︽ᠪᠠᠭᠠᠲᠥᠷ ᠡᠮᠡᠭᠲᠡᠢ︾ ᠪᠠᠯᠠᠷᠠᠲᠠᠯ᠎ᠠ ᠣᠣᠭᠣᠭᠠᠳ ᠴᠠᠭᠳᠠᠭᠠᠨ ᠲᠡᠷᠭᠡ ᠶᠢ ᠪᠠᠯᠪᠠᠷᠠᠲᠠᠯᠠ ᠨᠦᠳᠦᠯᠡ
︽ᠪᠠᠭᠠᠬᠠᠨ ᠣᠣᠭᠣᠪᠠᠯ ᠪᠠᠯ ᠰᠢᠭ᠋᠂ ᠪᠠᠯᠠᠷᠠᠲᠠᠯ᠎ᠠ ᠣᠣᠭᠣᠪᠠᠯ ᠮᠠᠯ ᠰᠢᠭ︾ ᠭᠡᠳᠡᠭ ᠠᠷᠢᠬᠢᠨ ᠤ ᠲᠣᠬᠠᠢ ᠶᠠᠷᠢᠭᠰᠠᠨ ᠰᠠᠢᠬᠠᠨ ᠦᠭᠡ ᠪᠠᠢᠳᠠᠭ ᠰᠠᠨ᠃ ᠪᠠᠯᠠᠷᠠᠲᠠᠯ᠎ᠠ ᠣᠣᠭᠣᠬᠣ ᠪᠠᠷ ᠪᠠᠷᠠᠬᠣ ᠦᠭᠡᠢ ᠪᠠᠰᠠ ᠵᠠᠯᠭᠠᠭᠠᠳ ᠲᠡᠷᠭᠡ ᠪᠠᠷᠢᠵᠣ ᠵᠠᠮ ᠳᠤ ᠭᠠᠷᠴᠢᠬᠠᠪᠠᠯ ᠪᠠᠷᠴᠢᠳ ᠤᠨ ᠦᠭᠡᠳᠠ ᠠᠴᠠ ᠵᠢᠳᠭᠦᠯᠡᠭᠰᠡ ᠪᠠᠯᠠᠭ ᠤᠨ ᠣᠴᠢᠷ ᠪᠣᠯᠴᠢᠬᠠᠬᠤ ᠪᠢᠰᠢᠥ︕
ᠬᠡᠷᠡᠭ ᠤᠨ ᠡᠷᠭᠢᠴᠡᠭᠦᠯᠡᠯ᠄
2022 ᠣᠨ ᠤ 1 ᠰᠠᠷ᠎ᠠ ᠶᠢᠨ ᠨᠢᠭᠡᠨ ᠡᠳᠦᠷ᠂ ᠯᠠᠨ ᠣᠪᠣᠭᠲᠣ ︵ ᠪᠤᠷᠤᠭᠤᠯᠠᠭᠰᠠᠨ ᠣᠪᠣᠭ︶ ᠪᠦᠰᠡᠭᠦᠢ ᠡᠷ᠎ᠡ ᠨᠦᠬᠦᠷ ᠲᠠᠢ ᠪᠠᠨ ᠦᠳᠡ ᠶᠢᠨ ᠪᠣᠳᠠᠭ᠎ᠠ ᠪᠠᠨ ᠢᠳᠡᠵᠣ ᠬᠠᠷ᠎ᠠ ᠠᠷᠢᠬᠢ ᠨᠢᠭᠡ ᠴᠣᠮᠣ ᠬᠠᠭᠠᠰ ᠢ ᠪᠠᠯᠭᠤᠵᠠᠢ᠃ ᠪᠣᠳᠠᠭ᠎ᠠ ᠪᠠᠨ ᠢᠳᠡᠵᠦ ᠠᠷᠢᠬᠢ ᠪᠠᠨ ᠪᠠᠯᠭᠤᠵᠣ ᠲᠠᠭᠤᠰᠣᠭᠠᠳ ᠲᠠᠬᠢᠨ ᠬᠤᠭᠤᠯᠠᠨ ᠭᠡᠷ ᠲᠤ ᠨᠠᠶᠢᠵᠠ ᠪᠠᠨ ᠡᠷᠢᠵᠣ ᠣᠴᠢᠭᠠᠳ ᠨᠢᠭᠡ ᠯᠣᠩᠬᠤ ᠬᠠᠷ᠎ᠠ ᠠᠷᠢᠬᠢ ᠶᠢ ᠬᠤᠶᠠᠭᠤᠯᠠ ᠪᠠᠨ ᠬᠠᠭᠠᠰᠯᠠᠵᠣ ᠣᠣᠭᠤᠵᠣ ᠲᠠᠭᠤᠰᠣᠭᠠᠳ ᠲᠡᠷᠭᠡᠨ ᠦᠨᠡᠮᠯᠡᠯ ᠦᠭᠡᠢ ᠯᠠᠨ ᠣᠪᠣᠭᠲᠣ ︵ ᠪᠤᠷᠤᠭᠤᠯᠠᠭᠰᠠᠨ ᠣᠪᠣᠭ︶ ᠪᠦᠰᠡᠭᠦᠢ ᠨᠠᠶᠢᠵᠠ ᠶᠢᠨ ᠢᠶᠠᠨ ᠲᠡᠷᠭᠡ ᠶᠢ ᠪᠠᠷᠢᠵᠣ ᠭᠡᠷ ᠲᠤ ᠪᠠᠨ ᠬᠠᠷᠢᠬᠤ ᠵᠠᠮ ᠳᠤ ᠪᠠᠨ ᠳᠦᠷᠪᠡᠨ ᠲᠡᠷᠭᠡ ᠶᠢ ᠲᠠᠷᠠᠭᠠᠯᠠᠨ ᠮᠦᠷᠭᠦᠵᠦ ᠬᠠᠮᠤᠭ ᠰᠡᠭᠦᠯ ᠳᠤ ᠴᠠᠭᠳᠠᠭᠠᠨ ᠲᠡᠷᠭᠡ ᠶᠢ ᠨᠦᠳᠦᠵᠦ ᠵᠦᠳᠡᠭᠦᠬᠡᠨ ᠵᠣᠭᠰᠣᠭᠰᠠᠨ ᠪᠠᠶᠢᠨ᠎ᠠ᠃ ᠲᠡᠭᠡᠭᠡᠳ ᠲᠠᠪᠣᠨ ᠲᠡᠷᠭᠡ ᠠᠳᠠᠯᠢ ᠪᠣᠰᠦ ᠬᠡᠮᠵᠢᠶᠡᠨ ᠤ ᠰᠦᠢᠲᠦᠯ ᠭᠠᠷᠴᠠᠢ᠃ ᠲᠦᠩᠯᠢᠶᠣᠣ ᠬᠤᠲᠠ ᠶᠢᠨ ᠪᠢᠩ ᠰᠢᠨ ᠬᠠᠣᠯᠢ ᠴᠠᠭᠠᠵᠠ ᠶᠢᠨ ᠰᠢᠯᠭᠠᠨ ᠲᠣᠭᠲᠠᠭᠠᠯᠲᠠ ᠶᠢᠨ ᠪᠠᠶᠢᠭᠤᠯᠣᠮᠵᠢ ᠯᠠᠨ ᠣᠪᠣᠭᠲᠣ ︵ ᠪᠤᠷᠤᠭᠤᠯᠠᠭᠰᠠᠨ ᠣᠪᠣᠭ︶ ᠶᠢᠨ ᠴᠢᠰᠣᠨ ᠳᠤ ᠰᠫᠢᠷᠲ ᠶᠢᠨ ᠠᠭᠤᠯᠣᠭᠳᠠᠴᠠ ᠨᠢ 210.34mg/100m ᠪᠠᠶᠢᠬᠤ ᠶᠢ ᠲᠣᠳᠣᠯᠠᠵᠣ ᠂ ᠰᠣᠭᠲᠣᠭᠤ ᠪᠠᠷ ᠲᠡᠷᠭᠡ ᠵᠢᠯᠣᠭᠤᠳᠣᠭᠰᠠᠨ ᠳ᠋ᠦᠩ ᠭᠠᠷᠴᠠᠢ᠃ ᠠᠷᠢᠬᠢ ᠨᠢ ᠰᠡᠷᠭᠦᠭᠰᠡᠨ ᠯᠠᠨ ᠣᠪᠣᠭᠲᠣ ︵ ᠪᠤᠷᠤᠭᠤᠯᠠᠭᠰᠠᠨ ᠣᠪᠣᠭ︶ ᠬᠠᠰᠠ ᠪᠠᠨ ᠠᠯᠠᠭᠠᠳᠠᠵᠣ ᠬᠠᠷᠠᠮᠰᠠᠭᠰᠠᠨ ᠴᠣ᠋ ᠨᠢᠭᠡᠨᠲᠠ ᠣᠷᠣᠶᠢᠲᠠᠵᠣ᠂ ᠬᠠᠣᠯᠢ ᠶᠢᠨ ᠬᠠᠷᠢᠭᠤᠴᠠᠯᠭ᠎ᠠ ᠡᠭᠦᠷᠭᠡᠯᠡᠵᠦ ᠵᠠᠯᠬᠠᠭᠠᠯ ᠬᠦᠷᠲᠡᠭᠰᠡᠨ ᠪᠠᠶᠢᠨ᠎ᠠ᠃
ᠣᠳᠣᠬᠠᠨ ᠳᠤ ᠠᠶᠣᠯᠲᠠᠢ ᠪᠠᠷ ᠲᠡᠷᠭᠡ ᠵᠢᠯᠣᠭᠤᠳᠬᠤ ᠶᠠᠯ᠎ᠠ ᠡᠳᠦᠷ ᠠᠴᠠ ᠡᠳᠦᠷ ᠳᠡᠭᠡᠭᠰᠢᠯᠡᠵᠦ ᠪᠠᠶᠢᠭ᠎ᠠ ᠪᠠᠶᠢᠳᠠᠯ ᠲᠠᠢ᠃ ᠮᠠᠨ ᠤ ᠵᠠᠷᠣᠳ ᠬᠤᠰᠢᠭᠤᠨ ᠤ ᠪᠠᠶᠢᠴᠠᠭᠠᠬᠤ ᠬᠤᠷᠢᠶ᠎ᠠ ᠪᠠᠷ ᠦᠵᠡᠬᠦ ᠳᠤ 2023ᠣᠨ ᠤ ᠵᠢᠯ ᠤᠨ ᠡᠬᠢᠨ ᠠᠴᠠ ᠣᠳᠣ ᠳᠤ ᠲᠣᠯᠲᠠᠯ᠎ᠠ 185 ᠠᠶᠣᠯᠲᠠᠢ ᠪᠠᠷ ᠲᠡᠷᠭᠡ ᠵᠢᠯᠣᠭᠤᠳᠣᠭᠰᠠᠨ ᠬᠡᠷᠡᠭ ᠢ ᠬᠦᠯᠢᠶᠡᠨ ᠠᠪᠴᠣ 2022 ᠣᠨ ᠤ ᠠᠳᠠᠯᠢ ᠬᠤᠭᠤᠴᠠᠭ᠎ᠠ ᠲᠠᠢ ᠠᠳᠠᠯᠢᠳᠬᠠᠪᠠᠯ 35% ᠪᠠᠷ ᠨᠡᠮᠡᠭᠳᠡᠭᠰᠡᠨ ᠪᠠᠶᠢᠨ᠎ᠠ᠃
ᠪᠠᠶᠢᠴᠠᠭᠠᠭᠴᠢ ᠶᠢᠨ ᠰᠠᠨᠠᠭᠤᠯᠣᠮᠵᠢ᠄
2011 ᠣᠨ ᠤ 5 ᠰᠠᠷ᠎ᠠ ᠶᠢᠨ 1 ᠤ ᠡᠳᠦᠷ ᠠᠴᠠ 《 ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠡᠷᠡᠭᠦᠦ ᠶᠢᠨ ᠬᠠᠣᠯᠢ ᠳᠤ ᠵᠠᠰᠠᠪᠦᠷᠢ ᠣᠷᠣᠭᠤᠯᠬᠤ ᠲᠦᠰᠦᠯ ︵ ︶》 ᠳᠤ ᠰᠣᠭᠲᠣᠭᠤ ᠪᠠᠷ ᠮᠠᠰᠢᠨ ᠲᠡᠷᠭᠡ ᠵᠢᠯᠣᠭᠤᠳᠬᠤ ᠦᠢᠯᠡ ᠠᠵᠢᠯᠯᠠᠭ᠎ᠠ ᠶᠢ ᠠᠶᠣᠯᠲᠠᠢ ᠪᠠᠷ ᠲᠡᠷᠭᠡ ᠵᠢᠯᠣᠭᠤᠳᠣᠭᠰᠠᠨ ᠶᠠᠯ᠎ᠠ ᠳᠤ ᠵᠢᠩᠭᠢᠨᠢ ᠪᠠᠷ ᠣᠷᠣᠭᠤᠯᠵᠣ ᠵᠢᠯᠣᠭᠤᠴᠢ ᠶᠢᠨ ᠡᠷᠡᠭᠦᠦ ᠶᠢᠨ ᠬᠠᠷᠢᠭᠤᠴᠠᠯᠭ᠎ᠠ ᠶᠢ ᠨᠡᠬᠡᠮᠵᠢᠯᠡᠬᠦ ᠪᠣᠯᠣᠭᠰᠠᠨ ᠪᠠᠶᠢᠨ᠎ᠠ᠃ ᠣᠳᠣᠬᠠᠨ ᠳᠤ ᠰᠣᠭᠲᠣᠭᠤ ᠪᠠᠷ ᠲᠡᠷᠭᠡ ᠵᠢᠯᠣᠭᠤᠳᠬᠤ ᠶᠢ ᠡᠷᠡᠭᠦᠦ ᠶᠢᠨ ᠬᠠᠣᠯᠢ ᠳᠤ ᠣᠷᠣᠭᠤᠯᠣᠭᠠᠳ ᠨᠢᠭᠡᠨᠲᠡ ᠠᠷᠪᠠᠨ ᠬᠤᠶᠠᠷ ᠵᠢᠯ ᠤᠨ ᠨᠢᠭᠤᠷ ᠢ ᠦᠵᠡᠵᠦ ᠨᠡᠶᠢᠭᠡᠮ ᠲᠠᠶᠠᠭᠠᠷ ᠪᠦᠷ ᠠᠷᠢᠬᠢ ᠣᠣᠭᠤᠵᠣ ᠰᠣᠭᠲᠣᠭᠤ ᠪᠠᠷ ᠲᠡᠷᠭᠡ ᠵᠢᠯᠣᠭᠤᠳᠬᠤ ᠶᠢ ᠡᠰᠡᠷᠭᠦᠴᠡᠵᠦ ᠬᠤᠷᠢᠭᠯᠠᠵᠤ ᠪᠠᠶᠢᠬᠤ ᠳᠤ ᠮᠦᠨ 《ᠪᠡᠶ᠎ᠡ ᠪᠠᠷ ᠢᠶᠠᠨ ᠬᠠᠥᠯᠢ ᠶᠢ ᠲᠣᠷᠰᠢᠵᠦ 》 ᠪᠠᠶᠢᠭ᠎ᠠ ᠪᠠᠭᠠᠲᠤᠷᠯᠢᠭ ᠬᠦᠮᠦᠰ ᠵᠦᠩᠳᠡᠭᠡᠨ ᠬᠠᠷᠠᠭᠳᠠᠳᠠᠭ ᠢ ᠶᠠᠭᠠᠬᠢᠯᠲᠠᠢ ᠪᠢᠯᠡ᠃ ᠠᠷᠢᠬᠢ ᠣᠣᠭᠤᠵᠣ ᠲᠡᠷᠭᠡ ᠵᠢᠯᠣᠭᠤᠳᠣᠭᠰᠠᠨ ᠵᠢᠯᠣᠭᠤᠴᠢ ᠬᠠᠣᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠬᠦ ᠪᠠᠷ ᠪᠠᠷᠠᠬᠤ ᠦᠭᠡᠢ ᠠᠵᠣ ᠠᠬᠤᠢ ᠶᠢᠨ ᠲᠠᠯ᠎ᠠ ᠪᠠᠷ᠂ ᠣᠶᠣᠨ ᠰᠡᠳᠭᠢᠯᠭᠡ ᠶᠢᠨ ᠲᠠᠯ᠎ᠠ ᠪᠠᠷ ᠴᠣᠬᠢᠯᠲᠠ ᠣᠯᠵᠣ᠂ ᠨᠡᠶᠢᠲᠡ ᠶᠢᠨ ᠠᠮᠣᠷ ᠲᠦᠪᠰᠢᠨ ᠢ ᠰᠦᠷᠳᠡᠭᠦᠯᠬᠦ ᠪᠠᠷ ᠪᠠᠷᠠᠬᠤ ᠦᠭᠡᠢ ᠨᠡᠩ ᠢᠯᠡᠭᠦᠦ ᠠᠶᠢᠯ ᠭᠡᠷ ᠢᠶᠠᠨ ᠴᠦ ᠬᠤᠣᠷᠳᠠᠭᠤᠯᠵᠣ ᠨᠦᠯᠦᠭᠡᠯᠡᠬᠦ ᠶᠣᠮ᠃ ᠭᠡᠲᠡᠯ᠎ᠡ ᠠᠶᠣᠯᠲᠠᠢ ᠪᠠᠷ ᠲᠡᠷᠭᠡ ᠵᠢᠯᠣᠭᠤᠳᠬᠤ ᠶᠠᠯ᠎ᠠ ᠮᠦᠨ ᠴᠦ ᠡᠷᠡᠭᠦᠦ ᠶᠢᠨ ᠬᠡᠷᠡᠭ ᠤᠨ 《ᠲᠦᠷᠦᠭᠦᠦ ᠨᠡᠷᠡᠰ 》 ᠲᠤ ᠶᠠᠪᠣᠭ᠎ᠠ ᠶᠣᠮ᠃ ᠰᠢᠯᠲᠠᠭᠠᠨ ᠢ ᠨᠢ ᠡᠷᠢᠪᠡᠯ ᠬᠡᠷᠡᠭ ᠡᠭᠦᠰᠭᠡᠭᠴᠢᠳ ᠤᠨ ᠬᠠᠣᠯᠢ ᠴᠠᠭᠠᠵᠠ ᠶᠢᠨ ᠦᠵᠡᠯᠲᠡ ᠲᠠᠨᠢᠯᠲᠠ ᠪᠠᠭᠤᠷᠠᠢ᠂ ᠦᠪᠡᠷ ᠤᠨ ᠢᠶᠠᠨ ᠦᠢᠯᠡ ᠠᠵᠢᠯᠯᠠᠭ᠎ᠠ ᠳᠤ ᠵᠣᠯᠲᠠᠢ ᠭᠤᠷᠢᠳᠠᠯ ᠡᠪᠦᠷᠯᠡᠵᠦ᠂ ᠮᠢᠨᠦ ᠪᠡᠶᠡᠨ ᠳᠤ ᠲᠣᠰᠴᠣ ᠢᠷᠡᠬᠦ ᠦᠭᠡᠢ ᠪᠠᠶᠢᠬ᠎ᠠ ᠭᠡᠵᠦ ᠪᠣᠳᠣᠳᠠᠭ ᠠᠴᠠ ᠪᠣᠯᠣᠭᠰᠠᠨ ᠶᠣᠮ᠃ ᠠᠷᠢᠬᠢ ᠣᠣᠭᠤᠭᠰᠠᠨ ᠠᠴᠠ ᠰᠡᠭᠦᠯᠡᠷ ᠲᠡᠷᠭᠡ ᠵᠢᠯᠣᠭᠤᠳᠪᠠᠯ ᠰᠫᠢᠷᠲ ᠤᠨ ᠰᠡᠲᠡᠯᠲᠡ᠂ ᠮᠢᠨᠴᠦᠭᠦᠷᠡᠯ ᠳᠣᠣᠷ᠎ᠠ ᠬᠦᠮᠦᠨ ᠤ ᠬᠦᠷᠦᠯᠴᠡᠬᠦ ᠰᠡᠷᠡᠯ ᠤᠨ ᠴᠢᠳᠠᠪᠦᠷᠢ᠂ ᠮᠠᠭᠠᠳᠯᠠᠬᠤ ᠴᠢᠳᠠᠪᠦᠷᠢ ᠪᠠ ᠠᠵᠢᠯᠯᠠᠬᠤ ᠴᠢᠳᠠᠪᠦᠷᠢ ᠢᠯᠡᠳᠲᠡ ᠳᠣᠷᠣᠭᠰᠢᠯᠠᠳᠠᠭ᠃ ᠮᠠᠲ᠋ᠧᠷᠢᠶᠠᠯ ᠳᠤ ᠲᠡᠮᠳᠡᠭᠯᠡᠭᠰᠡᠨ ᠢᠶᠠᠷ ᠠᠷᠢᠬᠢ ᠣᠣᠭᠤᠭᠰᠠᠨ ᠤ ᠳᠠᠷᠠᠭ᠎ᠠ ᠮᠠᠰᠢᠨ ᠲᠡᠷᠭᠡ ᠵᠢᠯᠣᠭᠤᠳᠪᠠᠯ ᠵᠠᠮ ᠬᠠᠷᠢᠯᠴᠠᠭᠠᠨ ᠤ ᠠᠳᠡᠯ ᠡᠭᠦᠰᠬᠦ ᠨᠣᠷᠮ᠎ᠠ ᠶᠡᠷᠦ ᠶᠢᠨ ᠦᠶ᠎ᠡ ᠠᠴᠠ ᠠᠷᠪᠠᠨ ᠵᠢᠷᠭᠤᠭᠠᠨ ᠲᠠᠬᠢᠨ ᠢᠶᠠᠷ ᠨᠡᠮᠡᠭᠳᠡᠳᠡᠭ᠃ ᠦᠷᠭᠡᠨ ᠣᠯᠠᠨ ᠵᠢᠯᠣᠭᠤᠴᠢ ᠨᠠᠷ ᠬᠤᠨᠳᠠᠭ᠎ᠠ ᠲᠠᠢ ᠠᠷᠢᠬᠢ ᠪᠠᠨ ᠪᠠᠯᠭᠤᠪᠠᠯ ᠲᠡᠷᠭᠡ ᠵᠢᠯᠣᠭᠤᠳᠬᠤ ᠶᠢ ᠲᠠᠰᠤ ᠴᠡᠭᠡᠷᠯᠡᠬᠦ ᠬᠡᠷᠡᠭᠲᠡᠢ᠃ ᠠᠷᠢᠬᠢ ᠣᠣᠭᠤᠪᠠᠯ ᠲᠡᠷᠭᠡ ᠵᠢᠯᠣᠭᠤᠳᠬᠤ ᠦᠭᠡᠢ᠂ ᠲᠡᠷᠭᠡ ᠵᠢᠯᠣᠭᠤᠳᠪᠠᠯ ᠠᠷᠢᠬᠢ ᠣᠣᠭᠤᠬᠤ ᠦᠭᠡᠢ ᠪᠠᠶᠢᠵᠣ᠂ ᠦᠪᠡᠷ ᠤᠨ ᠪᠡᠶ᠎ᠡ᠂ ᠦᠷᠦᠭᠡᠯ ᠪᠣᠰᠣᠳ᠂ ᠠᠶᠢᠯ ᠭᠡᠷ᠂ ᠨᠡᠶᠢᠭᠡᠮ ᠳᠠᠶᠠᠭᠠᠷ ᠲᠤ ᠬᠠᠷᠢᠭᠤᠴᠠᠭᠠᠷᠠᠢ︕
ᠬᠠᠣᠯᠢ ᠳᠦᠷᠢᠮ ᠤᠨ ᠴᠦᠷᠬᠡᠯᠭᠡ᠄
1.《 ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠡᠷᠡᠭᠦᠦ ᠶᠢᠨ ᠬᠠᠣᠯᠢ 》 ᠶᠢᠨ ᠵᠠᠭᠤ ᠭᠤᠴᠢᠨ ᠭᠤᠷᠪᠠᠳᠣᠭᠠᠷ ᠵᠣᠷᠪᠣᠰ 《 ᠠᠶᠣᠯᠲᠠᠢ ᠪᠠᠷ ᠲᠡᠷᠭᠡ ᠵᠢᠯᠤᠭᠤᠳᠤᠭᠰᠠᠨ ᠶᠠᠯ᠎ᠠ 》᠄ ᠵᠠᠮ ᠳᠡᠭᠡᠷ᠎ᠡ ᠮᠠᠰᠢᠨ ᠲᠡᠷᠭᠡ ᠵᠢᠯᠣᠭᠤᠳᠣᠭᠰᠠᠨ ᠳᠣᠣᠷᠠᠬᠢ ᠦᠢᠯᠡ ᠪᠠᠶᠢᠳᠠᠯ ᠤᠨ ᠨᠢᠭᠡ ᠨᠢ ᠪᠠᠶᠢᠪᠠᠯ᠂ ᠬᠣᠷᠢᠵᠣ ᠬᠦᠳᠡᠯᠮᠦᠷᠢᠯᠡᠭᠦᠯᠬᠦ ᠪᠠ ᠵᠣᠭᠤᠰ ᠢᠶᠠᠷ ᠲᠣᠷᠭᠠᠬᠤ ᠪᠠᠷ ᠰᠢᠢᠳᠭᠡᠨ᠎ᠡ ᠃
︵ᠨᠢᠭᠡ︶ ᠨᠡᠬᠡᠨ ᠬᠦᠭᠡᠭᠡᠴᠡᠯᠳᠦᠵᠦ ᠵᠢᠯᠤᠭᠤᠳᠤᠭᠰᠠᠨ ᠦᠢᠯᠡ ᠪᠠᠶᠢᠳᠠᠯ ᠨᠢ ᠬᠦᠨᠳᠦ ᠨᠣᠴᠢᠲᠠᠢ ᠪᠠᠶᠢᠬᠤ
︵ᠬᠤᠶᠠᠷ︶ ᠰᠣᠭᠲᠣᠭᠤ ᠪᠠᠷ ᠮᠠᠰᠢᠨ ᠲᠡᠷᠭᠡ ᠵᠢᠯᠣᠭᠤᠳᠣᠭᠰᠠᠨ
︵ᠭᠤᠷᠪᠠ︶ ᠰᠣᠷᠭᠠᠭᠤᠯᠢ ᠶᠢᠨ ᠰᠣᠷᠣᠭᠴᠢ ᠵᠦᠭᠡᠭᠡᠪᠦᠷᠢᠯᠡᠬᠦ ᠠᠵᠢᠯ ᠡᠰᠡᠪᠡᠯ ᠵᠢᠭᠤᠴᠢᠯᠠᠯ ᠤᠨ ᠵᠣᠴᠢᠳ ᠢ ᠵᠦᠭᠡᠭᠡᠪᠦᠷᠢᠯᠡᠬᠦ ᠠᠵᠢᠯ ᠬᠢᠵᠦ ᠪᠠᠶᠢᠭ᠎ᠠ ᠬᠦᠮᠦᠰ᠂ ᠵᠦᠭᠡᠭᠡᠪᠦᠷᠢᠯᠡᠵᠦ ᠪᠣᠯᠬᠤ ᠲᠤᠭ᠎ᠠ ᠠᠴᠠ ᠬᠡᠳᠦ ᠬᠡᠲᠦᠷᠡᠲᠡᠯ᠎ᠡ ᠬᠦᠮᠦᠨ ᠲᠡᠭᠡᠭᠡᠵᠦ᠂ ᠡᠰᠡᠪᠡᠯ ᠲᠣᠭᠲᠠᠭᠰᠠᠨ ᠬᠤᠷᠳᠣᠴᠠ ᠠᠴᠠ ᠬᠡᠳᠦ ᠬᠡᠲᠦᠷᠡᠭᠰᠡᠨ ᠬᠤᠷᠳᠣᠴᠠ ᠪᠠᠷ ᠮᠠᠰᠢᠨ ᠵᠢᠯᠣᠭᠤᠳᠣᠭᠰᠠᠨ︔
︵ᠳᠥᠷᠪᠡ︶ ᠠᠶᠣᠯᠲᠠᠢ ᠬᠢᠮᠢ ᠶᠢᠨ ᠪᠣᠳᠠᠰ ᠢ ᠲᠡᠭᠡᠭᠡᠪᠦᠷᠢᠯᠡᠵᠦ᠂ ᠠᠶᠣᠯᠲᠣ ᠬᠢᠮᠢ ᠶᠢᠨ ᠪᠣᠳᠠᠰ ᠤᠨ ᠠᠮᠣᠷ ᠲᠦᠪᠰᠢᠨ ᠤ ᠬᠠᠮᠢᠶᠠᠷᠦᠯᠲᠠ ᠶᠢᠨ ᠲᠣᠭᠲᠠᠭᠠᠯ ᠢ ᠵᠦᠷᠢᠴᠡᠵᠦ᠂ ᠨᠡᠶᠢᠭᠡᠮ ᠨᠡᠶᠢᠲᠡ ᠶᠢᠨ ᠠᠮᠣᠷ ᠲᠦᠪᠰᠢᠨ ᠳᠤ ᠬᠤᠬᠢᠷᠠᠯ ᠣᠴᠠᠷᠠᠭᠤᠯᠣᠭᠰᠠᠨ︔
2. 2013 ᠣᠨ ᠤ 12 ᠰᠠᠷ᠎ᠠ ᠶᠢᠨ 18 ᠤ ᠡᠳᠦᠷ ᠠᠷᠠᠳ ᠤᠨ ᠳᠡᠭᠡᠳᠦ ᠰᠢᠭᠦᠬᠦ ᠬᠤᠷᠢᠶ᠎ᠠ᠂ ᠳᠡᠭᠡᠳᠦ ᠪᠠᠶᠢᠴᠠᠭᠠᠬᠤ ᠬᠤᠷᠢᠶ᠎ᠠ᠂ ᠳᠣᠲᠣᠭᠠᠳᠣ ᠶᠢ ᠬᠠᠮᠠᠭᠠᠯᠠᠬᠤ ᠶᠠᠮᠣᠨ ᠠᠴᠠ ᠲᠣᠭᠲᠠᠭᠠᠭᠰᠠᠨ 《 ᠰᠣᠭᠲᠣᠭᠤ ᠪᠠᠷ ᠮᠠᠰᠢᠨ ᠲᠡᠷᠭᠡ ᠵᠢᠯᠣᠭᠤᠳᠬᠤ ᠡᠷᠡᠭᠦᠦ ᠶᠢᠨ ᠬᠡᠷᠡᠭ ᠢ ᠰᠢᠢᠳᠭᠡᠬᠦ ᠳᠤ ᠬᠡᠷᠡᠭᠯᠡᠬᠦ ᠬᠠᠣᠯᠢ ᠴᠠᠭᠠᠵᠠ ᠶᠢᠨ ᠠᠰᠠᠭᠤᠳᠠᠯ ᠤᠳ ᠤᠨ ᠲᠤᠬᠠᠢ ᠰᠠᠨᠠᠯ 》 ᠨᠢᠭᠡᠳᠦᠭᠡᠷ ᠵᠣᠷᠪᠣᠰ᠄ ᠵᠠᠮ ᠳᠡᠭᠡᠷ᠎ᠡ ᠮᠠᠰᠢᠨ ᠲᠡᠷᠭᠡ ᠵᠢᠯᠣᠭᠤᠳᠣᠭᠴᠢ ᠵᠢᠨ ᠴᠢᠰᠦᠨ ᠦ ᠰᠫᠢᠷᠲ ᠶᠢᠨ ᠠᠭᠤᠯᠣᠭᠳᠠᠴᠠ 80 mg/100ml ᠡᠴᠡ ᠳᠡᠭᠡᠭᠰᠢ ᠪᠠᠶᠢᠪᠠᠯ ᠰᠣᠭᠲᠣᠭᠤ ᠪᠠᠷ ᠮᠠᠰᠢᠨ ᠲᠡᠷᠭᠡ ᠵᠢᠯᠣᠭᠤᠳᠣᠭᠰᠠᠨ ᠳᠤ ᠲᠣᠭᠠᠴᠠᠭᠳᠠᠵᠤ᠂ ᠡᠷᠡᠭᠦᠦ ᠶᠢᠨ ᠬᠠᠥᠯᠢ ᠵᠢᠨ ᠵᠠᠭᠤ ᠭᠤᠴᠢᠨ ᠭᠤᠷᠪᠠᠳᠣᠭᠠᠷ ᠵᠦᠢᠯ ᠤᠨ ᠲᠣᠭᠲᠠᠭᠠᠯ ᠶᠣᠰᠣᠭᠠᠷ ᠠᠶᠣᠯᠲᠠᠢ ᠪᠠᠷ ᠮᠠᠰᠢᠨ ᠲᠡᠷᠭᠡ ᠵᠢᠯᠣᠭᠤᠳᠦᠭ᠌ᠰᠠᠨ ᠶᠠᠯ᠎ᠠ ᠪᠠᠷ ᠶᠠᠯ᠎ᠠ ᠲᠣᠭᠲᠠᠭᠠᠵᠣ ᠰᠢᠢᠳᠭᠡᠨ᠎ᠡ ᠃