ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠪᠠᠶᠢᠴᠠᠭᠠᠬᠤ ᠬᠤᠷᠢᠶᠠᠨ ᠤ ᠰᠢᠶᠣᠣ ᠬᠦᠢ ᠴᠢᠶᠠᠨ ᠨᠦᠬᠦᠷ《3.8 ᠤ ᠤᠯᠠᠭᠠᠨ ᠲᠤᠭᠴᠢ 》ᠬᠡᠬᠦ ᠴᠤᠯᠡ ᠬᠦᠷᠲᠡᠪᠡ

2016-04-25 09:17:44
ᠵᠣᠬᠢᠶᠠᠭᠴᠢ

    ᠤᠷᠴᠢᠮ ᠤᠨ ᠡᠳᠤᠷ ᠲᠤ᠂ ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠡᠮᠡᠭᠳᠡᠶᠢᠴᠤᠳ ᠤᠨ ᠬᠤᠯᠪᠤᠭᠠᠨ ᠠᠴᠠ 2015 ᠤᠨ ᠤ ᠠᠵᠢᠯ ᠤᠨ ᠰᠠᠶᠢᠰᠢᠶᠠᠨ ᠬᠦᠬᠢᠭᠦᠯᠬᠦ ᠶᠡᠭᠡ ᠬᠤᠷᠠᠯ ᠢ ᠵᠤᠬᠢᠶᠠᠨ ᠪᠠᠶᠢᠭᠤᠯᠤᠨ ᠬᠤᠷᠠᠯᠳᠤᠭᠤᠯᠵᠦ᠂ ᠬᠤᠷᠠᠯ ᠲᠡᠭᠡᠷ᠎ᠡ ᠭᠤᠣᠯᠳᠠᠭᠤ ᠡᠯ᠎ᠠ ᠠᠵᠢᠯ ᠲᠦᠷᠤᠯ ᠠᠴᠠ ᠴᠤᠯᠭᠤᠷᠠᠨ ᠭᠠᠷᠤᠭᠰᠠᠨ ᠲᠡᠷᠢᠭᠦᠨ ᠤ ᠬᠠᠮᠳᠦ ᠨᠢᠭᠡᠴᠢ ᠪᠠ ᠲᠡᠷᠢᠭᠦᠨ ᠤ ᠬᠤᠪᠢ ᠬᠦᠮᠦᠰ ᠢ ᠮᠠᠭᠳᠠᠨ ᠰᠠᠶᠢᠰᠢᠶᠠᠵᠠᠢ᠃ ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠬᠡᠷᠡᠭ ᠬᠠᠮᠢᠶᠠᠷᠤᠯᠳᠠ ᠶᠢᠨ ᠠᠯᠪᠠᠨ ᠭᠡᠷ ᠤᠨ ᠡᠷᠬᠢᠯᠡᠭᠴᠢ ᠰᠢᠶᠣᠣ ᠬᠦᠢ ᠴᠢᠶᠠᠨ ᠠᠶᠢᠮᠠᠭ ᠤᠨ ︽3.8 ᠤ ᠤᠯᠠᠭᠠᠨ ᠲᠤᠭᠴᠢ︾ ᠶᠢᠨ ᠠᠯᠳᠠᠷ ᠬᠦᠨᠳᠦᠳᠦ ᠴᠤᠯᠡ ᠶᠢ ᠬᠦᠷᠲᠡᠪᠡ᠃

    3 ᠰᠠᠷ᠎ᠠ ᠶᠢᠨ 8 ᠤ ᠡᠳᠤᠷ ︽ᠬᠢᠩᠭᠠᠨ ᠡᠳᠤᠷ ᠤᠨ ᠰᠤᠨᠢᠨ︾ ᠤ ᠨᠡᠶᠢᠭᠡᠮ ᠤᠨ ᠭᠠᠷᠠᠭ ᠤᠨ ᠰᠡᠳᠭᠦᠯ ᠤᠨ ᠨᠢᠭᠡᠳᠤᠭᠡᠷ ᠬᠡᠪᠯᠡᠯ ᠤᠨ ᠨᠢᠭᠤᠷ ᠲᠤ ︽ᠴᠤᠭ ᠵᠢᠪᠬᠤᠭᠠᠲᠦ ᠡᠮᠡᠭᠳᠡᠢ ᠪᠠᠭᠠᠳᠤᠷ ᠤᠨ ᠭᠠᠶᠢᠬᠠᠮᠰᠢᠭᠳᠦ ᠰᠠᠶᠢᠬᠠᠨ ᠠᠮᠢᠳᠤᠷᠠᠯ ᠤᠨ ᠵᠠᠮ︾ ᠬᠡᠬᠦ ᠭᠠᠷᠴᠠᠭ ᠢᠶᠠᠷ ᠰᠢᠶᠣᠣ ᠬᠦᠢ ᠴᠢᠶᠠᠨ ᠨᠦᠬᠦᠷ ᠤᠨ ᠪᠠᠶᠢᠴᠠᠭᠠᠬᠤ ᠤᠶᠢᠯᠡᠰ ᠲᠡᠭᠡᠨ ᠦᠨᠡᠨᠴᠢ ᠪᠠᠷ ᠵᠢᠳᠭᠦᠵᠦ ᠢᠷᠡᠭᠰᠡᠨ ᠤᠶᠢᠯᠡ ᠶᠠᠪᠤᠳᠠᠯ ᠢ ᠰᠠᠶᠢᠰᠢᠶᠠᠵᠦ᠂ ᠲᠡᠭᠦᠨ ᠤ ᠠᠵᠢᠯᠴᠢ ᠬᠢᠴᠢᠶᠡᠩᠭᠦᠢ᠂ ᠵᠤᠪᠠᠭᠤᠷᠢ ᠵᠦᠳᠡᠭᠦᠷᠢ ᠠᠴᠠ ᠬᠠᠯᠰᠢᠷᠠᠬᠤ ᠦᠭᠡᠢ᠂ ᠬᠡᠵᠢᠶᠡᠳᠠ ᠠᠷᠠᠳ ᠤᠨ ᠲᠦᠯᠤᠭᠡ ᠪᠤᠳᠠᠳᠦ ᠶᠠᠪᠤᠳᠠᠯ ᠬᠢᠬᠦ ᠪᠠᠷ ᠦᠪᠡᠷ ᠤᠨ ᠡᠭᠦᠷᠭᠡ ᠲᠤᠰᠢᠶᠠᠯ ᠢᠶᠠᠨ ᠪᠤᠯᠭᠠᠨ᠂ ᠡᠶ᠎ᠡ ᠨᠠᠶᠢᠷᠠᠮᠳᠠᠭᠤ ᠨᠡᠶᠢᠭᠡᠮ ᠢ ᠴᠤᠭᠴᠠᠯᠠᠨ ᠪᠠᠶᠢᠭᠤᠯᠬᠤ ᠳᠤ ᠦᠵᠡᠭᠦᠯᠦᠭᠰᠡᠨ ᠬᠤᠪᠢ ᠨᠠᠮᠠᠷᠢ ᠶᠢ ᠦᠨᠡᠯᠠᠨ ᠮᠠᠭᠳᠠᠭᠰᠠᠨ ᠪᠠᠶᠢᠨ᠎ᠡ᠃

    ᠰᠢᠶᠣᠣ ᠬᠦᠢ ᠴᠢᠶᠠᠨ ᠨᠦᠭᠦᠷ᠂ ᠭᠦᠨ ᠵᠤᠵᠠᠭᠠᠨ ᠬᠠᠷᠢᠭᠤᠴᠠᠭᠠᠯᠳᠦ ᠰᠡᠳᠬᠢᠯᠬᠡ ᠪᠠ ᠡᠷᠡᠰ ᠬᠠᠳᠠᠭᠤ ᠵᠤᠷᠢᠭ ᠰᠠᠨᠠᠭ᠎ᠠ ᠪᠠᠷ ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠡᠮᠡᠭᠳᠡᠶᠢᠴᠤᠳ ᠤᠨ ᠴᠠᠭ ᠡᠷᠡᠨ ᠤ ᠰᠦᠯᠳᠠ ᠵᠤᠷᠢᠭ ᠪᠠ ᠴᠣ ᠰᠢᠨ᠎ᠡ ᠲᠦᠷᠢ ᠳᠦᠷᠬᠦ ᠶᠢ ᠢᠯᠡᠷᠡᠭᠦᠯᠦᠭᠰᠡᠨ ᠢᠶᠠᠷ ᠪᠠᠷᠠᠬᠤ ᠦᠭᠡᠢ᠂ ᠨᠢᠭᠡᠨ ᠡᠮᠡᠭᠳᠡᠢ ᠪᠠᠶᠢᠴᠠᠭᠠᠭᠴᠢ ᠶᠢᠨ ᠬᠦᠰᠡᠯ ᠡᠷᠢᠯᠬᠢᠯᠡᠯ ᠪᠠ ᠠᠮᠢᠳᠤᠷᠠᠬᠤᠢ ᠶᠢᠨ ᠦᠷᠳᠡᠭ ᠤᠨ ᠬᠦᠭᠡᠭᠡᠴᠡᠯᠳᠦᠯ ᠢ ᠢᠯᠡᠷᠠᠭᠦᠯᠦᠭᠰᠡᠨ ᠪᠠᠶᠢᠨ᠎ᠡ᠃


ᠢᠷᠡᠯᠲᠡ
ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠪᠠᠶᠢᠴᠠᠭᠠᠬᠤ ᠬᠤᠷᠢᠶ᠎ᠠ 
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro