ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠣᠳᠤᠭ ᠬᠤᠰᠢᠭᠤᠨ ᠤ ᠪᠡᠶᠢᠴᠠᠭᠠᠭᠴᠢ ᠨᠠᠷ ︽ᠲᠡᠯᠡᠭᠡᠢ ᠶᠢᠨ ᠨᠣᠮ ᠣᠩᠰᠢᠬᠤ ᠡᠳᠣᠷ︾ ᠲᠤ ᠨᠣᠮ ᠣᠩᠰᠢᠨ ᠲᠠᠷᠢᠬᠢ ᠲᠣᠯᠣᠭᠠᠢ ᠪᠠᠨ ᠴᠡᠨᠡᠭᠯᠡᠵᠦ ᠪᠡᠶᠢᠨ᠎ᠠ

2023-04-26 10:13:13
ᠵᠣᠬᠢᠶᠠᠭᠴᠢ
ᠲᠤᠨᠤᠯ

ᠨᠠᠮ  ᠤᠨ ᠬᠤᠷᠢᠳᠣᠭᠠᠷ ᠣᠳᠠᠭᠠᠨ  ᠤ ᠶᠡᠭᠡ ᠬᠤᠷᠠᠯ  ᠤᠨ ᠮᠡᠳᠡᠭᠦᠯᠦᠯᠳᠡ  ᠳᠤ ︽ᠪᠦᠭᠦ ᠨᠡᠶᠢᠬᠡᠮ  ᠤᠨ ᠪᠣᠯᠪᠠᠰᠣᠨ  ᠤ ᠬᠢᠷᠢ ᠬᠡᠮᠵᠢᠶ᠎ᠡ  ᠶᠢ ᠲᠡᠭᠡᠭᠰᠢᠯᠡᠭᠦᠯᠵᠦ᠂ ᠪᠦᠬᠦ ᠠᠷᠠᠳ  ᠤᠨ ᠨᠣᠮ ᠣᠩᠰᠢᠬᠤ ᠬᠦᠳᠡᠯᠭᠡᠭᠡᠨ  ᠢ ᠭᠦᠨᠵᠡᠭᠡᠶᠢᠷᠡᠭᠦᠯᠦᠨ᠎ᠡ︾ ᠭᠡᠵᠤ ᠱᠠᠭᠠᠷᠳᠠᠭᠰᠠᠨ ᠠᠴᠠ ᠣᠳᠤᠭ ᠬᠤᠰᠢᠭᠤᠨ  ᠤ  ᠠᠷᠠᠳ ᠤᠨ  ᠪᠠᠶᠢᠴᠠᠭᠠᠬᠤ  ᠬᠣᠷᠢᠶᠠᠨ ᠤ ᠪᠡᠶᠢᠴᠠᠭᠠᠭᠴᠢ ᠲᠣᠰᠢᠶᠠᠯᠳᠠᠨ ᠨᠠᠷ ︽4.23︾  ᠤ ᠲᠡᠯᠡᠭᠡᠢ  ᠶᠢᠨ ᠨᠣᠮ ᠣᠩᠰᠢᠬᠤ ᠡᠳᠣᠷ ᠣᠶᠣᠨ  ᠤ ᠲᠦᠯᠬᠢᠭᠦᠷ  ᠢ ᠡᠵᠢᠮᠰᠢᠬᠦ  ᠪᠠᠷ ᠵᠣᠷᠢᠯᠭ᠎ᠠ  ᠪᠠᠨ ᠪᠣᠯᠭᠠᠭᠰᠠᠨ ᠡᠷᠳᠡᠮ ᠮᠡᠳᠡᠯᠭᠡ  ᠪᠠᠷ ᠲᠠᠷᠢᠬᠢ ᠲᠣᠯᠣᠭᠠᠢ  ᠪᠠᠨ ᠴᠡᠨᠡᠭᠯᠡᠬᠦ ᠠᠵᠢᠯᠯᠠᠭ᠎ᠠ  ᠶᠢ ᠦᠷᠨᠢᠭᠦᠯᠦᠭᠰᠡᠨ ᠪᠡᠶᠢᠨ᠎ᠠ᠃ ᠪᠡᠶᠢᠴᠠᠭᠠᠭᠴᠢ ᠲᠣᠰᠢᠶᠠᠯᠳᠠᠨ ᠨᠠᠷ ᠣᠷᠢᠳᠠᠪᠠᠷ ᠬᠤᠰᠢᠭᠤᠨ ᠤ ᠨᠣᠮ  ᠤᠨ ᠰᠠᠩ  ᠢ ᠲᠣᠭᠤᠷᠢᠨ ᠦᠵᠡᠵᠦ᠂ ᠲᠠᠷᠠᠭ᠎ᠠ ᠨᠢ ᠦᠵᠡᠭᠰᠡᠨ ᠨᠣᠮ  ᠤᠨ ᠠᠭᠤᠯᠭ᠎ᠠ  ᠪᠠᠨ ᠶᠡᠷᠢᠯᠴᠠᠵᠤ᠂ ᠦᠪᠡᠷ  ᠤᠨ ᠨᠣᠮ ᠦᠵᠡᠭᠰᠡᠨ ᠲᠦᠷᠦᠭᠳᠡᠯ ᠢᠶᠠᠨ ᠬᠠᠷᠢᠯᠴᠠᠨ ᠬᠤᠪᠢᠶᠠᠯᠴᠠᠵᠣ᠂ ᠪᠠᠰᠠ ᠬᠦᠮᠦᠨ ᠪᠣᠯᠭᠠᠨ ᠦᠪᠡᠷ  ᠤᠨ ᠣᠩᠰᠢᠵᠣ ᠦᠩᠭᠡᠷᠡᠭᠰᠡᠨ ᠬᠠᠮᠤᠭ ᠰᠡᠶᠢᠨ ᠨᠣᠮ  ᠢᠶᠠᠨ ᠲᠠᠶᠠᠭᠠᠷ  ᠲᠤ ᠲᠠᠨᠢᠯᠴᠠᠭᠤᠯᠣᠭᠰᠠᠨ ᠪᠡᠶᠢᠨ᠎ᠠ᠃

ᠡᠭᠦᠨ  ᠠᠴᠠ ᠬᠤᠶᠢᠰᠢ ᠨᠠᠮ ᠤᠨ ᠲᠡᠥᠬᠡ  ᠶᠢᠨ ᠬᠦᠮᠦᠵᠢᠯ ᠪᠠ ᠭᠡᠷ  ᠤᠨ ᠰᠣᠷᠳᠠᠯ  ᠤᠨ ᠣᠯᠠᠮᠵᠢᠯᠠᠯ  ᠢ ᠬᠠᠷᠢᠯᠴᠠᠨ ᠣᠶᠠᠯᠳᠠᠭᠤᠯᠵᠣ᠂ ᠦᠪᠡᠷ  ᠢᠶᠠᠨ ᠨᠣᠮ ᠣᠩᠰᠢᠬᠤ ᠲᠠᠳᠬᠠᠯ  ᠢ ᠪᠣᠢ ᠪᠣᠯᠭᠠᠬᠤ  ᠪᠠᠷ ᠪᠠᠷᠠᠬᠤ ᠦᠭᠡᠢ᠂ ᠦᠷ᠎ᠡ ᠠᠴᠢᠷ ᠨᠠᠷ ᠲᠠᠭᠠᠨ ᠨᠣᠮ ᠣᠩᠰᠢᠬᠤ  ᠶᠢᠨ ᠤᠳᠬ᠎ᠠ ᠠᠭᠤᠯᠭ᠎ᠠ ᠪᠠ ᠦᠢᠯᠡᠳᠦᠯ  ᠢ ᠭᠦᠨᠵᠡᠭᠡᠢ ᠲᠠᠨᠢᠭᠤᠯᠵᠤ᠂ ᠭᠡᠷ ᠪᠦᠯᠢ  ᠪᠠᠷ  ᠢᠶᠠᠨ ᠨᠣᠮ ᠣᠩᠰᠢᠵᠣ᠂ ᠭᠡᠷ ᠪᠦᠯᠢ  ᠶᠢᠨ ᠬᠦᠮᠦᠵᠢᠯ᠂ ᠭᠡᠷ  ᠤᠨ ᠰᠣᠷᠳᠠᠯ  ᠢᠶᠠᠨ ᠴᠢᠩᠭᠠᠳᠬᠠᠨ᠎ᠠ ᠭᠡᠵᠤ ᠪᠡᠶᠢᠴᠠᠭᠠᠭᠴᠢ ᠲᠣᠰᠢᠶᠠᠯᠳᠠᠨ ᠨᠠᠷ ᠣᠷᠮ᠎ᠠ ᠪᠠᠭ᠋ᠠᠳᠡᠢ ᠶᠡᠷᠢᠵᠠᠭᠠᠨ᠎ᠠ᠃

  

ᠢᠷᠡᠯᠲᠡ
ᠣᠳᠤᠭ ᠬᠤᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro