ᠯᠢᠶᠣᠣ ᠤᠯᠤᠰ ᠤᠨ ᠽᠦ ᠵᠧᠦ ᠶ᠋ᠢᠨ ᠨᠢᠭᠤᠴᠠᠭᠠᠢ 《ᠴᠢᠯᠠᠭᠤᠨ ᠭᠡᠷ 》 ᠢ ᠪᠠᠢᠴᠠᠭᠠᠵᠤ ᠰᠠᠬᠢᠨ ᠬᠠᠮᠠᠭᠠᠯᠠᠪᠠ
ᠲᠩᠷᠢ ᠴᠡᠯᠮᠡᠭᠰᠢᠵᠦ ᠂ ᠠᠪᠤᠷᠭᠤ ᠲᠣᠮᠣ ᠪᠣᠷᠵᠢᠨ ᠴᠢᠯᠠᠭᠤᠯᠢᠭ︽ᠴᠢᠯᠠᠭᠤᠨ ᠪᠠᠢᠰᠢᠩ 》ᠥᠨᠳᠥᠷ ᠲᠠᠪᠴᠠᠩ ᠳᠡᠭᠡᠷ᠎ᠡ ᠰᠡᠬᠦᠢᠨ ᠰᠦᠨᠳᠡᠷᠯᠡᠵᠦ ᠂ ᠶᠠᠭ ᠯᠠ ᠮᠢᠩᠭᠠᠨ ᠵᠢᠯ ᠤᠯᠠᠮᠵᠢᠯᠠᠭᠳᠠᠭᠰᠠᠨ ᠦᠯᠢᠭᠡᠷ ᠢ ᠬᠦᠦᠷᠨᠢᠵᠦ ᠪᠠᠢᠭ᠎ᠠ ᠰᠢᠭ᠋ ᠪᠠᠢᠯ᠎ᠠ ᠃ ᠬᠡᠳᠦᠬᠡᠨ ᠬᠤᠨᠤᠭ ᠤᠨ ᠡᠮᠦᠨ᠎ᠡ ᠂ ᠪᠠᠭᠠᠷᠢᠨ ᠵᠡᠭᠦᠨ ᠬᠤᠰᠢᠭᠤᠨ ᠤ ᠪᠠᠢᠴᠠᠭᠠᠬᠤ ᠬᠤᠷᠢᠶᠠᠨ ᠤ ᠳᠠᠷᠤᠭ᠎ᠠ ᠯᠢᠶᠣᠣ ᠤᠯᠤᠰ ᠤᠨ ᠦᠶ᠎ᠡ ᠶ᠋ᠢᠨ ᠽᠦ ᠵᠧᠦ ᠬᠤᠲᠠ ᠶᠢᠨ ᠲᠡᠦᠬᠡ ᠰᠣᠶᠣᠯ ᠤᠨ ᠳᠤᠷᠠᠰᠬᠠᠯᠲᠤ ᠵᠦᠢᠯᠡᠰ ᠢ ᠬᠠᠮᠠᠭᠠᠯᠠᠬᠤ ︽ᠡᠷᠭᠢᠨ ᠬᠠᠷᠠᠵᠤ ᠦᠵᠡᠬᠦ ︾ ᠠᠵᠢᠯ ᠢ ᠦᠷᠨᠢᠭᠦᠯᠬᠦ ᠦᠶ᠎ᠡ ᠳ᠋ᠦ᠍ ᠡᠢᠮᠦ ᠨᠢᠭᠡᠨ ᠨᠠᠮᠤᠷ ᠰᠠᠢᠬᠠᠨ ᠦᠵᠡᠮᠵᠢ ᠪᠠᠢᠳᠠᠯ ᠢ ᠣᠯᠵᠤ ᠬᠠᠷᠠᠭᠰᠠᠨ ᠪᠠᠢᠨ᠎ᠠ ᠃
ᠴᠢᠯᠠᠭᠤᠨ ᠭᠡᠷ ᠢ ᠪᠠᠰᠠ ᠯᠢᠶᠣᠤ ᠤᠯᠤᠰ ᠤᠨ ᠦᠶ᠎ᠡ ᠶ᠋ᠢᠨ ᠴᠢᠯᠠᠭᠤᠨ ᠭᠡᠷ ᠭᠡᠳᠡᠭ ᠂ ᠪᠠᠭᠠᠷᠢᠨ ᠵᠡᠭᠦᠨ ᠬᠤᠰᠢᠭᠤᠨ ᠤ ᠯᠢᠨᠳᠦ᠋ᠩ ᠪᠠᠯᠭᠠᠰᠤᠨ ᠠᠴᠠ ᠪᠠᠷᠠᠭᠤᠨᠰᠢ 30 ᠺᠢᠯᠣᠮᠧᠲ᠋ᠷ ᠭᠠᠵᠠᠷ ᠲᠤ᠌ ᠪᠠᠢᠷᠢᠯᠠᠵᠤ ᠂ ᠳᠣᠯᠣᠭᠠᠨ ᠬᠡᠰᠡᠭ ᠪᠣᠷᠵᠢᠨ ᠴᠢᠯᠠᠭᠤ ᠶ᠋ᠢ ᠨᠡᠢᠯᠡᠭᠦᠯᠵᠦ ᠪᠦᠲᠦᠭᠡᠭᠰᠡᠨ ᠨᠢ ᠣᠳᠣᠬᠠᠨ ᠤ ᠳᠡᠯᠡᠬᠡᠢ ᠳᠡᠭᠡᠷ᠎ᠡ ᠨᠢᠭᠡᠨᠲᠡ ᠮᠡᠳᠡᠭᠰᠡᠨ ᠬᠠᠮᠤᠭ ᠤᠨ ᠲᠣᠮᠣ ᠴᠢᠯᠠᠭᠤᠨ ᠰᠠᠷᠠᠪᠴᠢ ᠶ᠋ᠢᠨ ᠭᠡᠷ ᠤᠨ ᠪᠠᠷᠢᠯᠭ᠎ᠠ ᠶ᠋ᠢᠨ ᠪᠣᠳᠠᠭᠠᠯᠢ ᠪᠣᠳᠠᠰ ᠪᠣᠯᠤᠨ᠎ᠠ ᠂ ᠡᠭᠦᠨ ᠳ᠋ᠦ᠍ ᠲᠠᠯ᠎ᠠ ᠨᠤᠲᠤᠭ ᠤᠨ ︽ᠥᠨᠢ ᠤᠳᠠᠭᠠᠨ ᠲᠡᠥᠬᠡ ᠲᠠᠢ ᠣᠨᠢᠰᠣᠭ᠎ᠠ ︾ ᠭᠡᠬᠦ ᠨᠡᠷᠡᠢᠳᠦᠯ ᠲᠡᠢ ᠪᠠᠢᠵᠤ ᠂ 1988 ᠣᠨ ᠳ᠋ᠤ᠌ ᠪᠦᠬᠦ ᠤᠯᠤᠰ ᠤᠨ ᠭᠣᠣᠯᠳᠠᠯᠭ᠎ᠠ ᠲᠠᠢ ᠲᠡᠦᠬᠡ ᠶ᠋ᠢᠨ ᠳᠤᠷᠠᠰᠬᠠᠯᠲᠤ ᠵᠦᠢᠯ ᠤᠨ ᠬᠠᠮᠠᠭᠠᠯᠠᠯᠲᠠᠶ᠋ᠢᠨ ᠨᠢᠭᠡᠴᠡᠪᠡᠷ ᠦᠨᠡᠯᠡᠭᠳᠡᠪᠡ ᠃ ᠲᠦᠷᠦᠭᠦᠬᠡᠨ ᠪᠠᠭᠠᠷᠢᠨ ᠵᠡᠭᠦᠨ ᠬᠤᠰᠢᠭᠤᠨ ᠤ ᠪᠠᠢᠴᠠᠭᠠᠬᠤ ᠬᠣᠷᠢᠶ᠎ᠠ ᠰᠤᠷᠪᠤᠯᠵᠢᠯᠠᠭ᠎ᠠ ᠬᠢᠬᠦ ᠶᠠᠪᠤᠴᠠᠳ᠋ᠤ᠌ ᠪᠠᠨ ᠭᠡᠷ ᠳᠡᠭᠡᠷ᠎ᠡ ᠨᠢ ᠳᠤᠷ᠎ᠠ ᠪᠠᠷ ᠮᠠᠴᠤᠵᠤ ᠪᠠᠢᠬᠤ ᠶ᠋ᠢ ᠣᠯᠵᠤ ᠮᠡᠳᠡᠵᠡᠢ ᠃ ᠲᠤᠬᠠᠢ ᠶ᠋ᠢᠨ ᠦᠶ᠎ᠡ ᠳ᠋ᠦ᠍ ᠶᠠᠭ ᠰᠠᠢᠬᠠᠨ ᠨᠠᠮᠤᠷ ᠤᠨ ᠤᠯᠠᠷᠢᠯ ᠤᠨ ᠵᠤᠭᠠᠴᠠᠯ ᠤᠨ ᠬᠦᠭᠵᠢᠶᠡᠨᠲᠦ ᠤᠯᠠᠷᠢᠯ ᠪᠣᠯᠵᠤ ᠪᠠᠢᠭᠰᠠᠨ ᠪᠥᠭᠡᠳ ᠴᠢᠯᠠᠭᠤᠨ ᠪᠠᠢᠰᠢᠩ ᠵᠢᠴᠢ ᠣᠢᠷ᠎ᠠ ᠬᠠᠪᠢ ᠶ᠋ᠢᠨ ᠦᠵᠡᠮᠵᠢ ᠶ᠋ᠢᠨ ᠣᠷᠣᠨ ᠪᠣᠯ ᠵᠠᠰᠠᠭ ᠤᠨ ᠣᠷᠳᠣᠨ ᠠᠴᠠ ᠭᠣᠣᠯᠳᠠᠯᠭ᠎ᠠ ᠲᠠᠢ ᠲᠠᠨᠢᠯᠴᠠᠭᠤᠯᠤᠭᠰᠠᠨ ᠵᠤᠭᠠᠴᠠᠯ ᠤᠨ ᠭᠠᠵᠠᠷ ᠪᠣᠯᠤᠨ᠎ᠠ ᠂ ᠲᠡᠦᠬᠡ ᠶ᠋ᠢᠨ ᠳᠤᠷᠠᠰᠬᠠᠯᠲᠤ ᠵᠦᠢᠯ ᠢ ᠪᠦᠲᠦᠮᠵᠢᠲᠡᠢ ᠬᠠᠮᠠᠭᠠᠯᠠᠬᠤ ᠶ᠋ᠢᠨ ᠲᠥᠯᠥᠭᠡ ᠂ ᠪᠠᠭᠠᠷᠢᠨ ᠵᠡᠭᠦᠨ ᠬᠤᠰᠢᠭᠤᠨ ᠤ ᠪᠠᠢᠴᠠᠭᠠᠬᠤ ᠬᠣᠷᠢᠶ᠎ᠠ ᠴᠠᠭ ᠲᠤᠬᠠᠢ ᠳ᠋ᠤᠨᠢ ᠲᠡᠦᠬᠡ ᠶ᠋ᠢᠨ ᠳᠤᠷᠠᠰᠬᠠᠯᠲᠤ ᠵᠦᠢᠯ ᠦᠨ ᠬᠠᠷᠢᠶ᠎ᠠ ᠰᠢᠶᠠᠩ ᠪᠠᠯᠭᠠᠰᠤᠨ ᠦ ᠴᠠᠭᠠᠨᠬᠠᠳᠠ ᠰᠤᠮᠤ ᠶ᠋ᠢᠨ ᠵᠠᠰᠠᠭ ᠤᠨ ᠣᠷᠳᠣᠨ ᠲᠠᠢ ᠰᠠᠨᠠᠯ ᠢᠶᠠᠨ ᠰᠣᠯᠢᠯᠴᠠᠵᠤ ᠂ 10 ᠰᠠᠷ᠎ᠠ ᠶ᠋ᠢᠨ 12 ᠤ ᠡᠳᠦᠷ ᠂ ᠪᠠᠭᠠᠷᠢᠨ ᠵᠡᠭᠦᠨ ᠬᠤᠰᠢᠭᠤᠨ ᠤ ᠪᠠᠢᠴᠠᠭᠠᠬᠤ ᠬᠣᠷᠢᠶ᠎ᠠ ᠲᠤᠰ ᠠᠰᠠᠭᠤᠳᠠᠯ ᠤᠨ ᠲᠤᠬᠠᠢ ᠬᠡᠷᠡᠭ ᠪᠣᠯᠭᠠᠨ ᠳᠠᠩᠰᠠᠯᠠᠭᠰᠠᠨ ᠤ ᠰᠤᠮᠤᠨ ᠤ ᠵᠠᠰᠠᠭ ᠤᠨ ᠣᠷᠳᠣᠨ ᠲᠠᠢ ᠵᠥᠪᠳᠡᠯᠴᠡᠭᠰᠡᠨ ᠪᠠᠢᠨ᠎ᠠ ᠃
ᠶᠠᠷᠢᠯᠴᠠᠬᠤ ᠬᠤᠷᠠᠯ ᠤᠨ ᠳᠠᠷᠠᠭ᠎ᠠ ᠂ ᠴᠠᠭᠠᠨᠬᠠᠳᠠ ᠰᠤᠮᠤ ᠶ᠋ᠢᠨ ᠵᠠᠰᠠᠭ ᠤᠨ ᠭᠠᠵᠠᠷ ᠲᠡᠷᠡ ᠳᠠᠷᠤᠢ ᠵᠠᠰᠠᠨ ᠰᠠᠢᠵᠢᠷᠠᠭᠤᠯᠬᠤ ᠲᠥᠰᠦᠯ ᠂ ᠪᠦᠬᠦᠨ ᠢ ᠨᠢ ᠃ 5 ᠡᠳᠦᠷ ᠤᠨ ᠳᠠᠷᠠᠭ᠎ᠠ ᠂ ᠴᠢᠯᠠᠭᠤᠨ ᠭᠡᠷ ᠤᠨ ᠣᠷᠴᠢᠨ ᠲᠣᠭᠣᠷᠢᠨ ᠳ᠋ᠤ᠌ ᠬᠢᠨᠠᠨ ᠡᠵᠡᠮᠳᠡᠬᠦ ᠲᠥᠬᠥᠭᠡᠷᠦᠮᠵᠢ ᠤᠭᠰᠠᠷᠠᠵᠤ ᠂ ᠲᠣᠭᠣᠷᠢᠨ ᠪᠠᠢᠴᠠᠭᠠᠬᠤ ᠠᠵᠢᠯᠲᠠᠳ ᠡᠳᠦᠷ ᠳᠣᠳᠣᠮ ᠤᠨ ᠲᠣᠭᠣᠷᠢᠨ ᠪᠠᠢᠴᠠᠭᠠᠬᠤ ᠳᠠᠪᠲᠠᠮᠵᠢ ᠤᠳᠠᠭ᠎ᠠ ᠶ᠋ᠢ ᠨᠡᠮᠡᠭᠳᠡᠭᠦᠯᠦᠨ ᠂ ᠲᠡᠦᠬᠡ ᠶ᠋ᠢᠨ ᠳᠤᠷᠠᠰᠬᠠᠯᠲᠤ ᠵᠦᠢᠯ ᠢ ᠬᠠᠢᠷᠠᠯᠠᠵᠤ ᠬᠠᠮᠠᠭᠠᠯᠠᠬᠤ ᠰᠡᠷᠡᠮᠵᠢ ᠶ᠋ᠢᠨ ᠤᠷᠢᠶ᠎ᠠ ᠵᠠᠷᠯᠠᠯ ᠢ ᠴᠦ᠍ ᠪᠣᠳᠠᠲᠠᠢ ᠭᠠᠵᠠᠷ ᠲᠤ᠌ ᠨᠢ ᠪᠠᠢᠷᠢᠯᠠᠭᠤᠯᠤᠭᠰᠠᠨ ᠪᠠᠢᠨ᠎ᠠ ᠃
ᠳᠠᠷᠠᠭ᠎ᠠ ᠨᠢ ᠪᠠᠭᠠᠷᠢᠨ ᠵᠡᠭᠦᠨ ᠬᠤᠰᠢᠭᠤᠨ ᠤ ᠪᠠᠢᠴᠠᠭᠠᠬᠤ ᠬᠣᠷᠢᠶ᠎ᠠ ᠲᠤᠰ ᠬᠡᠷᠡᠭ ᠢ ᠰᠢᠢᠳᠪᠦᠷᠢᠯᠡᠬᠦ ᠪᠡᠷ ᠲᠣᠬᠢᠶᠠᠯ ᠪᠣᠯᠭᠠᠵᠤ ᠂ ᠲᠤᠰ ᠬᠤᠰᠢᠭᠤᠨ ᠤ ᠲᠡᠦᠬᠡ ᠶ᠋ᠢᠨ ᠳᠤᠷᠠᠰᠬᠠᠯᠲᠤ ᠵᠦᠢᠯᠡᠰ ᠤᠨ ᠲᠣᠮᠣ ᠰᠢᠶᠠᠨ ᠂ ᠰᠣᠶᠣᠯ ᠤᠨ ᠭᠦᠨ ᠵᠤᠵᠠᠭᠠᠨ ᠣᠷᠣᠨ ᠪᠠᠢᠷᠢ ᠶ᠋ᠢᠨ ᠲᠣᠭᠲᠠᠭᠠᠯᠲᠠ ᠳᠡᠭᠡᠷ᠎ᠡ ᠰᠠᠭᠤᠷᠢᠯᠠᠵᠤ ᠂ ᠲᠡᠦᠬᠡ ᠶ᠋ᠢᠨ ᠳᠤᠷᠠᠰᠬᠠᠯᠲᠤ ᠵᠦᠢᠯᠡᠰ ᠪᠠ ᠰᠣᠶᠣᠯ ᠤᠨ ᠥᠪ ᠤᠨ ᠬᠦᠷᠢᠶᠡᠨ ᠤ ᠬᠠᠮᠠᠭᠠᠯᠠᠯᠲᠠᠶ᠋ᠢᠨ ᠲᠤᠰᠬᠠᠢ ᠲᠥᠷᠥᠯ ᠤᠨ ᠠᠵᠢᠯᠯᠠᠭᠠᠶ᠋ᠢ ᠵᠣᠬᠢᠶᠠᠨ ᠪᠠᠢᠭᠤᠯᠤᠨ ᠥᠷᠨᠢᠭᠦᠯᠵᠦ ᠂ ᠬᠠᠷᠢᠶᠠᠲᠤ ᠣᠷᠣᠨ ᠤ ᠪᠦᠬᠦ ᠤᠯᠤᠰ ᠤᠨ ᠭᠣᠣᠯᠳᠠᠯᠭᠠᠲᠠᠢ 6 ᠲᠡᠦᠬᠡ ᠶ᠋ᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠᠶ᠋ᠢᠨ ᠨᠢᠭᠡᠴᠡ ᠂ ᠥᠪᠡᠷᠲᠡᠭᠡᠨ ᠵᠠᠰᠠᠬᠤ ᠣᠷᠣᠨ ᠤ ᠳᠡᠰ ᠤᠨ 14 ᠲᠡᠦᠬᠡ ᠶ᠋ᠢᠨ ᠳᠤᠷᠠᠰᠬᠠᠯᠲᠤ ᠵᠦᠢᠯᠡᠰ ᠶᠢᠨ ᠬᠠᠮᠠᠭᠠᠯᠠᠯᠲᠠᠶ᠋ᠢᠨ ᠨᠢᠭᠡᠴᠡᠳ᠋ᠦ᠍ ᠬᠦᠷᠴᠦ ᠰᠤᠷᠪᠤᠯᠵᠢᠯᠠᠨ ᠵᠢᠭᠰᠠᠭᠠᠨ ᠪᠠᠢᠴᠠᠭᠠᠯᠲᠠ ᠬᠢᠵᠦ ᠂ ᠢᠯᠡᠷᠡᠭᠦᠯᠦᠭᠰᠡᠨ ᠲᠡᠦᠬᠡ ᠶ᠋ᠢᠨ ᠳᠤᠷᠠᠰᠬᠠᠯᠲᠤ ᠵᠦᠢᠯᠡᠰ ᠤᠨ ᠰᠡᠢᠯᠬᠦ ᠂ ᠵᠡᠷᠭᠡ ᠠᠰᠠᠭᠤᠳᠠᠯ ᠤᠨ ᠲᠤᠬᠠᠢ ᠪᠠᠢᠴᠠᠭᠠᠬᠤ ᠰᠠᠨᠠᠭᠤᠯᠭ᠎ᠠ 2 ᠬᠤᠪᠢ ᠳᠤᠷᠠᠳᠴᠤ ᠂ ᠣᠳᠣᠬᠠᠨ ᠳ᠋ᠤ᠌ ᠵᠠᠰᠠᠭ ᠵᠠᠬᠢᠷᠭᠠᠨ ᠤ ᠪᠠᠢᠭᠤᠯᠤᠯᠭ᠎ᠠ ᠶᠠᠭ ᠴᠡᠭᠴᠡᠯᠡᠨ ᠥᠭᠡᠷᠡᠴᠢᠯᠡᠬᠦ ᠶᠠᠪᠤᠴᠠᠳ᠋ᠠᠭᠠᠨ ᠪᠠᠢᠨ᠎ᠠ ᠃ ᠡᠭᠦᠨ ᠤ ᠬᠠᠮᠲᠤ ᠂ ᠲᠤᠰ ᠬᠣᠷᠢᠶ᠎ᠠ ᠲᠡᠦᠬᠡ ᠶ᠋ᠢᠨ ᠳᠤᠷᠠᠰᠬᠠᠯᠲᠤ ᠵᠦᠢᠯ ᠢ ᠬᠠᠮᠠᠭᠠᠯᠠᠬᠤ ᠪᠠᠷ ᠦᠨᠳᠦᠰᠦᠨ ᠱᠠᠲᠤᠨ ᠤ ᠬᠣᠷᠢᠶᠠᠨ ᠤ ᠪᠦᠲᠦᠭᠡᠨ ᠪᠠᠢᠭᠤᠯᠤᠯᠲᠠᠶ᠋ᠢᠨ ᠲᠥᠷᠥᠯ ᠲᠡᠮᠳᠡᠭ ᠪᠣᠯᠭᠠᠨ ᠡᠭᠦᠳᠦᠨ ᠪᠠᠢᠭᠤᠯᠵᠤ ᠂ ᠡᠷᠲᠡᠨ ᠤ ᠰᠣᠶᠣᠯ ᠤᠨ ᠪᠠᠭᠤᠷᠢ ᠶ᠋ᠢ ᠬᠤᠯᠠᠭᠠᠢᠯᠠᠨ ᠠᠭᠤᠳᠠᠯᠬᠤ ᠶᠠᠯᠠᠲᠤ ᠠᠵᠢᠯᠯᠠᠭ᠎ᠠ ᠳ᠋ᠤ᠌ ᠴᠢᠩᠭ᠎ᠠ ᠴᠣᠬᠢᠯᠲᠠ ᠥᠭᠬᠦ ᠶ᠋ᠢᠨ ᠬᠠᠮᠲᠤ ᠂ ᠨᠡᠢᠲᠡᠶ᠋ᠢᠨ ᠵᠠᠷᠭᠤ ᠶ᠋ᠢᠨ ᠪᠠᠢᠴᠠᠭᠠᠬᠤ ᠡᠭᠦᠷᠭᠡ ᠴᠢᠳᠠᠪᠤᠷ ᠢᠶᠠᠨ ᠢᠳᠡᠪᠬᠢᠲᠡᠢ ᠪᠠᠳᠠᠷᠠᠭᠤᠯᠵᠤ ᠂ ᠬᠤᠰᠢᠭᠤᠨ ᠤ ᠰᠣᠶᠣᠯ ᠵᠢᠭᠤᠯᠴᠢᠯᠠᠯ ᠪᠡᠶ᠎ᠡ ᠶ᠋ᠢᠨ ᠲᠠᠮᠢᠷ ᠤᠨ ᠲᠣᠪᠴᠢᠶ᠎ᠠ ᠵᠢᠴᠢ ᠡᠯ᠎ᠡ ᠲᠡᠦᠬᠡ ᠶ᠋ᠢᠨ ᠳᠤᠷᠠᠰᠬᠠᠯᠲᠤ ᠵᠦᠢᠯ ᠤᠨ ᠬᠠᠷᠢᠶ᠎ᠠ ᠰᠢᠶᠠᠩ ᠪᠠᠯᠭᠠᠰᠤᠨ ᠤ ᠵᠠᠰᠠᠭ ᠤᠨ ᠣᠷᠳᠣᠨ ᠢ ᠤᠷᠢᠵᠤ ᠲᠡᠦᠬᠡ ᠶ᠋ᠢᠨ ᠳᠤᠷᠠᠰᠬᠠᠯᠲᠤ ᠵᠦᠢᠯ ᠪᠠ ᠰᠣᠶᠣᠯ ᠤᠨ ᠥᠪ ᠢ ᠬᠠᠮᠠᠭᠠᠯᠠᠬᠤ ᠶᠠᠷᠢᠯᠴᠠᠬᠤ ᠬᠤᠷᠠᠯ ᠬᠢᠵᠦ ᠂ ᠬᠤᠰᠢᠭᠤᠨ ᠤ ᠰᠣᠶᠣᠯ ᠵᠢᠭᠤᠯᠴᠢᠯᠠᠯ ᠪᠡᠶ᠎ᠡ ᠶ᠋ᠢᠨ ᠲᠠᠮᠢᠷ ᠤᠨ ᠲᠣᠪᠴᠢᠶ᠎ᠠ ᠲᠠᠢ ︽ᠲᠡᠦᠬᠡ ᠶ᠋ᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠪᠠ ᠪᠠᠢᠴᠠᠭᠠᠬᠤ ᠨᠡᠢᠲᠡ ᠶ᠋ᠢᠨ ᠠᠰᠢᠭᠲᠤ ᠵᠠᠷᠭᠤ ᠶ᠋ᠢᠨ ᠬᠠᠮᠵᠢᠯᠴᠠᠭᠠᠨ ᠤ ᠲᠣᠭᠲᠠᠴᠠᠶ᠋ᠢ ᠪᠠᠢᠭᠤᠯᠬᠤ ᠲᠤᠬᠠᠢ ᠰᠠᠨᠠᠯ ︾ ᠢ ᠲᠣᠭᠲᠠᠭᠠᠵᠤ ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠪᠠ ᠪᠠᠢᠴᠠᠭᠠᠬᠤ ᠨᠡᠢᠲᠡᠶ᠋ᠢᠨ ᠠᠰᠢᠭᠲᠤ ᠵᠠᠷᠭᠤ ᠶ᠋ᠢᠨ ᠬᠠᠮᠠᠭᠠᠯᠠᠯᠲᠠᠶ᠋ᠢᠨ ᠨᠡᠢᠯᠡᠮᠡᠯ ᠬᠦᠴᠦᠨ ᠢ ᠤᠯᠠᠮ ᠨᠢᠭᠡ ᠠᠯᠬᠤᠮ ᠪᠦᠷᠢᠯᠳᠦᠭᠦᠯᠪᠡ ᠃