ᠲᠣᠭᠲᠠᠮᠠᠯ ᠳ᠋ᠢᠶᠠᠩᠬᠤᠸᠠ ᠶᠢ ᠪᠣᠰᠣᠳ ᠲᠤ ᠢᠩᠬᠢᠵᠦ ᠬᠡᠷᠡᠭᠯᠡᠬᠦᠯᠬᠦ ᠨᠢ ᠶᠠᠯ᠎ᠠ ᠬᠢᠭᠰᠡᠨ ᠳᠦ ᠲᠤᠭᠠᠴᠠᠭᠳᠠᠨ᠎ᠠ︕
ᠣᠶᠢᠷ᠎ᠠ᠂ ᠵᠣᠴᠢᠳ ᠪᠡᠷ ᠣᠪᠯᠠᠵᠤ ᠬᠢᠬᠠᠨ ᠮᠡᠬᠡᠯᠡᠯᠭᠡ ᠬᠢᠭᠰᠡᠨ ᠬᠡᠷᠡᠭ ᠵᠢᠱᠢᠶ᠎ᠡ ᠡᠮᠬᠢᠯᠡᠨ ᠳᠢᠭᠯᠡᠬᠦ ᠦᠶ᠎ᠡ ᠬᠤᠤᠷᠯᠠᠭᠳᠠᠭᠴᠢ ᠲᠣᠰ ᠭᠠᠵᠠᠷ ᠳ᠋ᠢᠩᠬᠤᠸᠠᠨ ᠨᠣᠮᠧᠷ ᠨᠢ ᠶᠠᠭᠠᠬᠢᠭᠠᠳ ᠮᠡᠬᠡᠯᠡᠬᠦ ᠤᠲᠠᠰᠤ ᠪᠣᠯᠴᠢᠬᠠᠭᠰᠠᠨ ᠶᠢ ᠶᠠᠭ ᠤᠶᠢᠯᠠᠭᠠᠬᠤ ᠦᠭᠡᠢ ᠪᠠᠶᠢᠯ᠎ᠠ
ᠲᠡᠭᠡᠪᠡᠯ ᠶᠠᠭᠤᠨ ᠮᠡᠬᠡᠯᠡᠬᠦ ᠤᠲᠠᠰᠤ ᠨᠢ ᠤᠯᠤᠰ ᠳᠣᠲᠣᠭᠠᠳᠤ ᠲᠣᠭᠲᠠᠮᠠᠯ ᠳ᠋ᠢᠶᠠᠩᠬᠤᠸᠠ ᠢᠯᠡᠷᠡᠭᠦᠯᠵᠦ ᠪᠠᠢᠬᠤ ᠪᠤᠢ
ᠮᠡᠬᠡᠯᠡᠭᠴᠢ ᠲᠣᠭᠲᠠᠮᠠᠯ ᠳ᠋ᠢᠶᠠᠩᠬᠤᠸᠠ ᠬᠡᠷᠡᠭᠯᠡᠬᠦ ᠪᠣᠯᠴᠢᠬᠠᠭᠰᠠᠨ ᠭᠡᠵᠤ ᠤᠤ︖
ᠮᠥᠷ ᠰᠤᠷᠠᠭ ᠨᠢ ᠡᠳᠡᠭᠡᠷ ᠬᠥᠮᠦᠰ ᠪᠠᠷᠢᠵᠤ ᠪᠣᠯᠤᠨ᠎ᠠ ᠦᠦ
ᠬᠤᠤᠷᠯᠠᠭᠳᠠᠭᠴᠢ ᠬᠣᠬᠢᠷᠠᠯ ᠪᠤᠴᠠᠭᠠᠵᠤ ᠦᠦ
ᠬᠡᠷᠡᠭ ᠵᠢᠱᠢᠶ᠎ᠡ ᠳᠠᠬᠢᠨ
2023 ᠣᠨ 3 ᠰᠠᠷ᠎ᠠ ᠰᠡᠭᠦᠯᠴᠢ᠂ ᠣᠷᠳᠣᠰ ᠬᠣᠲᠠ ᠣᠯᠠᠨ ᠲᠣᠭᠠᠨ ᠤ ᠬᠤᠤᠷᠯᠠᠭᠳᠠᠭᠰᠠᠳ ᠲᠣᠰ ᠭᠠᠵᠠᠷ 0477 ᠡᠬᠢᠯᠡᠭᠰᠡᠨ ᠵᠢᠩ ᠳ᠋ᠦᠩ ᠵᠣᠴᠢᠳ ᠤᠲᠠᠰᠤ ᠲᠤᠰᠴᠤ᠂ ᠦᠢᠯᠡᠴᠢᠯᠡᠭᠴᠢ ᠡᠴᠡ ᠵᠢᠩ ᠳ᠋ᠦᠩ ᠪᠠᠨ ᠬᠤᠳᠠᠯᠳᠤᠬᠤ ᠪᠠᠨ ᠪᠤᠯᠢᠵᠤ᠂ ᠬᠣᠭᠣᠰᠣᠨ ᠲᠣᠭ᠎ᠠ ᠬᠡᠮᠵᠢᠶ᠎ᠡ ᠦᠭᠡᠶᠢᠰᠬᠡᠬᠦ ᠴᠢᠬᠤᠯᠠᠲᠠᠶ ᠭᠡᠰᠡᠨ ᠪᠠᠶᠢᠨ᠎ᠠ᠃ ᠬᠤᠤᠷᠯᠠᠭᠳᠠᠭᠴᠢ ᠳᠤᠰᠤᠭᠰᠠᠨ ᠤᠲᠠᠰᠤ ᠨᠢ ᠲᠣᠰ ᠭᠠᠵᠠᠷ ᠤᠲᠠᠰᠤᠨ ᠨᠣᠮᠧᠷ ᠪᠠᠶᠢᠭᠰᠠᠨ ᠪᠣᠯᠬᠤᠷ᠂ ᠬᠣᠣᠷᠯᠠᠭᠳᠠᠭᠰᠠᠳ ᠴᠥᠮ ᠦᠶᠯᠡᠴᠢᠯᠡᠭᠴᠢ ᠪᠡᠶ᠎ᠡ ᠬᠡᠮ ᠰᠡᠵᠢᠭᠯᠡᠰᠢ ᠥᠬᠡᠶ ᠪᠠᠲᠤ ᠢᠲᠡᠭᠡᠵᠦ᠂ ᠠᠯᠬᠤᠮ ᠳᠠᠷᠠᠭ᠎ᠠ ᠶᠣᠰᠣᠭᠠᠷ ᠨᠢᠭᠡᠳ ᠨᠢᠭᠡ ᠪᠡᠷ ᠠᠵᠢᠯᠯᠠᠵᠤ᠂ ᠡᠴᠦᠰ ᠲᠡᠬᠡᠨ ᠪᠠᠩᠬᠢ ᠺᠠᠷᠲ ᠲᠠᠬᠢ ᠬᠠᠳᠠᠭᠠᠯᠠᠮᠵᠢ ᠃
ᠪᠠᠶᠢᠴᠠᠭᠠᠯᠲᠠ ᠪᠠᠷ ᠳᠡᠮᠵᠢᠨ᠂ ᠳᠡᠭᠡᠷ᠎ᠡ ᠳᠤᠷᠠᠳᠤᠭᠰᠠᠨ ᠬᠤᠤᠷᠯᠠᠭᠳᠠᠭᠴᠢ ᠳᠤᠰᠤᠭᠰᠠᠨ ᠤᠲᠠᠰᠤᠨ ᠨᠣᠮᠧᠷ ᠨᠢ ᠬᠣᠰᠢᠭᠤᠨ ᠱᠤ ᠯᠢᠨ ᠵᠣᠣ ᠪᠠᠯᠭᠠᠰᠤᠨ ᠨᠢᠭᠡᠨ ᠰᠠᠭᠤᠭᠠᠯᠢ ᠠᠷᠠᠳ ᠠᠰᠠᠷ ᠲᠦᠷᠢᠶᠡᠰᠦᠨ ᠬᠡᠷ ᠲᠡᠶ ᠬᠣᠯᠪᠣᠭᠳᠠᠵᠤ᠂ ᠬᠡᠷᠡᠭ ᠲᠦ ᠬᠣᠯᠪᠣᠭᠳᠠᠭᠰᠠᠨ ᠲᠣᠭᠲᠠᠮᠠᠯ ᠳ᠋ᠢᠶᠠᠩᠬᠤᠸᠠ ᠨᠣᠮᠧᠷ ᠴᠥᠮ ᠭᠠᠳᠠᠷ ᠣᠷᠣᠨ ᠸᠠᠩ ᠰᠢᠶᠤᠤ ᠰᠢᠶᠤᠤ ( ᠬᠠᠭᠤᠷᠮᠠᠭ ᠨᠡᠷ᠎ᠡ) 3 ᠰᠠᠷ᠎ᠠ ᠳᠤᠮᠳᠠᠴᠢ ᠪᠠᠷ ᠵᠡᠷᠭᠡᠪᠡᠷ ᠨᠡᠪᠲᠡᠷᠡᠭᠦᠯᠦᠭᠰᠡᠨ ᠪᠥᠭᠡᠳ ᠲᠣᠰ ᠬᠡᠷ 60 ᠭᠠᠷᠤᠶ ᠲᠣᠭᠲᠠᠮᠠᠯ ᠳ᠋ᠢᠶᠠᠩᠬᠤᠸᠠ ᠨᠣᠮᠧᠷ ᠵᠡᠷᠭᠡᠪᠡᠷ ᠨᠡᠪᠲᠡᠷᠡᠭᠦᠯᠵᠦ᠂ ᠳᠣᠲᠣᠭᠠᠳᠤ ᠬᠠᠮᠠᠭᠠᠯᠠᠬᠤ ᠪᠠᠶᠢᠭᠤᠯᠭ᠎ᠠ ᠬᠠᠮᠲᠤ ᠲᠣᠰ ᠬᠡᠷ 4 VOIP ᠲᠥᠬᠥᠭᠡᠷᠦᠮᠵᠢ ᠪᠠᠶᠢᠴᠠᠭᠠᠨ ᠣᠯᠤᠭᠰᠠᠨ ᠪᠠᠶᠢᠨ᠎ᠠ᠃
ᠤᠤᠯ ᠨᠢ ᠸᠠᠩ ᠰᠢᠶᠤᠤ ᠰᠢᠶᠤᠤ ᠨᠠᠶᠢᠵᠠ ᠲᠠᠨᠢᠯᠴᠠᠭᠤᠯᠤᠭᠰᠠᠨ 《ᠥᠨᠳᠥᠷ ᠴᠠᠯᠢᠩ》 ᠲᠠᠶ ᠬᠠᠪᠰᠤᠷᠭᠠᠬᠤ ᠲᠤᠰᠢᠶᠠᠯ ᠲᠣᠬᠢᠶᠠᠯ ᠰᠣᠨᠣᠰᠤᠭᠠᠳ᠂ ᠥᠪᠡᠷ ᠲᠣᠭᠲᠠᠮᠠᠯ ᠳ᠋ᠢᠶᠠᠩᠬᠤᠸᠠ ᠪᠣᠯ ᠴᠠᠬᠢᠯᠭᠠᠨ ᠬᠣᠯᠪᠣᠭᠠᠨ ᠮᠡᠬᠡᠯᠡᠯ ᠶᠠᠪᠤᠭᠤᠯᠵᠤ ᠪᠠᠶᠢᠭ᠎ᠠ ᠬᠥᠮᠦᠨ ᠬᠠᠪᠰᠤᠷᠤᠯᠭ᠎ᠠ ᠦᠵᠡᠭᠦᠯᠵᠦ ᠪᠠᠶᠢᠬᠤ ᠲᠣᠳᠣᠷᠬᠠᠶ ᠮᠡᠳᠡᠵᠦ ᠪᠠᠶᠢᠭᠠᠳ᠂ ᠥᠨᠳᠥᠷ ᠠᠰᠢᠭ ᠬᠣᠨᠵᠢᠪᠣᠷᠢ ᠤᠯᠬᠤ ᠲᠥᠯᠥᠭᠡ ᠠᠶᠤᠯᠲᠤ ᠵᠠᠮ ᠵᠠᠮᠨᠠᠵᠤ᠂ ᠪᠤᠰᠤᠳ 《ᠠᠯᠤᠰ ᠡᠵᠡᠮᠰᠢᠯ》 ᠵᠢᠯᠣᠭᠣᠳᠣᠯᠭ᠎ᠠ ᠳᠤᠤᠷ᠎ᠠ ᠭᠡᠷ ᠲᠦᠷᠢᠶᠡᠰᠦᠯᠡᠬᠦ ᠭᠡᠷ᠎ᠡ ᠲᠣᠭᠲᠠᠭᠠᠬᠤ ᠬᠠᠮᠲᠤ ᠲᠤᠬᠠᠶ ᠭᠠᠵᠠᠷ ᠲᠣᠭᠲᠠᠮᠠᠯ ᠳ᠋ᠢᠶᠠᠩᠬᠤᠸᠠ ᠨᠣᠮᠧᠷ ᠨᠡᠭᠡᠭᠡᠵᠦ ᠬᠢᠯᠢ ᠭᠠᠳᠠᠨᠠᠬᠢ ᠳ᠋ᠢᠶᠠᠩᠬᠤᠸᠠ ᠨᠣᠮᠧᠷ ᠃
ᠮᠡᠬᠡᠯᠡᠯ ᠬᠣᠯᠪᠣᠭᠳᠠᠭᠰᠠᠨ 《ᠬᠢᠯᠢ ᠭᠠᠳᠠᠨ᠎ᠠ ᠢᠷᠡᠭᠦᠯᠦᠭᠰᠡᠨ ᠤᠲᠠᠰᠤ 》ᠨᠢ ᠲᠥᠭᠡᠷᠢᠭᠳᠡᠭᠦᠯᠬᠦ ᠴᠢᠨᠠᠷᠲᠠᠶ《 ᠲᠣᠰ ᠭᠠᠵᠠᠷ ᠣᠷᠣᠨ》 ᠨᠥᠮᠥᠷᠴᠦ᠂ ᠬᠡᠷᠡᠭᠯᠡᠭᠴᠢ ᠰᠣᠨᠣᠷ ᠰᠡᠷᠡᠮᠵᠢ ᠶᠡᠬᠡ ᠪᠡᠷ ᠪᠠᠭᠤᠷᠠᠭᠤᠯᠵᠤ᠂ ᠢᠯᠭᠠᠨ ᠲᠠᠨᠢᠬᠤᠶᠠ ᠪᠡᠷᠬᠡ ᠪᠣᠯᠭᠠᠵᠤ᠂ ᠮᠠᠰᠢ ᠠᠮᠠᠷᠬᠠᠨ ᠪᠤᠵᠠᠷ ᠡᠳ᠋ ᠨᠡᠬᠡᠮᠵᠢᠯᠡᠬᠦ ᠶᠠᠮᠠᠷ ᠴᠤ ᠵᠥᠷᠢᠶ᠎ᠡ ᠥᠬᠡᠶ ᠃
ᠪᠠᠶᠢᠴᠠᠭᠠᠨ ᠳᠣᠲᠣᠯᠠᠭᠰᠠᠨ᠂ ᠸᠠᠩ ᠰᠢᠶᠤᠤ ᠰᠢᠶᠤᠤ ᠤᠲᠠᠰᠤ ᠡᠴᠡ ᠪᠣᠯᠵᠣ ᠪᠥᠬᠥ ᠤᠯᠤᠰ ᠣᠯᠠᠨ ᠬᠤᠤᠷᠯᠠᠭᠳᠠᠭᠴᠢ ᠮᠡᠬᠡᠯᠡᠭᠳᠡᠵᠦ᠂ ᠮᠡᠬᠡᠯᠡᠭᠳᠡᠭᠰᠡᠨ ᠲᠣᠭ᠎ᠠ ᠬᠡᠮᠵᠢᠶ᠎ᠡ ᠨᠢ ᠣᠨᠴᠠᠭᠠᠶ ᠯᠤᠲᠤ ᠶᠡᠬᠡ ᠂ ᠣᠳᠣᠬᠠᠨ ᠸᠠᠩ ᠰᠢᠶᠤᠤ ᠰᠢᠶᠤᠤ ᠶᠠᠯ᠎ᠠ ᠬᠢᠭᠰᠡᠨ ᠰᠡᠵᠢᠭᠯᠡᠯᠲᠡᠶ ᠡᠴᠡ ᠪᠣᠯᠵᠣ ᠳᠠᠯᠠᠳ ᠬᠣᠰᠢᠭᠤᠨ ᠠᠷᠠᠳ ᠪᠠᠶᠢᠴᠠᠭᠠᠬᠤ ᠬᠣᠷᠢᠶ᠎ᠠ ᠬᠠᠤᠯᠢ ᠶᠣᠰᠣᠭᠠᠷ ᠪᠠᠷᠢᠪᠴᠢᠯᠠᠬᠤ ᠵᠥᠪᠰᠢᠶᠡᠷᠡᠵᠦ᠂ ᠬᠡᠷᠡᠭ ᠤᠯᠠᠮ ᠨᠢᠭᠡ ᠠᠯᠬᠤᠮ ᠲᠤᠷᠰᠢᠨ ᠪᠠᠶᠢᠴᠠᠭᠠᠵᠤ ᠪᠠᠶᠢᠨ᠎ᠠ᠃
ᠰᠢᠨᠵᠢᠯᠡᠬᠦ ᠤᠬᠠᠭᠠᠨ ᠲᠦᠭᠡᠮᠡᠯᠵᠢᠭᠦᠯᠬᠦ ᠄
VOIP ᠲᠥᠬᠥᠭᠡᠷᠦᠮᠵᠢ ᠨᠢ ᠶᠠᠭᠤ ᠪᠣᠢ
《VOIP》 ᠲᠥᠬᠥᠭᠡᠷᠦᠮᠵᠢ ᠶᠡᠷᠦ IP ᠳ᠋ᠢᠶᠠᠩᠬᠤᠸᠠ ᠭᠡᠳᠡᠭ᠃ ᠬᠢᠯᠢ ᠭᠠᠳᠠᠨᠠᠬᠢ ᠤᠨᠳᠤᠤ ᠭᠠᠵᠠᠷ ᠤᠨ ᠮᠡᠬᠡᠯᠡᠬᠦ ᠪᠦᠯᠬᠦᠮ ᠴᠣᠬᠢᠯᠲᠠ ᠵᠠᠶᠢᠯᠠᠬᠤ ᠲᠥᠯᠥᠭᠡ᠂ ᠬᠢᠯᠢ ᠲᠤᠲᠤᠭᠠᠲᠤ ᠠᠴᠠ ᠬᠥᠮᠦᠨ ᠬᠠᠮᠠᠭᠠᠯᠠᠬᠤ᠂ ᠠᠯᠤᠰ ᠡᠵᠡᠮᠳᠡᠬᠦ ᠬᠡᠯᠪᠡᠷᠢ ᠪᠡᠷ ᠬᠢᠯᠢ ᠳᠣᠲᠣᠷ᠎ᠠ 《VOIP》 ᠵᠡᠷᠭᠡ ᠬᠤᠳᠠᠯ ᠢᠶᠠᠷ ᠤᠳᠠᠰᠤᠳᠠᠬᠤ ᠲᠥᠬᠥᠭᠡᠷᠦᠮᠵᠢ ᠪᠠᠶᠢᠭᠤᠯᠵᠤ᠂ ᠬᠢᠯᠢ ᠳᠣᠲᠣᠷᠠᠬᠢ ᠣᠯᠠᠨ ᠲᠦᠮᠡᠨ ᠬᠤᠳᠠᠯ ᠬᠠᠭᠤᠷᠮᠠᠭ ᠢᠲᠡᠭᠡᠮᠵᠢ ᠤᠯᠬᠤ᠂ ᠪᠠᠷᠠᠭ᠎ᠠ ᠬᠤᠳᠠᠯᠳᠤᠨ ᠠᠪᠤᠭᠰᠠᠨ ᠵᠣᠭᠣᠰ ᠪᠤᠴᠠᠭᠠᠬᠤ᠂ ᠵᠣᠴᠢᠳ ᠪᠡᠷ ᠣᠪᠯᠠᠬᠤ᠂ ᠳᠣᠲᠣᠭᠠᠳᠤ ᠬᠠᠮᠠᠭᠠᠯᠠᠬᠤ ᠂ ᠪᠠᠶᠢᠴᠠᠭᠠᠬᠤ ᠂ ᠰᠢᠭᠦᠬᠦ ᠬᠣᠷᠢᠶ᠎ᠠ ᠪᠠᠷ ᠣᠪᠯᠠᠬᠤ᠂ ᠵᠢᠭᠡᠯᠡᠯᠭᠡ ᠲᠠᠩᠰᠠᠨ ᠡᠷᠦᠬᠡ ᠬᠦᠴᠦᠨ ᠥᠬᠡᠶ ᠪᠣᠯᠭᠠᠬᠤ᠂ ᠢᠲᠡᠭᠡᠮᠵᠢ ᠺᠠᠷᠲ ᠣᠷᠣᠯᠠᠨ ᠭᠦᠶᠴᠡᠳᠬᠡᠬᠦ ᠵᠡᠷᠭᠡ ᠮᠡᠬᠡᠯᠡᠯ ᠶᠠᠪᠤᠭᠤᠯᠵᠤ᠂ ᠠᠷᠠᠳ ᠣᠯᠠᠨ ᠡᠳ᠋ ᠬᠥᠷᠥᠩᠭᠡ ᠠᠮᠤᠷ ᠲᠦᠪᠰᠢᠨ ᠬᠦᠨᠳᠦ ᠨᠣᠴᠢᠲᠠᠶ ᠨᠥᠯᠥᠭᠡᠯᠡᠪᠡ᠃
ᠳᠣᠲᠣᠨᠣᠰᠣᠭ ᠰᠠᠨᠠᠭᠤᠯᠤᠮᠵᠢ ᠄
ᠤᠲᠠᠰᠤ ᠢᠷᠡᠭᠦᠯᠦᠭᠰᠡᠨ ᠨᠣᠮᠧᠷ ᠤᠯᠠᠨᠲᠠ ᠬᠢᠨᠠᠨ ᠲᠣᠳᠣᠯᠠᠵᠤ᠂ ᠬᠤᠪᠢ ᠬᠥᠮᠦᠨ ᠮᠡᠳᠡᠭᠡ ᠵᠠᠩᠭᠢ ᠪᠠᠨ ᠵᠠᠳᠠᠷᠠᠭᠤᠯᠬᠤ ᠦᠭᠡᠢ ᠪᠠᠶᠢᠵᠤ᠂ ᠳᠠᠩᠰᠠ ᠰᠢᠯᠵᠢᠭᠦᠯᠵᠦ ᠵᠣᠭᠣᠰ ᠭᠤᠪᠢᠭᠤᠯᠬᠤ ᠪᠠᠨ ᠤᠯᠠᠨᠳᠠ ᠬᠢᠨᠠᠨ ᠬᠠᠷᠭᠤᠭᠤᠯᠤᠨ᠎ᠠ
《ᠥᠨᠳᠥᠷ ᠴᠠᠯᠢᠩ》 ᠬᠠᠪᠰᠤᠷᠭᠠᠭᠰᠠᠨ ᠠᠵᠢᠯ ᠬᠡᠷᠡᠭᠲᠡᠢ᠂ ᠪᠤᠰᠤᠳ ᠬᠠᠪᠰᠤᠷᠴᠤ ᠶᠠᠯ᠎ᠠ ᠭᠢᠨᠳᠠᠨ ᠨᠢᠯᠪᠤᠰᠤ ᠤᠨᠠᠭᠤᠬᠤ ᠪᠤᠯᠤᠨ᠎ᠠ᠃