠᠵᠤ᠂ ᠳᠠᠭᠠᠤ ᠳᠤ ᠨᠢ ᠮᠥᠨ ᠴᠤᠭᠯᠠᠷᠠᠯ ᠤᠨ ᠶᠠᠷᠢᠯᠴᠠᠭ᠎ᠠ ᠶᠢᠨ ᠬᠡᠯᠪᠡᠷᠢ ᠪᠠᠷ ᠬᠠᠷᠢᠯᠴᠠᠨ ᠬᠠᠷᠢᠯᠴᠠᠬᠤ ᠶᠢ ᠪᠡᠶᠡᠯᠡᠭᠦᠯᠪᠡ᠃ ᠬᠤᠶᠠᠳᠤᠭᠠᠷ ᠨᠢ ᠪᠣᠯ ᠴᠢᠬᠤᠯᠠ ᠪᠤᠯᠬᠤ ᠭᠠᠴᠠᠭ᠎ᠠ ᠲᠤᠰᠬᠤᠨ ᠳᠤ ᠭᠦᠨᠵᠡᠭᠡᠶᠢᠷᠡᠵᠦ᠂ ᠲᠤᠰᠢᠶᠠᠯ ᠤᠨ ᠶᠠᠯᠠᠲᠤ ᠬᠡᠷᠡᠭ ᠤᠨ ᠤᠷᠢᠳᠴᠢᠯᠠᠨ ᠰᠡᠷᠭᠡᠶᠢᠯᠡᠬᠦ ᠪᠠᠶᠢᠴᠠᠭᠠᠯᠲᠠ ᠶᠢ ᠥᠷᠨᠢᠭᠦᠯᠪᠡ᠃ ᠬᠤᠭᠤᠴᠠᠭ᠎ᠠ ᠰᠣᠯᠢᠯᠲᠠ ᠶᠢᠨ ᠳᠤᠮᠳᠠᠬᠢ ᠨᠡᠶᠢᠲᠡᠯᠢᠭ ᠬᠡᠷᠡᠭ ᠤᠨ ᠵᠢᠱᠢᠶ᠎ᠡ ᠶᠢ ᠰᠤᠩᠭᠤᠵᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠬᠤᠭᠤᠴᠠᠭ᠎ᠠ ᠰᠣᠯᠢᠬᠤ ᠰᠤᠩᠭᠤᠭᠤᠯᠢ ᠳᠤ ᠦᠢᠯᠡᠴᠢᠯᠡᠬᠦ ᠰᠡᠷᠡᠮᠵᠢᠯᠡᠭᠦᠯᠦᠯ ᠤᠨ ᠰᠤᠷᠭᠠᠨ ᠬᠦᠮᠦᠵᠢᠯ ᠤᠨ PPT ᠶᠢ ᠬᠢᠵᠦ᠂ ᠳᠡᠭᠡᠷ᠎ᠡ ᠤᠳᠠᠭᠠᠨ ᠤ ᠰᠤᠩᠭᠤᠭᠤᠯᠢ ᠳᠤ ᠠᠰᠠᠭᠤᠳᠠᠯ ᠲᠠᠢ᠂ ᠠᠵᠤ ᠠᠬᠤᠢ ᠨᠡᠯᠢᠶᠡᠳ ᠬᠥᠭᠵᠢᠭᠰᠡᠨ ᠭᠠᠴᠠᠭ᠎ᠠ ᠲᠤᠰᠬᠤᠨ ᠳᠤ ᠬᠦᠷᠴᠦ᠂ ᠬᠤᠶᠠᠷ ᠵᠥᠪᠯᠡᠯ ᠤᠨ ᠭᠡᠰᠢᠭᠦᠳ ᠲᠤ ᠦᠵᠡᠭᠦᠯᠵᠦ᠂ ᠶᠠᠷᠢᠵᠤ ᠲᠠᠶᠢᠯᠪᠤᠷᠢᠯᠠᠨ᠂ ᠲᠡᠳᠡᠨ ᠳᠤ ᠰᠤᠩᠭᠤᠭᠤᠯᠢ ᠶᠢᠨ ᠳᠢᠭᠯᠢᠮ ᠢ ᠡᠪᠳᠡᠭᠰᠡᠨ ᠶᠠᠯᠠᠲᠤ ᠬᠡᠷᠡᠭ ᠤᠨ ᠬᠤᠣᠷᠲᠤ ᠴᠢᠨᠠᠷ ᠢ ᠲᠠᠨᠢᠭᠤᠯᠵᠤ᠂ ᠬᠤᠶᠠᠷ ᠵᠥᠪᠯᠡᠯ ᠤᠨ ᠭᠡᠰᠢᠭᠦᠳ ᠲᠤ ︽ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠭᠠᠴᠠᠭ᠎ᠠ ᠲᠤᠰᠬᠤᠨ ᠤ ᠬᠤᠭᠤᠴᠠᠭ᠎ᠠ ᠰᠣᠯᠢᠬᠤ ᠰᠤᠩᠭᠤᠭᠤᠯᠢ ᠶᠢᠨ ᠪᠠᠶᠢᠳᠠᠯ ᠢ ᠤᠶᠢᠯᠠᠭᠠᠬᠤ ᠬᠦᠰᠦᠨᠦᠭ︾᠂ ︽ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠭᠠᠴᠠᠭ᠎ᠠ ᠲᠤᠰᠬᠤᠨ ᠤ ᠢᠯᠡᠴᠢᠯᠡᠨ ᠮᠡᠳᠡᠭᠦᠯᠦᠯᠲᠡ ᠶᠢᠨ ᠰᠦᠪᠡᠭᠴᠢ ᠶᠢᠨ ᠪᠦᠷᠢᠳᠭᠡᠭᠦᠯᠬᠦ ᠳᠡᠪᠲᠡᠷ︾ ᠢ ᠲᠠᠷᠬᠠᠭᠠᠵᠤ᠂ ᠤᠷᠢᠳᠴᠢᠯᠠᠨ ᠰᠡᠷᠭᠡᠶᠢᠯᠡᠬᠦ ᠪᠠᠶᠢᠴᠠᠭᠠᠯᠲᠠ ᠬᠢᠵᠦ᠂ ᠬᠤᠷᠢᠶᠠᠨ ᠲᠢᠭᠯᠡᠭᠰᠡᠨ ᠤ ᠳᠠᠷᠠᠭ᠎ᠠ ᠵᠠᠳᠠᠯᠤᠯᠲᠠ ᠶᠢᠨ ᠮᠡᠳᠡᠭᠦᠯᠦᠯᠲᠡ ᠬᠢᠵᠦ᠂ ᠰᠤᠩᠭᠤᠭᠤᠯᠢ ᠶᠢᠨ ᠠᠵᠢᠯᠲᠠᠳ ᠲᠤ ᠬᠠᠤᠯᠢ ᠶᠢᠨ ᠦᠢᠯᠡᠴᠢᠯᠡᠭᠡ ᠶᠢ ᠬᠠᠩᠭᠠᠪᠠ᠃ ᠭᠤᠷᠪᠠᠳᠤᠭᠠᠷ ᠨᠢ ᠪᠣᠯ᠂ ᠬᠠᠤᠯᠢ ᠳᠦᠷᠢᠮ᠂ ᠰᠠᠬᠢᠯᠭ᠎ᠠ ᠪᠠᠲᠤ ᠠᠴᠠ ᠵᠥᠷᠢᠴᠡᠭᠰᠡᠨ ᠰᠦᠪᠡᠭᠴᠢ ᠳᠤ ᠤᠷᠢᠳᠴᠢᠯᠠᠨ ᠣᠷᠣᠯᠴᠠᠵᠤ ᠰᠢᠢᠳᠪᠤᠷᠢᠯᠡᠪᠡ᠃ ᠰᠤᠮᠤ᠂ ᠰᠢᠶᠠᠩ ᠪᠠᠯᠭᠠᠰᠤ᠂ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ᠂ ᠵᠤᠬᠢᠶᠠᠨ ᠪᠠᠶᠢᠭᠤᠯᠤᠯᠲᠠ᠂ ᠬᠦᠮᠦᠨ ᠤ ᠶᠠᠪᠤᠳᠠᠯ ᠤᠨ ᠬᠡᠯᠲᠡᠰ ᠬᠢᠭᠡᠳ ᠰᠤᠩᠭᠤᠭᠤᠯᠢ ᠶᠢᠨ ᠪᠠᠶᠢᠭᠤᠯᠭ᠎ᠠ ᠲᠠᠢ ᠬᠠᠮᠵᠢᠯᠴᠠᠨ ᠡᠯ᠎ᠡ ᠵᠦᠢᠯ ᠤᠨ ᠢᠯᠡᠴᠢᠯᠡᠨ ᠵᠠᠭᠠᠯᠳᠤᠯᠭ᠎ᠠ ᠶᠢᠨ ᠰᠦᠪᠡᠭᠴᠢ ᠳᠤ ᠬᠢᠨᠠᠨ ᠪᠠᠶᠢᠴᠠᠭᠠᠬᠤ ᠠᠵᠢᠯ ᠬᠢᠵᠦ᠂ ᠬᠤᠭᠤᠴᠠᠭ᠎ᠠ ᠰᠣᠯᠢᠯᠲᠠ ᠶᠢᠨ ᠰᠤᠩᠭᠤᠭᠤᠯᠢ ᠶᠢᠨ ᠠᠵᠢᠯ ᠤᠨ ᠳᠤᠮᠳᠠᠬᠢ ᠭᠤᠣᠯᠳᠠᠯᠭᠠᠲᠤ ᠭᠤᠭᠴᠤᠭ᠎ᠠ ᠳᠤ ᠬᠢᠨᠠᠯᠲᠠ ᠲᠠᠯᠪᠢᠵᠤ᠂ ᠱᠠᠮᠰᠢᠵᠤ ᠬᠡᠭᠡᠯᠢ ᠲᠦᠯᠬᠢᠵᠤ ᠬᠠᠭ᠋ᠤᠤᠯᠢ ᠢᠳᠡᠬᠦ᠂ ᠲᠤᠰᠢᠶᠠᠯ ᠤᠨ ᠡᠷᠬᠡ ᠪᠠᠨ ᠳᠤᠷ᠎ᠠ ᠪᠠᠷ ᠠᠰᠢᠭᠯᠠᠬᠤ ᠵᠡᠷᠭᠡ ᠲᠤᠰᠢᠶᠠᠯ ᠤᠨ ᠶᠠᠯᠠᠲᠤ ᠬᠡᠷᠡᠭ ᠡᠭᠦᠰᠬᠦ ᠶᠢ ᠬᠤᠷᠢᠭᠯᠠᠵᠤ᠂ ᠬᠤᠭᠤᠴᠠᠭ᠎ᠠ ᠰᠣᠯᠢᠯᠲᠠ ᠶᠢᠨ ᠰᠤᠩᠭᠤᠭᠤᠯᠢ ᠶᠢᠨ ᠶᠠᠪᠤᠴᠠ ᠳᠤ ᠡᠭᠦᠰᠦᠭᠰᠡᠨ ᠲᠤᠰᠢᠶᠠᠯ ᠤᠨ ᠶᠠᠯᠠᠲᠤ ᠬᠡᠷᠡᠭ ᠲᠠᠢ ᠬᠤᠯᠪᠤᠭᠳᠠᠬᠤ ᠠᠰᠠᠭᠤᠳᠠᠯ ᠳᠤ ᠴᠠᠭ ᠲᠤᠬᠠᠢ ᠳᠤ ᠨᠢ ᠤᠷᠢᠳᠴᠢᠯᠠᠨ ᠰᠡᠷᠭᠡᠶᠢᠯᠡᠯᠲᠡ ᠶᠢᠨ ᠰᠠᠨᠠᠭᠤᠯᠭ᠎ᠠ ᠭᠠᠷᠭᠠᠵᠠᠢ᠃
4᠂ ᠰᠡᠷᠡᠮᠵᠢᠯᠡᠬᠦᠯᠥᠨ ᠰᠤᠷᠭᠠᠬᠤ ᠬᠥᠲᠡᠯᠭᠡᠭᠡᠨ ᠢ ᠥᠷᠭᠡᠨ ᠪᠠᠷ ᠥᠷᠨᠢᠬᠦᠯᠵᠥ᠂ ᠢᠲᠡᠪᠬᠢᠲᠠᠢ ᠪᠠᠷ ᠰᠡᠷᠡᠮᠵᠢᠯᠡᠬᠦᠯᠥᠨ ᠰᠤᠷᠭᠠᠬᠤ ᠬᠥᠲᠡᠯᠭᠡᠭᠡᠨ ᠤ ᠤᠬᠠᠭᠤᠯᠬᠤ ᠬᠦᠷᠢᠶ᠎ᠡ ᠬᠡᠪᠴᠢᠶ᠎ᠡ ᠶᠢ ᠦᠷᠭᠡᠳᠭᠡᠪᠡ᠃ 2009 ᠤᠨ ᠤ 7 ᠰᠠᠷ᠎ᠠ ᠳᠤ᠂ ᠬᠤᠰᠢᠭᠤᠨ ᠤ ᠲᠠᠯ᠎ᠠ ᠨᠤᠲᠤᠭ ᠤᠨ ᠰᠤᠶᠤᠯ ᠤᠨ ᠤᠷᠲᠤᠨ ᠳᠤ ᠪᠥᠬᠦ ᠬᠤᠳᠠ ᠶᠢᠨ ᠠᠩᠬᠠᠲᠠᠭᠴᠢ ᠵᠠᠰᠠᠭ ᠵᠠᠬᠢᠷᠭᠠᠨ ᠤ ᠬᠤᠪᠢᠶᠠᠷᠢᠯᠠᠯ ᠢᠶᠠᠷ ᠨᠡᠷᠡᠯᠡᠭᠰᠡᠨ 《 ᠲᠠᠷᠬᠠᠨ ᠮᠤᠤᠮᠢᠩᠭᠠᠨ ᠬᠤᠰᠢᠭᠤ ᠶᠢᠨ ᠳᠤᠰᠢᠶᠠᠯ ᠤᠨ ᠶᠠᠯᠠᠲᠤ ᠬᠡᠷᠡᠭ ᠢ ᠤᠷᠢᠥᠡᠴᠢᠯᠠᠨ ᠰᠡᠷᠭᠡᠶᠢᠯᠠᠬᠦ ᠰᠡᠷᠡᠮᠵᠢᠯᠡᠭᠦᠯᠦᠯ ᠤᠨ ᠰᠠᠭᠤᠷᠢᠨ ᠭᠠᠵᠠᠷ》 ᠢ ᠪᠠᠶᠢᠭᠤᠯᠵᠤ᠂ ᠰᠠᠭᠤᠷᠢᠨ ᠭᠠᠵᠠᠷ ᠢ ᠪᠠᠶᠢᠭᠤᠯᠤᠭᠰᠠᠨ ᠤ ᠳᠠᠷᠠᠭ᠎ᠠ᠂ ᠮᠤᠩᠭᠤᠯ ᠬᠢᠲᠠᠳ ᠬᠤᠤᠰ ᠬᠡᠯᠡ ᠪᠠᠷ ᠤᠬᠠᠭᠤᠯᠤᠨ ᠲᠠᠶᠢᠯᠪᠥᠷᠢᠯᠠᠵᠥ᠂᠂ ᠥᠪᠡᠷᠲᠡᠭᠡᠨ ᠵᠠᠰᠠᠬᠤ ᠤᠷᠤᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠱᠦᠵᠢ ᠵᠠᠩ ᠯᠢ᠂ ᠪᠤᠭᠤᠲᠤ ᠬᠤᠲᠡ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠱᠦᠵᠢ ᠰᠢᠦᠢ ᠭᠥᠸᠧ ᠮᠢᠩ ᠪᠤᠯᠤᠨ ᠡᠷᠬᠢᠨ ᠳᠤᠭᠤᠷᠢᠨ ᠤ ᠬᠤᠲᠡ ᠰᠢᠶᠡᠨ ᠤ ᠬᠤᠯᠪᠤᠭᠲᠠᠯ ᠪᠥᠬᠦᠢ ᠪᠠᠶᠢᠭᠤᠯᠭ᠎ᠠ ᠵᠢᠴᠢ ᠪᠥᠬᠦ ᠬᠤᠰᠢᠭᠤᠨ ᠤ ᠡᠯ᠎ᠡ ᠪᠠᠶᠢᠭᠤᠯᠭ᠎ᠠ ᠶᠢᠨ ᠳᠤᠭᠤᠷᠢᠨ ᠥᠵᠡᠭᠰᠡᠨ ᠠᠵᠢᠯᠲᠡᠨ ᠪᠤᠯᠤᠨ ᠺᠠᠳ᠋ᠷ ᠨᠢᠭᠡᠨᠲᠡ ᠲᠠᠪᠥᠨ ᠮᠢᠩᠭ᠎ᠠ ᠭᠠᠷᠥᠢ ᠳᠤ ᠬᠥᠷᠴᠤ᠂ ᠮᠠᠨ ᠤ ᠬᠤᠰᠢᠭᠤᠨ ᠤ ᠠᠯᠪᠠᠨ ᠪᠠᠶᠢᠭᠤᠯᠭ᠎ᠠ ᠶᠢᠨ ᠢᠯᠵᠠᠷᠠᠯ ᠢ ᠡᠰᠡᠷᠬᠦᠴᠡᠨ ᠠᠷᠢᠭᠤᠨ ᠴᠢᠬᠡᠴᠢ ᠶᠢ ᠡᠷᠬᠢᠮᠡᠯᠬᠦ ᠪᠥᠲᠤᠬᠡᠨ ᠪᠠᠶᠢᠭᠤᠯᠤᠯᠲᠠ ᠵᠢᠴᠢ ᠳᠤᠰᠢᠶᠠᠯ ᠤᠨ ᠶᠠᠯᠠᠳᠤ ᠬᠡᠷᠡᠭ ᠢ ᠤᠷᠢᠥᠡᠴᠢᠯᠠᠨ ᠰᠡᠷᠭᠡᠶᠢᠯᠠᠬᠦ ᠠᠵᠢᠯ ᠢ ᠤᠷᠤᠭᠰᠢᠲᠠᠢ ᠠᠬᠢᠭᠤᠯᠬᠤ ᠳᠤ ᠥᠷᠬᠡᠨ ᠲᠡᠯᠬᠡᠷᠡᠩᠬᠦᠢ ᠰᠤᠷᠲᠠᠯᠴᠢᠯᠠᠬᠤ ᠥᠢᠯᠡᠲᠤᠯ ᠥᠵᠡᠬᠦᠯᠤᠭ᠍ᠰᠡᠨ ᠪᠠᠶᠢᠨ᠎ᠠ᠃ 2014 ᠤᠨ ᠤ 9 ᠰᠠᠷ᠎ᠠ ᠳᠤ᠂ ᠮᠠᠨ ᠤ ᠬᠤᠷᠢᠶ᠎ᠡ ᠪᠤᠯᠤᠨ ᠬᠤᠰᠢᠭᠤᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠡ᠂ ᠳᠤᠲᠤᠭᠠᠲᠤ ᠶᠢ ᠬᠠᠮᠠᠭᠠᠯᠠᠬᠤ ᠳᠤᠪᠴᠢᠶ᠎ᠠ᠂ ᠬᠠᠤᠯᠢ ᠴᠠᠭᠠᠵᠡ ᠶᠢᠨ ᠳᠤᠪᠴᠢᠶ᠎ᠠ ᠵᠡᠷᠬᠡ ᠭᠤᠷᠪᠠᠨ ᠪᠠᠶᠢᠭᠤᠯᠭ᠎ᠠ ᠲᠠᠢ ᠬᠠᠮᠲᠤᠷᠠᠨ ᠬᠤᠰᠢᠭᠤᠨ ᠤ ᠬᠤᠷᠢᠭᠤᠯ ᠤᠨ ᠭᠠᠵᠠᠷ ᠲᠤ ᠢᠯᠵᠠᠷᠠᠯ ᠢ ᠡᠰᠡᠷᠬᠦᠴᠡᠨ ᠠᠷᠢᠭᠤᠨ ᠴᠢᠬᠡᠴᠢ ᠶᠢ ᠡᠷᠬᠢᠮᠡᠯᠵᠤ ᠳᠤᠰᠢᠶᠠᠯ ᠤᠨ ᠶᠠᠯᠠᠯᠲᠤ ᠬᠡᠷᠡᠭ ᠢ ᠤᠷᠢᠥᠡᠴᠢᠯᠠᠨ ᠰᠡᠷᠭᠡᠶᠢᠯᠠᠬᠦ ᠰᠡᠷᠡᠮᠵᠢᠯᠡᠭᠦᠯᠦᠯ ᠤᠨ ᠰᠠᠭᠤᠷᠢᠨ ᠭᠠᠵᠠᠷ ᠢ ᠪᠠᠶᠢᠭᠤᠯᠪᠠ᠃ ᠰᠠᠭᠤᠷᠢᠨ ᠭᠠᠵᠠᠷ ᠲᠤ ᠢᠷᠡᠵᠤ ᠳᠤᠭᠤᠷᠢᠨ ᠥᠵᠡᠭᠰᠡᠥᠨ ᠨᠢ ᠴᠢᠬᠡᠴᠢ ᠵᠠᠰᠠᠭ ᠤᠨ ᠤᠷᠲᠤ ᠬᠤᠩᠬᠢᠯ ᠪᠤᠯᠤᠨ ᠰᠡᠷᠡᠮᠵᠢᠯᠡᠭᠦᠯᠦᠯ ᠶᠢᠨ ᠤᠷᠲᠤ ᠬᠤᠩᠬᠢᠯ ᠢ ᠳᠤᠭᠤᠷᠢᠨ ᠥᠵᠠᠬᠦ ᠠᠴᠠ ᠭᠠᠲᠠᠨ᠎ᠠ ᠪᠠᠰᠠ ᠬᠤᠷᠢᠭᠤᠯ ᠤᠨ ᠲᠤᠬᠠᠢ ᠶᠢᠨ ᠭᠠᠵᠠᠷ ᠢ ᠳᠤᠭᠤᠷᠢᠨ ᠥᠵᠡᠵᠥ᠂ ᠬᠤᠷᠢᠭᠤᠯ ᠳᠤ ᠬᠤᠷᠢᠭᠲᠠᠵᠤ ᠪᠠᠶᠢᠭ᠎ᠠ ᠬᠥᠮᠤᠰ ᠤᠨ ᠰᠠᠭᠤᠴᠠ ᠪᠤᠯᠤᠨ ᠬᠥᠲᠡᠯᠭᠡᠭᠡᠨ ᠤ ᠲᠠᠯᠠᠪᠤᠷ ᠢ ᠪᠡᠶ᠎ᠡ ᠪᠠᠷ ᠢᠶᠠᠨ ᠤᠶᠢᠯᠠᠭᠠᠵᠤ᠂ ᠤᠯᠠᠮ ᠨᠢᠭᠡ ᠠᠯᠬᠤᠮ ︽ᠨᠢᠭᠡ ᠯᠠ ᠴᠠᠭ ᠤᠨ ᠠᠯᠲᠠᠭ᠎ᠠ ᠪᠤᠷᠤᠭᠤ ᠠᠴᠠ ᠢᠴᠢᠬᠦᠷᠢ ᠭᠤᠲᠤᠮᠰᠢᠭᠲᠠᠢ ᠨᠢᠭᠡ ᠨᠠᠰᠤ ᠪᠤᠯᠤᠨ᠎ᠠ︾ ᠭᠡᠳᠡᠭ ᠡᠰᠡᠷᠬᠦ ᠲᠠᠯ᠎ᠠ ᠶᠢᠨ ᠰᠤᠷᠭᠠᠨ ᠬᠥᠮᠤᠵᠢᠯ ᠢ ᠬᠥᠷᠲᠡᠵᠤ᠂ ᠤᠲᠤᠬᠠᠨ ᠳᠤ᠂ ᠨᠢᠬᠡᠨᠲᠡ ᠬᠤᠶᠡᠷ ᠮᠢᠩᠭ᠎ᠠ ᠭᠠᠷᠤᠢ ᠳᠤᠭᠤᠷᠢᠨ ᠥᠵᠡᠭᠰᠡᠥᠨ ᠬᠥᠯᠢᠶᠡᠨ ᠠᠪᠤᠭᠰᠠᠨ ᠪᠠᠶᠢᠨ᠎ᠠ᠃ 2014 ᠤᠨ ᠤ 10 ᠰᠠᠷ᠎ᠠ ᠳᠤ᠂ ᠮᠠᠨ ᠤ ᠬᠤᠷᠢᠶ᠎ᠡ ᠨᠢ ᠪᠥᠬᠦ ᠬᠤᠲᠡ ᠶᠢᠨ ᠬᠡᠪᠴᠢᠶᠡᠨ ᠳᠤ ᠠᠩᠬᠠᠲᠠᠭᠴᠢ ᠮᠤᠩᠭᠤᠯ ᠬᠢᠲᠠᠳ ᠬᠤᠤᠰ ᠭᠡᠯᠡᠨ ᠤ ᠳᠤᠰᠢᠶᠠᠯ ᠤᠨ ᠶᠠᠯᠠᠲᠤ ᠬᠡᠷᠡᠭ ᠢ ᠤᠷᠢᠥᠡᠴᠢᠯᠠᠨ ᠰᠡᠷᠭᠡᠶᠢᠯᠠᠬᠦ ᠤᠬᠠᠭᠤᠯᠬᠤ ᠪᠥᠯᠬᠦᠮ ᠢ ᠪᠠᠶᠢᠭᠤᠯᠵᠥ᠂ ᠪᠥᠬᠦ ᠬᠤᠰᠢᠭᠤᠨ ᠤ ᠡᠯ᠎ᠡ ᠪᠠᠶᠢᠭᠤᠯᠭ᠎ᠠ ᠳᠤ ᠬᠥᠨᠵᠡᠬᠡᠶᠢᠷᠡᠨ ᠮᠤᠩᠭᠤᠯ ᠬᠢᠲᠠᠳ ᠬᠤᠤᠰ ᠭᠡᠯᠡᠨ ᠤ ᠤᠬᠠᠭᠤᠯᠭ᠎ᠠ ᠶᠢ 15 ᠤᠲᠠᠭ᠎ᠠ ᠬᠢᠪᠡ᠃
5᠂ ᠮᠤᠩᠭᠤᠯ ᠬᠢᠲᠠᠳ ᠬᠤᠤᠰ ᠭᠡᠯᠡᠨ ᠤ ᠸᠸ᠋ᠴᠠᠲ᠂ ᠪᠢᠴᠢᠯ ᠪᠥᠷᠬᠡ᠂ ᠡᠷᠦᠬᠡᠨ ᠰᠦᠯᠵᠢᠶ᠎ᠡ᠂ ᠭᠠᠷ ᠤᠲᠡᠰᠤ ᠶᠢᠨ ᠭᠡᠷᠡᠭᠯᠡᠭᠴᠢ ᠶᠢᠨ ᠲᠠᠪᠴᠡᠩ ᠵᠡᠷᠬᠡ ᠰᠢᠨ᠎ᠡ ᠵᠠᠭᠤᠴᠢᠯᠠᠭᠤᠷ ᠤᠨ ᠤᠬᠠᠭᠤᠯᠬᠤ ᠳᠠᠪᠴᠡᠩ ᠢ ᠪᠠᠶᠢᠭᠤᠯᠵᠥ᠂ ᠪᠠᠶᠢᠴᠠᠭᠠᠬᠤ ᠠᠵᠢᠯ ᠤᠨ ᠢᠯᠡ ᠪᠠᠶᠢᠬᠤ ᠶᠢ ᠠᠬᠢᠭᠤᠯᠪᠠ᠃ ᠲᠠᠷᠬᠠᠨ ᠮᠤᠤᠮᠢᠩᠭᠠᠨ ᠬᠤᠰᠢᠭᠤᠨ ᠤ ᠠᠷᠠᠥᠡ ᠶᠢᠨ ᠪᠠᠶᠢᠴᠠᠭᠠᠬᠤ ᠬᠤᠷᠢᠶ᠋ᠨ ᠤ ᠰᠢᠨ᠎ᠡ ᠵᠠᠭᠤᠴᠢᠯᠠᠭᠤᠷ ᠤᠨ ᠤᠬᠠᠭᠤᠯᠬᠤ ᠠᠵᠢᠯ ᠨᠢ ᠨᠠᠯᠢᠶᠡᠥᠨ ᠡᠷᠲᠡ ᠡᠬᠢᠯᠡᠭᠰᠡᠨ ᠶᠤᠮ᠂ 2013 ᠤᠨ ᠤ 9 ᠰᠠᠷ᠎ᠠ ᠳᠤ᠂ ᠠᠷᠠᠥᠡ ᠲᠥᠮᠡᠨ ᠴᠠᠭ ᠲᠤᠬᠠᠢ ᠳᠤᠨᠢ᠂ ᠪᠥᠲᠤᠮᠵᠢᠲᠠᠢ ᠪᠠᠷ ᠪᠠᠶᠢᠴᠠᠭᠠᠬᠤ ᠠᠵᠢᠯ ᠢ ᠤᠶᠢᠯᠠᠭᠠᠵᠤ᠂ ᠬᠢᠨᠠᠯᠳᠠ ᠲᠠᠯᠪᠢᠵᠤ᠂ ᠲᠡᠮᠵᠢᠯᠭᠡ ᠦᠵᠡᠬᠦᠯᠬᠦ ᠳᠤ ᠲᠥᠬᠦᠮ ᠪᠤᠯᠭᠠᠬᠤ ᠶᠢᠨ ᠲᠥᠯᠤᠬᠡ᠂ ᠪᠥᠬᠦ ᠤᠷᠤᠨ ᠤ ᠠᠩᠬᠠᠲᠠᠭᠴᠢ ᠮᠤᠩᠭᠤᠯ ᠬᠢᠲᠠᠳ ᠬᠤᠤᠰ ᠭᠡᠯᠡᠨ ᠤ ᠡᠷᠦᠬᠡᠨ ᠰᠦᠯᠵᠢᠶ᠎ᠡ ᠶᠢ ᠪᠠᠶᠢᠭᠤᠯᠪᠠ᠂ ᠡᠨᠡ ᠨᠢ ᠲᠠᠷᠬᠠᠨ ᠮᠤᠤᠮᠢᠩᠭᠠᠨ ᠬᠤᠰᠢᠭᠤᠨ ᠤ ᠠᠷᠠᠥᠡ ᠶᠢᠨ ᠪᠠᠶᠢᠴᠠᠭᠠᠬᠤ ᠬᠤᠷᠢᠶᠠᠨ ᠤ ᠪᠠᠶᠢᠴᠠᠭᠠᠬᠤ ᠠᠵᠢᠯ ᠢᠶᠠᠨ ᠢᠯᠡ ᠪᠠᠶᠢᠯᠠᠭᠠᠬᠤ ᠶᠢ ᠬᠠᠷᠠᠭᠤᠯᠵᠤ᠂ ᠨᠡᠶᠢᠬᠡᠮ ᠤᠨ ᠬᠢᠨᠠᠯᠲᠠ ᠶᠢ ᠬᠥᠯᠢᠶᠡᠨ ᠠᠪᠴᠤ᠂ ︽ᠨᠠᠷᠠᠨ ᠭᠡᠷᠡᠯᠲᠦ ᠪᠠᠶᠢᠴᠠᠭᠠᠬᠤ ᠠᠵᠢᠯ︾ ᠤᠨ ᠰᠢᠨ᠎ᠡ ᠴᠤᠩᠬᠤ᠂ ᠰᠢᠨ᠎ᠡ ᠳᠠᠪᠴᠡᠩ ᠢ ᠪᠡᠶᠡᠯᠡᠬᠦᠯᠪᠡ᠃ ᠡᠬᠦᠨ ᠤ ᠲᠤᠲᠤᠷ᠎ᠡ᠂ ᠡᠷᠦᠬᠡᠨ ᠰᠦᠯᠵᠢᠶ᠎ᠡ ᠨᠢ ᠠᠷᠠᠥᠡ ᠶᠢᠨ ᠲᠥᠯᠤᠬᠡᠯᠡᠭᠴᠢ᠂ ᠤᠯᠤᠰ ᠲᠥᠷᠤ ᠶᠢᠨ ᠵᠥᠪᠯᠡᠯᠬᠡᠨ ᠤ ᠬᠡᠰᠢᠬᠦᠨ ᠤ ᠬᠠᠷᠢᠯᠴᠡᠬᠤ ᠲᠤᠰᠬᠠᠢ ᠪᠤᠯᠤᠩ᠂ ᠪᠠᠶᠢᠩᠭᠤ ᠶᠢᠨ ᠵᠠᠯᠭᠠᠵᠤ ᠪᠠᠶᠢᠬᠤ ᠢᠯᠡᠴᠢᠯᠠᠨ ᠮᠡᠲᠡᠬᠦᠯᠬᠦ ᠲᠥᠪ᠂ ᠪᠠᠶᠢᠴᠠᠭᠠᠨᠬᠤ ᠲᠠᠷᠤᠭ᠎ᠠ ᠶᠢᠨ ᠢᠮᠸᠢᠢᠯ᠂ ᠬᠡᠭᠡᠯᠢ ᠬᠠᠭ᠋ᠤᠤᠯᠢ ᠶᠢᠨ ᠶᠠᠯᠠᠲᠤ ᠬᠡᠷᠡᠭ ᠤᠨ ᠲᠠᠩᠰᠨ ᠡᠪᠬᠡᠮᠡᠯ ᠢ ᠰᠢᠯᠭᠠᠬᠤ ᠲᠤᠰᠬᠠᠢ ᠪᠤᠯᠤᠩ ᠵᠡᠷᠬᠡ ᠬᠠᠷᠢᠯᠴᠠᠬᠤ ᠪᠣᠯᠣᠩ ᠨᠢ ᠪᠥᠷ ᠰᠦᠯᠵᠢᠶᠡᠨ ᠤ ᠠᠷᠠᠳ ᠲᠠᠢ ᠮᠤᠩᠭᠤᠯ ᠬᠢᠲᠠᠳ ᠬᠤᠤᠰ ᠬᠡᠯᠡᠨ ᠤ ᠬᠠᠷᠢᠯᠴᠠᠨ ᠰᠤᠯᠢᠯᠴᠠᠭ᠎ᠠ ᠶᠢ ᠪᠡᠶᠡᠯᠡᠬᠦᠯᠪᠡ᠃
2014 ᠣᠨ ᠤ 8 ᠰᠠᠷ᠎ᠠ ᠳᠤ᠂ ᠮᠠᠨ ᠤ ᠬᠤᠷᠢᠶ᠎ᠠ ᠪᠦᠬᠦ ᠦᠪᠡᠷᠲᠡᠭᠡᠨ ᠵᠠᠰᠠᠬᠤ ᠣᠷᠣᠨ ᠤ ᠠᠩᠬᠠᠳᠠᠭᠴᠢ ᠮᠣᠩᠭᠤᠯ ᠬᠢᠲᠠᠳ ᠬᠤᠣᠰ ᠬᠡᠯᠡᠨ ᠤ ᠸᠸ᠋ᠴᠠᠲ ᠤᠨ ᠲᠠᠪᠴᠠᠩ ᠢ ᠪᠠᠶᠢᠭᠤᠯᠪᠠ᠃ ᠲᠣᠰ ᠵᠢᠯ ᠤᠨ 9 ᠰᠠᠷ᠎ᠠ ᠶᠢᠨ 1 ᠤ ᠡᠳᠦᠷ᠂ ᠠᠩᠬᠠᠳᠠᠭᠴᠢ ᠮᠣᠩᠭᠤᠯ ᠬᠢᠲᠠᠳ ᠬᠤᠣᠰ ᠭᠡᠯᠡᠨ ᠤ ᠸᠸ᠋ᠴᠠᠲ ᠢ ᠨᠡᠶᠢᠲᠡᠯᠡᠪᠡ᠃ ᠡᠭᠦᠨ ᠤ ᠳᠣᠲᠦᠷᠠᠬᠢ ︽ᠲᠠᠷᠬᠠᠨ ᠮᠣᠣᠮᠢᠨᠩᠭᠠᠨ ᠬᠤᠯᠪᠦᠭᠠᠲᠣ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠲᠠᠢ ᠪᠠᠨ ᠲᠠᠨᠢᠯᠴᠠᠶ᠎ᠠ︾ ᠭᠡᠬᠦ ᠡᠬᠢᠨ ᠤ ᠮᠣᠩᠭᠤᠯ ᠸᠸ᠋ᠴᠠᠲ ᠨᠢ ᠴᠦᠭᠡᠨ ᠲᠣᠭᠠᠲᠦ ᠦᠨᠳᠦᠰᠦᠲᠡᠨ ᠤ ᠮᠠᠭᠲᠠᠭᠠᠯ ᠢ ᠣᠯᠪᠠ᠃ ᠬᠤᠯᠪᠣᠭᠳᠠᠯ ᠪᠦᠬᠦᠢ ᠠᠵᠢᠯᠯᠠᠬᠤ ᠠᠷᠭ᠎ᠠ ᠨᠢ ︽ᠪᠠᠶᠢᠴᠠᠭᠠᠬᠤ ᠡᠳᠦᠷ ᠤᠨ ᠰᠣᠨᠢᠨ︾ ᠳᠤ ᠮᠡᠳᠡᠭᠡᠯᠡᠭᠳᠡᠵᠦ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠤᠷᠢᠶᠠᠨ ᠤ ᠰᠢᠨ᠎ᠡ ᠵᠠᠭᠤᠴᠢᠯᠠᠭᠤᠷ ᠤᠨ ᠠᠵᠢᠯ ᠤᠨ ᠪᠤᠯᠪᠠᠰᠣᠷᠠᠯ ᠤᠨ ᠠᠩᠬᠢ ᠳᠡᠭᠡᠷ᠎ᠡ᠂ ᠸᠧᠢ ᠶᠠ ᠯᠢ ᠳᠡᠳ᠋ ᠪᠠᠶᠢᠴᠠᠭᠠᠬᠤ ᠳᠠᠷᠤᠭ᠎ᠠ ᠠᠴᠠ ᠮᠠᠨ ᠤ ᠬᠢᠯᠢ ᠬᠢᠵᠠᠭᠠᠷ ᠣᠷᠣᠨ ᠤ ᠣᠨᠴᠠᠯᠢᠭ ᠲᠠᠢ ᠬᠤᠯᠪᠣᠭᠳᠠᠭᠤᠯᠣᠨ ᠬᠢᠭᠰᠡᠨ ᠮᠣᠩᠭᠤᠯ ᠬᠢᠲᠠᠳ ᠬᠤᠣᠰ ᠭᠡᠯᠡᠨ ᠤ ᠰᠢᠨ᠎ᠡ ᠵᠠᠭᠤᠴᠢᠯᠠᠭᠤᠷ ᠤᠨ ᠪᠠᠶᠢᠴᠠᠭᠠᠬᠤ ᠠᠵᠢᠯ ᠢ ᠨᠡᠷ᠎ᠡ ᠳᠣᠷᠠᠳᠣᠨ ᠰᠠᠶᠢᠰᠢᠶᠠᠪᠠ᠃ ᠡᠨᠡ ᠵᠢᠯ ᠤᠨ 4 ᠰᠠᠷ᠎ᠠ ᠳᠤ᠂ ᠮᠠᠨ ᠤ ᠬᠤᠷᠢᠶ᠎ᠠ ᠶᠢᠨ ᠮᠣᠩᠭᠤᠯ ᠬᠢᠲᠠᠳ ᠬᠤᠣᠰ ᠬᠡᠯᠡᠨ ᠤ ᠰᠧᠦ ᠬᠤ᠋ ᠰᠣᠨᠢᠨ ᠮᠡᠳᠡᠭᠡᠨ ᠤ ᠬᠡᠷᠡᠭᠯᠡᠭᠴᠢ ᠵᠢᠨᠲ᠋ᠠᠪᠴᠠᠩ ᠢ ᠵᠢᠩᠬᠢᠨᠢ ᠪᠠᠷ ᠨᠡᠭᠡᠭᠡᠪᠡ᠃ ᠡᠨᠡ ᠨᠢ ᠮᠠᠨ ᠤ ᠬᠤᠷᠢᠶᠠᠨ ᠤ ᠠᠯᠪᠠᠨ ᠸᠸ᠋ᠴᠠᠲ ᠤᠨ ᠨᠠᠶᠢᠳᠡ ᠶᠢᠨ ᠨᠣᠮᠸ᠋ᠷ᠂ ᠠᠯᠪᠠᠨ ᠰᠢᠨ ᠯᠠᠩ ᠪᠢᠴᠢᠯ ᠪᠦᠷᠭᠡ᠂ ᠲᠧᠩ ᠰᠢᠶᠦ᠋ᠨ ᠪᠢᠴᠢᠯ ᠪᠦᠷᠭᠡ ᠪᠠ ᠰᠧᠦ ᠬᠤ᠋ ᠰᠣᠨᠢᠨ ᠮᠡᠳᠡᠭᠡᠨ ᠤ ᠬᠡᠷᠡᠭᠯᠡᠭᠴᠢ ᠶᠢᠨ ᠳᠠᠪᠴᠠᠩ ᠪᠦᠬᠦ ᠲᠠᠯ᠎ᠠ ᠪᠠᠷ ᠬᠡᠷᠡᠭᠯᠡᠭᠳᠡᠵᠦ᠂ ᠮᠠᠨ ᠤ ᠬᠤᠷᠢᠶᠠᠨ ᠤ ᠪᠠᠶᠢᠴᠠᠭᠠᠬᠤ ᠠᠵᠢᠯ ᠢ ᠢᠯᠡ ᠪᠣᠯᠭᠠᠬᠤ ᠳᠤ ᠲᠠᠪᠴᠠᠩ ᠪᠠᠶᠢᠭᠤᠯᠣᠨ ᠰᠠᠭᠤᠷᠢ ᠶᠢ ᠪᠠᠬᠢᠵᠢᠬᠦᠯᠪᠡ᠃
ᠮᠠᠨ ᠤ ᠬᠤᠷᠢᠶᠠᠨ ᠤ ᠸᠸ᠋ᠴᠠᠲ᠂ ᠪᠢᠴᠢᠯ ᠪᠦᠷᠬᠡ᠂ ᠲᠣᠣᠷ ᠰᠦᠯᠵᠢᠶ᠎ᠡ᠂ ᠬᠡᠷᠡᠭᠯᠡᠭᠴᠢ ᠶᠢᠨ ᠳᠠᠪᠴᠠᠩ ᠤᠨ ᠬᠡᠷᠡᠭᠯᠡᠭᠡᠨ ᠤ ᠶᠠᠪᠦᠴᠠ ᠳᠤ᠂ ᠪᠠᠶᠢᠴᠠᠭᠠᠬᠤ ᠠᠵᠢᠯ ᠤᠨ ᠢᠯᠡ ᠪᠤᠯᠭᠠᠬᠤ ᠬᠠᠮᠢᠶ᠎ᠠ ᠪᠦᠬᠦᠢ ᠱᠠᠭᠠᠷᠳᠠᠯᠭ᠎ᠠ ᠲᠠᠢ ᠨᠢᠭᠳᠠ ᠬᠠᠷᠢᠯᠴᠠᠨ᠂ ᠨᠡᠶᠢᠳᠡᠯᠡᠬᠦ ᠬᠡᠯᠪᠡᠷᠢ ᠶᠢ ᠪᠠᠶᠠᠯᠢᠭᠵᠢᠭᠤᠯᠣᠨ᠂
︿ᠬᠤᠶᠠᠷ ᠪᠢᠴᠢᠯ ᠨᠢᠭᠡ ᠬᠡᠷᠡᠭᠯᠡᠭᠴᠢ ᠵᠢᠨᠲ᠋ᠠᠪᠴᠠᠩ﹀ ᠤᠨ ᠠᠯᠪᠠᠨ ᠲᠠᠪᠴᠠᠩ ᠤᠨ ᠠᠩᠬᠠᠷᠣᠯ ᠤᠨ ᠬᠡᠮᠵᠢᠶ᠎ᠡ ᠶᠢ ᠳᠡᠭᠡᠭᠰᠢᠯᠡᠬᠦᠯᠪᠡ᠃ ︿ᠬᠤᠶᠠᠷ ᠪᠢᠴᠢᠯ ᠨᠢᠭᠡ ᠬᠡᠷᠡᠭᠯᠡᠭᠴᠢ ᠵᠢᠨᠲ᠋ᠠᠪᠴᠠᠩ﹀ ᠤᠨ ᠠᠯᠪᠠᠨ ᠲᠠᠪᠴᠠᠩ ᠳᠡᠭᠡᠷ᠎ᠡ ᠮᠡᠳᠡᠭᠡ ᠨᠠᠶᠢᠳᠠᠯᠠᠬᠦ ᠶᠠᠪᠦᠴᠠ ᠳᠤ᠂ ᠪᠢᠴᠢᠮᠡᠯ ᠮᠡᠳᠡᠭᠡ᠂ ᠵᠢᠷᠤᠭᠳᠤ ᠮᠡᠳᠡᠭᠡ᠂ ᠰᠦᠯᠵᠢᠶᠡᠨ ᠬᠤᠯᠪᠤᠭᠠᠰᠤ᠂ ᠪᠢᠴᠢᠯ ᠸᠢᠳᠢᠤ ᠵᠡᠷᠭᠡ ᠣᠯᠠᠨ ᠬᠡᠯᠪᠡᠷᠢ ᠶᠢ ᠬᠡᠷᠡᠭᠯᠡᠵᠦ᠂ ᠬᠠᠮᠤᠭ ᠰᠢᠨ᠎ᠡ ᠬᠠᠣᠯᠢ ᠴᠠᠭᠠᠵᠠ ᠲᠦᠷᠤ ᠶᠢᠨ ᠪᠣᠳᠣᠯᠭ᠎ᠠ᠂ ᠪᠠᠶᠢᠴᠠᠭᠠᠬᠤ ᠪᠠᠶᠢᠭᠤᠯᠭ᠎ᠠ ᠶᠢᠨ ᠡᠳᠦᠷ ᠳᠣᠲᠣᠮ ᠤᠨ ᠠᠵᠢᠯ ᠪᠠ ᠬᠠᠮᠤᠭ ᠰᠢᠨ᠎ᠡ ᠠᠵᠢᠯ ᠤᠨ ᠠᠬᠢᠴᠠ ᠪᠠ ᠨᠡᠶᠢᠭᠡᠮ ᠤᠨ ᠰᠠᠨᠠᠭᠠᠰᠢᠷᠠᠯ᠂ ᠨᠡᠶᠢᠭᠡᠮ ᠤᠨ ᠠᠩᠬᠠᠷᠣᠯ ᠲᠠᠢ ᠠᠰᠠᠭᠤᠳᠠᠯ ᠢ ᠨᠡᠶᠢᠳᠡᠯᠡᠵᠣ᠂ ᠮᠠᠨ ᠤ ᠬᠤᠷᠢᠶᠠᠨ ᠤ ᠪᠠᠶᠢᠴᠠᠭᠠᠬᠤ ᠠᠵᠢᠯ ᠪᠠ ᠡᠩᠨᠡᠭᠡᠨ ᠤ ᠪᠠᠶᠢᠭᠤᠯᠣᠯᠳᠠ ᠶᠢᠨ ᠦᠷ᠎ᠡ ᠪᠦᠳᠦᠮᠵᠢ ᠶᠢ ᠪᠦᠬᠦ ᠲᠠᠯ᠎ᠠ ᠪᠠᠷ ᠭᠠᠶᠢᠬᠠᠭᠤᠯᠵᠤ᠂ ᠪᠠᠶᠢᠴᠠᠭᠠᠬᠤ ᠪᠠᠶᠢᠭᠤᠯᠭ᠎ᠠ ᠪᠠ ᠠᠷᠠᠳ ᠲᠦᠮᠡᠨ ᠤ ᠶᠠᠷᠢᠯᠴᠠᠭ᠎ᠠ ᠶᠠᠪᠤᠯᠴᠠᠭ᠎ᠠ ᠶᠢᠨ ᠲᠠᠪᠴᠠᠩ ᠢ ᠪᠠᠶᠢᠭᠤᠯᠣᠨ᠂ ᠠᠷᠠᠳ ᠲᠦᠮᠡᠨ ᠤ ᠪᠠᠶᠢᠴᠠᠭᠠᠬᠤ ᠪᠠᠶᠢᠭᠤᠯᠭ᠎ᠠ ᠶᠢᠨ ᠠᠵᠢᠯ ᠤᠨ ᠲᠣᠬᠠᠢ ᠤᠶᠢᠯᠠᠭᠠᠯᠳᠠ ᠪᠠ ᠲᠡᠮᠵᠢᠯᠭᠡ ᠶᠢ ᠨᠡᠮᠡᠭᠳᠡᠬᠦᠯᠦᠨ᠂ ᠰᠢᠨ᠎ᠡ ᠵᠠᠭᠤᠴᠢᠯᠠᠭᠤᠷ ᠢᠶᠠᠷ ᠳᠠᠮᠵᠢᠨ ᠪᠠᠶᠢᠴᠠᠭᠠᠬᠤ ᠠᠵᠢᠯ ᠤᠨ ᠢᠯᠡ ᠪᠤᠯᠭᠠᠬᠤ ᠶᠢ ᠬᠦᠨᠵᠡᠭᠡᠢ ᠠᠬᠢᠭᠤᠯᠵᠣ᠂ ᠪᠦᠬᠦ ᠨᠡᠶᠢᠭᠡᠮ ᠳᠤ ᠪᠠᠶᠢᠴᠠᠭᠠᠬᠤ ᠬᠤᠷᠢᠶᠠᠨ ᠤ ᠢᠳᠡᠪᠬᠢ ᠬᠦᠴᠦᠨ ᠢ ᠳᠠᠮᠵᠢᠭᠤᠯᠪᠠ᠃ ᠣᠳᠣ ᠪᠣᠯᠲᠠᠯ᠎ᠠ 188 ᠵᠣᠷᠪᠦᠰ ᠸᠸ᠋ᠴᠠᠲ ᠤᠨ ᠮᠡᠳᠡᠭᠡ᠂ 1038 ᠵᠣᠷᠪᠦᠰ ᠪᠢᠴᠢᠯ ᠪᠦᠷᠭᠡ᠂ 342 ᠵᠣᠷᠪᠦᠰ ᠦᠷᠦᠭᠡᠨ ᠰᠦᠯᠵᠢᠶ᠎ᠡ᠂ 37 ᠵᠣᠷᠪᠦᠰ ᠬᠡᠷᠡᠭᠯᠡᠭᠴᠢ ᠶᠢᠨ ᠳᠠᠪᠴᠠᠩ ᠤᠨ ᠮᠡᠳᠡᠭᠡ ᠶᠢ ᠨᠡᠶᠢᠲᠡᠯᠡᠪᠡ᠃ ᠣᠶᠢᠷ᠎ᠠ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠨᠡᠶᠢᠲᠡᠯᠡᠭᠰᠡᠨ ᠸᠸ᠋ᠴᠠᠲ ᠤᠨ ᠨᠦᠯᠦᠭᠡᠯᠡᠯᠳᠡ ᠶᠢᠨ ᠵᠢᠭᠰᠠᠭᠠᠯᠳᠠ ᠳᠤ᠂ ᠳᠠᠷᠬᠠᠨ ᠮᠤᠤᠮᠢᠩᠭᠠᠨ ᠬᠤᠯᠪᠦᠭᠠᠲᠣ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠴᠦᠮ ᠡᠮᠤᠨᠡᠭᠦᠷ ᠵᠢᠭᠰᠠᠭᠳᠠᠵᠤ ᠪᠣᠢ᠃
ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠳᠤ ᠲᠣᠩ ᠣᠯᠠᠨ ᠦᠨᠳᠦᠰᠦᠨ ᠱᠠᠲᠣᠨ ᠤ ᠪᠠᠶᠢᠴᠠᠭᠠᠬᠤ ᠬᠤᠷᠢᠶ᠎ᠠ ᠮᠥᠨ ᠮᠣᠩᠭᠤᠯ ᠬᠢᠲᠠᠳ ᠬᠤᠣᠰ ᠭᠡᠯᠡᠨ ᠤ ᠪᠠᠶᠢᠴᠠᠭᠠᠬᠤ ᠠᠵᠢᠯ ᠢ ᠦᠷᠨᠢᠬᠦᠯᠵᠣ ᠪᠣᠢ᠂ ᠵᠠᠷᠢᠮ ᠪᠠᠶᠢᠴᠠᠭᠠᠬᠤ ᠬᠤᠷᠢᠶᠠᠨ ᠤ ᠬᠢᠬᠦ ᠠᠷᠭ᠎ᠠ ᠨᠢ ᠳᠠᠷᠬᠠᠨ ᠮᠤᠤᠮᠢᠩᠭᠠᠨ ᠬᠤᠯᠪᠦᠭᠠᠲᠣ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠰᠠᠶᠢᠨ᠂ ᠲᠡᠷᠢᠬᠦᠨ ᠤ ᠲᠣᠷᠰᠢᠯᠭ᠎ᠠ ᠨᠢ ᠳᠠᠷᠬᠠᠨ ᠮᠤᠤᠮᠢᠩᠭᠠᠨ ᠬᠤᠯᠪᠦᠭᠠᠲᠣ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠠᠷᠪᠢᠨ᠂ ᠡᠨᠡᠬᠦ ᠣᠳᠠᠭᠠᠨ ᠤ ᠰᠣᠷᠣᠯᠴᠠᠯᠭ᠎ᠠ ᠪᠠᠷ ᠳᠠᠮᠵᠢᠨ ᠮᠠᠨ ᠤ ᠦᠴᠦᠬᠡᠨ ᠲᠡᠳᠦᠢ ᠲᠣᠷᠰᠢᠯᠭ᠎ᠠ ᠪᠠᠨ ᠲᠠ ᠨᠠᠷ ᠲᠠᠢ ᠬᠤᠪᠢᠶᠠᠯᠴᠠᠬᠤ ᠨᠢ ᠮᠢᠨᠦ ᠠᠵᠠ ᠵᠠᠪᠰᠢᠶᠠᠨ ᠭᠡᠵᠣ ᠦᠵᠡᠵᠣ ᠪᠣᠢ᠂ ᠪᠢᠳᠡ ᠬᠤᠭᠤᠷᠤᠨᠳᠤ ᠪᠠᠨ ᠰᠠᠶᠢᠨ ᠲᠠᠯ᠎ᠠ ᠶᠢ ᠨᠢ ᠠᠪᠴᠣ ᠲᠤᠲᠠᠮᠠᠭ ᠲᠠᠯ᠎ᠠ ᠪᠠᠨ ᠨᠦᠬᠦᠵᠣ᠂ ᠬᠠᠮᠳᠦ ᠪᠠᠷ ᠳᠡᠭᠡᠭᠰᠢᠯᠡᠬᠦ ᠶᠢ ᠬᠦᠰᠡᠵᠣ᠂ ᠬᠠᠮᠲᠤ ᠪᠠᠷ ᠮᠠᠨ ᠤ ᠥᠨᠳᠦᠰᠦᠲᠡᠨ ᠤ ᠣᠷᠣᠨ ᠤ ᠪᠠᠶᠢᠴᠠᠭᠠᠬᠤ ᠠᠵᠢᠯ ᠢ ᠰᠠᠶᠢᠨ ᠬᠢᠵᠦ᠂ ᠣᠷᠣᠨ ᠨᠣᠳᠤᠭ ᠤᠨ ᠣᠨᠴᠠᠯᠢᠭ ᠲᠠᠢ ᠪᠠᠶᠢᠴᠠᠭᠠᠬᠤ ᠠᠵᠢᠯ ᠢ ᠦᠷᠨᠢᠬᠦᠯᠵᠣ᠂ ᠥᠨᠳᠦᠰᠦᠲᠡᠨ ᠤ ᠪᠦᠯᠬᠦᠮᠳᠡᠯ ᠪᠠ ᠠᠮᠣᠷ ᠳᠣᠭᠳᠠᠭᠤᠨ ᠳᠤ ᠦᠪᠡᠷ ᠤᠨ ᠬᠤᠪᠢ ᠨᠡᠮᠡᠷᠢ ᠪᠠᠨ ᠦᠵᠡᠬᠦᠯᠦᠶ᠎ᠡ᠃