ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠣᠳᠣᠬᠠᠨ ᠤ ᠵᠠᠯᠠᠭᠤᠴᠤᠳ ᠪᠠᠭᠠᠴᠤᠳ ᠤᠨ ᠶᠠᠯᠠᠲᠤ ᠠᠵᠢᠯᠯᠠᠭ᠎ᠠ ᠬᠢᠵᠦ ᠪᠠᠶᠢᠭ᠎ᠠ ᠲᠤᠬᠠᠢ

2016-04-07 15:49:29
ᠵᠣᠬᠢᠶᠠᠭᠴᠢ
ᠱᠤᠸᠠᠩ ᠶᠢᠨ ᠪᠣᠤ

    ᠮᠢᠨᠤ ᠬᠤᠪᠢ ᠪᠡᠶ᠎ᠡ ᠬᠠᠤᠯᠢ ᠴᠠᠭᠠᠵᠠ ᠶᠢᠨ ᠠᠵᠢᠯ ᠢ ᠤᠳᠠᠭᠠᠨ ᠵᠢᠯ ᠭᠠᠷᠳᠠᠨ ᠬᠢᠵᠦ ᠡᠳᠤᠷᠵᠢᠨ ᠲᠤᠯᠤᠭᠠᠢ ᠦᠨᠳᠡᠶᠢᠯ ᠦᠭᠡᠢ ᠶᠠᠩᠵᠤ ᠪᠦᠷᠢ ᠶᠢᠨ ᠬᠡᠷᠡᠭ ᠵᠠᠷᠭᠤ ᠶᠢ ᠰᠢᠢᠳᠬᠡᠬᠦ ᠶᠠᠪᠦᠴᠠ ᠳᠤᠮᠳᠠ ᠶᠠᠯᠠᠲᠤ ᠠᠵᠢᠯᠯᠠᠭ᠎ᠠ ᠦᠢᠯᠡᠳᠦᠭᠰᠡ ᠡᠯᠳᠡᠪ ᠵᠤᠶᠢᠯ ᠤᠨ ᠬᠡᠷᠡᠭ ᠤᠨ ᠰᠡᠵᠢᠭᠲᠡᠳ ᠤᠨ ᠳᠤᠳᠤᠷ᠎ᠠ ᠤᠳᠤᠬᠠᠨ ᠳᠤ ᠬᠤᠲᠠ ᠪᠠᠯᠭᠠᠰᠤ ᠬᠦᠳᠡᠭᠡ ᠲᠤᠰᠬᠤᠨ ᠭᠡᠵᠤ ᠢᠯᠭᠠᠯ ᠦᠭᠡᠢ ᠡᠷᠡᠭᠦᠥ ᠶᠢᠨ ᠬᠠᠤᠯᠢ ᠪᠠᠷ ᠰᠢᠳᠭᠡᠭᠳᠡᠵᠦ ᠪᠠᠶᠢᠭ᠎ᠠ ᠬᠦᠮᠦᠰ ᠤᠨ ᠳᠤᠲᠤᠷ᠎ᠠ ᠵᠠᠯᠠᠭᠤᠴᠤᠳ ᠪᠠᠭᠠᠴᠤᠳ ᠵᠤᠩᠬᠢᠯᠠᠬᠤ ᠲᠤᠭ᠎ᠠ ᠶᠢ ᠡᠵᠡᠯᠡᠬᠦ ᠪᠦᠭᠡᠳ ᠡᠨᠡᠬᠦ ᠪᠠᠶᠢᠳᠡᠯ ᠨᠢ ᠵᠠᠪᠤᠬᠤ ᠳᠤᠲᠤᠮ ᠤᠯᠡᠮ ᠴᠢᠨᠠᠭᠰᠢᠲᠠ ᠶᠠᠭᠡᠰᠬᠦ ᠬᠠᠨᠳᠤᠰᠢ ᠲᠠᠢ ᠪᠠᠶᠢᠨ᠎ᠠ᠃ ᠡᠨᠡ ᠪᠣᠯ ᠪᠢᠳᠡᠨ ᠤ ᠰᠤᠷᠭᠠᠭᠤᠯᠢ᠂ ᠭᠡᠷ ᠤᠨ ᠠᠬᠠᠮᠡᠳ ᠬᠢᠭᠡᠳ ᠨᠡᠶᠢᠭᠡᠮ ᠤᠨ ᠬᠦᠮᠦᠨ ᠪᠦᠬᠦᠨ ᠤ ᠬᠠᠷᠢᠭᠤᠴᠠᠯᠭ᠎ᠠ ᠲᠠᠢ ᠪᠦᠭᠡᠳ ᠠᠩᠬᠠᠷᠤᠭᠤᠰᠢᠲᠡᠢ ᠠᠰᠠᠭᠤᠳᠠᠯ ᠪᠤᠯᠤᠨ᠎ᠠ᠃

    ᠲᠡᠭᠡᠪᠡᠯ ᠤᠳᠤᠬᠠᠨ ᠤ ᠵᠠᠯᠠᠭᠤᠴᠤᠳ ᠪᠠᠭᠠᠴᠤᠳ ᠤᠨ ᠶᠠᠯ᠎ᠠ ᠬᠢᠵᠦ ᠪᠠᠶᠢᠭ᠎ᠠ ᠨᠢ ᠴᠤᠬᠤᠮ ᠶᠠᠮᠠᠷ ᠶᠠᠮᠠᠷ ᠪᠠᠶᠢᠳᠡᠯ ᠲᠠᠢ ᠪᠣᠢ ᠭᠡᠪᠡᠯ ᠭᠤᠣᠯᠳᠠᠭᠤ ᠳᠣᠣᠷᠡᠬᠢ ᠬᠡᠳᠤᠨ ᠲᠠᠯ᠎ᠠ ᠪᠠᠷ ᠵᠠᠳᠠᠯᠬᠤ ᠬᠡᠷᠡᠭᠲᠡᠢ᠃

    ᠨᠢᠭᠡ᠂ ᠶᠠᠯ᠎ᠠ ᠬᠢᠵᠦ ᠪᠠᠶᠢᠭ᠎ᠠ ᠰᠢᠯᠲᠠᠭᠠᠨ ᠨᠢ᠄ ᠦᠷᠬᠦᠯᠵᠢ ᠲᠠᠪᠦ ᠭᠤᠷᠪᠠ ᠪᠠᠷ ᠲᠣᠣᠷ ᠰᠦᠯᠵᠢᠶᠠᠨ ᠤ ᠨᠠᠭᠠᠳᠤᠮ ᠲᠣᠭᠯᠠᠭᠠᠮ ᠳᠤ ᠰᠢᠨᠤᠬᠠᠶᠢᠷᠡᠨ ᠡᠷᠡᠬᠦᠯ ᠪᠣᠰᠤ ᠱᠠᠯᠢᠭ ᠵᠠᠪᠬᠠᠢ ᠳᠦᠷᠰᠤ ᠰᠢᠩᠭᠡᠭᠡᠯᠲᠡ ᠶᠢ ᠦᠵᠡᠨ ᠬᠠᠴᠢᠷᠬᠠᠨ ᠰᠤᠨᠢᠷᠬᠠᠵᠤ᠂ ᠬᠤᠭᠤᠯᠠᠨ ᠭᠡᠷ ᠲᠤ ᠤᠷᠤᠵᠤ ᠠᠷᠢᠬᠢ ᠤᠤᠭᠤᠵᠤ ᠳᠠᠮᠠᠬᠢ ᠲᠠᠲᠠᠬᠤ ᠵᠠᠷᠭᠡ ᠶᠢᠨ ᠮᠠᠭᠤ ᠮᠠᠭᠤᠬᠠᠢ ᠨᠦᠯᠦᠭᠡ ᠶᠢ ᠬᠦᠷᠳᠡᠵᠥ᠂ ᠬᠠᠶᠠ ᠵᠠᠷᠢᠮ ᠨᠢ ᠡᠷᠡᠭᠲᠡᠢ ᠡᠮᠡᠭᠲᠡᠢ ᠬᠡᠳᠤ ᠬᠡᠳᠦᠬᠦᠯᠡ ᠪᠠᠨ ᠲᠤᠤᠷ ᠰᠦᠯᠵᠢᠶᠠᠨ ᠤ ᠭᠠᠵᠠᠷ ᠪᠤᠶᠤ ᠵᠤᠴᠢᠳ ᠤᠨ ᠪᠠᠭᠤᠳᠠᠯ ᠳᠤ ᠬᠠᠮᠲᠤᠪᠠᠷ ᠬᠤᠨᠤᠭᠯᠠᠵᠤ ᠢᠳᠡᠵᠤ ᠤᠤᠭᠤᠵᠤ ᠴᠡᠩᠭᠡᠵᠤ ᠨᠠᠶᠢᠷᠠᠯᠳᠤᠳᠠᠭ ᠪᠠᠶᠢᠨ᠎ᠠ᠃

    ᠬᠤᠶᠠᠷ᠂ ᠶᠠᠯᠠᠲᠤ ᠠᠵᠢᠯᠯᠠᠭ᠎ᠠ ᠬᠢᠵᠦ ᠪᠠᠶᠢᠭ᠎ᠠ ᠵᠠᠯᠠᠭᠤᠴᠤᠳ ᠪᠠᠭᠠᠴᠤᠳ ᠤᠨ ᠨᠠᠰᠤᠨ ᠤ ᠤᠨᠴᠠᠯᠢᠭ ᠨᠢ ᠭᠡᠪᠡᠯ ᠤᠯᠠᠩᠬᠢ ᠨᠢ ᠪᠠᠷᠤᠭ 15-17 ᠨᠠᠰᠤᠨ ᠤ ᠬᠤᠭᠤᠷᠤᠨᠳᠤᠬᠢ ᠵᠠᠯᠠᠭᠤ ᠪᠠᠭᠠᠴᠤᠳ ᠪᠤᠯᠤᠨ᠎ᠠ᠃ ᠣᠨᠴᠠ ᠵᠠᠷᠢᠮ ᠨᠢ 14 ᠪᠦᠬᠦᠯᠢ ᠨᠠᠰᠤ ᠴᠦ ᠬᠦᠷᠦᠭᠡ ᠦᠭᠡᠢ ᠪᠠᠭᠠᠴᠤᠳ ᠪᠣᠢ᠃ 

    ᠭᠤᠷᠪᠠ᠂ ᠶᠠᠯᠠᠲᠤ ᠠᠵᠢᠯᠯᠠᠭ᠎ᠠ ᠬᠢᠵᠦ ᠪᠠᠶᠢᠭ᠎ᠠ ᠵᠠᠯᠠᠭᠤᠴᠤᠳ ᠪᠠᠭᠠᠴᠤᠳ ᠤᠨ ᠪᠤᠲᠠᠲᠤ ᠪᠠᠶᠢᠳᠠᠯ ᠠᠴᠠ ᠨᠢ ᠦᠵᠡᠪᠡᠯ᠄ ᠪᠠᠷᠤᠭ ᠯᠠ ᠪᠦᠷ ᠲᠡᠳᠡᠨᠡᠷ ᠤᠨ ᠡᠴᠢᠭᠡ ᠡᠬᠡ ᠨᠢ ᠤᠷᠤᠭ ᠰᠠᠯᠤᠭᠰᠠᠨ᠂ ᠮᠦᠨ ᠶᠠᠯᠠᠲᠤ ᠠᠵᠢᠯᠯᠠᠭ᠎ᠠ ᠬᠢᠭᠡᠳ ᠶᠠᠭ ᠰᠠᠶ᠋ᠢᠬᠠᠨ ᠬᠦᠳᠡᠯᠮᠦᠷᠢ ᠪᠠᠷ ᠦᠭᠡᠷᠡᠴᠢᠯᠡᠭᠳᠡᠵᠥ ᠪᠠᠶᠢᠭ᠎ᠠ᠂ ᠬᠦᠴᠦᠨ ᠤ ᠠᠵᠢᠯ ᠬᠢᠬᠦ ᠪᠠᠷ ᠭᠠᠳᠠᠭᠰᠢ ᠭᠠᠷᠴᠦ ᠭᠡᠷ ᠲᠡᠭᠡᠨ ᠦᠯᠡᠳᠡᠵᠦ ᠬᠤᠴᠤᠷᠠᠭᠰᠠᠨ ᠦᠷ᠎ᠡ ᠬᠡᠦᠬᠡᠳ ᠢ ᠨᠢ ᠦᠵᠡᠵᠦ ᠬᠠᠷᠠᠭᠠᠯᠵᠠᠬᠤ ᠬᠦᠮᠦᠨ‌ᠦᠭᠡᠢ ᠪᠤᠶᠤ ᠦᠷ᠎ᠡ ᠬᠡᠦᠬᠡᠳ ᠨᠢ ᠰᠤᠷᠭᠠᠭᠤᠯᠢ ᠰᠤᠶᠤᠯ ᠠᠴᠠ ᠪᠠᠨ ᠳᠤᠲᠠᠭᠤ ᠳᠤᠷᠭᠤᠨ ᠵᠤᠭᠰᠤᠭᠰᠠᠨ᠂ᠡᠰᠡᠬᠦᠯ᠎ᠡ ᠰᠤᠷᠭᠠᠭᠤᠯᠢ ᠳᠤ ᠪᠠᠶᠢᠯ᠎ᠠ ᠭᠡᠰᠡᠨ ᠴᠦ ᠦᠷᠬᠦᠯᠵᠢ ᠬᠢᠴᠢᠶᠡᠯ ᠳᠤ ᠤᠷᠤᠬᠤ ᠦᠭᠡᠢ᠂ ᠰᠤᠷᠤᠯᠭ᠎ᠠ ᠳᠠᠭᠠᠨ ᠰᠢᠮᠳᠠᠬᠤ ᠦᠭᠡᠢ ᠪᠣᠰᠣᠳ ᠲᠠᠢ ᠬᠠᠮᠰᠠᠵᠤ ᠪᠦᠯᠦᠭᠯᠡᠭᠡᠳ ᠬᠡᠷᠡᠭ ᠵᠠᠷᠭᠤ ᠬᠢᠭᠡᠳ ᠶᠠᠪᠤᠳᠠᠭ ᠬᠦᠮᠦᠰ ᠪᠣᠯᠣᠨ᠎ᠠ᠃

    ᠳᠥᠷᠪᠡ᠂ ᠤᠳᠤᠬᠠᠨ ᠤ ᠵᠠᠯᠠᠭᠤᠴᠤᠳ ᠪᠠᠭᠠᠴᠤᠳ ᠤᠨ ᠬᠢᠵᠤ ᠪᠠᠶᠢᠭ᠎ᠠ ᠶᠠᠯᠠᠲᠤ ᠠᠵᠢᠯᠯᠠᠭ᠎ᠠ ᠶᠢᠨ ᠬᠢᠨᠢ ᠲᠦᠷᠦᠯ ᠵᠤᠶᠢᠯ ᠠᠴᠠ ᠨᠢ ᠦᠵᠡᠪᠡᠯ᠄ ᠭᠤᠣᠯᠳᠠᠭᠤ ᠬᠤᠯᠠᠭᠠᠶᠢᠯᠠᠬᠤ᠂ ᠪᠤᠯᠢᠶᠠᠬᠤ᠂ ᠲᠣᠨᠣᠨ ᠳᠡᠭᠡᠷᠡᠮᠳᠡᠬᠦ᠂ ᠵᠤᠷᠢᠭᠤᠳᠠ ᠪᠣᠰᠣᠳ ᠢ ᠰᠢᠷᠠᠭᠳᠤᠭᠤᠯᠬᠤ᠂ ᠬᠦᠴᠦᠷᠬᠡᠭᠯᠡᠨ ᠨᠦᠵᠢᠳᠯᠡᠬᠦ᠂ ᠣᠯᠠᠭᠤᠯᠠᠨ ᠨᠡᠶᠢᠯᠡᠵᠦ ᠵᠣᠳᠤᠭᠠᠨ ᠬᠢᠬᠦ᠂ ᠬᠡᠷᠡᠭ ᠦᠳᠦᠭᠡᠵᠤ ᠤᠷᠰᠢᠭ ᠲᠠᠲᠠᠬᠤ ᠪᠤᠶᠤ ᠬᠤᠤᠷ᠎ᠠ ᠲᠠᠲᠠᠬᠤ ᠮᠡᠳᠥ ᠶᠢᠨ ᠶᠠᠯᠠᠲᠤ ᠠᠵᠢᠯᠯᠠᠭ᠎ᠠ ᠵᠡᠷᠭᠡ ᠶᠢ ᠥᠢᠯᠡᠳᠥᠳᠡᠭ ᠪᠠᠶᠢᠨ᠎ᠠ᠃

    ᠲᠠᠪᠦ᠂ ᠲᠡᠭᠡᠪᠡᠯ ᠤᠳᠤᠬᠠᠨ ᠤ ᠵᠠᠯᠠᠭᠤᠴᠤᠳ ᠪᠠᠭᠠᠴᠤᠳ ᠤᠨ ᠳᠤᠲᠤᠷ᠎ᠠ ᠶᠠᠭᠠᠬᠢᠭᠠᠳ ᠡᠶᠢᠮᠦᠷᠬᠦ ᠮᠠᠶ᠋ᠢᠭ ᠤᠨ ᠶᠠᠯᠠᠲᠤ ᠠᠵᠢᠯᠯᠠᠭ᠎ᠠ ᠶᠢ ᠬᠢᠵᠦ ᠪᠠᠶᠢᠭ᠎ᠠ ᠪᠤᠢ ᠭᠡᠪᠡᠯ ᠲᠡᠳᠡᠨᠡᠷ ᠨᠡᠶᠢᠭᠡᠮ ᠲᠡᠭᠡᠷ᠎ᠡ ᠡᠳᠦᠷᠵᠢᠨ ᠳᠤᠷ᠎ᠠ ᠲᠠᠪᠠ ᠪᠠᠷ ᠢᠶᠠᠨ ᠪᠦᠷᠢᠯᠭᠡᠨ ᠰᠥᠢᠳᠭᠡᠵᠥ ᠨᠠᠭᠠᠳᠤᠵᠤ ᠴᠡᠩᠭᠡᠬᠦ ᠳᠤ ᠶᠠᠭᠤᠨ ᠤ ᠡᠮᠦᠨ᠎ᠡ ᠵᠤᠭᠤᠰ ᠮᠦᠩᠬᠦ ᠵᠠᠷᠤᠴᠠᠭᠤᠯᠬᠤ ᠴᠢᠬᠤᠯᠠ ᠲᠠᠢ᠂ ᠭᠡᠬᠦ ᠳᠤ ᠪᠠᠨ ᠲᠡᠳᠡᠨᠡᠷ ᠤᠨ ᠬᠤᠪᠢ ᠪᠡᠶ᠎ᠡ ᠨᠢ ᠶᠠᠮᠠᠷ ᠴᠦ ᠵᠤᠭᠤᠰ ᠮᠦᠩᠬᠦ ᠠᠰᠢᠭ ᠤᠷᠤᠯᠭ᠎ᠠ ᠶᠢᠨ ᠢᠷᠡᠯᠲᠡ ᠦᠭᠡᠢ ᠲᠤᠯᠠ ᠬᠠᠶᠠ ᠵᠠᠷᠢᠮ ᠨᠢ ᠭᠡᠷ ᠤᠨ ᠠᠬᠠᠮᠡᠳ ᠠᠴᠠ ᠪᠠᠨ ᠤᠯᠤᠭᠰᠠᠨ ᠲᠤᠭ᠎ᠠ ᠬᠡᠮᠵᠢᠶ᠎ᠡ ᠲᠠᠢ ᠵᠤᠭᠤᠰ ᠮᠦᠩᠬᠦ ᠪᠠᠨ ᠪᠦᠷᠢᠯᠭᠡᠨ ᠳᠠᠭᠤᠰᠬᠠᠵᠤ ᠪᠡᠶ᠎ᠡ ᠳᠤ ᠨᠢ ᠵᠤᠭᠤᠰ ᠮᠥᠩᠭᠦ ᠪᠠᠶᠢᠬᠤ ᠦᠭᠡᠢ ᠪᠣᠯᠤᠭᠰᠠᠭᠠᠷ ᠳᠠᠷᠤᠢ ᠬᠠᠤᠯᠢ ᠶᠤᠰᠦ ᠶᠢ ᠵᠦᠷᠢᠴᠡᠵᠤ ᠡᠳᠡᠭᠡᠷ ᠶᠠᠯᠠᠳᠤ ᠠᠵᠢᠯᠯᠠᠭ᠎ᠠ ᠶᠢ ᠬᠢᠳᠡᠭ ᠪᠠᠶᠢᠨ᠎ᠠ᠃

    ᠡᠶᠢᠮᠦ ᠠᠴᠠ ᠬᠦᠰᠡᠬᠦ ᠨᠢ ᠪᠢᠳᠡᠨ ᠤ ᠭᠡᠷ ᠤᠨ ᠠᠬᠠᠮᠡᠳ ᠪᠣᠯᠣᠭᠰᠠᠳ ᠵᠠᠪᠡᠯ ᠦᠪᠡᠷ ᠤᠨ ᠪᠡᠶ᠎ᠡ ᠪᠠᠷ ᠢᠶᠠᠨ ᠦᠷ᠎ᠡ ᠬᠡᠦᠬᠡᠳ ᠲᠡᠭᠡᠨ ᠰᠠᠶᠢᠨ ᠰᠠᠶᠢᠬᠠᠨ ᠬᠡᠪ ᠳᠦᠷᠢᠮ ᠪᠣᠯᠵᠤ ᠲᠡᠳᠡᠨᠡᠷ ᠢ ᠬᠠᠷᠠᠬᠠᠨ ᠪᠠᠭ᠎ᠠ ᠠᠴᠠ ᠨᠢ ᠵᠦᠪ ᠵᠠᠮ ᠢᠶᠠᠷ ᠵᠢᠭᠠᠨ ᠵᠢᠯᠤᠭᠤᠳᠴᠤ ᠡᠷᠡᠭᠦᠯ ᠰᠠᠶᠢᠬᠠᠨ ᠢᠶᠠᠷ ᠬᠥᠮᠥᠵᠢᠭᠦᠯᠬᠦ ᠬᠡᠷᠡᠭᠳᠡᠢ᠃ ᠳᠠᠷᠠᠭ᠎ᠠ ᠳᠤᠨᠢ ᠰᠤᠷᠭᠠᠭᠤᠯᠢ ᠶᠢᠨ ᠲᠠᠯ᠎ᠠ ᠠᠴᠠ ᠪᠠᠭᠰᠢ ᠪᠣᠯᠣᠭᠰᠠᠳ ᠰᠣᠷᠣᠭᠴᠢᠳ ᠲᠠᠭᠠᠨ ᠪᠢᠴᠢᠭ ᠰᠣᠶᠣᠯ ᠰᠤᠷᠭᠠᠬᠤ ᠶᠢᠨ ᠬᠠᠮᠲᠤ ᠵᠣᠬᠢᠬᠤ ᠬᠡᠮᠵᠢᠶᠠᠨ ᠤ ᠶᠣᠰᠣ ᠮᠤᠷᠠᠯ ᠬᠠᠣᠯᠢ ᠴᠠᠭᠠᠵᠠ ᠶᠢᠨ ᠬᠢᠴᠢᠶᠡᠯ ᠬᠥᠮᠦᠵᠢᠯ ᠢ ᠣᠷᠣᠵᠤ᠂ ᠲᠡᠳᠡᠨᠡᠷ ᠤᠨ ᠬᠠᠤᠯᠢ ᠴᠠᠭᠠᠵᠠ ᠶᠢᠨ ᠦᠵᠡᠯᠲᠡ ᠲᠠᠨᠢᠯᠲᠠ ᠶᠢ ᠨᠢ ᠳᠡᠭᠡᠭᠰᠢᠯᠡᠬᠦᠯᠵᠥ ᠶᠠᠯᠠᠲᠤ ᠠᠵᠢᠯᠯᠠᠭ᠎ᠠ ᠬᠢᠬᠦ ᠠᠴᠠ ᠨᠢ ᠵᠡᠶᠢᠯᠡᠰᠬᠢᠯᠭᠡᠬᠦ ᠬᠡᠷᠡᠭᠲᠡᠢ᠃ ᠡᠭᠦᠨ ᠠᠴᠠ ᠭᠠᠳᠠᠨ᠎ᠠ ᠪᠠᠰᠠ ᠨᠡᠶᠢᠭᠡᠮ ᠤᠨ ᠡᠯ᠎ᠠ ᠡᠳᠡᠭᠡᠳ ᠤᠨ ᠬᠢᠨᠢ ᠣᠳᠣᠬᠠᠨ ᠤ ᠵᠠᠯᠠᠭᠤᠴᠤᠳ ᠪᠠᠭᠠᠴᠤᠳ ᠤᠨ ᠶᠠᠯ᠎ᠠ ᠬᠢᠵᠤ ᠪᠠᠶᠢᠭ᠎ᠠ ᠶᠠᠪᠤᠳᠠᠯ ᠢ ᠡᠷᠬᠡᠪᠰᠢ ᠠᠩᠬᠠᠷᠤᠯ ᠳᠠᠭᠠᠨ ᠠᠪᠴᠤ ᠬᠥᠨᠳᠥᠳᠭᠡᠨ ᠦᠵᠡᠵᠥ ᠲᠡᠳᠡᠨᠡᠷ ᠢ ᠵᠠᠪᠡᠯ ᠬᠠᠶᠢᠷᠠᠯᠠᠵᠤ ᠬᠠᠯᠠᠮᠵᠢᠯᠠᠨ᠂ ᠠᠪᠤᠷᠡᠨ ᠲᠡᠳᠭᠦᠵᠥ᠂ ᠲᠡᠳᠡᠨᠡᠷ ᠲᠤ ᠵᠠᠪᠡᠯ ᠰᠠᠶᠢᠨ ᠰᠠᠶᠢᠬᠠᠨ ᠡᠷᠡᠭᠦᠯ ᠴᠢᠬᠢᠷᠠᠭ ᠠᠵᠢᠯᠯᠠᠵᠤ ᠰᠤᠷᠤᠯᠴᠠᠬᠤ ᠠᠵᠤ ᠠᠮᠢᠳᠤᠷᠠᠬᠤ ᠣᠷᠴᠢᠨ ᠲᠣᠭᠤᠷᠢᠨ ᠬᠢᠭᠡᠳ ᠨᠦᠬᠦᠴᠡᠯ ᠢ ᠪᠥᠷᠢᠯᠳᠥᠭᠦᠯᠥᠨ ᠦᠭᠬᠦ ᠬᠡᠷᠡᠭᠲᠡᠢ᠃ ᠢᠡᠭᠬᠢᠪᠡᠯ ᠰᠠᠶ᠋ᠢ ᠮᠠᠨ ᠤ ᠬᠤᠶᠢᠰᠢᠲᠡ ᠵᠢᠨ‌ ᠨᠡᠶᠢᠭᠡᠮ ᠨᠡᠩ ᠲᠣᠭᠲᠠᠭᠤᠨ᠂ ᠨᠡᠩ ᠪᠣᠯᠪᠠᠰᠤᠨ᠂ ᠮᠠᠨ ᠤ ᠵᠠᠯᠠᠭᠤᠴᠤᠳ ᠪᠠᠭᠠᠴᠦᠳ ᠨᠡᠩ ᠡᠷᠡᠭᠦᠯ ᠴᠢᠬᠢᠷᠠᠭ ᠦᠰᠦᠨ ᠪᠣᠶᠢᠵᠢᠵᠤ᠂ ᠮᠠᠨ ᠤ ᠤᠯᠤᠰ ᠦᠨᠳᠦᠰᠦᠲᠡᠨ ᠨᠡᠩ ᠬᠥᠴᠥᠷᠭᠡᠭᠵᠢᠨ ᠮᠠᠨᠳᠤᠬᠤ ᠪᠣᠯᠤᠨ᠎ᠠ᠃

 



ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠪᠠᠶᠢᠴᠠᠭᠠᠬᠤ ᠬᠤᠷᠢᠶ᠎ᠠ 
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro