︽ᠲᠡᠨᠡᠭ ᠡᠪᠦᠭᠡᠨᠠᠭᠤᠯᠠ ᠶᠢ ᠨᠡᠭᠦᠯᠭᠡᠭᠰᠡᠨ ᠵᠣᠷᠢᠭ ᠰᠠᠨᠠᠭ᠎ᠠ ︾ ᠤᠯᠠᠮᠵᠢᠯᠠᠨ ᠵᠠᠯᠭᠠᠮᠵᠢᠯᠠᠵᠤ ᠪᠠᠶᠢᠴᠠᠭᠠᠬᠤ ᠬᠥᠬᠡ ᠪᠡᠷ ᠡᠯᠡᠰᠦᠨ ᠴᠥᠯ ᠢ ︽ ᠪᠠᠶᠠᠨ ᠪᠦᠷᠢᠳᠦ ︾ ᠰᠠᠬᠢᠨ ᠬᠠᠮᠠᠭᠠᠯᠠᠨ᠎ᠠ
ᠶᠡᠷᠦᠩᠬᠡᠢ ᠱᠦᠵᠢ ᠰᠢ ᠫᠢᠩ ᠥᠪᠥᠷ ᠮᠣᠩᠭᠣᠯ ᠳᠤ ᠰᠢᠨᠵᠢᠯᠡᠨ ᠪᠠᠶᠢᠴᠠᠭᠠᠬᠤ ᠦᠶ᠎ᠡ ᠢᠶᠡᠷ ᠲᠤᠷᠠᠳᠤᠭᠰᠠᠨ ᠴᠦᠯᠯᠡᠷᠬᠡᠭᠵᠢᠯ ᠶᠡᠷᠦᠩᠬᠡᠶᠢᠯᠡᠨ ᠰᠡᠷᠭᠡᠶᠢᠯᠡᠨ ᠵᠠᠰᠠᠬᠤ ᠴᠢᠩᠭᠠᠳᠬᠠᠬᠤ ᠲᠤᠬᠠᠢ ᠴᠢᠬᠤᠯᠠ ᠵᠢᠭᠠᠪᠤᠷᠢ ᠵᠣᠷᠢᠭ ᠰᠠᠨᠠᠭ᠎ᠠ ᠴᠢᠨᠠᠭᠰᠢᠳᠠ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠨᠠᠮ ᠪᠠᠶᠢᠭᠤᠯᠤᠯᠲᠠ ᠬᠦᠳᠦᠯᠦᠨ ᠳᠠᠭᠠᠭᠤᠯᠬᠤ ᠦᠢᠯᠡᠳᠦᠯ ᠪᠠᠳᠠᠷᠠᠭᠤᠯᠤᠨ᠂ ᠠᠮᠢ ᠠᠬᠤᠢ ᠡᠬᠢ ᠪᠠᠶᠠᠯᠢᠭ ᠪᠠᠶᠢᠴᠠᠭᠠᠬᠤ ᠠᠵᠢᠯ ᠲᠦᠷᠭᠡᠳᠬᠡᠨ ᠠᠬᠢᠭᠤᠯᠵᠤ᠂ ︽ᠨᠠᠮ ᠪᠠᠶᠢᠭᠤᠯᠤᠯᠲᠠ + ᠲᠤᠬᠠᠶᠢᠯᠠᠭᠰᠠᠨ ᠠᠵᠢᠯ︾ ᠪᠦᠬᠦ ᠲᠠᠯ᠎ᠠ ᠬᠥᠭᠵᠢᠯᠲᠡ ᠠᠬᠢᠭᠤᠯᠬᠤ ᠲᠥᠯᠥᠭᠡ᠂ ᠡᠵᠡᠨ᠎ᠡ ᠬᠤᠰᠢᠭᠤᠨ ᠤ ᠪᠠᠶᠢᠴᠭᠠᠠᠬᠤ ᠬᠣᠷᠢᠶ᠎ᠠ ︽ᠨᠠᠮ ᠪᠠᠶᠢᠭᠤᠯᠤᠯᠲᠠ ᠲᠡᠷᠢᠭᠦᠨ ᠳᠦ ᠲᠠᠯᠪᠢᠵᠤ᠂ ᠠᠵᠢᠯ ᠳᠠᠭᠠᠨ ᠵᠢᠳᠬᠦᠯ ᠴᠢᠷᠮᠠᠶᠢᠯᠭ᠎ᠠ ᠲᠠᠶ︾ ᠪᠠᠶᠢᠬᠤ ᠵᠠᠷᠴᠢᠮ ᠪᠠᠷᠢᠮᠲᠠᠯᠠᠵᠤ᠂ ᠠᠵᠢᠯ ᠤᠨ ᠰᠢᠨ᠎ᠡ ᠡᠭᠦᠳᠬᠦ ᠠᠬᠢᠭᠤᠯᠵᠤ᠂ ᠦᠢᠯᠡᠴᠢᠯᠡᠭᠡᠨ ᠦᠷ᠎ᠡ ᠪᠦᠲᠦᠮᠵᠢ ᠪᠦᠬᠦ ᠲᠠᠯ᠎ᠠ ᠪᠠᠷ ᠳᠡᠭᠡᠭᠰᠢᠯᠡᠭᠦᠯᠪᠡ ᠃
ᠲᠦᠷᠦᠭᠦᠬᠡᠨ ᠂ ᠡᠵᠡᠨ᠎ᠡ ᠬᠣᠰᠢᠭᠤᠨ ᠠᠷᠠᠳ ᠪᠠᠶᠢᠴᠠᠭᠠᠬᠤ ᠬᠣᠷᠢᠶᠠᠨ ᠨᠠᠮ ᠡᠭᠦᠷ ᠨᠢ ᠬᠣᠰᠢᠭᠤᠨ ᠴᠠᠭ ᠠᠭᠤᠷ ᠲᠣᠪᠴᠢᠶ᠎ᠠ ᠵᠢᠨ ᠨᠠᠮ ᠡᠭᠦᠷ ᠲᠡᠶ ᠬᠠᠮᠵᠢᠯᠴᠠᠨ ᠂ ᠳ᠋ᠦᠩᠹᠸᠩ ᠪᠠᠯᠭᠠᠰᠤᠨ ᠬᠦᠷᠢᠨᠡ ᠭᠠᠴᠠᠭ᠎ᠠ ᠳᠤ ᠭᠦᠨᠵᠡᠭᠡᠶᠢᠷᠡᠵᠦ ᠂ ᠲᠦᠪᠪᠠᠲᠤ ᠨᠠᠰᠤᠲᠠᠨ ᠲᠠᠶ ᠬᠠᠮᠲᠤ ᠪᠠᠷ ︽ᠨᠤᠲᠤᠭ ᠤᠰᠤᠨ ᠪᠠᠨ ᠠᠮᠢ ᠠᠬᠤᠶ ᠨᠣᠭᠣᠭᠠᠷᠠᠭᠤᠯᠤᠯᠲᠠ ᠤᠯᠠᠮᠵᠢᠯᠠᠨ ᠵᠠᠯᠭᠠᠮᠵᠢᠯᠠᠬᠤ ᠥᠯᠢᠭᠡᠷ ᠳᠠᠭᠤᠷᠢᠶᠠᠯ ᠪᠣᠯᠬᠤ ᠲᠡᠨᠡᠭ ᠡᠪᠦᠭᠡᠨ ᠬᠠᠶᠢᠷ᠎ᠠ ᠰᠡᠳᠬᠢᠯᠭᠡ ︾ ᠪᠡᠷ ᠭᠣᠸᠯ ᠰᠡᠳᠦᠪ ᠪᠣᠯᠭᠠᠭᠰᠠᠨ ᠴᠦᠯᠯᠡᠷᠭᠡᠭᠵᠢᠯ ᠵᠠᠰᠠᠬᠤ ᠠᠵᠢᠯᠯᠠᠭ᠎ᠠ ᠥᠷᠨᠢᠭᠦᠯᠪᠡ ᠃
ᠳ᠋ᠦᠩᠹᠧᠩ ᠪᠠᠯᠭᠠᠰᠤᠨ ᠬᠦᠷᠢᠨᠡ ᠭᠠᠴᠠᠭ᠎ᠠ ᠪᠣᠯ ᠡᠵᠡᠨ᠎ᠡ ᠬᠣᠰᠢᠭᠤᠨ ᠵᠡᠭᠦᠨ ᠡᠮᠦᠨ᠎ᠡ ᠥᠨᠴᠥᠭ ᠲᠦ ᠪᠠᠶᠢᠷᠢᠯᠠᠳᠠᠭ ᠪᠥᠭᠡᠳ ᠪᠠᠳᠠᠶ ᠵᠢᠷᠠᠨ ᠡᠯᠡᠰᠦᠨ ᠴᠥᠯ ᠵᠠᠬ᠎ᠠ ᠳᠦ ᠪᠠᠶᠢᠳᠠᠭ ᠃ 2000 ᠣᠨ ᠳᠤ᠂ ᠲᠥᠪ ᠲᠧᠯᠸᠢᠰ ᠬᠣᠷᠢᠶᠠᠨ ︽ᠰᠣᠨᠢᠨ ᠮᠡᠳᠡᠭᠡᠨ ᠪᠠᠶᠢᠴᠠᠭᠠᠯᠲᠠ︾ ᠪᠤᠯᠤᠩ ᠳᠤ ︽ᠱᠠᠴᠢ ᠡᠵᠡᠨ᠎ᠡ︾ ᠭᠡᠬᠦ ᠲᠤᠰᠬᠠᠢ ᠰᠡᠳᠦᠪᠲᠦ ᠮᠡᠳᠡᠭᠡᠯᠡᠯ ᠨᠡᠪᠲᠡᠷᠡᠭᠦᠯᠬᠦ ᠦᠶ᠎ᠡ ᠳᠦ᠂ ᠲᠦᠪᠪᠠᠲᠤ ᠲᠤᠬᠠᠢ ᠦᠶ᠎ᠡ ᠬᠦᠷᠢᠨᠡ ᠰᠤᠮᠤᠨ ᠠᠷᠠᠳ ᠲᠥᠯᠥᠭᠡᠯᠡᠭᠴᠢᠳ ᠶᠡᠬᠡ ᠬᠤᠷᠠᠯ ᠲᠡᠷᠢᠭᠦᠯᠡᠭᠴᠢ ᠪᠠᠶᠢᠵᠠᠢ᠃ 2002 ᠣᠨ ᠳᠤ ᠂ ᠺᠠᠳ᠋ᠷ ᠠᠵᠢᠯ ᠪᠠᠶᠢᠷᠢ ᠪᠠᠭᠤᠭᠰᠠᠨ ᠳᠠᠷᠠᠭ᠎ᠠ ᠂ ᠲᠡᠷᠡ ᠪᠠᠳᠠᠶ ᠡᠯᠡᠰᠦᠨ ᠴᠥᠯ ᠵᠠᠬ᠎ᠠ ᠳᠦ ᠵᠠᠭ ᠮᠣᠳᠣ ᠳᠠᠷᠢᠵᠤ ᠡᠯᠡᠰᠦ ᠰᠡᠷᠭᠡᠶᠢᠯᠡᠬᠦ ᠰᠠᠶᠢᠨ ᠳᠤᠷ᠎ᠠ ᠪᠠᠨ ᠳᠠᠭᠠᠭᠠᠴᠢᠯᠠᠵᠠᠶ ᠃ 21 ᠵᠢᠯ ᠲᠤᠷᠰᠢ᠂ ᠲᠡᠷᠡ ᠨᠢᠭᠡ ᠬᠦᠷᠵᠡ ᠨᠢᠭᠡ ᠳᠠᠮᠨᠠᠭᠤᠷ ᠢᠶᠠᠷ 4000 ᠭᠠᠷᠤᠢ ᠮᠦ ᠡᠯᠡᠰᠦ ᠵᠠᠰᠠᠵᠤ᠂ 20 ᠲᠦᠮᠡᠨ ᠰᠠᠭᠤᠷᠢ ᠵᠠᠭ ᠮᠣᠳᠣ ᠲᠠᠷᠢᠵᠠᠢ᠃ ᠲᠡᠭᠦᠨ ᠡᠨᠡᠬᠦ ᠰᠢᠨᠲᠠᠷᠠᠰᠢ ᠦᠭᠡᠢ 《ᠲᠡᠨᠡᠭ ᠡᠪᠦᠭᠡᠨ ᠵᠣᠷᠢᠭ ᠰᠠᠨᠠᠭ᠎ᠠ》ᠨᠢ ᠡᠯᠡᠰᠦᠨ ᠴᠦᠯ ᠵᠠᠬ᠎ᠠ ᠬᠥᠪᠡᠭᠡ ᠪᠡᠷ ᠨᠢᠭᠡᠨ ᠨᠣᠭᠣᠭᠠᠨ ᠬᠠᠯᠬᠠᠪᠴᠢ ᠪᠤᠰᠬᠠᠵᠠᠢ᠃
ᠨᠤᠲᠤᠭ ᠤᠰᠤᠨ ᠪᠠᠨ ᠠᠮᠢ ᠠᠬᠤᠶ ᠨᠣᠭᠣᠭᠠᠨ ᠢ ᠬᠠᠮᠠᠭᠠᠯᠠᠵᠤ ᠲᠡᠨᠡᠭ ᠡᠪᠦᠭᠡᠨ ᠤᠯᠠᠮᠵᠢᠯᠠᠨ
ᠵᠤᠨ ᠤᠯᠠᠷᠢᠯ ᠪᠣᠯᠬᠤ ᠳᠤ᠂ ᠵᠠᠭ ᠮᠣᠳᠣᠨ ᠳᠤ ᠬᠣᠶᠠᠷ ᠤᠰᠤᠯᠠᠬᠤ ᠴᠢᠬᠤᠯᠠᠲᠠᠢ ᠪᠣᠯᠤᠭᠰᠠᠨ ᠦᠶ᠎ᠡ ᠳᠦ᠂ ᠡᠵᠡᠨ᠎ᠡ ᠬᠣᠰᠢᠭᠤᠨ ᠠᠷᠠᠳ ᠪᠠᠶᠢᠴᠠᠭᠠᠬᠤ ᠬᠣᠷᠢᠶᠠᠨ ᠨᠠᠮ ᠤᠳᠤᠷᠢᠳᠬᠤ ᠳᠤᠭᠤᠶᠢᠯᠠᠩ ᠱᠦᠵᠢ᠂ ᠪᠠᠶᠢᠴᠠᠭᠠᠬᠤ ᠳᠠᠷᠤᠭ᠎ᠠ ᠵᠠᠩ ᠵᠢᠶᠦ᠋ᠨ ᠬᠤᠸᠠ ᠲᠠᠭᠠᠭᠤᠯᠭ᠎ᠠ ᠪᠠᠷ᠂ 18 ᠪᠠᠶᠢᠴᠠᠭᠠᠬᠤ ᠰᠠᠶᠢᠨ ᠳᠤᠷ᠎ᠠ ᠠᠵᠢᠯᠯᠠᠭᠴᠢ 230 ᠺᠢᠯᠤᠮᠸᠲᠷ ᠴᠠᠭᠠᠨᠠᠬᠢ ᠬᠦᠷᠢᠨᠡ ᠭᠠᠴᠠᠭ᠎ᠠ ᠳᠤ ᠬᠦᠷᠴᠦ᠂ ᠵᠠᠭ ᠮᠣᠳᠤ ᠶᠢ ᠤᠰᠤᠯᠠᠵᠠᠢ᠃
ᠪᠠᠶᠢᠴᠠᠭᠠᠬᠤ ᠠᠵᠢᠯᠲᠠᠳ ᠬᠦᠰᠡᠯ ᠡᠷᠡᠮᠡᠯᠵᠡᠯ ᠡᠪᠦᠷᠯᠡᠨ ᠥᠨᠳᠥᠷ ᠬᠠᠯᠠᠭᠤᠨ ᠳᠤ ᠤᠰᠤ ᠳᠤᠲᠠᠬᠤ ᠵᠠᠭ ᠦᠨ ᠴᠢᠬᠢ ᠤᠰᠤᠯᠠᠵᠤ ᠂ ᠬᠥᠯᠥᠰᠥ ᠪᠡᠷ ᠡᠯᠡᠰᠦ ᠰᠡᠷᠭᠡᠶᠢᠯᠡᠬᠦ ᠵᠣᠷᠢᠭ ᠵᠢᠷᠤᠭᠯᠠᠵᠤ ᠂ ᠪᠣᠳᠠᠲᠤ ᠠᠵᠢᠯᠯᠠᠭ᠎ᠠ ᠪᠠᠷ ᠠᠮᠢ ᠠᠬᠤᠢ ᠨᠣᠭᠣᠭᠠᠨ ᠦᠩᠭᠡ ᠰᠠᠬᠢᠨ ᠬᠠᠮᠠᠭᠠᠯᠠᠵᠤ ᠂ ᠬᠠᠷᠢᠭᠤᠴᠠᠯᠭ᠎ᠠ ᠡᠭᠦᠷᠭᠡᠯᠡᠬᠦ ᠪᠡᠷ ᠲᠡᠨᠡᠭ ᠡᠪᠦᠭᠡᠨ ᠵᠣᠷᠢᠭ ᠰᠠᠨᠠᠭ᠎ᠠ ᠪᠠᠳᠠᠷᠠᠭᠤᠯᠵᠤ ᠪᠠᠶᠢᠨ᠎ᠠ ᠃
ᠨᠡᠶᠢᠲᠡ ᠵᠠᠷᠭᠤ ᠨᠢ ᠡᠯᠡᠰᠦᠨ ᠴᠥᠯ ᠰᠡᠷᠭᠡᠶᠢᠯᠡᠨ ᠵᠠᠰᠠᠵᠤ᠂ ᠪᠣᠬᠢᠷᠲᠤᠯ ᠦᠭᠡᠢ ᠠᠮᠢ ᠠᠬᠤᠢ ᠵᠢᠨ ᠰᠠᠶᠢᠨ ᠰᠠᠶᠢᠬᠠᠨ ᠭᠡᠷ ᠣᠷᠣᠨ ᠰᠠᠬᠢᠨ ᠬᠠᠮᠠᠭᠠᠯᠠᠵᠤ ᠪᠤᠢ
ᠡᠵᠡᠨ᠎ᠡ ᠬᠣᠰᠢᠭᠤᠨ ᠠᠷᠠᠳ ᠪᠠᠶᠢᠴᠠᠭᠠᠬᠤ ᠬᠣᠷᠢᠶ᠎ᠠ 《 ᠲᠡᠨᠡᠭ ᠡᠪᠦᠭᠡᠨ ᠵᠣᠷᠢᠭ ᠰᠠᠨᠠᠭ᠎ᠠ 》 ᠤᠯᠠᠮᠵᠢᠯᠠᠨ ᠰᠤᠷᠤᠯᠴᠠᠵᠤ ᠂ ᠡᠭᠦᠨ ᠲᠣᠭᠣᠷᠢᠨ 《ᠨᠢᠭᠡ ᠬᠣᠷᠢᠶ᠎ᠠ ᠨᠢᠭᠡ ᠨᠡᠷᠡᠳᠤ ᠲᠡᠮᠳᠡᠭᠲᠦ》 ᠠᠵᠢᠯ ᠱᠠᠭᠠᠷᠳᠠᠯᠭ᠎ᠠ ᠲᠣᠭᠣᠷᠢᠨ ᠳᠤ᠂ ᠨᠡᠶᠢᠲᠡ ᠵᠠᠷᠭᠤ ᠪᠠᠶᠢᠴᠠᠭᠠᠬᠤ ᠡᠭᠦᠷᠭᠡ ᠴᠢᠳᠠᠪᠤᠷᠢ ᠲᠠᠶ ᠤᠶᠠᠯᠳᠤᠭᠤᠯᠤᠨ᠂ ᠨᠡᠶᠢᠲᠡ ᠵᠠᠷᠭᠤ ᠵᠢᠨ ᠪᠠᠶᠢᠴᠠᠭᠠᠬᠤ ᠰᠢᠨ᠎ᠡ ᠨᠡᠷᠡᠳᠤ ᠲᠡᠮᠳᠡᠭᠲᠦ ᠴᠢᠷᠮᠠᠶᠢᠨ ᠡᠭᠦᠳᠴᠦ᠂ ᠡᠨᠡ ᠵᠢᠯ ᠡᠬᠢ ᠪᠡᠷ 《ᠪᠠᠶᠢᠴᠠᠭᠠᠬᠤ ᠡᠭᠦᠷᠭᠡ ᠴᠢᠳᠠᠪᠤᠷᠢ ᠪᠠᠨ ᠪᠠᠳᠠᠷᠠᠭᠤᠯᠵᠤ᠂ ᠬᠥᠬᠡᠮᠳᠦᠭ ᠨᠣᠭᠣᠭᠠᠨ ᠠᠭᠤᠯᠠ ᠤᠰᠤ ᠰᠠᠬᠢᠨ ᠬᠠᠮᠠᠭᠠᠯᠠᠬᠤ》 ᠪᠠᠷ ᠡᠭᠦᠳᠦᠨ ᠪᠦᠲᠦᠭᠡᠬᠦ ᠰᠡᠳᠬᠢᠴᠡ ᠪᠡᠨ ᠪᠣᠯᠭᠠᠵᠤ᠂ 《ᠤᠯᠤᠰ ᠲᠦᠷᠦ ᠭᠣᠣᠯ ᠰᠢᠵᠢᠮ᠂ ᠠᠷᠠᠳ ᠲᠥᠯᠥᠭᠡ ᠵᠢᠳᠬᠦᠬᠦ ᠰᠡᠳᠬᠢᠯᠭᠡ᠂ ᠰᠣᠳᠣᠨ ᠪᠦᠲᠦᠭᠡᠯ ᠤᠬᠠᠮᠰᠠᠷ᠂ ᠤᠷᠠᠨ ᠲᠠᠷᠬᠠᠨ ᠵᠣᠷᠢᠭ ᠰᠠᠨᠠᠭ᠎ᠠ》 ᠭᠡᠬᠦ ᠲᠦᠷᠪᠡᠨ ᠬᠠᠲᠠᠭᠤ ᠴᠥᠮ᠎ᠡ ᠲᠣᠭᠣᠷᠢᠨ ᠳᠤ ᠨᠡᠶᠢᠲᠡ ᠵᠠᠷᠭᠤ ᠵᠢᠨ ᠪᠠᠶᠢᠴᠠᠭᠠᠬᠤ ᠰᠢᠨ᠎ᠡ ᠨᠡᠷᠡᠳᠤ ᠲᠡᠮᠳᠡᠭ —— 《ᠲᠣᠣᠷᠠᠢ ᠨᠡᠶᠢᠲᠡ ᠠᠰᠢᠭ》 ᠪᠤᠢ ᠪᠣᠯᠭᠠᠪᠠ᠃
ᠲᠣᠰ ᠤᠳᠠᠭᠠᠨ ᠤᠰᠤᠯᠠᠯᠲᠠ ᠲᠣᠬᠢᠶᠠᠯ ᠠᠰᠢᠭᠯᠠᠨ ᠂ ᠡᠵᠡᠨ᠎ᠡ ᠬᠣᠰᠢᠭᠤᠨ ᠠᠷᠠᠳ ᠪᠠᠶᠢᠴᠠᠭᠠᠬᠤ ᠬᠣᠷᠢᠶ᠎ᠠ ︽ ᠡᠯᠡᠰᠦ ᠵᠠᠰᠠᠬᠤ ᠲᠡᠨᠡᠭ ᠡᠪᠦᠭᠡᠨ ︾ ᠲᠦᠪᠪᠠᠲᠤ ︽ ᠲᠣᠸᠷᠠᠶ ᠨᠡᠶᠢᠲᠡ ᠵᠠᠷᠭᠤ︾ ᠨᠠᠷᠠᠲᠤ ᠲᠡᠮᠳᠡᠭᠲᠦ 0001 ᠨᠣᠮᠧᠷᠲᠤ ᠨᠡᠶᠢᠲᠡ ᠠᠰᠢᠭ ᠤᠨ ᠰᠠᠬᠢᠨ ᠬᠠᠮᠠᠭᠠᠯᠠᠭᠴᠢ ᠪᠠᠷ ᠤᠷᠢᠭᠰᠠᠨ ᠪᠥᠭᠡᠳ ︽ ᠲᠣᠸᠷᠠᠶ ᠨᠡᠶᠢᠲᠡᠠᠰᠢᠭ ᠢ ᠰᠠᠬᠢᠨ ᠬᠠᠮᠠᠭᠠᠯᠠᠬᠤ ᠥᠷᠲᠡᠭᠡ ︾ ᠵᠢ ᠪᠠᠶᠢᠭᠤᠯᠪᠠ ᠃
ᠲᠦᠪᠪᠠᠲᠤ ᠨᠠᠰᠤᠲᠠᠨ᠄ ︽ᠲᠣᠣᠷᠠᠢ ᠨᠡᠶᠢᠲᠡ ᠠᠰᠢᠭ︾ ᠤᠨ0001 ᠳ᠋ᠦ᠋ᠭᠡᠷ ᠨᠣᠮᠧᠷᠲᠤ ᠨᠡᠶᠢᠲᠡ ᠠᠰᠢᠭ ᠤᠨ ᠰᠠᠬᠢᠨ ᠬᠠᠮᠠᠭᠠᠯᠠᠭᠴᠢ ᠪᠣᠯᠤᠭᠰᠠᠨ ᠳᠠᠭᠠᠨ ᠮᠠᠰᠢ ᠠᠵᠠᠲᠠᠢ ᠪᠠᠶᠢᠨ᠎ᠠ᠂ ᠪᠢ ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠵᠠᠭ ᠮᠣᠳᠣ ᠪᠦᠷᠢ ᠰᠠᠶᠢᠲᠤᠷ ᠰᠠᠬᠢᠨ ᠬᠠᠮᠠᠭᠠᠯᠠᠵᠤ᠂ ᠡᠵᠡᠨ᠎ᠡ ᠴᠦᠯᠯᠡᠷᠭᠡᠭᠵᠢᠯ ᠰᠡᠷᠭᠡᠶᠢᠯᠡᠨ ᠵᠠᠰᠠᠬᠤ ᠳᠤ ᠥᠪᠡᠷ ᠴᠢᠷᠮᠠᠶᠢᠯᠭ᠎ᠠ ᠪᠠᠨ ᠭᠠᠷᠭᠠᠨ᠎ᠠ ᠭᠡᠵᠦ ᠢᠯᠡᠳᠬᠡᠪᠡ᠃
ᠳᠠᠷᠠᠭᠠᠴᠢ ᠠᠯᠬᠤᠮ ᠳᠤ᠂ ᠡᠵᠡᠨ᠎ᠡ ᠬᠣᠰᠢᠭᠤᠨ ᠠᠷᠠᠳ ᠪᠠᠶᠢᠴᠠᠭᠠᠬᠤ ᠬᠣᠷᠢᠢ᠎ᠠ ᠦᠷᠭᠦᠯᠵᠢᠯᠡᠨ ᠤᠯᠤᠰ ᠲᠦᠷᠦ ᠡᠷᠬᠢᠮᠯᠡᠬᠦ᠂ ᠨᠠᠮ ᠪᠠᠶᠢᠭᠤᠯᠤᠯᠲᠠ ᠴᠢᠩᠭᠠᠳᠬᠠᠬᠤ ᠲᠡᠷᠢᠭᠦᠨ ᠪᠠᠶᠢᠷᠢᠨ ᠳᠤ ᠲᠠᠯᠪᠢᠵᠤ᠂ ︽ᠱᠦᠵᠢ ᠵᠢᠱᠢᠢ᠎ᠡ ᠦᠵᠡᠭᠦᠯᠬᠦ᠂ ᠨᠠᠮ ᠡᠭᠦᠷ ᠬᠥᠳᠡᠯᠦᠯᠴᠡᠬᠦ᠂ ᠨᠠᠮ ᠭᠡᠰᠢᠭᠦᠨ ᠲᠦᠷᠦᠭᠦᠯᠡᠬᠦ︾ ᠠᠮᠢᠳᠤᠯᠢᠭ ᠪᠠᠶᠢᠳᠠᠯ ᠴᠢᠷᠮᠠᠶᠢᠨ ᠡᠭᠦᠳᠦᠨ᠎ᠡ︔ ᠨᠡᠶᠢᠲᠡ ᠵᠠᠷᠭᠤ ᠦᠢᠯᠡᠴᠢᠯᠡᠬᠦ ᠬᠡᠯᠪᠡᠷᠢ ᠰᠢᠨ᠎ᠡ ᠡᠭᠦᠳᠴᠦ᠂ ᠲᠦᠷᠦᠯ ᠲᠡᠮᠳᠡᠭ ᠳᠡᠯᠭᠡᠷᠡᠭᠦᠯᠦᠨ ᠨᠠᠶᠢᠳᠠᠪᠤᠷᠢᠵᠢᠭᠤᠯᠬᠤ᠂ ᠭᠠᠷ ᠠᠶ᠎ᠠ ᠪᠠᠷ ᠰᠡᠭᠦᠳᠡᠷᠯᠡᠬᠦ᠂ ᠸᠢᠴᠠᠲ ᠵᠡᠷᠭᠡ ᠤᠯᠠᠨ ᠠᠷᠭ᠎ᠠ ᠨᠡᠶᠢᠲᠡ ᠵᠠᠷᠭᠤ ᠠᠰᠠᠭᠤᠳᠠᠯ ᠰᠦᠪᠡᠭᠴᠢ ᠤᠯᠬᠤ ᠴᠢᠬᠤᠯᠠᠴᠢᠯᠠᠵᠤ᠂ ᠤᠯᠠᠨ ᠲᠦᠮᠡᠨ ︽ ᠲᠦᠪᠡᠭᠳᠡᠵᠦ ᠵᠤᠪᠠᠵᠤ ᠪᠠᠶᠢᠭ᠎ᠠ》 ᠤᠴᠢᠷ ᠢ ᠰᠠᠶᠢᠲᠤᠷ ᠣᠶᠢᠯᠠᠭᠠᠵᠤ ᠂ ᠬᠡᠷᠡᠭ ᠰᠢᠶᠳᠪᠦᠷᠢᠯᠡᠬᠦ ᠤᠳᠤᠷᠢᠳᠤᠮᠵᠢ ᠴᠢᠩᠭᠠᠳᠬᠠᠵᠤ᠂ ᠠᠷᠠᠳ ᠤᠯᠠᠨ ᠲᠤᠰᠬᠠᠯ ᠶᠡᠬᠡᠲᠡᠶ ᠠᠮᠢ ᠠᠬᠤᠶ ᠣᠷᠴᠢᠨ ᠨᠥᠬᠥᠴᠡᠯ ᠪᠠ ᠡᠬᠢ ᠪᠠᠶᠠᠯᠢᠭ ᠬᠠᠮᠠᠭᠠᠯᠠᠯᠲᠠ᠂ ᠢᠳᠡᠭᠡᠨ ᠵᠦᠢᠯ ᠡᠮ ᠵᠦᠢᠯ ᠠᠮᠤᠷ ᠲᠦᠪᠰᠢᠨ᠂ ᠠᠶᠤᠯᠭᠦᠶ ᠦᠢᠯᠡᠳᠪᠦᠷᠢᠯᠡᠯ ᠵᠡᠷᠭᠡ ᠭᠣᠣᠯᠳᠠᠯᠭ᠎ᠠ ᠲᠠᠶ ᠬᠦᠷᠢᠶᠡᠨ ᠳᠡᠬᠢ ᠨᠡᠶᠢᠲᠡ ᠠᠰᠢᠭ ᠤᠨ ᠬᠣᠬᠢᠷᠠᠯ ᠲᠤᠪᠤᠢᠢᠮ᠎ᠠ ᠠᠰᠠᠭᠤᠳᠠᠯ ᠳᠤ ᠠᠩᠬᠠᠷᠤᠯ ᠲᠥᠪᠯᠡᠷᠡᠭᠦᠯᠵᠦ᠂ 《ᠨᠡᠶᠢᠲᠡ ᠠᠰᠢᠭᠲᠤ ᠵᠠᠷᠭᠤ ᠪᠠᠷ ᠰᠠᠢᠢᠨ ᠰᠠᠶᠢᠬᠠᠨ ᠠᠮᠢᠳᠤᠷᠠᠯ ᠬᠠᠮᠠᠭᠠᠯᠠᠬᠤ》 ᠪᠠᠶᠢᠴᠠᠭᠠᠬᠤ ᠲᠤᠰᠢᠶᠠᠯ ᠬᠠᠷᠢᠭᠤᠴᠠᠯᠭ᠎ᠠ ᠪᠠᠨ ᠬᠢᠨᠠᠮᠠᠭᠠᠶ ᠭᠦᠢᠴᠡᠳᠬᠡᠵᠦ᠂ ᠤᠮᠠᠷᠠᠲᠤ ᠬᠢᠯᠢ ᠨᠣᠭᠣᠭᠠᠨ ᠬᠠᠯᠬᠠᠪᠴᠢ ᠪᠡᠬᠢᠵᠢᠭᠦᠯᠬᠦ ᠳᠦ ᠪᠠᠶᠢᠴᠠᠭᠠᠬᠤ ᠤᠶᠤᠨ ᠤᠬᠠᠭᠠᠨ ᠪᠠ ᠬᠦᠴᠦᠨ ᠴᠢᠳᠠᠯ ᠃