ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠠᠷᠠᠳ  ᠤᠨ ᠳᠡᠭᠡᠳᠦ ᠪᠠᠶᠢᠴᠠᠭᠠᠬᠤ ᠬᠣᠷᠢᠶ᠎ᠠ ᠪᠠᠶᠢᠴᠠᠭᠠᠬᠤ ᠠᠵᠢᠯ   ᠤᠨ ᠨᠡᠶᠢᠲᠡ  ᠶᠢᠨ ᠠᠰᠢᠭᠲᠤ ᠵᠠᠷᠭᠤ ᠨᠡᠶᠢᠲᠡᠯᠡᠵᠦ ᠱᠤᠸᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ  ᠳᠦ ᠬᠦᠴᠦᠨ ᠨᠡᠮᠡᠷᠢᠯᠡᠭᠰᠡᠨ ᠨᠡᠶᠢᠲᠡᠯᠢᠭ ᠬᠡᠷᠡᠭ ᠤᠨ ᠵᠢᠱᠢᠶ᠎ᠡ                        

2024-06-07 16:38:09
ᠵᠣᠬᠢᠶᠠᠭᠴᠢ
ᠭᠥᠸᠧ ᠶᠠᠨ ᠮᠧᠢ

                                               

ᠣᠶᠢᠷ᠎ᠠ  ᠳᠦ ᠂ ᠠᠷᠠᠳ  ᠤᠨ ᠳᠡᠭᠡᠳᠦ ᠪᠠᠶᠢᠴᠠᠭᠠᠬᠤ ᠬᠣᠷᠢᠶ᠎ᠠ ᠨᠢᠭᠡ ᠪᠦᠯᠦᠭ ᠪᠠᠶᠢᠴᠠᠭᠠᠬᠤ ᠠᠵᠢᠯ  ᠤᠨ ᠨᠡᠶᠢᠲᠡ  ᠶᠢᠨ ᠠᠰᠢᠭᠲᠤ ᠵᠠᠷᠭᠤ ᠨᠢ ᠳᠠᠭᠤ ᠱᠤᠤᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ  ᠳᠦ ᠬᠦᠴᠦᠨ ᠨᠡᠮᠡᠷᠢᠯᠡᠭᠰᠡᠨ ᠨᠡᠶᠢᠲᠡᠯᠢᠭ ᠬᠡᠷᠡᠭ  ᠤᠨ ᠵᠢᠱᠢᠶ᠎ᠡ  ᠶᠢ ᠨᠡᠢᠲᠡᠯᠡᠵᠤ᠂ ᠤᠯᠠᠨ ᠲᠦᠮᠡᠨ  ᠤ ᠲᠤᠰᠬᠠᠯ ᠶᠡᠬᠡᠲᠡᠶ 《ᠭᠡᠷ  ᠤᠨ ᠡᠭᠦᠳᠡ》  ᠳᠠᠬᠢ ᠱᠤᠤᠭᠢᠶᠠᠨ  ᠤ ᠪᠣᠬᠢᠷᠲᠤᠯ  ᠤᠨ ᠠᠰᠠᠭᠤᠳᠠᠯ  ᠳᠤ ᠠᠩᠬᠠᠷᠤᠯ  ᠢᠶᠠᠨ ᠲᠥᠪᠯᠡᠷᠡᠭᠦᠯᠵᠦ᠂ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ  ᠢ ᠪᠠᠳᠠᠷᠠᠭᠤᠯᠤᠨ᠂ ᠡᠯ᠎ᠡ ᠱᠠᠲᠤᠨ  ᠤ ᠪᠠᠶᠢᠴᠠᠭᠠᠬᠤ ᠪᠠᠶᠢᠭᠤᠯᠭ᠎ᠠ  ᠶᠢᠨ ᠱᠤᠤᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ ᠨᠡᠶᠢᠲᠡ  ᠶᠢᠨ ᠠᠰᠢᠭᠲᠤ ᠵᠠᠷᠭᠤ  ᠶᠢᠨ ᠭᠣᠣᠯᠳᠠᠯᠭ᠎ᠠ ᠪᠠ ᠬᠡᠷᠡᠭ ᠰᠢᠶᠳᠪᠦᠷᠢᠯᠡᠬᠦ ᠠᠷᠭ᠎ᠠ ᠮᠠᠶ᠋ᠢᠭ  ᠢ ᠨᠡᠩ ᠣᠨᠣᠪᠴᠢᠲᠠᠶ ᠡᠵᠡᠮᠰᠢᠬᠦ  ᠶᠢ ᠠᠬᠢᠭᠤᠯᠵᠤ᠂ ᠪᠠᠶᠢᠴᠠᠭᠠᠬᠤ ᠠᠵᠢᠯ  ᠤᠨ ᠡᠭᠦᠷᠭᠡ ᠲᠤᠰᠢᠶᠠᠯ  ᠢᠶᠠᠨ ᠭᠦᠢᠴᠡᠳᠬᠡᠬᠦ ᠪᠡᠷ ᠳᠠᠮᠵᠢᠭᠤᠯᠤᠨ ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠢᠷᠢ ᠲᠦᠪᠰᠢᠨ  ᠤ ᠳᠡᠭᠡᠭᠰᠢᠯᠡᠯᠲᠡ  ᠶᠢ ᠠᠬᠢᠭᠤᠯᠪᠠ᠃

ᠣᠶᠢᠯᠠᠭᠠᠭᠰᠠᠨ  ᠢᠶᠠᠷ ᠂ 2023 ᠣᠨ  ᠳᠤ ᠂ ᠠᠷᠠᠳ  ᠤᠨ ᠳᠡᠭᠡᠳᠦ ᠪᠠᠶᠢᠴᠠᠭᠠᠬᠤ ᠬᠣᠷᠢᠶ᠎ᠠ ᠡᠯ᠎ᠡ ᠱᠠᠲᠤᠨ  ᠤ ᠪᠠᠶᠢᠴᠠᠭᠠᠬᠤ ᠪᠠᠶᠢᠭᠤᠯᠭ᠎ᠠ  ᠶᠢᠨ ᠠᠷᠠᠳ ᠣᠯᠠᠨ  ᠦ ︽ ᠬᠡᠷ  ᠤᠨ ᠡᠭᠦᠳᠡ ︾ ᠵᠢᠨ ᠲᠠᠭᠤ ᠱᠤᠸᠭᠢᠶᠠᠨ  ᠤ ᠪᠣᠬᠢᠷᠲᠤᠯ  ᠤᠨ ᠠᠰᠠᠭᠤᠳᠠᠯ  ᠳᠤ ᠴᠢᠭᠯᠡᠭᠦᠯᠦᠨ ᠨᠡᠶᠢᠲᠡ  ᠶᠢᠨ ᠠᠰᠢᠭᠲᠤ ᠵᠠᠷᠭᠤ  ᠶᠢᠨ ᠬᠡᠷᠡᠭ ᠰᠢᠶᠳᠪᠦᠷᠢᠯᠡᠬᠦ ᠠᠵᠢᠯ  ᠢ ᠬᠠᠸᠯᠢ ᠶᠣᠰᠣᠭᠠᠷ ᠥᠷᠨᠢᠭᠦᠯᠬᠦ ᠲᠤᠬᠠᠶ ᠲᠤᠰᠬᠠᠶ ᠰᠡᠳᠦᠪ  ᠢᠶᠠᠷ ᠪᠠᠶᠢᠷᠢᠯᠠᠭᠤᠯᠪᠠ ᠃ ᠡᠯ᠎ᠡ ᠱᠠᠲᠤᠨ  ᠤ ᠪᠠᠶᠢᠴᠠᠭᠠᠬᠤ ᠪᠠᠶᠢᠭᠤᠯᠭ᠎ᠠ ᠨᠤᠭᠤᠳ ᠠᠵᠤ ᠦᠢᠯᠡᠳᠪᠦᠷᠢ᠂ ᠪᠠᠷᠢᠯᠭ᠎ᠠ  ᠶᠢᠨ ᠠᠵᠢᠯ᠂ ᠵᠠᠮ ᠲᠡᠭᠡᠭᠡᠪᠦᠷᠢ᠂ ᠨᠡᠶᠢᠭᠡᠮ  ᠤᠨ ᠠᠮᠢᠳᠤᠷᠠᠯ ᠵᠡᠷᠭᠡ ᠬᠦᠷᠢᠶᠡᠨ  ᠳᠠᠬᠢ ᠳᠠᠭᠤ ᠱᠤᠤᠭᠢᠶᠠᠨ  ᠤ ᠪᠣᠬᠢᠷᠲᠤᠯ  ᠤᠨ ᠠᠰᠠᠭᠤᠳᠠᠯ  ᠳᠤ ᠴᠢᠭᠯᠡᠭᠦᠯᠦᠨ 940 ᠭᠠᠷᠤᠶ ᠨᠡᠶᠢᠲᠡ  ᠶᠢᠨ ᠠᠰᠢᠭᠲᠤ ᠵᠠᠷᠭᠤ  ᠶᠢ ᠰᠢᠶᠳᠪᠦᠷᠢᠯᠡᠵᠦ᠂ ᠨᠢᠭᠡ ᠪᠦᠯᠦᠭ ᠤᠯᠠᠨ ᠲᠦᠮᠡᠨ  ᠤ  ᠪᠠᠴᠢᠮᠳᠠᠵᠤ ᠬᠦᠴᠢᠷᠲᠡᠶ ᠵᠣᠪᠠᠵᠤ ᠪᠠᠶᠢᠭ᠎ᠠ ᠠᠰᠠᠭᠤᠳᠠᠯ  ᠢ ᠰᠢᠶᠳᠪᠦᠷᠢᠯᠡᠬᠦ  ᠶᠢ ᠬᠦᠴᠦᠲᠡᠶ ᠲᠦᠯᠬᠢᠨ ᠠᠬᠢᠭᠤᠯᠪᠠ᠃

ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠨᠢ ᠤᠯᠠᠨ ᠲᠦᠮᠡᠨ  ᠤ ᠦᠢᠯᠡᠳᠪᠦᠷᠢᠯᠡᠯ ᠠᠮᠢᠳᠤᠷᠠᠯ  ᠤᠨ ᠴᠢᠨᠠᠷ ᠴᠢᠨᠰᠠᠭ᠎ᠠ ᠲᠠᠶ ᠬᠣᠯᠪᠣᠭᠳᠠᠨ᠎ᠠ᠃  ᠣᠶᠢᠷ᠎ᠠ   ᠶᠢᠨ ᠵᠢᠯ ᠡᠴᠡ ᠨᠠᠰᠢ ᠂ ᠮᠠᠰᠢᠨ ᠲᠡᠷᠭᠡ 《 ᠵᠡᠭᠡᠯᠢ   ᠶᠢ  ᠦᠢᠮᠡᠭᠦᠯᠦᠭᠰᠡᠨ 》 ᠂ ᠠᠭᠤᠳᠠᠮ ᠲᠠᠯᠠᠪᠠᠶ  ᠳᠦ ᠪᠥᠵᠢᠭᠯᠡᠨ ᠠᠷᠠᠳ   ᠢ ᠦᠢᠮᠡᠭᠦᠯᠦᠭᠰᠡᠨ ᠂ ᠰᠥᠨᠢ ᠪᠡᠷ ᠲᠣᠭᠲᠠᠭᠠᠯ   ᠡᠴᠡ ᠵᠥᠷᠢᠴᠡᠨ ᠪᠠᠷᠢᠯᠭ᠎ᠠ ᠪᠠᠷᠢᠭᠰᠠᠨ ᠵᠡᠷᠭᠡ ᠳᠠᠭᠤ ᠱᠤᠤᠭᠢᠶᠠᠨ  ᠤ ᠪᠣᠬᠢᠷᠲᠤᠯ  ᠤᠨ ᠠᠰᠠᠭᠤᠳᠠᠯ  ᠤᠨ ᠲᠠᠯ᠎ᠠ ᠪᠠᠷ ᠠᠷᠠᠳ ᠣᠯᠠᠨ  ᠤ ᠲᠤᠰᠬᠠᠯ ᠴᠢᠩᠭ᠎ᠠ ᠪᠠᠶᠢᠨ᠎ᠠ ᠃ ᠲᠣᠰ ᠤᠳᠠᠭ᠎ᠠ ᠨᠡᠶᠢᠲᠡᠯᠡᠭᠰᠡᠨ ᠨᠡᠶᠢᠲᠡᠯᠢᠭ ᠬᠡᠷᠡᠭ ᠤᠨ ᠵᠢᠱᠢᠶ᠎ᠡ ᠨᠡᠶᠢᠲᠡ 4 ᠪᠠᠶᠢᠵᠤ ᠂ ᠵᠠᠮ ᠲᠡᠭᠡᠭᠡᠪᠦᠷᠢ ᠂ ᠪᠠᠷᠢᠯᠭ᠎ᠠ  ᠶᠢᠨ ᠠᠵᠢᠯ ᠂ ᠨᠡᠶᠢᠭᠡᠮ  ᠤᠨ ᠠᠮᠢᠳᠤᠷᠠᠯ ᠵᠡᠷᠭᠡ ᠲᠥᠷᠥᠯ ᠬᠡᠯᠪᠡᠷᠢ  ᠶᠢᠨ ᠱᠤᠸᠭᠢᠶᠠᠨ   ᠦ ᠪᠣᠬᠢᠷᠲᠤᠯ  ᠤᠨ ᠠᠰᠠᠭᠤᠳᠠᠯ  ᠳᠤ ᠬᠣᠯᠪᠣᠭᠳᠠᠵᠠᠶ ᠃ ᠱᠤᠸᠭᠢᠶᠠᠨ  ᠤ ᠪᠣᠬᠢᠷᠲᠤᠯ ᠨᠢ ᠭᠱᠠᠨ ᠵᠠᠭᠤᠷ᠎ᠠ  ᠶᠢᠨ ᠴᠢᠨᠠᠷ ᠂ ᠬᠥᠳᠡᠯᠦᠩᠭᠦᠶ ᠴᠢᠨᠠᠷ ᠵᠡᠷᠭᠡ ᠣᠨᠴᠠᠯᠢᠭ ᠲᠠᠶ ᠪᠠᠶᠢᠵᠤ ᠂ ᠪᠠᠶᠢᠴᠠᠭᠠᠯᠲᠠ ᠬᠢᠵᠦ ᠭᠡᠷᠡᠴᠢ ᠠᠪᠬᠤ  ᠶᠢᠨ ᠲᠤᠰᠬᠠᠶ ᠮᠡᠷᠭᠡᠵᠢᠯ  ᠤᠨ ᠴᠢᠨᠠᠷ  ᠤᠨ ᠱᠠᠭᠠᠷᠳᠠᠯᠭ᠎ᠠ ᠨᠢ ᠥᠨᠳᠥᠷ ᠪᠠᠶᠢᠳᠠᠭ ᠃ ᠲᠣᠰ ᠤᠳᠠᠭ᠎ᠠ ᠨᠡᠶᠢᠲᠡᠯᠡᠭᠰᠡᠨ ᠨᠡᠶᠢᠲᠡᠯᠢᠭ ᠬᠡᠷᠡᠭ  ᠤᠨ ᠵᠢᠱᠢᠶ᠎ᠡ  ᠳᠤ ᠂ ᠪᠠᠶᠢᠴᠠᠭᠠᠬᠤ ᠪᠠᠶᠢᠭᠤᠯᠭ᠎ᠠ  ᠪᠠᠶᠢᠴᠠᠭᠠᠬᠤ ᠮᠡᠷᠭᠡᠵᠢᠯ  ᠤᠨ ᠠᠵᠢᠯᠲᠠᠨ   ᠢ ᠰᠢᠯᠵᠢᠭᠦᠯᠦᠨ ᠲᠣᠬᠢᠷᠠᠭᠤᠯᠵᠤ ᠬᠡᠷᠡᠭ ᠰᠢᠶᠳᠪᠦᠷᠢᠯᠡᠬᠦ  ᠳᠦ ᠣᠷᠣᠯᠴᠠᠭᠤᠯᠬᠤ ᠂ ︽ ᠨᠡᠶᠢᠲᠡ   ᠶᠢᠨ ᠲᠥᠯᠥᠭᠡ ᠵᠢᠳᠬᠦᠬᠦ︾ ᠲᠤᠰᠬᠠᠶ ᠮᠡᠷᠭᠡᠵᠢᠯ  ᠤᠨ ᠰᠠᠶᠢᠨ ᠳᠤᠷ᠎ᠠ   ᠶᠢᠨ ᠠᠵᠢᠯᠯᠠᠭᠴᠢ   ᠶᠢ ᠤᠷᠢᠵᠤ ᠮᠡᠷᠭᠡᠵᠢᠯ  ᠤᠨ ᠳᠡᠮᠵᠢᠯᠭᠡ ᠬᠠᠩᠭᠠᠬᠤ ᠂ ᠮᠡᠷᠭᠡᠵᠢᠯ   ᠤᠨ ᠭᠡᠷᠡᠴᠢ ᠠᠪᠬᠤ ᠲᠥᠬᠥᠭᠡᠷᠦᠮᠵᠢ   ᠶᠢ ᠠᠰᠢᠭᠯᠠᠬᠤ ᠵᠡᠷᠭᠡ ᠠᠷᠭ᠎ᠠ ᠮᠠᠶ᠋ᠢᠭ  ᠢᠶᠠᠷ ᠳᠠᠮᠵᠢᠭᠤᠯᠤᠨ ᠂ ᠪᠠᠷᠢᠮᠵᠢᠶ᠎ᠠ   ᠠᠴᠠ ᠬᠡᠲᠦᠷᠡᠭᠰᠡᠨ ᠱᠤᠸᠭᠢᠶᠠᠨ  ᠤ ᠭᠠᠳᠠᠭᠰᠢᠯᠠᠭᠤᠯᠤᠯᠲᠠ   ᠶᠢᠨ ᠭᠡᠷᠡᠴᠢ ᠠᠪᠬᠤ ᠠᠵᠢᠯ   ᠢ ᠥᠨᠳᠥᠷ ᠪᠦᠲᠦᠮᠵᠢᠲᠡᠶ ᠪᠡᠷ ᠪᠡᠶᠡᠯᠡᠭᠦᠯᠵᠡᠶ ᠃ ᠱᠤᠤᠭᠢᠢ᠎ᠠ ᠲᠡᠭᠤᠠ  ᠤ ᠪᠣᠬᠢᠷᠲᠤᠯ  ᠤᠨ ᠠᠰᠠᠭᠤᠳᠠᠯ ᠠᠮᠠᠷᠬᠠᠨ ᠲᠡᠬᠢᠠ ᠢᠯᠡᠷᠡᠵᠦ᠂ ᠵᠠᠰᠠᠭ ᠵᠠᠬᠢᠷᠭᠠᠨ  ᠤ ᠰᠠᠯᠠᠭ᠎ᠠ ᠮᠥᠴᠢᠷ  ᠲᠤ ᠬᠣᠯᠪᠣᠭᠳᠠᠬᠤ ᠨᠢ ᠤᠯᠡᠠ᠂ ᠡᠭᠦᠷᠭᠡ ᠬᠠᠷᠢᠭᠤᠴᠠᠯᠭ᠎ᠠ ᠲᠣᠳᠣᠷᠬᠠᠶ᠂ ᠵᠡᠷᠭᠡᠪᠡᠷ ᠠᠳᠬᠤᠵᠤ ᠬᠠᠮᠲᠤ ᠪᠠᠷ ᠬᠠᠮᠢᠶᠠᠷᠬᠤ᠂ ᠨᠡᠶᠢᠭᠡᠮ ᠨᠡᠶᠢᠲᠡ ᠪᠡᠷ  ᠢᠶᠠᠨ ᠬᠠᠮᠲᠤ ᠪᠠᠷ ᠵᠠᠰᠠᠬᠤ ᠱᠤᠤᠭᠢᠢ᠎ᠠ ᠲᠡᠭᠤᠠ  ᠤ ᠪᠣᠬᠢᠷᠲᠤᠯ  ᠢ ᠰᠡᠷᠭᠡᠶᠢᠯᠡᠨ ᠵᠠᠰᠠᠬᠤ ᠪᠠᠶᠢᠷᠢᠰᠢᠯ  ᠢ ᠪᠤᠢ ᠪᠣᠯᠭᠠᠬᠤ ᠴᠢᠬᠤᠯᠠᠲᠠᠶ᠃ ᠨᠡᠶᠢᠲᠡᠯᠢᠭ ᠬᠡᠷᠡᠭ  ᠤᠨ ᠵᠢᠱᠢᠶ᠎ᠡ ᠨᠢ ᠪᠠᠰᠠ ᠪᠠᠶᠢᠴᠠᠭᠠᠬᠤ ᠪᠠᠶᠢᠭᠤᠯᠭ᠎ᠠ  ᠶᠢᠨ  ᠡᠬᠢᠨ ᠡᠴᠡ ᠨᠢ ᠠᠳᠬᠤᠬᠤ᠂ ᠡᠪᠡᠳᠴᠢᠯᠡᠬᠦ ᠡᠴᠡ ᠨᠢ ᠡᠮᠦᠨ᠎ᠡ ᠡᠮᠨᠡᠬᠦ  ᠶᠢ ᠪᠠᠷᠢᠮᠲᠠᠯᠠᠵᠤ᠂ ᠳᠠᠭᠤ ᠱᠤᠤᠭᠢᠶᠠᠨ    ᠤ ᠪᠣᠬᠢᠷᠲᠤᠯ  ᠢ ᠰᠢᠰᠲ᠋ᠧᠮ ᠲᠡᠶ ᠪᠡᠷ ᠵᠠᠰᠠᠬᠤ᠂ ᠡᠬᠢ ᠡᠭᠦᠰᠦᠯ ᠡᠴᠡ ᠨᠢ ᠵᠠᠰᠠᠬᠤ  ᠶᠢ ᠲᠦᠯᠬᠢᠨ ᠠᠬᠢᠭᠤᠯᠤᠭᠰᠠᠨ  ᠢ ᠬᠠᠷᠠᠭᠤᠯᠵᠤ ᠪᠠᠶᠢᠨ᠎ᠠ᠃ ᠵᠢᠱᠢᠶᠡᠯᠡᠪᠡᠯ ᠵᠧᠵᠢᠶᠠᠩ ᠮᠤᠵᠢ  ᠶᠢᠨ ᠢ ᠦ᠋ ᠬᠣᠲᠠ  ᠶᠢᠨ ᠪᠠᠶᠢᠴᠠᠭᠠᠬᠤ ᠬᠣᠷᠢᠶ᠎ᠠ ᠬᠡᠷᠡᠭ ᠰᠢᠶᠳᠪᠦᠷᠢᠯᠡᠬᠦ ᠪᠡᠷ ᠳᠠᠮᠵᠢᠭᠤᠯᠤᠨ ᠵᠠᠰᠠᠭ ᠵᠠᠬᠢᠷᠭᠠᠨ  ᠦ ᠪᠠᠶᠢᠭᠤᠯᠭ᠎ᠠ  ᠶᠢᠨ ᠬᠣᠯᠪᠣᠭᠳᠠᠯ ᠪᠥᠬᠥᠶ ᠰᠠᠯᠠᠭ᠎ᠠ ᠮᠥᠴᠢᠷ  ᠤᠨ ᠬᠢᠨᠠᠯᠲᠠ ᠬᠠᠮᠢᠶᠠᠷᠤᠯᠲᠠ  ᠶᠢᠨ ᠲᠤᠰᠢᠶᠠᠯ ᠬᠠᠷᠢᠭᠤᠴᠠᠯᠭ᠎ᠠ  ᠶᠢ ᠨᠠᠷᠢᠯᠢᠬᠵᠢᠭᠤᠯᠤᠨ ᠲᠣᠳᠣᠷᠬᠠᠶᠢᠯᠠᠬᠤ  ᠶᠢ ᠳᠥᠯᠭᠢᠨ ᠠᠬᠢᠭᠤᠯᠬᠤ  ᠶᠢᠨ ᠬᠠᠮᠲᠤ ᠂ ᠱᠤᠸᠭᠢᠶᠠᠨ  ᠳᠦ ᠰᠡᠷᠭᠡᠭ ᠪᠠᠷᠢᠯᠭ᠎ᠠ  ᠶᠢᠨ ᠲᠥᠪᠯᠡᠷᠡᠭᠰᠡᠨ ᠣᠷᠣᠨ ᠪᠦᠰᠡ  ᠶᠢ ᠵᠠᠭᠠᠭᠯᠠᠨ ᠲᠣᠭᠲᠠᠭᠠᠵᠤ ᠂ ᠲᠠᠭᠤᠨ  ᠤ ᠴᠢᠳᠠᠮᠵᠢᠳᠣ ᠣᠷᠣᠨ  ᠤ ᠠᠦ᠋ᠲ᠋ᠣ᠋ ᠬᠢᠨᠠᠨ ᠬᠡᠮᠵᠢᠯᠲᠡ ᠵᠡᠷᠭᠡ ᠠᠵᠢᠯ  ᠢ ᠢᠳᠡᠪᠬᠢᠲᠡᠶ ᠳᠥᠯᠭᠢᠨ ᠠᠬᠢᠭᠤᠯᠪᠠ ᠃

ᠠᠷᠠᠳ ᠤᠨ ᠳᠡᠭᠡᠳᠦ ᠪᠠᠶᠢᠴᠠᠭᠠᠬᠤ ᠬᠣᠷᠢᠶᠠᠨ  ᠤ ᠨᠠᠢᠮᠠᠳᠤᠭᠠᠷ ᠪᠠᠶᠢᠴᠠᠭᠠᠬᠤ ᠲᠢᠩᠬᠢᠮ  ᠤᠨ ᠳᠠᠷᠤᠭ᠎ᠠ ᠰᠢᠤᠢ ᠰᠢᠶᠠᠩ ᠴᠦᠨ ᠢᠯᠡᠷᠬᠡᠶᠢᠯᠡᠬᠦ  ᠳᠤ ᠪᠠᠨ ᠂ ᠲᠠᠷᠠᠭᠠᠴᠢ  ᠶᠢᠨ ᠠᠯᠬᠤᠮ  ᠳᠦ ᠂ ᠪᠠᠶᠢᠴᠠᠭᠠᠬᠤ ᠪᠠᠶᠢᠭᠤᠯᠭ᠎ᠠ  ᠶᠢᠨ ᠬᠢᠨ ︽ ᠠᠷᠠᠳ  ᠤᠨ ᠠᠮᠢᠳᠤᠷᠠᠯ  ᠢ ᠪᠠᠶᠢᠴᠠᠭᠠᠨ ᠬᠠᠮᠠᠭᠠᠯᠠᠬᠤ ︾ ᠲᠤᠰᠬᠠᠶ ᠠᠵᠢᠯᠯᠠᠭ᠎ᠠ  ᠶᠢ ᠦᠷᠭᠦᠯᠵᠢᠯᠡᠨ ᠭᠦᠨᠵᠡᠭᠡᠶ ᠳᠥᠯᠭᠢᠨ ᠠᠬᠢᠭᠤᠯᠵᠤ ᠂ ᠴᠢᠨᠠᠷ ᠰᠠᠶᠢᠲᠠᠶ ᠦᠷ᠎ᠡ ᠪᠦᠲᠦᠮᠵᠢ ᠲᠡᠶ ᠪᠡᠷ ᠬᠡᠷᠡᠭ ᠰᠢᠶᠳᠪᠦᠷᠢᠯᠡᠬᠦ ᠪᠡᠷ ᠲᠠᠭᠤᠨ  ᠤ ᠣᠷᠴᠢᠨ ᠠᠬᠤᠶ  ᠶᠢᠨ ᠶᠠᠰᠤ ᠴᠢᠨᠠᠷ  ᠢ ᠦᠷᠭᠦᠯᠵᠢᠯᠡᠨ ᠰᠠᠶᠢᠵᠢᠷᠠᠭᠤᠯᠵᠤ ᠂ ᠪᠠᠶᠢᠴᠠᠭᠠᠬᠤ ᠠᠵᠢᠯ  ᠤᠨ ᠨᠡᠶᠢᠲᠡ  ᠶᠢᠨ ᠠᠰᠢᠭᠲᠤ ᠵᠠᠷᠭᠤ    ᠶᠢ  ᠲᠠᠭᠤᠨ  ᠤ ᠪᠣᠬᠢᠷᠲᠤᠯ  ᠢ ᠰᠡᠷᠭᠡᠶᠢᠯᠡᠨ ᠵᠠᠰᠠᠬᠤ  ᠦᠢᠯᠡᠴᠢᠯᠡᠭᠡᠨ ᠦ ᠠᠵᠢᠯᠯᠠᠭ᠎ᠠ  ᠳᠦ ᠠᠭᠤᠰᠬᠠᠨ ᠣᠷᠣᠭᠤᠯᠬᠤ  ᠶᠢᠨ ᠭᠠᠷᠳᠠᠬᠤ ᠴᠡᠭ  ᠢ ᠣᠨᠣᠪᠴᠢᠲᠠᠶ ᠡᠷᠢᠨ ᠣᠯᠵᠤ ᠂ ᠪᠣᠳᠠᠲᠠᠶ ᠠᠳᠬᠤᠵᠤ ᠂ ᠭᠣᠸᠯᠳᠠᠯᠭ᠎ᠠ  ᠶᠢᠨ ᠲᠣᠭᠣᠷᠢᠨ  ᠳᠦ᠂ ᠲᠠᠭᠤᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠨᠡᠶᠢᠲᠡ  ᠶᠢᠨ ᠠᠰᠢᠭᠲᠤ ᠵᠠᠷᠭᠤ  ᠶᠢᠨ ᠬᠡᠷᠡᠭ ᠰᠢᠶᠳᠪᠦᠷᠢᠯᠡᠬᠦ ᠡᠷᠴᠢᠮ  ᠢ ᠴᠢᠩᠭᠠᠷᠠᠭᠤᠯᠤᠨ᠎ᠠ ᠃ ᠡᠭᠦᠨ  ᠤ ᠵᠡᠷᠭᠡ  ᠳᠤ ᠬᠡᠷᠡᠭ ᠰᠢᠶᠳᠪᠦᠷᠢᠯᠡᠬᠦ ᠲᠡᠶ ᠤᠶᠠᠯᠳᠤᠭᠤᠯᠤᠨ ᠂ ᠲᠠᠭᠤ ᠱᠤᠸᠭᠢᠶᠠᠨ  ᠤ ᠪᠣᠬᠢᠷᠲᠤᠯ   ᠢ ᠰᠡᠷᠭᠡᠶᠢᠯᠡᠨ ᠵᠠᠰᠠᠬᠤ ᠰᠢᠰᠲ᠋ᠧᠮ   ᠢ ᠲᠡᠭᠦᠯᠳᠡᠷᠵᠢᠭᠦᠯᠬᠦ   ᠶᠢ ᠦᠷᠭᠦᠯᠵᠢᠯᠡᠨ ᠠᠬᠢᠭᠤᠯᠵᠤ ᠂ ᠨᠠᠩ ᠶᠡᠬᠡ ᠬᠡᠪᠴᠢᠶᠡᠨ  ᠳᠦ ᠲᠠᠭᠤ ᠱᠤᠸᠭᠢᠶᠠᠨ  ᠤ ᠪᠣᠬᠢᠷᠲᠤᠯ   ᠢ ᠰᠡᠷᠭᠡᠶᠢᠯᠡᠨ ᠵᠠᠰᠠᠬᠤ ᠨᠡᠶᠢᠯᠡᠮᠡᠯ ᠬᠦᠴᠦᠨ   ᠢ ᠲᠥᠪᠯᠡᠷᠡᠭᠦᠯᠦᠨ᠎ᠡ ᠃

 

ᠨᠡᠶᠢᠲᠡᠯᠢᠭ ᠬᠡᠷᠡᠭ  ᠤᠨ ᠵᠢᠱᠢᠶ᠎ᠡ

1. ᠵᠧᠵᠢᠶᠠᠩ ᠮᠤᠵᠢ   ᠶᠢᠨ ᠢ ᠦ᠋ ᠬᠣᠲᠠ   ᠶᠢᠨ ᠠᠷᠠᠳ  ᠤᠨ ᠪᠠᠶᠢᠴᠠᠭᠠᠬᠤ ᠬᠣᠷᠢᠶ᠎ᠠ ᠮᠠᠰᠢᠨᠲᠤ ᠲᠡᠷᠭᠡ   ᠶᠢᠨ 《 ᠵᠡᠭᠡᠯᠢ   ᠶᠢ  ᠦᠢᠮᠡᠭᠦᠯᠦᠭᠰᠡᠨ》 ᠳᠠᠭᠤ ᠱᠤᠤᠭᠢᠶᠠᠨ  ᠤ ᠪᠣᠬᠢᠷᠲᠤᠯ  ᠤᠨ ᠵᠠᠰᠠᠭ ᠵᠠᠬᠢᠷᠭᠠᠨ  ᠤ ᠨᠡᠶᠢᠲᠡ   ᠶᠢᠨ  ᠠᠰᠢᠭᠲᠤ ᠵᠠᠷᠭᠤ   ᠶᠢᠨ ᠬᠡᠷᠡᠭ

2. ᠵᠢᠶᠠᠩᠰᠦ ᠮᠤᠵᠢ   ᠶᠢᠨ ᠨᠠᠨᠲ᠋ᠦ᠋ᠩ ᠬᠣᠲᠠ   ᠶᠢᠨ ᠠᠵᠤ ᠠᠬᠤᠶ ᠮᠡᠷᠭᠡᠵᠢᠯ  ᠤᠨ ᠨᠡᠭᠡᠭᠡᠯᠲᠡ   ᠶᠢᠨ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠶ᠎ᠠ ᠬᠣᠲᠠ   ᠶᠢᠨ ᠥᠨᠳᠥᠷ ᠲᠤᠯᠭᠠᠭᠤᠷᠢᠲᠤ ᠵᠠᠮ ᠳᠡᠭᠡᠷᠡᠬᠢ ᠱᠤᠤᠭᠢᠶᠠᠨ  ᠦ ᠪᠣᠬᠢᠷᠲᠤᠯ  ᠤᠨ ᠵᠠᠰᠠᠭ ᠵᠠᠬᠢᠷᠭᠠᠨ   ᠦ ᠨᠡᠶᠢᠲᠡ   ᠶᠢᠨ  ᠠᠰᠢᠭᠲᠤ ᠵᠠᠷᠭᠤ    ᠶᠢᠨᠬᠡᠷᠡᠭ

3. ᠵᠢᠶᠠᠩᠰᠢ ᠮᠤᠵᠢ   ᠶᠢᠨ ᠶᠢᠩ ᠲᠠᠨ ᠬᠣᠲᠠ   ᠶᠢᠨ ᠠᠷᠠᠳ  ᠤᠨ ᠪᠠᠶᠢᠴᠠᠭᠠᠬᠤ ᠬᠣᠷᠢᠶ᠎ᠠ ᠪᠠᠷᠢᠯᠭ᠎ᠠ   ᠶᠢᠨ ᠠᠵᠢᠯ ᠲᠥᠷᠥᠯ  ᠤᠨ ᠳᠠᠭᠤ ᠱᠤᠤᠭᠢᠶᠠᠨ  ᠤ ᠪᠣᠬᠢᠷᠲᠤᠯ   ᠢ ᠰᠢᠪᠠᠳᠠᠨ  ᠵᠠᠰᠠᠭᠰᠠᠨ ᠵᠠᠰᠠᠭ ᠵᠠᠬᠢᠷᠭᠠᠨ  ᠤ ᠨᠡᠶᠢᠲᠡ   ᠶᠢᠨ  ᠠᠰᠢᠭᠲᠤ ᠵᠠᠷᠭᠤ   ᠶᠢᠨ ᠬᠡᠷᠡᠭ

4. ᠾᠸᠪᠸᠢ ᠮᠤᠵᠢ   ᠶᠢᠨ ᠱᠢ ᠵᠢᠶᠠ ᠵᠤᠸᠠᠩ ᠬᠣᠲᠠ   ᠶᠢᠨ ᠴᠢᠶᠣᠤ ᠰᠢ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠶ᠎ᠠ ᠠᠭᠤᠳᠠᠮ ᠲᠠᠯᠠᠪᠠᠶ   ᠶᠢᠨ ᠪᠥᠵᠢᠭ  ᠤᠨᠱᠤᠤᠭᠢᠶᠠᠨ  ᠦ ᠪᠣᠬᠢᠷᠲᠤᠯ   ᠢ ᠰᠢᠪᠠᠳᠠᠨ  ᠵᠠᠰᠠᠭᠰᠠᠨ ᠵᠠᠰᠠᠭ ᠵᠠᠬᠢᠷᠭᠠᠨ ᠤ ᠨᠡᠶᠢᠲᠡ   ᠶᠢᠨ  ᠠᠰᠢᠭᠲᠤ ᠵᠠᠷᠭᠤ   ᠶᠢᠨ ᠬᠡᠷᠡᠭ

 

ᠵᠧᠵᠢᠶᠠᠩ ᠮᠤᠵᠢ  ᠶᠢᠨ ᠢ ᠦ᠋ ᠬᠣᠲᠠ  ᠶᠢᠨ ᠠᠷᠠᠳ  ᠤᠨ ᠪᠠᠶᠢᠴᠠᠭᠠᠬᠤ ᠬᠣᠷᠢᠶ᠎ᠠ ᠮᠠᠰᠢᠨᠲᠤ ᠲᠡᠷᠭᠡᠨ  ᠤ ︽ᠵᠡᠭᠡᠯᠢ  ᠶᠢ ᠦᠢᠮᠡᠭᠦᠯᠦᠭᠰᠡᠨ︾ ᠱᠤᠸᠭᠢᠶᠠᠨ  ᠤ ᠪᠣᠬᠢᠷᠲᠤᠯ  ᠤᠨ ᠵᠠᠰᠠᠭ ᠵᠠᠬᠢᠷᠭᠠᠨ  ᠤ ᠨᠡᠶᠢᠲᠡ  ᠶᠢᠨ ᠠᠰᠢᠭᠲᠤ ᠵᠠᠷᠭᠤ  ᠶᠢᠨ ᠬᠡᠷᠡᠭ 

【ᠵᠠᠩᠭᠢᠯᠠᠭ᠎ᠠ  ᠶᠢᠨ ᠦᠭᠡ】

ᠵᠠᠰᠠᠭ ᠵᠠᠬᠢᠷᠭᠠᠨ  ᠦ ᠨᠡᠶᠢᠲᠡ  ᠶᠢᠨ ᠠᠰᠢᠭᠲᠤ ᠵᠠᠷᠭᠤ   ᠵᠠᠮ ᠲᠡᠭᠡᠭᠡᠪᠦᠷᠢ  ᠶᠢᠨ ᠲᠠᠭᠤ ᠱᠤᠸᠭᠢᠶᠠᠨ  ᠦ ᠪᠣᠬᠢᠷᠲᠤᠯ      ᠮᠠᠰᠢᠨᠲᠤ ᠲᠡᠷᠭᠡ   ︽ ᠵᠡᠭᠡᠯᠢ ᠶᠢ ᠦᠢᠮᠡᠭᠦᠯᠦᠭᠰᠡᠨ ︾   ︽ ᠨᠡᠶᠢᠲᠡ   ᠶᠢᠨ ᠲᠥᠯᠥᠭᠡ ᠵᠢᠳᠬᠦᠬᠦ︾ ᠰᠠᠶᠢᠨ ᠳᠤᠷ᠎ᠠ  ᠶᠢᠨ ᠠᠵᠢᠯᠯᠠᠭᠴᠢ

【ᠭᠣᠣᠯ ᠵᠣᠷᠢᠯᠭ᠎ᠠ】

ᠨᠡᠶᠢᠭᠡᠮ  ᠤᠨ ᠲᠤᠰᠬᠠᠯ ᠶᠡᠬᠡᠲᠡᠶ ᠮᠠᠰᠢᠨ ᠲᠡᠷᠭᠡᠨ  ᠤ ᠰᠥᠨᠢ ᠪᠡᠷ 《ᠵᠡᠭᠡᠯᠢ ᠶᠢ  ᠦᠢᠮᠡᠭᠦᠯᠵᠦ 》 ᠠᠷᠠᠳ  ᠢ ᠦᠢᠮᠡᠭᠦᠯᠦᠭᠰᠡᠨ ᠲᠣᠪᠣᠶᠢᠮ᠎ᠠ ᠠᠰᠠᠭᠤᠳᠠᠯ  ᠳᠦ ᠴᠢᠭᠯᠡᠭᠦᠯᠦᠨ ᠂ ᠪᠠᠶᠢᠴᠠᠭᠠᠬᠤ ᠪᠠᠶᠢᠭᠤᠯᠭ᠎ᠠ ᠨᠤᠭᠤᠳ ᠵᠠᠰᠠᠭ ᠵᠠᠬᠢᠷᠭᠠᠨ ᠤ  ᠨᠡᠶᠢᠲᠡ  ᠶᠢᠨ ᠠᠰᠢᠭᠲᠤ ᠵᠠᠷᠭᠤ  ᠶᠢᠨ ᠬᠠᠮᠵᠢᠯᠴᠠᠬᠤ ᠳᠠᠪᠠᠭᠤᠯᠢᠭ  ᠢᠶᠡᠨ ᠪᠠᠳᠠᠷᠠᠭᠤᠯᠵᠤ᠂ ᠤᠯᠠᠨ ᠵᠠᠰᠠᠭ ᠵᠠᠬᠢᠷᠭᠠᠨ  ᠦ ᠪᠠᠶᠢᠭᠤᠯᠭ᠎ᠠ  ᠶᠢᠨ ᠬᠠᠤᠯᠢ ᠶᠣᠰᠣᠭᠠᠷ ᠬᠠᠮᠵᠢᠯᠴᠠᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠰᠢᠪᠠᠳᠠᠵᠤ᠂ ᠲᠤᠰᠬᠠᠶ ᠵᠦᠢᠯ  ᠢᠶᠠᠷ ᠴᠡᠭᠴᠡᠯᠡᠨ ᠵᠠᠰᠠᠬᠤ ᠪᠠ ᠤᠷᠳᠤ ᠬᠤᠭᠤᠴᠠᠭᠠᠨ  ᠤ ᠪᠦᠲᠦᠮᠵᠢᠲᠡᠶ ᠰᠡᠷᠭᠡᠶᠢᠯᠡᠨ ᠵᠠᠰᠠᠬᠤ ᠠᠵᠢᠯ  ᠢ ᠥᠷᠨᠢᠭᠦᠯᠬᠦ  ᠶᠢᠨ ᠬᠠᠮᠲᠤ 《ᠰᠡᠳᠬᠢᠯ   ᠢᠶᠠᠨ ᠬᠠᠮᠳᠤᠳᠬᠠᠨ ᠨᠡᠶᠢᠲᠡ ᠶᠢᠨ  ᠲᠥᠯᠥᠭᠡ ᠵᠢᠳᠬᠦᠬᠦ》 ᠰᠠᠶᠢᠨ ᠳᠤᠷ᠎ᠠ  ᠶᠢᠨ ᠠᠵᠢᠯᠯᠠᠭᠴᠢ  ᠶᠢ ᠤᠷᠢᠵᠤ ᠬᠡᠷᠡᠭ ᠰᠢᠶᠳᠪᠦᠷᠢᠯᠡᠬᠦ  ᠳᠦ ᠣᠷᠣᠯᠴᠠᠭᠤᠯᠵᠤ᠂ ᠢᠯᠡ ᠪᠡᠷ ᠭᠡᠷᠡᠴᠢᠯᠡᠭᠡ ᠰᠣᠨᠣᠰᠬᠤ᠂ ᠠᠰᠠᠭᠤᠯᠲᠠ    ᠶᠢᠨ ᠬᠠᠭᠤᠳᠠᠰᠤ ᠪᠠᠷ ᠪᠠᠶᠢᠴᠠᠭᠠᠬᠤ᠂ ᠲᠤᠬᠠᠶ  ᠶᠢᠨ ᠲᠠᠯᠠᠪᠤᠷ ᠲᠤ ᠦᠨᠡᠯᠡᠨ ᠵᠢᠱᠢᠬᠦ ᠵᠡᠷᠭᠡ ᠬᠡᠯᠪᠡᠷᠢ ᠪᠡᠷ ᠬᠢᠨᠠᠯᠲᠠ ᠲᠠᠯᠪᠢᠵᠤ᠂ ᠬᠢᠨᠠᠯᠲᠠ ᠲᠠᠯᠪᠢᠬᠤ ᠴᠢᠨᠠᠷ ᠴᠢᠨᠰᠠᠭ᠎ᠠ ᠦᠷ᠎ᠡ ᠪᠦᠲᠦᠮᠵᠢ  ᠶᠢ ᠳᠡᠭᠡᠭᠰᠢᠯᠡᠭᠦᠯᠦᠨ᠂ ᠠᠷᠠᠳ ᠤᠯᠠᠨ  ᠤ ᠠᠮᠤᠷ ᠲᠠᠶᠢᠪᠤᠩ ᠠᠮᠢᠳᠤᠷᠠᠯ  ᠢ ᠰᠠᠬᠢᠨ ᠬᠠᠮᠠᠭᠠᠯᠠᠪᠠ᠃

【ᠬᠡᠷᠡᠭ  ᠤᠨ ᠦᠨᠳᠦᠰᠦᠨ ᠪᠠᠶᠢᠳᠠᠯ】

ᠣᠶᠢᠷ᠎ᠠ   ᠶᠢᠨ ᠵᠢᠯ ᠡᠴᠡ ᠨᠠᠰᠢ ᠵᠧᠵᠢᠶᠠᠩ ᠮᠤᠵᠢ   ᠶᠢᠨ ᠢ ᠡᠦ ᠬᠣᠲᠠ   ᠶᠢᠨ ᠱᠠᠩ ᠴᠧᠩ ᠶᠡᠬᠡ ᠵᠠᠮ ᠵᠡᠷᠭᠡ ᠣᠯᠠᠨ ᠵᠠᠮ ᠬᠠᠷᠢᠯᠴᠠᠭᠠᠨ  ᠦ ᠭᠣᠣᠯ ᠵᠠᠮ ᠳᠡᠭᠡᠷ᠎ᠡ ᠮᠠᠰᠢᠨᠲᠤ ᠲᠡᠷᠭᠡ ᠰᠥᠨᠢ ᠪᠡᠷ ᠨᠢᠵᠢᠭᠢᠨᠡᠵᠦ 《 ᠵᠡᠭᠡᠯᠢ   ᠶᠢ  ᠦᠢᠮᠡᠭᠦᠯᠬᠦ》 ᠶᠠᠪᠤᠳᠠᠯ ᠤᠷᠲᠤ ᠬᠤᠭᠤᠴᠠᠭ᠎ᠠ ᠪᠠᠷ ᠣᠷᠣᠰᠢᠵᠤ ᠂ ᠠᠭᠱᠠᠨ ᠵᠠᠭᠤᠷ᠎ᠠ   ᠶᠢᠨ ᠱᠤᠤᠭᠢᠶᠠᠨ ᠭᠠᠷᠴᠤ ᠂ ᠡᠷᠭᠢᠨ ᠲᠣᠭᠣᠷᠢᠨ   ᠦ ᠰᠠᠭᠤᠭᠠᠯᠢ ᠠᠷᠠᠳ  ᠤᠨ ᠠᠮᠢᠳᠤᠷᠠᠯ  ᠤᠨ ᠠᠮᠤᠷ ᠲᠣᠭᠲᠠᠭᠤᠨ   ᠢ ᠬᠦᠨᠳᠦ ᠨᠣᠴᠢᠲᠠᠶ ᠨᠥᠯᠥᠭᠡᠯᠡᠵᠦ ᠪᠠᠶᠢᠨ᠎ᠠ ᠃ ︽ ᠲᠠᠭᠤᠨ  ᠤ ᠣᠷᠴᠢᠨ ᠲᠣᠭᠣᠷᠢᠨ  ᠤ ᠶᠠᠰᠤ ᠴᠢᠨᠠᠷ  ᠤᠨ ᠪᠠᠷᠢᠮᠵᠢᠶ᠎ᠠ ︾ ︵ GB3096 ︱ 2008 ︶ ᠂ ︽ ᠢ ᠦ᠋ ᠬᠣᠲᠠ  ᠶᠢᠨ ᠲᠥᠪ ᠬᠣᠲᠠ  ᠶᠢᠨ ᠲᠣᠭᠣᠷᠢᠭ  ᠤᠨ ᠲᠠᠭᠤᠨ  ᠤ ᠣᠷᠴᠢᠨ ᠲᠣᠭᠣᠷᠢᠨ  ᠤ ᠴᠢᠳᠠᠮᠵᠢᠳᠣ ᠣᠷᠣᠨ  ᠢ ᠬᠤᠪᠢᠶᠠᠷᠢᠯᠠᠬᠤ ᠲᠥᠰᠦᠯ ︾  ᠢ ᠦᠨᠳᠦᠰᠦᠯᠡᠪᠡᠯ ᠂ ᠳᠡᠭᠡᠷ᠎ᠡ ᠳᠤᠷᠠᠳᠤᠭᠰᠠᠨ ᠵᠠᠮ ᠬᠠᠷᠢᠯᠴᠠᠭᠠᠨ  ᠤ ᠭᠣᠸᠯ ᠵᠠᠮ ᠳᠠᠭᠠᠸ  ᠶᠢᠨ ᠰᠠᠭᠤᠭᠠᠯᠢ ᠠᠷᠠᠳ  ᠤᠨ ᠲᠣᠭᠣᠷᠢᠭ  ᠢ 4a ᠲᠥᠷᠥᠯ  ᠤᠨ ᠲᠠᠭᠤᠨ  ᠤ ᠣᠷᠴᠢᠨ ᠲᠣᠭᠣᠷᠢᠨ  ᠤ ᠴᠢᠳᠠᠮᠵᠢᠳᠣ ᠣᠷᠣᠨ  ᠢᠶᠠᠷ ᠵᠠᠭᠠᠭᠯᠠᠨ ᠲᠣᠭᠲᠠᠭᠠᠵᠤ ᠂ ᠰᠥᠨᠢ  ᠶᠢᠨ ᠱᠤᠸᠭᠢᠶᠠᠨ  ᠦ ᠬᠢᠵᠠᠭᠠᠷ ᠬᠡᠮᠵᠢᠭᠳᠡᠯ  ᠢ 55dB ︵ A ︶ ᠪᠣᠯᠭᠠᠵᠤ ᠂ ᠭᠡᠨᠡᠳᠲᠡ  ᠶᠢᠨ ᠱᠤᠸᠭᠢᠶᠠᠨ  ᠦ ᠬᠠᠮᠤᠭ  ᠤᠨ ᠶᠡᠬᠡ ᠲᠠᠭᠤᠨ  ᠤ ᠲᠠᠰ  ᠢ 70dB ︵ A ︶ ᠡᠴᠡ ᠬᠡᠲᠦᠷᠡᠭᠦᠯᠵᠦ ᠪᠣᠯᠬᠤ ᠥᠬᠡᠶ ᠃ ᠣᠯᠠᠨ ᠤᠳᠠᠭᠠᠨ  ᠤ ᠲᠤᠬᠠᠶ  ᠶᠢᠨ ᠲᠠᠯᠠᠪᠤᠷ  ᠤᠨ ᠬᠢᠨᠠᠨ ᠬᠡᠮᠵᠢᠯᠲᠡ ᠪᠡᠷ ᠳᠠᠮᠵᠢᠭᠠᠳ ᠂ ᠳᠡᠭᠡᠷ᠎ᠡ ᠳᠤᠷᠠᠳᠤᠭᠰᠠᠨ ᠣᠷᠣᠨ ᠪᠦᠰᠡ  ᠶᠢᠨ 22 ᠴᠠᠭ  ᠡᠴᠡ 24 ᠴᠠᠭ  ᠤᠨ ᠬᠣᠭᠣᠷᠣᠨᠳᠣ ᠮᠠᠰᠢᠨ ᠲᠡᠷᠭᠡ ᠠᠭᠱᠠᠨ ᠵᠠᠭᠤᠷ᠎ᠠ ᠬᠦᠩᠭᠢᠨᠡᠵᠦ ᠂ ᠪᠠᠶᠢᠴᠠᠭᠠᠨ ᠬᠡᠮᠵᠢᠭᠰᠡᠨ ᠲᠣᠭ᠎ᠠ ᠪᠠᠷᠢᠮᠲᠠ ᠨᠢ 74-85dB ︵ A ︶ ᠪᠠᠶᠢᠵᠤ ᠂ ᠱᠤᠸᠭᠢᠶᠠᠨ  ᠤ ᠬᠢᠵᠠᠭᠠᠷ ᠬᠡᠮᠵᠢᠭᠳᠡᠯ ᠡᠴᠡ ᠳᠠᠪᠠᠵᠤ ᠂ ᠱᠤᠸᠭᠢᠶᠠᠨ  ᠤ ᠪᠣᠬᠢᠷᠲᠤᠯ ᠣᠷᠣᠰᠢᠵᠤ ᠪᠠᠶᠢᠨ᠎ᠠ ᠃ ᠳᠡᠭᠡᠷ᠎ᠡ ᠳᠤᠷᠠᠳᠤᠭᠰᠠᠨ ᠠᠰᠠᠭᠤᠳᠠᠯ ᠦᠳ ᠤᠷᠳᠤ ᠬᠤᠭᠤᠴᠠᠭ᠎ᠠ ᠪᠠᠷ ᠣᠷᠣᠰᠢᠵᠤ ᠪᠠᠶᠢᠬᠤ  ᠡᠴᠡ ᠪᠤᠯᠵᠤ ᠠᠷᠠᠳ ᠤᠯᠠᠨ ᠣᠯᠠᠨᠲᠠ ᠵᠠᠭᠠᠯᠳᠤᠵᠦ ᠢᠯᠡᠴᠢᠯᠡᠨ ᠮᠡᠳᠡᠭᠦᠯᠦᠭᠰᠡᠨ ᠪᠣᠯᠪᠠᠴᠤ ᠶᠡᠷᠦ ᠡᠴᠡ ᠪᠦᠲᠦᠮᠵᠢᠲᠡᠶ ᠪᠡᠷ ᠴᠡᠭᠴᠡᠯᠡᠨ ᠵᠠᠰᠠᠵᠤ ᠴᠢᠳᠠᠭ᠎ᠠ ᠦᠭᠡᠢ ᠪᠠᠶᠢᠨ᠎ᠠ᠃

【ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠪᠠᠶᠢᠴᠠᠭᠠᠭᠰᠠᠨ ᠪᠠ ᠰᠢᠪᠠᠳᠠᠭᠰᠨ ᠪᠠᠶᠢᠳᠠᠯ】

2023  ᠤᠨ  ᠤ 6 ᠰᠠᠷ᠎ᠠ  ᠳᠤ ᠂ ᠵᠧᠵᠢᠶᠠᠩ ᠮᠤᠵᠢ  ᠶᠢᠨ ᠢ ᠦ᠋ ᠬᠣᠲᠠ  ᠶᠢᠨ ᠠᠷᠠᠳ  ᠤᠨ ᠪᠠᠶᠢᠴᠠᠭᠠᠬᠤ ᠬᠣᠷᠢᠶ᠎ᠠ ︵ ᠳᠣᠷᠣᠭᠰᠢ ᠢ ᠦ᠋ ᠬᠣᠲᠠ  ᠶᠢᠨ ᠬᠣᠷᠢᠶ᠎ᠠ ᠭᠡᠵᠦ ᠲᠣᠪᠴᠢᠯᠠᠨ᠎ᠠ ︶ ︽ ᠨᠡᠶᠢᠲᠡ  ᠶᠢᠨ ᠲᠥᠯᠥᠭᠡ  ᠰᠡᠳᠬᠢᠯ ᠲᠠᠯᠪᠢᠬᠤ ︾ ᠰᠠᠶᠢᠨ ᠳᠤᠷ᠎ᠠ  ᠶᠢᠨ ᠠᠵᠢᠯᠯᠠᠭᠴᠢ  ᠶᠢᠨ ᠰᠦᠪᠡᠭᠴᠢ ᠵᠢᠴᠢ 12345 ᠬᠠᠯᠠᠭᠤᠨ ᠤᠲᠠᠰᠤ ᠵᠡᠷᠭᠡ ᠲᠠᠪᠴᠠᠩ  ᠤᠨ ᠵᠠᠭᠠᠯᠳᠤᠵᠤ ᠢᠯᠡᠴᠢᠯᠡᠨ ᠮᠡᠳᠡᠭᠦᠯᠦᠭᠰᠡᠨ ᠮᠡᠳᠡᠭᠡ ᠵᠠᠩᠭᠢ ᠪᠠᠷ ᠳᠠᠮᠵᠢᠭᠤᠯᠤᠨ ᠬᠡᠷᠡᠭ  ᠤᠨ ᠰᠦᠪᠡᠭᠴᠢ  ᠶᠢ ᠢᠯᠡᠷᠡᠭᠦᠯᠪᠡ ᠃ ᠮᠠᠰᠢᠨ ᠲᠡᠷᠭᠡᠨ  ᠤ 《 ᠵᠡᠭᠡᠯᠢ ᠶᠢ ᠦᠢᠮᠡᠭᠦᠯᠦᠭᠰᠡᠨ 》 ᠱᠤᠤᠭᠢᠶᠠᠨ  ᠤ ᠬᠣᠷᠣᠮ  ᠤᠨ ᠴᠢᠨᠠᠷᠲᠠᠶ ᠭᠡᠷᠡᠴᠢ ᠠᠪᠬᠤ ᠬᠦᠴᠢᠷ ᠠᠰᠠᠭᠤᠳᠠᠯ  ᠢ ᠰᠢᠶᠳᠪᠦᠷᠢᠯᠡᠬᠦ   ᠶᠢᠨ ᠲᠥᠯᠥᠭᠡ ᠂ ᠢ ᠡᠦ ᠬᠣᠲᠠ  ᠶᠢᠨ ᠬᠣᠷᠢᠶ᠎ᠠ ᠰᠠᠨᠠᠭᠠᠴᠢᠯᠠᠭ᠎ᠠ  ᠡᠴᠡ ᠪᠠᠨ ᠣᠷᠴᠢᠨ ᠲᠣᠭᠣᠷᠢᠨ  ᠤ ᠬᠠᠮᠠᠭᠠᠯᠠᠯᠲᠠ  ᠶᠢᠨ ᠬᠦᠷᠢᠶᠡᠨ  ᠳᠡᠬᠢ 《 ᠰᠡᠳᠬᠢᠯ  ᠢᠶᠠᠨ ᠬᠠᠮᠲᠤᠳᠬᠠᠨ ᠨᠡᠶᠢᠲᠡ  ᠶᠢᠨ ᠲᠥᠯᠥᠭᠡ  ᠰᠡᠳᠬᠢᠯ ᠲᠠᠯᠪᠢᠬᠤ 》 ᠰᠠᠶᠢᠨ ᠳᠤᠷ᠎ᠠ  ᠶᠢᠨ ᠦᠢᠯᠡᠴᠢᠯᠡᠭᠡᠨ  ᠦ ᠲᠤᠰᠬᠠᠶ ᠮᠡᠷᠭᠡᠵᠢᠯᠲᠡᠨ  ᠢ ᠤᠷᠢᠵᠤ ᠪᠠᠶᠢᠴᠠᠭᠠᠯᠲᠠ ᠬᠢᠵᠦ ᠭᠡᠷᠡᠴᠢ ᠠᠪᠬᠤ ᠠᠵᠢᠯ  ᠢ ᠲᠣᠭᠠᠨ ᠤ ‍ ᠳᠠᠭᠤᠨ ᠳᠡᠰ  ᠤᠨ ᠬᠡᠮᠵᠢᠭᠦᠷ   ᠢ ᠬᠡᠷᠡᠭᠯᠡᠨ ᠂ ᠤᠷᠲᠤᠷᠢᠭ ᠥᠷᠭᠡᠷᠢᠭ  ᠤᠨ ᠭᠡᠷᠡᠯ ᠵᠢᠷᠤᠭ  ᠤᠨ ᠮᠠᠰᠢᠨ ᠂ ᠳᠦᠷᠰᠦ ᠰᠢᠩᠭᠡᠭᠡᠬᠦ ᠮᠠᠰᠢᠨ ᠵᠡᠷᠭᠡ ᠲᠥᠬᠥᠭᠡᠷᠦᠮᠵᠢ   ᠶᠢᠨ ᠣᠯᠠᠨ ᠤᠳᠠᠭ᠎ᠠ ᠂ ᠣᠯᠠᠨ ᠴᠠᠭ  ᠤᠨ ᠬᠡᠰᠡᠭ ᠂ ᠣᠯᠠᠨ ᠴᠡᠭ  ᠤᠨ ᠪᠠᠶᠢᠷᠢ   ᠶᠢᠨ ᠲᠤᠬᠠᠶ   ᠶᠢᠨ ᠲᠠᠯᠠᠪᠠᠶ   ᠶᠢᠨ ᠬᠢᠨᠠᠨ ᠬᠡᠮᠵᠢᠯᠲᠡ   ᠢᠶᠠᠷ ᠳᠠᠮᠵᠢᠭᠠᠳ ᠂ ᠳᠣᠲᠣᠭᠠᠳᠤ  ᠶᠢ ᠬᠠᠮᠠᠭᠠᠯᠠᠬᠤ ᠵᠠᠮ ᠬᠠᠷᠢᠯᠴᠠᠭᠠᠨ  ᠤ ᠴᠠᠭᠳᠠᠭ᠎ᠠ  ᠶᠢᠨ ᠰᠠᠯᠠᠭ᠎ᠠ ᠮᠥᠴᠢᠷ ᠡᠴᠡ ᠵᠠᠮ  ᠤᠨ ᠬᠡᠰᠡᠭ  ᠢ ᠬᠢᠨᠠᠨ ᠡᠵᠡᠮᠳᠡᠬᠦ ᠂ ᠬᠣᠯᠪᠣᠭᠳᠠᠯ ᠪᠥᠬᠥᠶ ᠵᠠᠰᠠᠭ ᠵᠠᠬᠢᠷᠭᠠᠨ  ᠤ ᠬᠠᠸᠯᠢ ᠬᠡᠷᠡᠭᠵᠢᠭᠦᠯᠬᠦ ᠲᠠᠩᠰᠠ ᠡᠪᠬᠡᠮᠡᠯ ᠵᠡᠷᠭᠡ  ᠶᠢ ᠰᠢᠯᠵᠢᠭᠦᠯᠦᠨ ᠠᠪᠴᠤ ᠂ ᠳᠡᠭᠡᠷ᠎ᠡ ᠳᠤᠷᠠᠳᠤᠭᠰᠠᠨ ᠣᠷᠣᠨ  ᠳᠦ ᠰᠥᠨᠢ ᠪᠡᠷ ᠮᠠᠰᠢᠨᠲᠤ ᠲᠡᠷᠭᠡ ︽ ᠵᠡᠭᠡᠯᠢ ᠶᠢ ᠦᠢᠮᠡᠭᠦᠯᠦᠭᠰᠡᠨ︾ ᠱᠤᠸᠭᠢᠶᠠᠨ  ᠤ ᠪᠣᠬᠢᠷᠲᠤᠯ ᠣᠷᠣᠰᠢᠵᠤ ᠪᠠᠶᠢᠭ᠎ᠠ ᠪᠣᠳᠠᠲᠤ ᠬᠡᠷᠡᠭ  ᠢ ᠪᠠᠶᠢᠴᠠᠭᠠᠨ ᠳᠣᠲᠣᠯᠠᠵᠤ ᠂ ᠬᠢᠨᠠᠨ ᠬᠡᠮᠵᠢᠬᠦ ᠬᠤᠭᠤᠴᠠᠭᠠᠨ  ᠳᠦ 12 ᠮᠠᠰᠢᠨᠲᠤ ᠲᠡᠷᠭᠡ ᠪᠠᠷᠢᠮᠵᠢᠶ᠎ᠠ  ᠶᠢ ᠬᠡᠲᠦᠷᠡᠭᠦᠯᠦᠨ ᠱᠤᠸᠭᠢᠶᠠᠨ  ᠢ ᠭᠠᠳᠠᠭᠰᠢᠯᠠᠭᠤᠯᠵᠤ ᠂ ᠡᠭᠦᠨ  ᠳᠦ 9 ᠮᠠᠰᠢᠨᠲᠤ ᠲᠡᠷᠭᠡ  ᠶᠢ ᠳᠤᠷ᠎ᠠ ᠪᠠᠷ  ᠢᠶᠠᠨ ᠥᠭᠡᠷᠡᠴᠢᠯᠡᠨ ᠤᠭᠰᠠᠷᠠᠵᠤ ᠂ ᠲᠠᠭᠤ ᠨᠠᠮᠳᠠᠭᠠᠬᠤ ᠬᠣᠭᠣᠯᠠᠶ  ᠶᠢ  ᠨᠢ ᠡᠪᠳᠡᠨ ᠂ ᠬᠡᠶ ᠭᠠᠳᠠᠭᠰᠢᠯᠠᠭᠤᠯᠬᠤ ᠬᠣᠭᠣᠯᠠᠶ  ᠶᠢ ᠤᠷᠲᠤᠳᠬᠠᠬᠤ  ᠶᠢᠨ ᠬᠠᠮᠲᠤ ᠱᠤᠸᠭᠢᠬᠤ ᠂ ᠲᠦᠷᠭᠡᠨ ᠳᠠᠪᠬᠢᠭᠤᠯᠬᠤ ᠵᠡᠷᠭᠡ ᠠᠷᠭ᠎ᠠ ᠮᠠᠶ᠋ᠢᠭ  ᠢᠶᠡᠷ ᠱᠤᠸᠭᠢᠶᠠᠨ  ᠪᠣᠶ ᠪᠣᠯᠭᠠᠪᠠ ᠃

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠳᠠᠭᠤ ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠤᠯᠢ 》  ᠶᠢᠨ ᠨᠠᠢᠮᠠᠳᠤᠭᠠᠷ ᠵᠦᠢᠯ ᠂ ᠳᠥᠴᠢᠨ ᠳᠥᠷᠪᠡᠳᠦᠭᠡᠷ ᠵᠦᠢᠯ ᠂ ᠳᠥᠴᠢᠨ ᠳᠣᠯᠣᠳᠤᠭᠠᠷ ᠵᠦᠢᠯ ᠂ ᠳᠥᠴᠢ ᠶᠢᠰᠦᠳᠦᠭᠡᠷ ᠵᠦᠢᠯ ᠂ ᠳᠠᠯᠠ ᠶᠢᠰᠦᠳᠦᠭᠡᠷ ᠵᠦᠢᠯ ᠂ 《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠵᠠᠮ ᠬᠠᠷᠢᠯᠴᠠᠭᠠᠨ  ᠤ ᠠᠮᠤᠷ ᠲᠦᠪᠰᠢᠨ  ᠤ ᠬᠠᠤᠯᠢ 》  ᠶᠢᠨ ᠲᠠᠪᠤᠳᠤᠭᠠᠷ ᠵᠦᠢᠯ ᠂ ᠠᠷᠪᠠᠨ ᠵᠢᠷᠭᠤᠳᠤᠭᠠᠷ ᠵᠦᠢᠯ ᠂ ᠶᠡᠷᠡᠳᠦᠭᠡᠷ ᠵᠦᠢᠯ ᠵᠡᠷᠭᠡ ᠲᠣᠭᠲᠠᠭᠠᠯ ᠵᠢᠴᠢ ᠬᠣᠯᠪᠣᠭᠳᠠᠯ ᠪᠦᠬᠦᠢ ᠰᠠᠯᠠᠭ᠎ᠠ ᠮᠥᠴᠢᠷ  ᠤᠨ 《 ᠭᠤᠷᠪᠠ  ᠶᠢ ᠲᠣᠭᠲᠠᠭᠠᠬᠤ ᠲᠥᠰᠦᠯ 》  ᠢ ᠦᠨᠳᠦᠰᠦᠯᠡᠨ ᠂ ᠳᠣᠲᠣᠭᠠᠳᠤ  ᠶᠢ ᠬᠠᠮᠠᠭᠠᠯᠠᠬᠤ ᠪᠠᠶᠢᠭᠤᠯᠭ᠎ᠠ ᠨᠢ ᠮᠠᠰᠢᠨᠲᠤ ᠲᠡᠷᠭᠡᠨ  ᠤ ᠵᠠᠮ ᠬᠠᠷᠢᠯᠴᠠᠭ᠎ᠠ ᠲᠡᠭᠡᠭᠡᠪᠦᠷᠢ  ᠶᠢᠨ ᠱᠤᠸᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ ᠵᠢᠴᠢ ᠵᠠᠮ ᠬᠠᠷᠢᠯᠴᠠᠭᠠᠨ  ᠤ ᠠᠮᠤᠷ ᠲᠦᠪᠰᠢᠨ  ᠢ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ  ᠶᠢ ᠡᠭᠦᠷᠭᠡᠯᠡᠵᠦ ᠂ ᠠᠮᠢ ᠠᠬᠤᠶ  ᠶᠢᠨ ᠣᠷᠴᠢᠨ ᠲᠣᠭᠣᠷᠢᠨ  ᠦ ᠰᠠᠯᠠᠭ᠎ᠠ ᠮᠥᠴᠢᠷ ᠨᠢ ᠬᠠᠷᠢᠶᠠᠲᠤ ᠣᠷᠣᠨ  ᠤ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ  ᠳᠦ ᠨᠢᠭᠡᠳᠦᠯᠲᠡᠶ ᠬᠢᠨᠠᠯᠲᠠ ᠬᠠᠮᠢᠶᠠᠷᠤᠯᠲᠠ  ᠶᠢ ᠬᠡᠷᠡᠭᠵᠢᠭᠦᠯᠦᠨ᠎ᠡ ᠃ ᠢ ᠦ᠋ ᠬᠣᠲᠠ  ᠶᠢᠨ ᠬᠣᠷᠢᠶ᠎ᠠ 8 ᠰᠠᠷ᠎ᠠ  ᠶᠢᠨ 25  ᠦ ᠡᠳᠦᠷ ᠬᠠᠸᠯᠢ ᠶᠣᠰᠣᠭᠠᠷ ᠵᠠᠰᠠᠭ ᠶᠠᠪᠤᠭᠤᠯᠬᠤ ᠨᠡᠶᠢᠲᠡ  ᠶᠢᠨ ᠠᠰᠢᠭᠲᠤ ᠵᠠᠷᠭᠤ  ᠶᠢ ᠬᠡᠷᠡᠭ ᠪᠣᠯᠭᠠᠨ ᠳᠡᠩᠰᠡᠯᠡᠪᠡ ᠃ 9 ᠰᠠᠷ᠎ᠠ  ᠶᠢᠨ 5  ᠦ ᠡᠳᠦᠷ᠂ ᠢ ᠡᠦ ᠬᠣᠲᠠ  ᠶᠢᠨ ᠬᠣᠷᠢᠶ᠎ᠠ ᠵᠢᠨ ᠬᠤᠸᠠ ᠬᠣᠲᠠ  ᠶᠢᠨ ᠠᠮᠢ ᠠᠬᠤᠶ  ᠶᠢᠨ ᠣᠷᠴᠢᠨ ᠲᠣᠭᠣᠷᠢᠨ  ᠦ ᠲᠣᠪᠴᠢᠶ᠎ᠠ  ᠶᠢᠨ ᠢ ᠡᠦ ᠬᠤᠪᠢᠶᠠᠷᠢ ᠲᠣᠪᠴᠢᠶ᠎ᠠ ᠂ ᠢ ᠡᠦ ᠬᠣᠲᠠ  ᠶᠢᠨ ᠳᠣᠲᠣᠭᠠᠳᠤ  ᠶᠢ ᠬᠠᠮᠠᠭᠠᠯᠠᠬᠤ ᠲᠣᠪᠴᠢᠶ᠎ᠠ   ᠶᠢ ᠴᠤᠭᠯᠠᠭᠤᠯᠤᠨ ᠵᠥᠪᠳᠡᠯᠴᠡᠬᠦ ᠬᠤᠷᠠᠯ ᠬᠤᠷᠠᠯᠳᠤᠭᠤᠯᠵᠤ ᠂ ᠠᠮᠢ ᠠᠬᠤᠶ  ᠶᠢᠨ ᠣᠷᠴᠢᠨ ᠲᠣᠭᠣᠷᠢᠨ  ᠦ ᠰᠠᠯᠠᠭ᠎ᠠ ᠮᠥᠴᠢᠷ ᠲᠦᠷᠦᠭᠦᠯᠡᠨ ᠲᠠᠭᠤ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠲᠤᠰᠬᠠᠶ ᠠᠵᠢᠯᠯᠠᠭ᠎ᠠ  ᠶᠢ ᠥᠷᠨᠢᠭᠦᠯᠬᠦ ᠂ ᠲᠠᠭᠤ ᠱᠤᠸᠭᠢᠶᠠᠨ  ᠳᠦ ᠰᠡᠷᠭᠡᠭ ᠪᠠᠷᠢᠯᠭ᠎ᠠ  ᠶᠢᠨ ᠭᠣᠸᠯᠳᠠᠯᠭ᠎ᠠ ᠲᠠᠶ ᠣᠷᠣᠨ ᠪᠦᠰᠡ  ᠶᠢᠨ ᠲᠠᠭᠤᠨ  ᠣᠷᠴᠢᠨ ᠲᠣᠭᠣᠷᠢᠨ  ᠦ ᠶᠠᠰᠤ ᠴᠢᠨᠠᠷ  ᠢ ᠬᠢᠨᠠᠨ ᠬᠡᠮᠵᠢᠬᠦ  ᠶᠢ ᠴᠢᠩᠭᠠᠳᠬᠠᠬᠤ ᠵᠢᠴᠢ ᠬᠣᠯᠪᠣᠭᠳᠠᠯ ᠪᠥᠬᠥᠶ ᠰᠠᠯᠠᠭ᠎ᠠ ᠮᠥᠴᠢᠷ ᠲᠡᠶ ᠬᠠᠮᠲᠤᠷᠠᠨ ᠪᠠᠶᠢᠴᠠᠭᠠᠵᠤ ᠬᠢᠨᠠᠨ ᠵᠢᠯᠣᠭᠣᠳᠬᠤ ᠂ ᠬᠠᠮᠲᠤᠷᠠᠨ ᠬᠠᠸᠯᠢ ᠬᠡᠷᠡᠭᠵᠢᠭᠦᠯᠬᠦ ᠂ ᠤᠬᠠᠭᠤᠯᠭ᠎ᠠ ᠬᠥᠮᠦᠵᠢᠯ ᠂ ᠠᠵᠢᠯ ᠲᠥᠷᠥᠯ  ᠤᠨ ᠵᠠᠰᠠᠯᠲᠠ ᠵᠡᠷᠭᠡ ᠣᠷᠳᠣ ᠬᠤᠭᠤᠴᠠᠭᠠᠨ  ᠤ ᠪᠦᠲᠦᠮᠵᠢᠲᠡᠶ ᠲᠣᠭᠲᠠᠴᠠ  ᠶᠢ ᠪᠠᠶᠢᠭᠤᠯᠬᠤ ᠲᠤᠬᠠᠶ ᠰᠠᠨᠠᠯ ᠨᠢᠭᠡᠲᠡᠶ ᠪᠣᠯᠪᠠ ᠃ 9 ᠰᠠᠷ᠎ᠠ  ᠶᠢᠨ 6  ᠦ ᠡᠳᠦᠷ ᠂ ᠢ ᠦ᠋ ᠬᠣᠲᠠ  ᠶᠢᠨ ᠬᠣᠷᠢᠶ᠎ᠠ  ᠡᠴᠡ ᠢ ᠦ᠋ ᠬᠣᠲᠠ  ᠶᠢᠨ ᠳᠣᠲᠣᠭᠠᠳᠤ  ᠶᠢ ᠬᠠᠮᠠᠭᠠᠯᠠᠬᠤ ᠲᠣᠪᠴᠢᠶ᠎ᠠ  ᠳᠦ ᠪᠠᠶᠢᠴᠠᠭᠠᠬᠤ ᠰᠠᠨᠠᠭᠤᠯᠭ᠎ᠠ ᠨᠡᠶᠢᠲᠡᠯᠡᠵᠦ ᠂ ᠲᠡᠭᠦᠨ  ᠢ ᠰᠢᠪᠠᠳᠠᠵᠤ ᠪᠠᠶᠢᠭᠠᠳ ᠮᠠᠰᠢᠨᠲᠤ ᠲᠡᠷᠭᠡ  ᠶᠢ ᠳᠤᠷ᠎ᠠ ᠪᠠᠷ  ᠢᠶᠡᠨ ᠥᠭᠡᠷᠡᠴᠢᠯᠡᠨ ᠤᠭᠰᠠᠷᠠᠵᠤ ᠂ ᠱᠤᠸᠭᠢᠬᠤ ᠂ ᠲᠦᠷᠭᠡᠨ ᠳᠠᠪᠬᠢᠭᠤᠯᠬᠤ ᠵᠡᠷᠭᠡ ᠠᠷᠭ᠎ᠠ ᠮᠠᠶ᠋ᠢᠭ  ᠢᠶᠡᠷ ᠱᠤᠸᠭᠢᠶᠠᠨ  ᠤ ᠪᠣᠬᠢᠷᠲᠤᠯ ᠡᠭᠦᠰᠭᠡᠭᠰᠡᠨ ᠬᠠᠸᠯᠢ   ᠠᠴᠠ ᠵᠥᠷᠢᠴᠡᠭᠰᠡᠨ ᠦᠶᠯᠡ ᠠᠵᠢᠯᠯᠠᠭ᠎ᠠ  ᠶᠢ ᠪᠠᠶᠢᠴᠠᠭᠠᠨ ᠰᠢᠶᠳᠪᠦᠷᠢᠯᠡᠬᠦ  ᠶᠢᠨ ᠬᠠᠮᠲᠤ ᠮᠠᠰᠢᠨᠲᠤ ᠲᠡᠷᠭᠡ  ᠶᠢᠨ ︽ ᠵᠡᠭᠡᠯᠢ ᠶᠢ ᠦᠢᠮᠡᠭᠦᠯᠦᠭᠰᠡᠨ︾ ᠱᠤᠸᠭᠢᠶᠠᠨ  ᠤ ᠪᠣᠬᠢᠷᠲᠤᠯ  ᠤᠨ ᠠᠰᠠᠭᠤᠳᠠᠯ  ᠢ ᠲᠥᠪᠯᠡᠷᠡᠭᠦᠯᠦᠨ ᠴᠡᠭᠴᠡᠯᠡᠨ ᠵᠠᠰᠠᠬᠤ ᠠᠵᠢᠯ  ᠢ ᠥᠷᠨᠢᠭᠦᠯᠪᠡ ᠃ ᠲᠤᠰ ᠡᠳᠦᠷ᠂ ᠢ ᠦ᠋ ᠬᠤᠳᠠ  ᠶᠢᠨ ᠬᠣᠷᠢᠢ᠎ᠠ  ᠶᠢᠨ ᠬᠢᠨ ᠵᠢᠨ ᠬᠤᠸᠠ ᠬᠤᠳᠠ  ᠶᠢᠨ ᠠᠮᠢ ᠠᠬᠤᠢ ᠣᠷᠴᠢᠨ ᠲᠣᠭᠣᠷᠢᠨ  ᠦ ᠲᠣᠪᠴᠢᠢ᠎ᠠ  ᠶᠢᠨ ᠢ ᠦ᠋  ᠶᠢᠨ ᠬᠤᠪᠢᠶᠠᠷᠢ ᠲᠣᠪᠴᠢᠢ᠎ᠠ  ᠳᠦ ᠵᠥᠪᠳᠡᠯᠴᠡᠭᠡᠨ  ᠤ ᠵᠠᠬᠢᠳᠠᠯ ᠶᠠᠪᠤᠭᠤᠯᠵᠤ᠂ ᠳᠡᠳᠡᠨ  ᠳᠤ ᠳᠣᠲᠣᠭᠠᠳᠤ  ᠶᠢ ᠬᠠᠮᠠᠭᠠᠯᠠᠬᠤ ᠵᠠᠮ ᠬᠠᠷᠢᠯᠴᠠᠭᠠᠨ  ᠤ ᠴᠠᠭᠳᠠᠭ᠎ᠠ ᠵᠡᠷᠭᠡ ᠰᠠᠯᠠᠭ᠎ᠠ ᠮᠥᠴᠢᠷ ᠲᠡᠶ ᠬᠠᠮᠲᠤᠷᠠᠨ ᠵᠠᠮ ᠬᠠᠷᠢᠯᠴᠠᠭᠠᠨ  ᠤ ᠱᠤᠤᠭᠢᠶᠠᠨ  ᠤ ᠪᠣᠬᠢᠷᠲᠤᠯ  ᠢ ᠲᠤᠰᠬᠠᠢ ᠴᠡᠭᠴᠡᠯᠡᠨ ᠵᠠᠰᠠᠬᠤ ᠠᠵᠢᠯ ᠥᠷᠨᠢᠭᠦᠯᠬᠦ  ᠶᠢᠨ ᠬᠠᠮᠲᠤ ᠪᠠᠶᠢᠴᠠᠭᠠᠵᠤ ᠬᠢᠨᠠᠨ ᠵᠢᠯᠣᠭᠣᠳᠬᠤ᠂ ᠬᠠᠮᠲᠤᠷᠠᠨ ᠬᠠᠤᠯᠢ ᠬᠡᠷᠡᠭᠵᠢᠭᠦᠯᠬᠦ᠂ ᠤᠬᠠᠭᠤᠯᠭ᠎ᠠ ᠬᠥᠮᠦᠵᠢᠯ ᠬᠢᠬᠦ ᠵᠡᠷᠭᠡ ᠤᠷᠳᠤ ᠬᠤᠭᠤᠴᠠᠭᠠᠨ  ᠦ ᠪᠦᠲᠦᠮᠵᠢᠲᠡᠢ ᠲᠣᠭᠲᠠᠴᠠ  ᠶᠢ ᠪᠠᠶᠢᠭᠤᠯᠬᠤ  ᠶᠢ ᠰᠠᠨᠠᠭᠤᠯᠪᠠ᠃

ᠪᠠᠶᠢᠴᠠᠭᠠᠬᠤ ᠪᠠᠶᠢᠭᠤᠯᠭ᠎ᠠ ᠬᠢᠨᠠᠯᠲᠠ ᠲᠠᠯᠪᠢᠭᠰᠠᠨ  ᠤ ᠳᠠᠷᠠᠭ᠎ᠠ ᠂ ᠵᠢᠨ ᠬᠤᠸᠠ ᠬᠣᠲᠠ  ᠶᠢᠨ ᠠᠮᠢ ᠠᠬᠤᠶ   ᠣᠷᠴᠢᠨ ᠲᠤᠭᠤᠷᠢᠨ ᠤ ᠲᠣᠪᠴᠢᠶ᠎ᠠ  ᠶᠢᠨ ᠢ ᠦ᠋  ᠶᠢᠨ ᠬᠤᠪᠢᠶᠠᠷᠢ ᠲᠣᠪᠴᠢᠶ᠎ᠠ ᠂ ᠢ ᠦ᠋ ᠬᠣᠲᠠ  ᠶᠢᠨ ᠳᠣᠲᠣᠭᠠᠳᠤ  ᠶᠢ ᠬᠠᠮᠠᠭᠠᠯᠠᠬᠤ ᠲᠣᠪᠴᠢᠶ᠎ᠠ ᠲᠣᠰ ᠲᠣᠰ  ᠤᠨ ᠡᠭᠦᠷᠭᠡ ᠴᠢᠳᠠᠪᠤᠷᠢ ᠲᠠᠶ ᠪᠠᠨ ᠤᠶᠠᠯᠳᠤᠭᠤᠯᠤᠨ ᠴᠡᠭᠴᠡᠯᠡᠨ ᠰᠠᠶᠢᠵᠢᠷᠠᠭᠤᠯᠬᠤ  ᠶᠢ ᠢᠳᠡᠪᠬᠢᠲᠡᠶ ᠨᠠᠶᠢᠳᠠᠪᠤᠷᠢᠵᠢᠭᠤᠯᠵᠤ ᠂ ᠲᠣᠰ ᠲᠣᠰ 2023 ᠣᠨ  ᠤ 10 ᠰᠠᠷ᠎ᠠ  ᠶᠢᠨ 24  ᠦ ᠡᠳᠦᠷ ᠂ 11 ᠰᠠᠷ᠎ᠠ  ᠶᠢᠨ 5  ᠦ ᠡᠳᠦᠷ ᠪᠢᠴᠢᠭ  ᠤᠨ ᠬᠡᠯᠪᠡᠷᠢ ᠪᠡᠷ ᠬᠠᠷᠢᠭᠤ ᠥᠭᠪᠡ ᠃ ᠢ ᠦ᠋ ᠬᠣᠲᠠ  ᠶᠢᠨ ᠳᠣᠲᠣᠭᠠᠳᠤ  ᠶᠢ ᠬᠠᠮᠠᠭᠠᠯᠠᠬᠤ ᠲᠣᠪᠴᠢᠶ᠎ᠠ ᠬᠠᠸᠯᠢ  ᠶᠢ ᠵᠥᠷᠢᠴᠡᠨ ᠮᠠᠰᠢᠨᠲᠤ ᠲᠡᠷᠭᠡ  ᠢ ᠥᠭᠡᠷᠡᠴᠢᠯᠡᠨ ᠲᠣᠨᠣᠭᠯᠠᠭᠰᠠᠨ ᠬᠡᠷᠡᠭ  ᠲᠤ ᠬᠣᠯᠪᠣᠭᠳᠠᠭᠰᠠᠨ 9 ᠦᠶᠯᠡ ᠠᠵᠢᠯᠯᠠᠭ᠎ᠠ  ᠶᠢ ᠬᠠᠸᠯᠢ ᠶᠣᠰᠣᠭᠠᠷ ᠪᠠᠶᠢᠴᠠᠭᠠᠨ ᠰᠢᠶᠳᠪᠦᠷᠢᠯᠡᠭᠰᠡᠨ ᠪᠥᠭᠡᠳ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠵᠠᠮ ᠬᠠᠷᠢᠯᠴᠠᠭᠠᠨ  ᠤ ᠠᠮᠤᠷ ᠲᠦᠪᠰᠢᠨ  ᠤ ᠬᠠᠸᠯᠢ ︾  ᠶᠢ ᠦᠨᠳᠦᠰᠦᠯᠡᠨ ᠵᠠᠰᠠᠭ ᠵᠠᠬᠢᠷᠭᠠᠨ  ᠤ ᠰᠢᠳᠬᠡᠯ ᠥᠭᠴᠦ ᠂ ᠤᠸᠯ ᠪᠠᠶᠢᠳᠠᠯ  ᠢ ᠨᠢ ᠰᠡᠷᠭᠦᠭᠡᠯᠭᠡᠬᠦ ᠪᠡᠷ ᠵᠠᠷᠯᠢᠭᠳᠠᠪᠠ ︔ ᠮᠠᠰᠢᠨᠲᠤ ᠲᠡᠷᠭᠡ  ᠶᠢᠨ 《ᠵᠡᠭᠡᠯᠢ ᠶᠢ ᠦᠢᠮᠡᠭᠦᠯᠬᠦ》 ᠲᠤᠰᠬᠠᠶ ᠴᠡᠭᠴᠡᠯᠡᠨ ᠵᠠᠰᠠᠬᠤ ᠠᠵᠢᠯᠯᠠᠭ᠎ᠠ  ᠶᠢ ᠥᠷᠨᠢᠭᠦᠯᠵᠦ᠂ ᠬᠠᠤᠯᠢ ᠪᠤᠰᠤ ᠪᠠᠷ ᠥᠭᠡᠷᠡᠴᠢᠯᠡᠨ ᠲᠣᠨᠣᠭᠯᠠᠭᠰᠠᠨ᠂ 《ᠵᠡᠭᠡᠯᠢ ᠶᠢ ᠦᠢᠮᠡᠭᠦᠯᠬᠦ》 ᠮᠠᠰᠢᠨᠲᠤ ᠲᠡᠷᠭᠡ  ᠶᠢ ᠨᠡᠢᠳᠡ 613 ᠪᠠᠶᠢᠴᠠᠭᠠᠨ ᠰᠢᠶᠳᠪᠦᠷᠢᠯᠡᠵᠦ᠂ ᠬᠤᠷᠳᠤᠴᠠ ᠮᠥᠷᠥᠶᠢᠴᠡᠬᠦ 《ᠲᠡᠷᠭᠡ ᠳᠠᠪᠬᠢᠭᠤᠯᠬᠤ》 1 ᠡᠪᠰᠡᠯ ᠪᠦᠯᠦᠭ ᠲᠦ ᠴᠣᠬᠢᠯᠲᠠ ᠥᠭᠪᠡ ︔ ᠠᠮᠢ ᠠᠬᠤᠶ  ᠶᠢᠨ ᠣᠷᠴᠢᠨ ᠲᠣᠭᠣᠷᠢᠨ  ᠦ ᠰᠠᠯᠠᠭ᠎ᠠ ᠮᠥᠴᠢᠷ ᠲᠡᠶ ᠬᠣᠯᠪᠣᠭᠠᠯᠠᠨ ᠥᠨᠳᠥᠷ ᠱᠤᠸᠭᠢᠶᠠᠨ ᠲᠠᠶ ᠲᠡᠷᠭᠡ ᠬᠥᠰᠬᠡ  ᠶᠢᠨ ᠴᠢᠩᠭ᠎ᠠ ᠬᠠᠮᠢᠶᠠᠷᠤᠯᠲᠠ  ᠶᠢᠨ ᠲᠣᠭᠣᠷᠢᠭ  ᠢ ᠪᠠᠶᠢᠷᠢᠯᠠᠭᠤᠯᠬᠤ  ᠶᠢᠨ ᠬᠠᠮᠲᠤ ᠰᠡᠷᠡᠮᠵᠢ  ᠶᠢᠨ ᠫᠠᠶᠢᠰᠠ ᠪᠤᠰᠬᠠᠵᠤ ᠂ ᠮᠠᠰᠢᠨᠲᠤ ᠲᠡᠷᠭᠡᠨ ᠦ ᠡᠵᠡᠨ ᠵᠢᠴᠢ ᠲᠡᠷᠭᠡᠨ  ᠤ ᠠᠶᠠᠯᠠᠯ ᠂ ᠰᠡᠯᠪᠢᠨ ᠵᠠᠰᠠᠬᠤ ᠦᠶᠯᠡᠳᠪᠦᠷᠢ ᠵᠡᠷᠭᠡ  ᠳᠤ ᠰᠠᠨᠠᠭᠤᠯᠤᠮᠵᠢ  ᠶᠢᠨ ᠣᠬᠣᠷ ᠮᠡᠳᠡᠭᠡ ᠂ ᠠᠵᠢᠯ ᠲᠥᠷᠥᠯ  ᠤᠨ ᠰᠠᠨᠠᠭᠠᠴᠢᠯᠠᠭ᠎ᠠ  ᠶᠢᠨ ᠪᠢᠴᠢᠭ ᠶᠠᠪᠤᠭᠤᠯᠵᠤ ᠰᠡᠷᠡᠮᠵᠢ  ᠶᠢᠨ ᠬᠥᠮᠦᠵᠢᠯ ᠪᠠ ᠤᠬᠠᠭᠤᠯᠵᠤ ᠬᠥᠲᠥᠯᠦᠨ ᠵᠢᠯᠣᠭᠣᠳᠬᠤ  ᠶᠢ  ᠴᠢᠩᠭᠠᠳᠬᠠᠪᠠ ᠃ ᠵᠢᠨ ᠬᠤᠸᠠ ᠬᠣᠲᠠ  ᠶᠢᠨ ᠠᠮᠢ ᠠᠬᠤᠶ  ᠶᠢᠨ ᠣᠷᠴᠢᠨ ᠲᠣᠭᠣᠷᠢᠨ  ᠦ ᠲᠣᠪᠴᠢᠶ᠎ᠠ  ᠶᠢᠨ ᠢ ᠡᠸ  ᠶᠢᠨ ᠬᠤᠪᠢᠶᠠᠷᠢ ᠲᠣᠪᠴᠢᠶ᠎ᠠ ᠲᠦᠷᠦᠭᠦᠯᠡᠨ 《ᠱᠤᠤᠭᠢᠶᠠᠨ  ᠦ ᠪᠣᠬᠢᠷᠲᠤᠯ  ᠤᠨ ᠠᠰᠠᠭᠤᠳᠠᠯ  ᠢ ᠲᠤᠰᠬᠠᠶ ᠵᠠᠰᠠᠬᠤ ᠠᠵᠢᠯ  ᠤᠨ ᠲᠥᠰᠦᠯ 》 《ᠣᠷᠴᠢᠨ ᠲᠣᠭᠣᠷᠢᠨ  ᠤ ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠠᠵᠢᠯ  ᠢ ᠴᠢᠩᠭᠠᠳᠬᠠᠬᠤ ᠲᠥᠰᠦᠯ 》  ᠢ ᠲᠣᠭᠲᠠᠭᠠᠵᠤ ᠂ ᠬᠣᠲᠠ  ᠶᠢᠨ ᠱᠠᠲᠤᠨ  ᠦ ᠤᠳᠤᠷᠢᠳᠬᠤ ᠳᠤᠭᠤᠶᠢᠯᠠᠩ ᠪᠠ ᠠᠵᠢᠯ  ᠤᠨ ᠲᠤᠰᠬᠠᠶ ᠠᠩᠭᠢ ᠪᠠᠶᠢᠭᠤᠯᠵᠤ ᠂ ᠬᠠᠮᠢᠶ᠎ᠠ ᠪᠥᠬᠥᠶ ᠰᠠᠯᠠᠭ᠎ᠠ ᠮᠥᠴᠢᠷ  ᠤᠨ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ  ᠶᠢ ᠨᠠᠷᠢᠯᠢᠬᠵᠢᠭᠤᠯᠤᠨ ᠲᠣᠳᠣᠷᠬᠠᠶᠢᠯᠠᠵᠤ ᠂ ᠨᠡᠶᠢᠲᠡ 1200 ᠭᠠᠷᠤᠶ ᠱᠤᠸᠭᠢᠶᠠᠨ  ᠤ ᠵᠠᠭᠠᠯᠳᠤᠯᠭ᠎ᠠ  ᠶᠢ ᠲᠣᠬᠢᠲᠠᠶ ᠰᠢᠶᠳᠪᠦᠷᠢᠯᠡᠵᠦ ᠂ 334 ᠬᠡᠷᠡᠭ  ᠢ ᠬᠡᠷᠡᠭ ᠪᠣᠯᠭᠠᠨ ᠳᠡᠩᠰᠡᠯᠡᠵᠦ ᠪᠠᠶᠢᠴᠠᠭᠠᠨ ᠰᠢᠶᠳᠪᠦᠷᠢᠯᠡᠭᠰᠡᠨ ᠪᠥᠭᠡᠳ ᠪᠥᠬᠥ ᠤᠯᠤᠰ   ᠲᠤ ᠬᠠᠮᠤᠭ  ᠤᠨ ᠲᠦᠷᠦᠭᠦᠨ  ᠳᠤ ᠱᠤᠸᠭᠢᠶᠠᠨ   ᠢ ᠰᠡᠷᠭᠡᠶᠢᠯᠡᠬᠦ ᠪᠠᠷᠢᠯᠭ᠎ᠠ  ᠶᠢᠨ ᠲᠥᠪᠯᠡᠷᠡᠭᠰᠡᠨ ᠣᠷᠣᠨ  ᠢ ᠵᠠᠭᠠᠭᠯᠠᠨ ᠲᠣᠭᠲᠠᠭᠠᠵᠤ ᠂ ᠲᠠᠭᠤᠨ  ᠤ ᠴᠢᠳᠠᠮᠵᠢᠳᠣ ᠣᠷᠣᠨ  ᠤ ᠠᠦ᠋ᠲ᠋ᠣ᠋ ᠬᠢᠨᠠᠨ ᠬᠡᠮᠵᠢᠯᠲᠡ ᠵᠡᠷᠭᠡ ᠠᠵᠢᠯ  ᠢ ᠢᠳᠡᠪᠬᠢᠲᠡᠶ ᠠᠬᠢᠭᠤᠯᠪᠠ ᠃

2023 ᠣᠨ  ᠤ 11 ᠰᠠᠷ᠎ᠠ  ᠶᠢᠨ ᠡᠬᠢ ᠪᠡᠷ ᠂ ᠢ ᠦ᠋ ᠬᠣᠲᠠ  ᠶᠢᠨ ᠬᠣᠷᠢᠶ᠎ᠠ ︽ ᠨᠡᠶᠢᠲᠡ  ᠶᠢᠨ ᠲᠥᠯᠥᠭᠡ  ᠰᠡᠳᠬᠢᠯ ᠲᠠᠯᠪᠢᠬᠤ ︾ ᠰᠠᠶᠢᠨ ᠳᠤᠷ᠎ᠠ  ᠶᠢᠨ ᠠᠵᠢᠯᠯᠠᠭᠴᠢ  ᠶᠢ ᠤᠷᠢᠵᠤ ᠴᠡᠭᠴᠡᠯᠡᠨ ᠰᠠᠶᠢᠵᠢᠷᠠᠭᠤᠯᠤᠭᠰᠠᠨ ᠦᠷ᠎ᠡ ᠪᠦᠲᠦᠮᠵᠢ  ᠶᠢ ᠮᠥᠷᠳᠡᠨ ᠠᠵᠢᠭᠯᠠᠬᠤ  ᠳᠦ ᠣᠷᠣᠯᠴᠠᠭᠤᠯᠵᠤ ᠂ ᠭᠣᠸᠯᠳᠠᠯᠭ᠎ᠠ ᠲᠠᠶ ᠴᠡᠭᠴᠡᠯᠡᠨ ᠵᠠᠰᠠᠬᠤ ᠣᠷᠣᠨ ᠪᠦᠰᠡ  ᠳᠦ 150 ᠭᠠᠷᠤᠶ ᠬᠤᠪᠢ ᠪᠠᠶᠢᠴᠠᠭᠠᠯᠲᠠ  ᠶᠢᠨ ᠠᠰᠠᠭᠤᠯᠲᠠ  ᠶᠢᠨ ᠬᠠᠭᠤᠳᠠᠰᠤ ᠲᠠᠷᠬᠠᠭᠠᠵᠤ ᠂ ᠰᠠᠭᠤᠭᠠᠯᠢ ᠠᠷᠠᠳ  ᠤᠨ ᠮᠠᠰᠢᠨᠲᠤ ᠲᠡᠷᠭᠡᠨ  ᠤ ︽ ᠵᠡᠭᠡᠯᠢ ᠶᠢ ᠦᠢᠮᠡᠭᠦᠯᠬᠦ ︾ ᠲᠤᠰᠬᠠᠶ ᠴᠡᠭᠴᠡᠯᠡᠨ ᠵᠠᠰᠠᠬᠤ ᠠᠵᠢᠯᠯᠠᠭ᠎ᠠ  ᠶᠢ ᠣᠶᠢᠯᠠᠭᠠᠬᠤ ᠨᠣᠷᠮ᠎ᠠ ᠂ ᠬᠠᠨᠤᠮᠵᠢ  ᠶᠢᠨ ᠬᠡᠮᠵᠢᠶ᠎ᠡ ᠨᠢ ᠴᠥᠮ 80% ᠡᠴᠡ ᠳᠡᠭᠡᠭᠰᠢ  ᠳᠦ ᠬᠦᠷᠴᠡᠶ ︔ 12345 ᠲᠠᠪᠴᠠᠩ  ᠤᠨ ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ  ᠶᠢᠨ ᠮᠡᠳᠡᠭᠡ ᠵᠠᠩᠭᠢ  ᠶᠢ ᠰᠢᠯᠵᠢᠭᠦᠯᠦᠨ ᠠᠪᠴᠤ ᠂ ᠮᠠᠰᠢᠨ ᠲᠡᠷᠭᠡᠨ  ᠤ ᠱᠤᠸᠭᠢᠶᠠᠨ ᠤ ᠲᠥᠷᠥᠯ  ᠤᠨ ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ  ᠶᠢ ᠨᠢᠭᠡᠴᠢ  ᠶᠢᠨ ᠣᠷᠣᠨ ᠲᠣᠭ᠎ᠠ ᠪᠣᠯᠭᠠᠨ ᠪᠠᠭᠤᠷᠠᠭᠤᠯᠪᠠ ︔ ᠲᠤᠬᠠᠶ  ᠶᠢᠨ ᠲᠠᠯᠠᠪᠤᠷ  ᠤᠨ ᠬᠢᠨᠠᠨ ᠬᠡᠮᠵᠢᠯᠲᠡ  ᠶᠢ ᠵᠡᠷᠭᠡᠪᠡᠷ ᠥᠷᠨᠢᠭᠦᠯᠵᠦ ᠂ ᠣᠯᠠᠨ ᠡᠳᠦᠷ  ᠤᠨ ᠬᠢᠨᠠᠨ ᠬᠡᠮᠵᠢᠭᠰᠡᠨ ᠲᠣᠭ᠎ᠠ ᠬᠡᠮᠵᠢᠭᠳᠡᠯ ᠨᠢ ᠴᠥᠮ ᠱᠤᠸᠭᠢᠶᠠᠨ  ᠤ ᠬᠢᠵᠠᠭᠠᠷ ᠬᠡᠮᠵᠢᠭᠳᠡᠯ  ᠤᠨ ᠱᠠᠭᠠᠷᠳᠠᠯᠭ᠎ᠠ  ᠳᠤ ᠨᠡᠶᠢᠴᠡᠨ᠎ᠡ ᠃ ᠢ ᠦ᠋ ᠬᠣᠲᠠ  ᠶᠢᠨ ᠬᠣᠷᠢᠶ᠎ᠠ ᠲᠣᠰ ᠵᠢᠯ  ᠤᠨ 11 ᠰᠠᠷ᠎ᠠ  ᠶᠢᠨ 22  ᠦ ᠡᠳᠦᠷ ᠭᠡᠷᠡᠴᠢᠯᠡᠭᠡ ᠰᠣᠨᠣᠰᠬᠤ ᠬᠤᠷᠠᠯ ᠬᠤᠷᠠᠯᠳᠤᠭᠤᠯᠵᠤ ᠂ ᠡᠭᠦᠷᠭᠡ ᠴᠢᠳᠠᠪᠤᠷᠢᠲᠤ ᠰᠠᠯᠠᠭ᠎ᠠ ᠮᠥᠴᠢᠷ  ᠤᠨ ᠲᠤᠰᠢᠶᠠᠯ ᠬᠠᠷᠢᠭᠤᠴᠠᠯᠭ᠎ᠠ ᠪᠠᠨ ᠭᠦᠶᠴᠡᠳᠬᠡᠭᠰᠡᠨ ᠪᠠᠶᠢᠳᠠᠯ  ᠳᠤ ᠶᠡᠷᠦᠩᠬᠡᠶᠢᠯᠡᠭᠰᠡᠨ ᠦᠨᠡᠯᠡᠯᠲᠡ ᠬᠢᠵᠦ ᠂ ᠭᠡᠷᠡᠴᠢᠯᠡᠭᠡ ᠰᠣᠨᠣᠰᠤᠭᠴᠢ ᠲᠣᠰ ᠬᠡᠷᠡᠭ  ᠢ ᠴᠡᠭᠴᠡᠯᠡᠨ ᠵᠠᠰᠠᠭᠰᠠᠨ ᠦᠷ᠎ᠡ ᠪᠦᠲᠦᠮᠵᠢ  ᠶᠢ ᠭᠦᠶᠴᠡᠳ ᠮᠡᠳᠡᠷᠡᠵᠦ ᠂ ᠨᠡᠶᠢᠭᠡᠮ ᠨᠡᠶᠢᠲᠡ  ᠶᠢᠨ ᠠᠰᠢᠭ ᠲᠤᠰᠠ  ᠶᠢ ᠪᠦᠲᠦᠮᠵᠢᠲᠡᠶ ᠬᠠᠮᠠᠭᠠᠯᠠᠵᠤ ᠂ ᠲᠣᠰ ᠵᠢᠯ  ᠤᠨ 11 ᠰᠠᠷ᠎ᠠ  ᠶᠢᠨ 30  ᠦ ᠡᠳᠦᠷ ᠬᠡᠷᠡᠭ  ᠢ ᠳᠠᠭᠤᠰᠬᠠᠬᠤ ᠲᠣᠭᠲᠠᠭᠠᠯ ᠭᠠᠷᠭᠠᠪᠠ ᠃

【ᠨᠡᠶᠢᠲᠡᠯᠢᠭ ᠠᠴᠢ ᠬᠣᠯᠪᠣᠭᠳᠠᠯ】

ᠮᠠᠰᠢᠨᠲᠤ ᠲᠡᠷᠭᠡ  ᠶᠢᠨ《ᠵᠡᠭᠡᠯᠢ ᠶᠢ ᠦᠢᠮᠡᠭᠦᠯᠦᠭᠰᠡᠨ》 ᠱᠤᠤᠭᠢᠶᠠᠨ  ᠤ ᠪᠣᠬᠢᠷᠲᠤᠯ ᠨᠢ ᠠᠷᠠᠳ ᠤᠯᠠᠨ  ᠤ ᠠᠮᠢᠳᠤᠷᠠᠯ  ᠤᠨ ᠠᠮᠤᠷ ᠲᠣᠭᠲᠠᠭᠤᠨ  ᠢ ᠬᠦᠨᠳᠦ ᠨᠣᠴᠢᠲᠠᠶ ᠨᠥᠯᠥᠭᠡᠯᠡᠵᠦ ᠪᠠᠶᠢᠨ᠎ᠠ᠃ ᠪᠠᠶᠢᠴᠠᠭᠠᠬᠤ ᠪᠠᠶᠢᠭᠤᠯᠭ᠎ᠠ  ᠶᠢᠨ ᠬᠢᠨ 《ᠨᠡᠶᠢᠲᠡ  ᠶᠢᠨ ᠲᠥᠯᠥᠭᠡ ᠰᠡᠳᠬᠢᠯ ᠲᠠᠯᠪᠢᠬᠤ》 ᠰᠠᠢᠨ ᠳᠤᠷ᠎ᠠ  ᠶᠢᠨ ᠠᠵᠢᠯᠯᠠᠭᠴᠢ ᠲᠤᠰᠬᠠᠶ ᠮᠡᠷᠭᠡᠵᠢᠯᠲᠡᠨ  ᠢ ᠤᠷᠢᠵᠤ᠂ ᠪᠠᠶᠢᠴᠠᠭᠠᠯᠲᠠ ᠬᠢᠵᠦ ᠭᠡᠷᠡᠴᠢ ᠠᠪᠬᠤ  ᠵᠢᠭᠠᠨ ᠵᠢᠯᠣᠭᠣᠳᠬᠤ  ᠳᠦ ᠣᠷᠣᠯᠴᠠᠭᠤᠯᠵᠤ᠂ ᠨᠡᠶᠢᠭᠡᠮ  ᠤᠨ ᠪᠠᠶᠢᠴᠠᠭᠠᠯᠲᠠ ᠬᠢᠬᠦ᠂ ᠴᠡᠭᠴᠡᠯᠡᠨ ᠰᠠᠶᠢᠵᠢᠷᠠᠭᠤᠯᠤᠭᠰᠠᠨ ᠦᠷ᠎ᠡ ᠪᠦᠲᠦᠮᠵᠢ  ᠶᠢ ᠮᠥᠷᠳᠡᠨ ᠦᠨᠡᠯᠡᠬᠦ ᠵᠡᠷᠭᠡ ᠠᠵᠢᠯ  ᠢ ᠥᠷᠨᠢᠭᠦᠯᠵᠦ᠂ ᠪᠠᠶᠢᠴᠠᠭᠠᠬᠤ ᠬᠢᠨᠠᠯᠲᠠ  ᠶᠢᠨ ᠴᠢᠨᠠᠷ ᠴᠢᠨᠰᠠᠭ᠎ᠠ ᠦᠷ᠎ᠡ ᠪᠦᠲᠦᠮᠵᠢ  ᠶᠢ ᠳᠡᠭᠡᠭᠰᠢᠯᠡᠭᠦᠯᠪᠡ᠃ ᠬᠡᠷᠡᠭ ᠰᠢᠶᠳᠪᠦᠷᠢᠯᠡᠬᠦ ᠶᠠᠪᠤᠴᠠ  ᠳᠦ᠂ ᠵᠥᠪᠳᠡᠯᠴᠡᠬᠦ᠂ ᠪᠠᠶᠢᠴᠠᠭᠠᠬᠤ ᠰᠠᠨᠠᠭᠤᠯᠭ᠎ᠠ ᠭᠠᠷᠭᠠᠬᠤ᠂ ᠢᠯᠡ ᠪᠡᠷ ᠭᠡᠷᠡᠴᠢᠯᠡᠭᠡ ᠰᠣᠨᠣᠰᠬᠤ ᠵᠡᠷᠭᠡ ᠠᠷᠭ᠎ᠠ ᠮᠠᠶ᠋ᠢᠭ  ᠢ ᠶᠡᠷᠦᠩᠬᠡᠶᠢᠯᠡᠨ ᠬᠡᠷᠡᠭᠯᠡᠵᠦ᠂ ᠵᠠᠰᠠᠭ ᠵᠠᠬᠢᠷᠭᠠᠨ  ᠤ ᠪᠠᠶᠢᠭᠤᠯᠭ᠎ᠠ  ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ  ᠰᠢᠪᠠᠳᠠᠵᠤ᠂ ᠬᠠᠮᠵᠢᠯᠴᠠᠨ ᠬᠢᠨᠠᠨ ᠬᠠᠮᠢᠶᠠᠷᠬᠤ᠂ ᠬᠠᠮᠲᠤᠷᠠᠨ ᠬᠠᠤᠯᠢ ᠬᠡᠷᠡᠭᠵᠢᠭᠦᠯᠬᠦ᠂ ᠰᠢᠳᠬᠡᠵᠦ ᠰᠡᠷᠡᠮᠵᠢᠯᠡᠭᠦᠯᠬᠦ᠂ ᠤᠬᠠᠭᠤᠯᠵᠤ ᠬᠥᠲᠥᠯᠥᠨ ᠵᠢᠯᠣᠭᠣᠳᠬᠤ᠂ ᠠᠵᠢᠯ ᠲᠦᠷᠦᠯ  ᠢᠶᠠᠷ ᠵᠠᠰᠠᠬᠤ ᠵᠡᠷᠭᠡ ᠤᠷᠳᠤ ᠬᠤᠭᠤᠴᠠᠭᠠᠨ  ᠤ ᠪᠦᠲᠦᠮᠵᠢᠲᠡᠶ ᠲᠣᠭᠲᠠᠴᠠ  ᠶᠢ ᠪᠠᠶᠢᠭᠤᠯᠵᠤ᠂ ᠠᠷᠠᠳ ᠤᠯᠠᠨ  ᠤ ᠰᠠᠢᠨ ᠰᠠᠶᠢᠬᠠᠨ ᠠᠮᠢᠳᠤᠷᠠᠯ  ᠢ ᠦᠨᠡᠨ ᠬᠦ ᠰᠠᠬᠢᠨ ᠬᠠᠮᠠᠭᠠᠯᠠᠪᠠ᠃

 

ᠵᠢᠶᠠᠩᠰᠦ ᠮᠤᠵᠢ  ᠶᠢᠨ ᠨᠠᠨᠲ᠋ᠦ᠋ᠩ ᠬᠣᠲᠠ  ᠶᠢᠨ ᠠᠵᠤ ᠠᠬᠤᠶ ᠮᠡᠷᠭᠡᠵᠢᠯ  ᠤᠨ ᠨᠡᠭᠡᠭᠡᠯᠲᠡ  ᠶᠢᠨ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠶ᠎ᠠ ᠬᠣᠲᠠ  ᠶᠢᠨ ᠥᠨᠳᠥᠷ  ᠲᠤᠯᠭᠠᠭᠤᠷᠢᠲᠤ ᠵᠠᠮ  ᠤᠨ ᠱᠤᠸᠭᠢᠶᠠᠨ  ᠤ ᠪᠣᠬᠢᠷᠲᠤᠯ  ᠤᠨ ᠵᠠᠰᠠᠭ ᠵᠠᠬᠢᠷᠭᠠᠨ   ᠦ ᠨᠡᠶᠢᠲᠡ  ᠶᠢᠨ ᠠᠰᠢᠭᠲᠤ ᠵᠠᠷᠭᠤ  ᠶᠢᠨ ᠬᠡᠷᠡᠭ 

【ᠵᠠᠩᠭᠢᠯᠠᠭ᠎ᠠ  ᠶᠢᠨ ᠦᠭᠡ】

ᠵᠠᠰᠠᠭ ᠵᠠᠬᠢᠷᠭᠠᠨ  ᠦ ᠨᠡᠶᠢᠲᠡ  ᠶᠢᠨ ᠠᠰᠢᠭᠲᠤ ᠵᠠᠷᠭᠤ       ᠵᠠᠮ ᠲᠡᠭᠡᠭᠡᠪᠦᠷᠢ  ᠶᠢᠨ ᠱᠤᠸᠭᠢᠶᠠᠨ  ᠦ ᠪᠣᠬᠢᠷᠲᠤᠯ     ᠬᠣᠲᠠ  ᠶᠢᠨ ᠥᠨᠳᠥᠷ   ᠲᠤᠯᠭᠠᠭᠤᠷᠢᠲᠤ ᠬᠥᠭᠥᠷᠭᠡ  ᠶᠢᠨ ᠵᠠᠮ       ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠷᠢᠭᠤᠴᠠᠯᠭ᠎ᠠ  ᠶᠢᠨ ᠪᠡᠶᠡᠴᠢ ᠴᠣᠭᠴᠠ  ᠶᠢᠨ ᠮᠠᠭᠠᠳᠯᠠᠯᠲᠠ

【ᠭᠣᠣᠯ ᠵᠣᠷᠢᠯᠭ᠎ᠠ】

ᠪᠠᠶᠢᠴᠠᠭᠠᠬᠤ ᠪᠠᠶᠢᠭᠤᠯᠭ᠎ᠠ ᠨᠤᠭᠤᠳ ᠬᠤᠳᠠ  ᠶᠢᠨ ᠥᠨᠳᠥᠷ   ᠲᠤᠯᠭᠠᠭᠤᠷᠢᠲᠤ ᠵᠠᠮ ᠳᠠᠬᠢ ᠱᠤᠤᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ ᠬᠠᠷᠢᠭᠤᠴᠠᠯᠭ᠎ᠠ  ᠶᠢᠨ ᠪᠡᠶᠡᠴᠢ ᠴᠣᠭᠴᠠ  ᠶᠢᠨ ᠤᠯᠠᠨ ᠡᠰᠢᠵᠢᠭᠰᠡᠨ᠂ ᠪᠤᠢ ᠪᠣᠯᠤᠭᠰᠠᠨ ᠰᠢᠯᠲᠠᠭᠠᠨ ᠪᠤᠳᠤᠯᠢᠶᠠᠨᠲᠠᠶ ᠠᠰᠠᠭᠤᠳᠠᠯ  ᠳᠦ ᠴᠢᠭᠯᠡᠭᠦᠯᠦᠨ᠂ 《ᠤᠷᠢᠳᠠᠪᠠᠷ ᠵᠠᠮ ᠲᠠᠶ》᠂ 《ᠬᠣᠶᠢᠨ᠎ᠠ ᠨᠢ ᠭᠡᠷ ᠪᠠᠶᠢᠰᠢᠩ ᠲᠠᠶ》 ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠷᠢᠭᠤᠴᠠᠯᠭ᠎ᠠ  ᠶᠢᠨ ᠪᠡᠶᠡᠴᠢ ᠴᠣᠭᠴᠠ  ᠶᠢ ᠬᠠᠤᠯᠢ ᠶᠣᠰᠣᠭᠠᠷ ᠪᠠᠶᠢᠴᠠᠭᠠᠨ ᠲᠤᠳᠤᠯᠠᠵᠤ᠂ ᠵᠠᠰᠠᠭ ᠵᠠᠬᠢᠷᠭᠠᠨ  ᠤ ᠪᠠᠶᠢᠭᠤᠯᠭ᠎ᠠ  ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠰᠢᠪᠠᠳᠠᠵᠤ᠂ ᠠᠰᠠᠭᠤᠳᠠᠯ  ᠢ ᠰᠢᠶᠳᠪᠦᠷᠢᠯᠡᠬᠦ  ᠶᠢ ᠪᠦᠲᠦᠮᠵᠢᠲᠡᠶ ᠪᠡᠷ ᠲᠦᠯᠬᠢᠨ ᠠᠬᠢᠭᠤᠯᠪᠠ᠃

【ᠬᠡᠷᠡᠭ  ᠤᠨ ᠦᠨᠳᠦᠰᠦᠨ ᠪᠠᠶᠢᠳᠠᠯ】

ᠵᠢᠶᠠᠩᠰᠦ ᠮᠤᠵᠢ   ᠶᠢᠨ ᠨᠠᠨᠲ᠋ᠦ᠋ᠩ ᠬᠣᠲᠠ   ᠶᠢᠨ ᠳ᠋ᠦᠩ ᠹᠠᠩ ᠶᠡᠬᠡ ᠵᠠᠮ  ᠤᠨ ᠥᠨᠳᠥᠷ ᠬᠤᠷᠳᠤᠴᠠᠲᠤ ᠵᠠᠰᠠᠮᠠᠯ ᠵᠠᠮ   ᠢ 2013 ᠣᠨ  ᠤ 8 ᠰᠠᠷ᠎ᠠ  ᠳᠤ ᠪᠠᠶᠢᠭᠤᠯᠵᠤ ᠳᠠᠭᠤᠰᠬᠠᠭᠠᠳ ᠲᠡᠷᠭᠡ ᠨᠡᠪᠲᠡᠷᠡᠭᠦᠯᠪᠡ ᠂ ᠪᠦᠬᠦ ᠣᠷᠳᠣ ᠨᠢ 12.9 ᠺᠢᠯᠣᠮᠧᠲ᠋ᠷ ᠂ 80 ᠺᠢᠯᠣᠮᠧᠲ᠋ᠷ ᠂ ᠬᠣᠣᠰ ᠴᠢᠭᠯᠡᠯ  ᠤᠨ 6 ᠲᠡᠷᠭᠡᠨ ᠵᠠᠮ   ᠢ ᠲᠣᠬᠢᠷᠠᠭᠤᠯᠵᠠᠶ ᠃ 2023 ᠣᠨ  ᠤ 4 ᠰᠠᠷ᠎ᠠ ᠪᠣᠯᠲᠠᠯ᠎ᠠ ᠂ ᠡᠳᠦᠷ  ᠤᠨ ᠲᠡᠷᠭᠡ ᠶᠠᠪᠤᠬᠤ ᠬᠡᠮᠵᠢᠶ᠎ᠡ 6 ᠲᠦᠮᠡ ᠤᠳᠠᠭ᠎ᠠ ᠪᠣᠯᠤᠨ ᠨᠡᠮᠡᠭᠳᠡᠵᠦ ᠂ ᠲᠤᠬᠠᠶ  ᠶᠢᠨ ᠭᠠᠵᠠᠷ   ᠤᠨ ᠬᠣᠲᠠ  ᠶᠢᠨ ᠵᠠᠮ  ᠤᠨ ᠲᠣᠸᠷ  ᠤᠨ ᠴᠢᠬᠤᠯᠠ ᠪᠦᠷᠢᠯᠳᠦᠬᠦᠨ ᠬᠡᠰᠡᠭ ᠪᠣᠯᠵᠠᠶ ᠃ 2019 ᠣᠨ   ᠠᠴᠠ ᠨᠠᠰᠢ ᠂ ᠲᠣᠰ ᠥᠨᠳᠥᠷ   ᠲᠤᠯᠭᠠᠭᠤᠷᠢᠲᠤ ᠵᠠᠮ ᠳᠠᠭᠠᠸ   ᠶᠢᠨ ᠬᠣᠶᠠᠷ ᠬᠠᠵᠠᠭᠤ ᠪᠠᠷ 7 ᠲᠠᠸᠠᠷ  ᠤᠨ ᠬᠡᠷ ᠪᠠᠶᠢᠰᠢᠩ  ᠤᠨ ᠵᠢᠵᠢᠭ ᠲᠣᠭᠣᠷᠢᠭ  ᠢ ᠰᠢᠨ᠎ᠡ ᠪᠡᠷ ᠪᠠᠶᠢᠭᠤᠯᠵᠤ ᠂ ᠵᠡᠭᠡᠯᠢ ᠳᠠᠭᠠᠸ  ᠶᠢᠨ ᠪᠠᠷᠢᠯᠭ᠎ᠠ ᠨᠢ ᠴᠥᠮ ᠭᠤᠷᠪᠠᠨ ᠳᠠᠪᠬᠤᠷᠭ᠎ᠠ   ᠡᠴᠡ ᠳᠡᠭᠡᠭᠰᠢᠬᠢ ᠣᠷᠣᠨ ᠰᠠᠭᠤᠴᠠ ᠪᠣᠯᠤᠨ᠎ᠠ ᠂ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠸᠯᠢ ︾ ︽ ᠲᠠᠭᠤᠨ  ᠤ ᠣᠷᠴᠢᠨ ᠲᠣᠭᠣᠷᠢᠨ  ᠤ ᠴᠢᠳᠠᠮᠵᠢᠳᠣ ᠣᠷᠣᠨ  ᠢ ᠬᠤᠪᠢᠶᠠᠷᠢᠯᠠᠬᠤ ᠮᠡᠷᠭᠡᠵᠢᠯ  ᠤᠨ ᠵᠢᠷᠤᠮᠵᠢᠯ ︾ ︵ GB/T15190-2014 ︶  ᠤᠨ ᠲᠣᠭᠲᠠᠭᠠᠯ  ᠢ ᠦᠨᠳᠦᠰᠦᠯᠡᠪᠡᠯ ᠂ 4a ᠲᠥᠷᠥᠯ  ᠤᠨ ᠲᠠᠭᠤᠨ  ᠤ ᠣᠷᠴᠢᠨ ᠲᠣᠭᠣᠷᠢᠨ  ᠤ ᠴᠢᠳᠠᠮᠵᠢᠳᠣ ᠣᠷᠣᠨ  ᠤ ᠣᠷᠴᠢᠨ ᠲᠣᠭᠣᠷᠢᠨ  ᠤ ᠱᠤᠸᠭᠢᠶᠠᠨ  ᠤ ᠬᠢᠵᠠᠭᠠᠷ ᠬᠡᠮᠵᠢᠭᠳᠡᠯ ︵ ᠰᠥᠨᠢ  ᠶᠢᠨ ᠱᠤᠸᠭᠢᠶᠠᠨ  ᠦ ᠬᠢᠵᠠᠭᠠᠷ ᠬᠡᠮᠵᠢᠭᠳᠡᠯ 55dB ︵A︶  ︶  ᠤᠨ ᠱᠠᠭᠠᠷᠳᠠᠯᠭ᠎ᠠ  ᠶᠢ ᠬᠡᠷᠡᠭᠵᠢᠭᠦᠯᠬᠦ ᠬᠡᠷᠡᠭᠲᠡᠶ ᠃ ᠣᠯᠠᠨ ᠤᠳᠠᠭᠠᠨ  ᠤ ᠰᠢᠯᠭᠠᠨ ᠪᠠᠶᠢᠴᠠᠭᠠᠯᠲᠠ ᠪᠠᠷ ᠳᠡᠮᠵᠢᠨ ᠂ ᠵᠠᠮ ᠳᠠᠭᠠᠸ  ᠶᠢᠨ ᠰᠠᠭᠤᠭᠠᠯᠢ ᠠᠷᠠᠳ  ᠤᠨ ᠲᠣᠭᠣᠷᠢᠭ  ᠤᠨ ᠰᠥᠨᠢ  ᠶᠢᠨ ᠣᠷᠴᠢᠨ ᠲᠣᠭᠣᠷᠢᠨ  ᠦ ᠱᠤᠸᠭᠢᠶᠠᠨ  ᠤ ᠳᠤᠮᠳᠠᠴᠢ ᠬᠡᠮᠵᠢᠭᠳᠡᠯ 60.6dB ︵A︶ ᠪᠠᠶᠢᠵᠤ ᠂ ᠱᠤᠸᠭᠢᠶᠠᠨ  ᠤ ᠪᠣᠬᠢᠷᠲᠤᠯ ᠣᠷᠳᠣ ᠬᠤᠭᠤᠴᠠᠭ᠎ᠠ ᠪᠠᠷ ᠣᠷᠣᠰᠢᠵᠤ ᠂ ᠰᠢᠨ᠎ᠡ ᠪᠡᠷ ᠪᠠᠶᠢᠭᠤᠯᠤᠭᠰᠠᠨ ᠰᠠᠭᠤᠭᠠᠯᠢ ᠠᠷᠠᠳ  ᠤᠨ ᠲᠣᠭᠣᠷᠢᠭ  ᠤᠨ ᠰᠠᠭᠤᠭᠠᠯᠢ ᠠᠷᠠᠳ  ᠤᠨ ᠠᠮᠢᠳᠤᠷᠠᠯ  ᠢ ᠬᠦᠨᠳᠦ ᠨᠣᠴᠢᠲᠠᠶ ᠨᠥᠯᠥᠭᠡᠯᠡᠭᠰᠡᠨ ᠪᠠᠶᠢᠨ᠎ᠠ ᠃

【ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠪᠠᠶᠢᠴᠠᠭᠠᠭᠰᠠᠨ ᠪᠠ ᠰᠢᠪᠠᠳᠠᠭᠰᠨ ᠪᠠᠶᠢᠳᠠᠯ】

2023 ᠣᠨ  ᠤ 3 ᠰᠠᠷ᠎ᠠ  ᠳᠤ᠂ ᠵᠢᠶᠠᠩᠰᠦ ᠮᠤᠵᠢ  ᠶᠢᠨ ᠨᠠᠨᠲ᠋ᠦ᠋ᠩ ᠬᠤᠳᠠ  ᠶᠢᠨ ᠠᠵᠤ ᠠᠬᠤᠢ ᠮᠡᠷᠭᠡᠵᠢᠯ  ᠤᠨ ᠨᠡᠭᠡᠭᠡᠨ ᠬᠥᠭᠵᠢᠭᠦᠯᠦᠯᠲᠡ  ᠶᠢᠨ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠢ᠎ᠠ ︵ᠳᠣᠷᠣᠭᠰᠢ ᠨᠠᠨᠲ᠋ᠦ᠋ᠩ ᠨᠡᠭᠡᠭᠡᠨ ᠬᠥᠭᠵᠢᠭᠦᠯᠦᠯᠲᠡ  ᠶᠢᠨ ᠲᠣᠭᠣᠷᠢᠭ  ᠤᠨ ᠬᠦᠷᠢᠶᠡᠯᠡᠩ ᠭᠡᠵᠦ ᠳᠥᠭᠥᠮᠴᠢᠯᠡᠨ᠎ᠡ︶ ︽ᠤᠯᠠᠨ  ᠤ ᠲᠥᠯᠥᠭᠡ ᠵᠢᠳᠬᠦᠬᠦ︾ ᠰᠠᠶᠢᠨ ᠳᠤᠷ᠎ᠠ  ᠶᠢᠨ ᠠᠵᠢᠯᠯᠠᠭᠴᠢ  ᠶᠢᠨ ᠲᠤᠰᠬᠠᠭᠰᠠᠠ ᠳ᠋ᠦᠩ ᠹᠠᠩ ᠶᠡᠬᠡ ᠵᠠᠮ  ᠤᠨ ᠥᠨᠳᠥᠷ   ᠲᠤᠯᠭᠠᠭᠤᠷᠢᠲᠤ ᠲᠦᠷᠭᠡᠨ ᠵᠠᠮ  ᠤᠨ ᠨᠡᠭᠡᠭᠡᠨ ᠬᠥᠭᠵᠢᠭᠦᠯᠦᠯᠲᠡ  ᠶᠢᠨ ᠣᠷᠣᠨ  ᠦ ᠬᠡᠰᠡᠭ  ᠤᠨ ᠱᠤᠤᠭᠢᠶᠠᠨ ᠠᠷᠠᠳ  ᠢ ᠦᠢᠮᠡᠭᠦᠯᠦᠭᠰᠡᠨ ᠰᠦᠪᠡᠭᠴᠢ  ᠶᠢ ᠲᠤᠰᠴᠠᠢ᠃ ᠲᠣᠰ ᠬᠣᠷᠢᠶ᠎ᠠ ᠵᠠᠳᠠᠯᠤᠨ ᠰᠤᠳᠤᠯᠵᠤ ᠮᠠᠭᠠᠳᠯᠠᠭᠰᠠᠨ  ᠤ ᠳᠠᠷᠠᠭ᠎ᠠ 4 ᠰᠠᠷ᠎ᠠ  ᠶᠢᠨ 6  ᠦ ᠡᠳᠦᠷ ᠬᠠᠸᠯᠢ ᠶᠣᠰᠣᠭᠠᠷ ᠬᠡᠷᠡᠭ ᠪᠣᠯᠭᠠᠨ ᠳᠡᠩᠰᠡᠯᠡᠵᠦ ᠂ ᠲᠤᠬᠠᠶ  ᠶᠢᠨ ᠭᠠᠵᠠᠷ ᠲᠤᠨᠢ ᠬᠠᠶᠢᠨ ᠰᠢᠯᠭᠠᠵᠤ ᠂ ᠬᠣᠲᠠ  ᠶᠢᠨ ᠲᠥᠯᠥᠪᠵᠢᠭᠦᠯᠭᠡ  ᠶᠢᠨ ᠮᠠᠲ᠋ᠧᠷᠢᠶᠠᠯ  ᠢ ᠭᠠᠷᠭᠠᠨ ᠠᠪᠴᠤ ᠂ ᠵᠠᠮ ᠳᠠᠭᠠᠸ  ᠶᠢᠨ ᠰᠠᠭᠤᠭᠠᠯᠢ ᠠᠷᠠᠳ  ᠡᠴᠡ ᠯᠠᠪᠯᠠᠨ ᠠᠰᠠᠭᠤᠵᠤ ᠂ ᠬᠡᠷᠡᠭ  ᠳᠦ ᠬᠣᠯᠪᠣᠭᠳᠠᠭᠰᠠᠨ ᠥᠨᠳᠥᠷ   ᠲᠤᠯᠭᠠᠭᠤᠷᠢᠲᠤ ᠵᠠᠮ  ᠤᠨ ᠱᠤᠸᠭᠢᠶᠠᠨ ᠡᠭᠦᠰᠦᠭᠰᠡᠨ ᠰᠢᠯᠲᠠᠭᠠᠨ  ᠢ ᠪᠠᠶᠢᠴᠠᠭᠠᠨ ᠳᠣᠲᠣᠯᠠᠵᠠᠶ ᠃

ᠨᠠᠨᠲ᠋ᠦ᠋ᠩ  ᠤᠨ ᠨᠡᠭᠡᠭᠡᠨ ᠬᠥᠭᠵᠢᠭᠦᠯᠬᠦ ᠣᠷᠣᠨ  ᠤ ᠬᠦᠷᠢᠶᠡᠯᠡᠩ 2023 ᠣᠨ  ᠤ 4 ᠰᠠᠷ᠎ᠠ  ᠶᠢᠨ 16  ᠦ ᠡᠳᠦᠷ ᠠᠮᠢ ᠠᠬᠤᠶ   ᠣᠷᠴᠢᠨ ᠲᠤᠭᠤᠷᠢᠨ ᠤ ᠲᠣᠪᠴᠢᠶ᠎ᠠ ᠂ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ᠂ ᠰᠠᠶᠢᠨ ᠳᠤᠷ᠎ᠠ  ᠶᠢᠨ ᠠᠵᠢᠯᠯᠠᠭᠴᠢ  ᠶᠢᠨ ᠲᠥᠯᠥᠭᠡᠯᠡᠭᠴᠢ  ᠶᠢ ᠤᠷᠢᠬᠤ  ᠶᠢᠨ ᠬᠠᠮᠲᠤ ᠣᠷᠴᠢᠨ ᠠᠬᠤᠶ  ᠶᠢᠨ ᠬᠠᠮᠠᠭᠠᠯᠠᠯᠲᠠ  ᠶᠢᠨ ᠬᠦᠷᠢᠶᠡᠨ  ᠳᠡᠬᠢ ᠲᠤᠰᠬᠠᠶ ᠮᠡᠷᠭᠡᠵᠢᠯᠲᠡᠨ ᠡᠷᠳᠡᠮᠲᠡᠨ  ᠢ ᠤᠷᠢᠵᠤ ᠭᠡᠷᠡᠴᠢᠯᠡᠭᠡ ᠰᠣᠨᠣᠰᠬᠤ ᠬᠤᠷᠠᠯ ᠬᠤᠷᠠᠯᠳᠤᠭᠤᠯᠵᠤ ᠂ ᠲᠠᠭᠤ ᠱᠤᠸᠭᠢᠶᠠᠨ ᠡᠭᠦᠰᠦᠭᠰᠡᠨ ᠰᠢᠯᠲᠠᠭᠠᠨ   ᠢ ᠨᠤᠲᠠᠯᠠᠵᠤ ᠂ ᠰᠡᠷᠭᠡᠶᠢᠯᠡᠨ ᠵᠠᠰᠠᠬᠤ ᠬᠠᠷᠢᠭᠤᠴᠠᠯᠭ᠎ᠠ  ᠶᠢᠨ ᠪᠡᠶᠡᠴᠢ ᠴᠣᠭᠴᠠ ᠪᠠ ᠬᠢᠨᠠᠨ ᠬᠠᠮᠢᠶᠠᠷᠬᠤ ᠬᠠᠷᠢᠭᠤᠴᠠᠯᠭ᠎ᠠ  ᠶᠢᠨ ᠪᠡᠶᠡᠴᠢ ᠴᠣᠭᠴᠠ  ᠶᠢ ᠲᠣᠳᠣᠷᠬᠠᠶᠢᠯᠠᠪᠠ ᠃ ᠰᠠᠨᠠᠯ ᠰᠣᠨᠣᠰᠤᠭᠴᠢ  ᠶᠢᠨ ᠦᠵᠡᠬᠦ ᠪᠡᠷ᠂ 《ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠤᠯᠢ》  ᠶᠢᠨ ᠬᠣᠷᠢᠨ ᠵᠢᠷᠭᠤᠳᠤᠭᠠᠷ ᠵᠦᠢᠯ  ᠢ ᠦᠨᠳᠦᠰᠦᠯᠡᠪᠡᠯ᠂ ᠵᠠᠮ ᠬᠠᠷᠢᠯᠴᠠᠭᠠᠨ  ᠤ ᠭᠣᠣᠯ ᠱᠤᠭᠤᠮ  ᠤᠨ ᠬᠣᠶᠠᠷ ᠲᠠᠯ᠎ᠠ ᠵᠡᠷᠭᠡ ᠭᠠᠵᠠᠷ ᠲᠤ ᠱᠤᠤᠭᠢᠶᠠᠨ  ᠳᠤ ᠰᠡᠷᠭᠡᠭ ᠪᠠᠷᠢᠯᠭ᠎ᠠ ᠪᠠᠷᠢᠬᠤ ᠳᠠᠭᠠᠨ ᠳᠣᠷᠭᠢᠯᠲᠠ  ᠶᠢ ᠪᠠᠭᠠᠰᠬᠠᠬᠤ᠂ ᠱᠤᠤᠭᠢᠶᠠᠨ  ᠢ ᠪᠠᠭᠠᠰᠬᠠᠬᠤ ᠠᠷᠭ᠎ᠠ ᠬᠡᠮᠵᠢᠶ᠎ᠡ ᠠᠪᠬᠤ ᠬᠡᠷᠡᠭᠲᠡᠶ᠃ 《 ᠤᠷᠢᠳᠠᠪᠠᠷ ᠶᠠᠪᠤᠵᠤ ᠳᠠᠷᠠᠭ᠎ᠠ ᠨᠢ ᠭᠡᠷ ᠪᠠᠶᠢᠰᠢᠩ ᠪᠠᠷᠢᠬᠤ 》 ᠪᠠᠶᠢᠳᠠᠯ  ᠤᠨ ᠳᠣᠣᠷ᠎ᠠ ᠂ ᠡᠨᠡ ᠨᠢ ᠭᠡᠷ ᠪᠠᠶᠢᠰᠢᠩ ᠭᠠᠵᠠᠷ ᠰᠢᠷᠣᠶ   ᠶᠢᠨ ᠬᠥᠷᠥᠩᠭᠡ   ᠶᠢ ᠨᠡᠭᠡᠭᠡᠨ ᠠᠰᠢᠭᠯᠠᠬᠤ ᠠᠵᠤ ᠠᠬᠤᠶᠢᠯᠠᠯ ( ᠳᠣᠷᠣᠭᠰᠢ ᠨᠡᠭᠡᠭᠡᠨ ᠠᠰᠢᠭᠯᠠᠬᠤ ᠬᠤᠳᠠᠯᠳᠤᠭᠠᠴᠢᠨ ᠭᠡᠵᠦ ᠲᠣᠪᠴᠢᠯᠠᠨ᠎ᠠ )  ᠳᠦ ᠬᠣᠯᠪᠣᠭᠳᠠᠭᠰᠠᠨ ᠪᠣᠯᠬᠣᠷ ᠳᠣᠷᠭᠢᠯᠲᠠ   ᠶᠢ ᠪᠠᠭᠠᠰᠬᠠᠬᠤ ᠂ ᠱᠤᠤᠭᠢᠶᠠᠨ   ᠢ ᠪᠠᠭᠠᠰᠬᠠᠬᠤ ᠠᠷᠭ᠎ᠠ ᠬᠡᠮᠵᠢᠶ᠎ᠡ ᠠᠪᠬᠤ ᠡᠭᠦᠷᠭᠡ ᠲᠡᠶ ᠃ ᠡᠭᠦᠨ ᠤ ᠬᠠᠮᠲᠤ ᠂ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠸᠯᠢ ︾ ᠵᠢᠴᠢ ︽ ᠭᠤᠷᠪᠠ  ᠶᠢ ᠲᠣᠭᠲᠠᠭᠠᠬᠤ ᠲᠥᠰᠦᠯ ︾  ᠢ ᠦᠨᠳᠦᠰᠦᠯᠡᠪᠡᠯ ᠂ ᠨᠡᠭᠡᠭᠡᠯᠲᠡ  ᠶᠢᠨ ᠲᠣᠭᠣᠷᠢᠭ  ᠤᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ︵ ᠳᠣᠷᠣᠭᠰᠢ ᠣᠷᠣᠨ  ᠦ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ᠭᠡᠵᠦ ᠲᠣᠪᠴᠢᠯᠠᠨ᠎ᠠ ︶ ᠨᠢ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ  ᠶᠢ ᠡᠭᠦᠷᠭᠡᠯᠡᠨ᠎ᠡ ᠃

ᠨᠠᠨᠲ᠋ᠦ᠋ᠩ  ᠤᠨ ᠨᠡᠭᠡᠭᠡᠨ ᠬᠥᠭᠵᠢᠭᠦᠯᠬᠦ ᠣᠷᠣᠨ  ᠤ ᠬᠣᠷᠢᠶ᠎ᠠ 4 ᠰᠠᠷ᠎ᠠ  ᠶᠢᠨ 27  ᠦ ᠡᠳᠦᠷ ᠲᠣᠭᠣᠷᠢᠭ  ᠤᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ  ᠳᠦ ᠪᠠᠶᠢᠴᠠᠭᠠᠬᠤ ᠰᠠᠨᠠᠭᠤᠯᠭ᠎ᠠ ᠨᠡᠶᠢᠲᠡᠯᠡᠵᠦ ᠂ ᠨᠡᠭᠡᠭᠡᠨ ᠬᠥᠭᠵᠢᠭᠦᠯᠬᠦ ᠬᠤᠳᠠᠯᠳᠤᠭᠠᠴᠢᠨ  ᠤ ᠳᠣᠷᠭᠢᠯᠲᠠ  ᠶᠢ ᠪᠠᠭᠠᠰᠬᠠᠬᠤ ᠂ ᠱᠤᠸᠭᠢᠶᠠᠨ  ᠢ ᠪᠠᠭᠤᠷᠠᠭᠤᠯᠬᠤ ᠠᠷᠭ᠎ᠠ ᠬᠡᠮᠵᠢᠶ᠎ᠡ  ᠶᠢ ᠬᠢᠨᠠᠨ ᠬᠠᠮᠢᠶᠠᠷᠬᠤ ᠲᠤᠰᠢᠶᠠᠯ ᠬᠠᠷᠢᠭᠤᠴᠠᠯᠭ᠎ᠠ  ᠶᠢ ᠨᠠᠶᠢᠳᠠᠪᠤᠷᠢᠵᠢᠭᠤᠯᠵᠤ ᠂ ᠡᠷᠬᠢᠨ ᠲᠣᠭᠣᠷᠢᠨ  ᠤ ᠲᠠᠭᠤᠨ  ᠤ ᠣᠷᠴᠢᠨ ᠲᠣᠭᠣᠷᠢᠨ  ᠳᠤ ᠦᠵᠡᠭᠦᠯᠬᠦ ᠨᠥᠯᠥᠭᠡ  ᠶᠢ ᠪᠠᠭᠠᠰᠬᠠᠬᠤ  ᠶᠢ ᠰᠠᠨᠠᠭᠤᠯᠪᠠ ᠃ ᠡᠭᠦᠨ  ᠤ ᠬᠠᠮᠲᠤ ᠲᠡᠷᠭᠡᠨ  ᠤ ᠤᠷᠤᠰᠬᠠᠯ  ᠤᠨ ᠬᠡᠮᠵᠢᠶ᠎ᠡ ᠨᠡᠮᠡᠭᠳᠡᠬᠦ ᠂ ᠵᠠᠮ ᠬᠠᠷᠢᠯᠴᠠᠭᠠᠨ  ᠤ ᠬᠡᠷᠡᠭᠯᠡᠭᠡᠨ  ᠤ ᠬᠤᠭᠤᠴᠠᠭ᠎ᠠ ᠨᠡᠮᠡᠭᠳᠡᠬᠦ ᠂ ᠬᠥᠮᠦᠨ  ᠤ ᠬᠦᠴᠦᠨ  ᠤ ᠱᠤᠤᠭᠢᠶᠠᠨ ᠵᠡᠷᠭᠡ ᠠᠰᠠᠭᠤᠳᠠᠯ  ᠠᠴᠠ ᠪᠣᠯᠤᠭᠰᠠᠨ ᠵᠠᠮ ᠬᠠᠷᠢᠯᠴᠠᠭᠠᠨ  ᠤ ᠣᠷᠴᠢᠨ ᠲᠣᠭᠣᠷᠢᠨ  ᠤ ᠴᠢᠬᠤᠯᠠ ᠶᠡᠬᠡ ᠬᠤᠪᠢᠷᠠᠯᠲᠠ  ᠶᠢ ᠠᠷᠭᠠᠴᠠᠬᠤ  ᠶᠢᠨ ᠲᠥᠯᠥᠭᠡ ᠂ ᠲᠣᠰ ᠬᠣᠷᠢᠶ᠎ᠠ ᠠᠮᠢ ᠠᠬᠤᠶ  ᠶᠢᠨ ᠣᠷᠴᠢᠨ ᠲᠣᠭᠣᠷᠢᠨ ᠂ ᠳᠣᠲᠣᠭᠠᠳᠤ  ᠶᠢ ᠬᠠᠮᠠᠭᠠᠯᠠᠬᠤ ᠵᠠᠮ ᠬᠠᠷᠢᠯᠴᠠᠭᠠᠨ  ᠤ ᠴᠠᠭᠳᠠᠭ᠎ᠠ ᠵᠡᠷᠭᠡ 5 ᠨᠢᠭᠡᠴᠡ  ᠶᠢ ᠵᠣᠬᠢᠶᠠᠨ ᠪᠠᠶᠢᠭᠤᠯᠵᠤ ᠂ ᠵᠠᠮ ᠲᠡᠭᠡᠭᠡᠪᠦᠷᠢ   ᠶᠢᠨ ᠱᠤᠸᠭᠢᠶᠠᠨ  ᠦ ᠪᠣᠬᠢᠷᠲᠤᠯ  ᠢ ᠰᠡᠷᠭᠡᠶᠢᠯᠡᠨ ᠵᠠᠰᠠᠬᠤ ᠵᠥᠪᠳᠡᠯᠴᠡᠭᠡᠨ  ᠤ ᠬᠤᠷᠠᠯ ᠬᠤᠷᠠᠯᠳᠤᠭᠤᠯᠵᠤ ᠂ ᠬᠣᠲᠠ  ᠶᠢᠨ ᠣᠷᠣᠨ ᠵᠠᠶ  ᠶᠢᠨ ᠪᠠᠶᠢᠷᠢᠰᠢᠯ  ᠢ ᠵᠢᠷᠤᠮᠵᠢᠭᠤᠯᠬᠤ ᠂ ᠱᠤᠸᠭᠢᠶᠠᠨ  ᠢ ᠰᠡᠷᠭᠡᠶᠢᠯᠡᠬᠦ ᠵᠠᠶ  ᠶᠢ ᠵᠠᠭᠠᠭᠯᠠᠨ ᠲᠣᠭᠲᠠᠭᠠᠬᠤ ᠂ ᠵᠠᠮ  ᠢ ᠰᠡᠯᠪᠢᠨ ᠵᠠᠰᠠᠵᠤ ᠠᠷᠠᠴᠢᠯᠠᠨ ᠬᠠᠮᠠᠭᠠᠯᠠᠬᠤ ᠂ ᠭᠣᠸᠯᠳᠠᠯᠭ᠎ᠠ ᠲᠠᠶ ᠵᠠᠮ  ᠤᠨ ᠬᠡᠰᠡᠭ  ᠤᠨ ᠱᠤᠸᠭᠢᠶᠠᠨ  ᠤ ᠭᠠᠳᠠᠭᠰᠢᠯᠠᠭᠤᠯᠤᠯᠲᠠ  ᠶᠢ ᠬᠢᠨᠠᠨ ᠬᠡᠮᠵᠢᠬᠦ ᠂ ᠥᠭᠡᠷᠡᠴᠢᠯᠡᠨ ᠤᠭᠰᠠᠷᠠᠭᠰᠠᠨ ᠲᠡᠷᠭᠡ ᠬᠥᠰᠬᠡ  ᠶᠢ ᠬᠢᠨᠠᠨ ᠬᠠᠮᠢᠶᠠᠷᠬᠤ ᠵᠡᠷᠭᠡ ᠡᠬᠢ ᠡᠭᠦᠰᠦᠯ  ᠢ ᠨᠢ ᠡᠷᠢᠵᠦ ᠵᠠᠰᠠᠬᠤ ᠠᠵᠢᠯ  ᠤᠨ ᠲᠠᠯ᠎ᠠ ᠪᠠᠷ ᠬᠠᠮᠲᠤ  ᠶᠢᠨ ᠲᠠᠨᠢᠯᠲᠠ ᠲᠠᠶ ᠪᠣᠯᠪᠠ ᠃

       ᠰᠠᠨᠠᠭᠤᠯᠭ᠎ᠠ  ᠶᠢ ᠣᠯᠤᠭᠰᠠᠨ  ᠤ ᠳᠠᠷᠠᠭ᠎ᠠ ᠂ ᠲᠣᠭᠣᠷᠢᠭ  ᠤᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ᠢᠳᠡᠪᠬᠢᠲᠡᠶ ᠪᠡᠷ ᠴᠡᠭᠴᠡᠯᠡᠨ ᠥᠭᠡᠷᠡᠴᠢᠯᠡᠵᠦ ᠂ ᠠᠮᠢ ᠠᠬᠤᠶ  ᠶᠢᠨ ᠣᠷᠴᠢᠨ ᠲᠣᠭᠣᠷᠢᠨ ᠂ ᠵᠠᠮ ᠬᠠᠷᠢᠯᠴᠠᠭ᠎ᠠ ᠲᠡᠭᠡᠭᠡᠪᠦᠷᠢ ᠂ ᠵᠠᠮ ᠬᠠᠷᠢᠯᠴᠠᠭᠠᠨ   ᠦ ᠴᠠᠭᠳᠠᠭ᠎ᠠ ᠵᠡᠷᠭᠡ ᠰᠠᠯᠠᠭ᠎ᠠ ᠮᠥᠴᠢᠷ ᠲᠡᠶ ᠬᠠᠮᠲᠤᠷᠠᠨ ︽ ᠳ᠋ᠦᠩ ᠹᠠᠩ ᠶᠡᠬᠡ ᠵᠠᠮ  ᠤᠨ ᠥᠨᠳᠥᠷ  ᠲᠤᠯᠭᠠᠭᠤᠷᠢᠲᠤ ᠱᠤᠸᠭᠢᠶᠠᠨ  ᠤ ᠪᠣᠬᠢᠷᠲᠤᠯ  ᠢ ᠶᠡᠷᠦᠩᠬᠡᠶᠢᠯᠡᠨ ᠵᠠᠰᠠᠬᠤ ᠲᠥᠰᠦᠯ ︾  ᠢ ᠲᠣᠭᠲᠠᠭᠠᠵᠤ ᠂ ᠣᠷᠴᠢᠨ ᠲᠣᠭᠣᠷᠢᠨ  ᠤ ᠱᠤᠸᠭᠢᠶᠠᠨ  ᠤ ᠣᠶᠤᠨᠴᠢ ᠬᠢᠨᠠᠨ ᠬᠡᠮᠵᠢᠬᠦ ᠲᠠᠪᠴᠠᠩ  ᠢ ᠠᠵᠢᠯᠯᠠᠭᠤᠯᠵᠤ ᠂ ᠵᠠᠮ ᠳᠠᠭᠠᠸ  ᠶᠢᠨ 5 ᠱᠤᠸᠭᠢᠶᠠᠨ  ᠦ ᠬᠢᠨᠠᠨ ᠬᠡᠮᠵᠢᠬᠦ ᠴᠡᠭ  ᠢ ᠪᠠᠶᠢᠷᠢᠯᠠᠭᠤᠯᠵᠤ ᠂ ᠱᠤᠸᠭᠢᠶᠠᠨ  ᠤ ᠬᠥᠳᠡᠯᠦᠩᠭᠦᠶ ᠬᠢᠨᠠᠨ ᠬᠡᠮᠵᠢᠯᠲᠡ  ᠶᠢ ᠪᠡᠶᠡᠯᠡᠭᠦᠯᠪᠡ ︔ 6 ᠨᠡᠭᠡᠭᠡᠨ ᠬᠥᠭᠵᠢᠭᠦᠯᠬᠦ ᠬᠤᠳᠠᠯᠳᠤᠭᠠᠴᠢᠨ  ᠤ ᠱᠤᠤᠭᠢᠶᠠᠨ  ᠢ ᠪᠠᠭᠤᠷᠠᠭᠤᠯᠬᠤ ᠵᠠᠷᠤᠳᠠᠯ  ᠢ ᠨᠠᠶᠢᠳᠠᠪᠤᠷᠢᠵᠢᠭᠤᠯᠬᠤ  ᠶᠢ ᠰᠢᠪᠠᠳᠠᠵᠤ᠂ 3000 ᠭᠠᠷᠤᠶ ᠮᠧᠲ᠋ᠷ  ᠤᠨ ᠳᠠᠭᠤ ᠬᠥᠨᠳᠡᠶᠢᠷᠡᠭᠦᠯᠬᠦ ᠬᠠᠯᠬᠠᠪᠴᠢ  ᠶᠢᠨ ᠢᠨᠵᠧᠨᠧᠷᠢᠩ   ᠤᠨ ᠪᠦᠲᠦᠭᠡᠨ ᠪᠠᠶᠢᠭᠤᠯᠤᠯᠲᠠ  ᠶᠢ ᠲᠦᠯᠬᠢᠨ ᠠᠬᠢᠭᠤᠯᠪᠠ᠃ ᠲᠣᠰ ᠲᠣᠪᠴᠢᠶ᠎ᠠ 6 ᠰᠠᠷ᠎ᠠ  ᠶᠢᠨ 9  ᠦ ᠡᠳᠦᠷ ᠬᠠᠷᠢᠭᠤ ᠵᠠᠬᠢᠳᠠᠯ 3 ᠳᠦ ᠪᠡᠨ ᠪᠠᠰᠠ ᠨᠢᠭᠡ ᠨᠡᠭᠡᠭᠡᠨ ᠬᠥᠭᠵᠢᠭᠦᠯᠬᠦ ᠬᠤᠳᠠᠯᠳᠤᠭᠠᠴᠢᠨ ᠱᠤᠸᠭᠢᠶᠠᠨ  ᠢ ᠰᠡᠷᠭᠡᠶᠢᠯᠡᠨ ᠵᠠᠰᠠᠬᠤ ᠵᠠᠷᠤᠳᠠᠯ  ᠢ ᠨᠠᠶᠢᠳᠠᠪᠤᠷᠢᠵᠢᠭᠤᠯᠤᠭᠠᠳᠤᠶ ᠂ ᠬᠣᠯᠪᠣᠭᠳᠠᠯ ᠪᠥᠬᠥᠶ ᠠᠵᠢᠯ  ᠢ ᠮᠥᠨ ᠬᠦ ᠳᠥᠯᠭᠢᠨ ᠠᠬᠢᠭᠤᠯᠵᠤ ᠪᠠᠶᠢᠨ᠎ᠠ ᠭᠡᠵᠡᠶ ᠃ ᠪᠠᠶᠢᠴᠠᠭᠠᠬᠤ ᠪᠠᠶᠢᠭᠤᠯᠭ᠎ᠠ ᠮᠥᠷᠳᠡᠨ ᠪᠠᠶᠢᠴᠠᠭᠠᠭᠰᠠᠨ  ᠤ ᠳ᠋ᠦᠩ  ᠳᠤ ᠂ ᠨᠡᠭᠡᠭᠡᠨ ᠬᠥᠭᠵᠢᠭᠦᠯᠬᠦ ᠬᠤᠳᠠᠯᠳᠤᠭᠠᠴᠢᠨ ᠨᠠᠨ ᠲᠦᠩ ᠨᠡᠷᠡᠮᠵᠢᠲᠦ ᠪᠠᠷᠢᠯᠭ᠎ᠠ  ᠶᠢᠨ ᠦᠶᠯᠡᠰ  ᠤᠨ ᠬᠢᠵᠠᠭᠠᠷᠲᠤ ᠺᠣᠮᠫᠠᠨᠢ ᠵᠠᠰᠠᠬᠤ ᠲᠥᠰᠦᠯ  ᠳᠠᠬᠢ ᠭᠦᠶᠴᠡᠳᠬᠡᠬᠦ ᠪᠡᠷ ᠱᠠᠭᠠᠷᠳᠠᠭᠰᠠᠨ ᠡᠭᠦᠷᠭᠡ  ᠳᠤ ᠣᠨᠳᠣᠸ ᠰᠠᠨᠠᠯ ᠳᠤᠷᠠᠳᠤᠭᠰᠠᠨ ᠥᠬᠡᠶ ᠪᠣᠯᠪᠠᠴᠤ ᠪᠠᠯᠠ ᠮᠥᠩᠭᠥ  ᠴᠤᠭᠯᠠᠭᠤᠯᠬᠤ ᠵᠡᠷᠭᠡ ᠰᠢᠯᠲᠠᠭᠠᠨ   ᠠᠴᠠ ᠪᠣᠯᠵᠣ ᠂ 500 ᠮᠧᠲ᠋ᠷ  ᠤᠨ ᠵᠠᠮ  ᠤᠨ ᠲᠠᠭᠤᠨ  ᠤ ᠬᠠᠯᠬᠠᠪᠴᠢ  ᠶᠢᠨ ᠲᠥᠬᠥᠭᠡᠷᠦᠮᠵᠢ  ᠶᠢ ᠲᠣᠭᠲᠠᠭᠰᠠᠨ ᠬᠤᠭᠤᠴᠠᠭᠠᠨ ᠳᠠᠭᠠᠨ ᠪᠥᠲᠥᠭᠡᠨ ᠪᠠᠶᠢᠭᠤᠯᠤᠭᠰᠠᠨ ᠥᠬᠡᠶ ᠂ ᠵᠡᠭᠡᠯᠢ ᠳᠠᠭᠠᠸ ᠰᠠᠭᠤᠭ᠎ᠠ ᠡᠷᠦᠬᠡ  ᠶᠢᠨ ᠲᠠᠭᠤᠨ   ᠦ ᠣᠷᠴᠢᠨ ᠲᠣᠭᠣᠷᠢᠨ ᠦᠷᠭᠦᠯᠵᠢᠯᠡᠨ ᠬᠠᠯᠳᠠᠯᠭ᠎ᠠ  ᠳᠦ ᠤᠴᠠᠷᠠᠭᠰᠠᠨ  ᠢ ᠣᠯᠵᠤ ᠮᠡᠳᠡᠵᠡᠶ ᠃ ᠬᠣᠬᠢᠷᠠᠯ  ᠳᠦ ᠤᠴᠠᠷᠠᠭᠰᠠᠨ ᠨᠡᠶᠢᠲᠡ  ᠶᠢᠨ ᠠᠰᠢᠭ ᠢ ᠴᠠᠭ ᠲᠤᠬᠠᠶ ᠳᠤᠨᠢ ᠵᠠᠰᠠᠨ ᠰᠡᠷᠭᠦᠭᠡᠬᠦ  ᠶᠢ ᠦᠨᠡᠨ ᠬᠦ ᠪᠠᠲᠤᠯᠠᠬᠤ  ᠶᠢᠨ ᠲᠥᠯᠥᠭᠡ᠂ ᠨᠠᠨᠲ᠋ᠦ᠋ᠩ  ᠤᠨ ᠨᠡᠭᠡᠭᠡᠨ ᠬᠥᠭᠵᠢᠭᠦᠯᠬᠦ ᠣᠷᠣᠨ  ᠤ ᠬᠦᠷᠢᠶᠡᠯᠡᠩ  ᠤᠨ ᠬᠢᠨ ᠨᠠᠮ  ᠤᠨ ᠬᠣᠷᠢᠶ᠎ᠠ ᠵᠠᠰᠠᠭ  ᠤᠨ ᠣᠷᠳᠣᠨ  ᠤ ᠳᠡᠮᠵᠢᠯᠭᠡ  ᠶᠢ ᠤᠯᠬᠤ ᠪᠠᠷ ᠢᠳᠡᠪᠬᠢᠲᠡᠶ ᠴᠢᠷᠮᠠᠶᠢᠵᠤ᠂ ᠤᠯᠠᠨ ᠤᠳᠠᠭ᠎ᠠ ᠵᠥᠪᠳᠡᠯᠴᠡᠬᠦ  ᠳᠦ ᠣᠷᠣᠯᠴᠠᠵᠤ᠂ ᠵᠠᠰᠠᠭ ᠵᠠᠬᠢᠷᠭᠠᠨ  ᠤ ᠪᠠᠶᠢᠭᠤᠯᠭ᠎ᠠ  ᠠᠴᠠ ᠪᠣᠬᠢᠷᠲᠤᠯ  ᠢ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ  ᠶᠢ ᠣᠷᠣᠯᠠᠨ ᠭᠦᠢᠴᠡᠳᠬᠡᠵᠦ᠂ ᠭᠡᠷ ᠪᠠᠶᠢᠰᠢᠩ ᠭᠠᠵᠠᠷ ᠰᠢᠷᠣᠶ  ᠶᠢᠨ ᠭᠦᠷᠦᠨᠭᠭᠡ  ᠶᠢᠨ ᠠᠵᠤ ᠠᠬᠤᠶᠢᠯᠠᠯ  ᠡᠴᠡ  ᠠᠰᠲᠠᠭᠠᠨ ᠲᠥᠯᠥᠪᠦᠷᠢ ᠨᠡᠬᠡᠮᠵᠢᠯᠡᠬᠦ ᠰᠠᠨᠠᠭᠤᠯᠭ᠎ᠠ  ᠶᠢ ᠬᠦᠯᠢᠶᠡᠨ ᠠᠪᠴᠠᠶ᠃ 2023 ᠣᠨ  ᠤ 7 ᠰᠠᠷ᠎ᠠ  ᠳᠤ ᠂ ᠬᠠᠷᠢᠶ᠎ᠠ ᠭᠠᠵᠠᠷ  ᠤᠨ ᠬᠠᠮᠢᠶᠠᠷᠤᠯᠲᠠ  ᠶᠢᠨ ᠵᠥᠪᠯᠡᠯ ᠡᠴᠡ 500 ᠮᠧᠲ᠋ᠷ  ᠤᠨ ᠥᠨᠳᠥᠷ   ᠲᠤᠯᠭᠠᠭᠤᠷᠢᠲᠤ ᠲᠠᠭᠤᠨ  ᠤ ᠬᠠᠯᠬᠠᠪᠴᠢ  ᠶᠢᠨ ᠤᠭᠰᠠᠷᠠᠬᠤ ᠢᠨᠵᠧᠨᠧᠷᠢᠩ  ᠢ ᠠᠷᠠᠳ  ᠤᠨ ᠲᠥᠯᠥᠭᠡ ᠪᠣᠳᠠᠲᠠᠶ ᠠᠵᠢᠯ ᠬᠢᠬᠦ ᠲᠥᠯᠥᠪᠯᠡᠭᠡ  ᠳᠤ ᠣᠷᠣᠭᠤᠯᠵᠤ ᠂ ᠳᠠᠭᠠᠭᠠᠴᠢᠯᠠᠯᠲᠠ ᠵᠠᠷᠯᠠᠬᠤ ᠵᠢᠷᠤᠮ  ᠢᠶᠠᠷ ᠳᠡᠮᠵᠢᠨ ᠪᠠᠶᠢᠭᠤᠯᠵᠤ ᠳᠠᠭᠤᠰᠬᠠᠪᠠ ᠃ ᠵᠠᠰᠠᠭ ᠵᠠᠬᠢᠷᠭᠠᠨ  ᠤ ᠪᠠᠶᠢᠭᠤᠯᠭ᠎ᠠ  ᠠᠴᠠ ᠦᠷᠭᠦᠯᠵᠢᠯᠡᠨ ᠨᠡᠬᠡᠮᠵᠢᠯᠡᠨ ᠲᠦᠯᠦᠭᠦᠯᠬᠦ ᠪᠡᠷ ᠲᠠᠮᠵᠢᠨ᠂ ᠨᠡᠭᠡᠭᠡᠨ ᠠᠰᠢᠭᠯᠠᠬᠤ ᠬᠤᠳᠠᠯᠳᠤᠭᠠᠴᠢᠨ ᠡᠴᠦᠰ ᠲᠡᠬᠡᠨ ᠵᠣᠬᠢᠴᠠᠩᠭᠤᠶ ᠵᠠᠷᠤᠳᠠᠯ  ᠢ  ᠡᠭᠦᠷᠭᠡᠯᠡᠪᠡ᠃

ᠨᠠᠨᠲ᠋ᠦ᠋ᠩ  ᠤᠨ ᠨᠡᠭᠡᠭᠡᠨ ᠬᠥᠭᠵᠢᠭᠦᠯᠦᠯᠲᠡ  ᠶᠢᠨ ᠲᠣᠭᠣᠷᠢᠭ  ᠤᠨ ᠬᠦᠷᠢᠶᠡᠯᠡᠩ  ᠤᠨ ᠬᠢᠨ ᠰᠠᠶᠢᠨ ᠳᠤᠷ᠎ᠠ  ᠶᠢᠨ ᠠᠵᠢᠯᠯᠠᠭᠴᠢ  ᠶᠢ ᠤᠷᠢᠵᠤ ᠬᠠᠮᠲᠤᠪᠠᠷ ᠥᠨᠳᠥᠷ  ᠲᠤᠯᠭᠠᠭᠤᠷᠢᠳᠤ ᠵᠠᠮ ᠳᠠᠭᠠᠤ   ᠶᠢᠨ ᠰᠠᠭᠤᠭᠠᠯᠢ ᠠᠷᠠᠳ  ᠲᠤ ᠬᠠᠷᠢᠭᠤ ᠰᠤᠷᠪᠤᠯᠵᠢᠯᠠᠭ᠎ᠠ ᠬᠢᠯᠭᠡᠭᠰᠡᠨ  ᠳᠦ ᠴᠥᠮ ᠣᠷᠣᠰᠢᠨ ᠰᠠᠭᠤᠬᠤ ᠲᠠᠭᠤᠨ  ᠤ ᠣᠷᠴᠢᠨ ᠲᠣᠭᠣᠷᠢᠨ ᠰᠠᠶᠢᠵᠢᠷᠠᠭᠰᠠᠨ  ᠢ ᠬᠠᠷᠢᠭᠤ ᠲᠤᠰᠬᠠᠪᠠ᠂ ᠡᠭᠦᠨ  ᠤ ᠬᠠᠮᠲᠤ ᠲᠤᠰ ᠬᠦᠷᠢᠶᠡᠯᠡᠩ  ᠤᠨ ᠬᠢᠨ ᠵᠠᠮ ᠳᠠᠭᠠᠤ  ᠶᠢᠨ ᠤᠯᠠᠨ ᠬᠢᠨᠠᠨ ᠬᠡᠮᠵᠢᠬᠦ ᠴᠡᠭ  ᠤᠨ ᠬᠣᠶᠠᠷ ᠰᠠᠷ᠎ᠠ  ᠶᠢᠨ ᠳᠣᠲᠣᠷᠠᠬᠢ ᠲᠣᠭ᠎ᠠ ᠪᠠᠷᠢᠮᠲᠠ  ᠶᠢ ᠦᠷᠭᠦᠯᠵᠢᠯᠡᠨ ᠠᠩᠬᠠᠷᠴᠤ᠂ ᠰᠥᠨᠢ  ᠶᠢᠨ ᠳᠤᠮᠳᠠᠴᠢ ᠱᠤᠤᠭᠢᠶᠠᠨ 55dB(A) ᠡᠴᠡ ᠳᠣᠣᠷ᠎ᠠ ᠪᠠᠶᠢᠬᠤ  ᠶᠢ ᠨᠤᠲᠠᠯᠠᠪᠠ᠃ 2023 ᠣᠨ  ᠤ 10 ᠰᠠᠷ᠎ᠠ  ᠶᠢᠨ 30  ᠦ ᠡᠳᠦᠷ ᠂ ᠨᠠᠨᠲ᠋ᠦ᠋ᠩ  ᠤᠨ ᠨᠡᠭᠡᠭᠡᠨ ᠬᠥᠭᠵᠢᠭᠦᠯᠬᠦ ᠣᠷᠣᠨ  ᠤ ᠬᠦᠷᠢᠶᠡᠯᠡᠩ ᠡᠴᠡ ᠬᠢᠨᠠᠨ ᠪᠠᠶᠢᠴᠠᠭᠠᠯᠲᠠ  ᠶᠢ ᠳᠠᠭᠤᠰᠬᠠᠬᠤ ᠲᠣᠭᠲᠠᠭᠠᠯ ᠭᠠᠷᠭᠠᠪᠠ ᠃


【ᠨᠡᠶᠢᠲᠡᠯᠢᠭ ᠠᠴᠢ ᠬᠣᠯᠪᠣᠭᠳᠠᠯ】

ᠵᠠᠮ ᠬᠠᠷᠢᠯᠴᠠᠭ᠎ᠠ ᠲᠡᠭᠡᠭᠡᠪᠦᠷᠢ  ᠶᠢᠨ ᠲᠠᠭᠣ ᠱᠤᠤᠭᠢᠶᠠᠨ  ᠦ ᠪᠣᠬᠢᠷᠲᠤᠯ  ᠤᠨ ᠢᠷᠡᠯᠲᠡ ᠨᠢ ᠣᠯᠠᠨ ᠶᠠᠩᠵᠤ  ᠶᠢᠨ ᠂ ᠲᠦᠷᠦᠯ ᠵᠦᠢᠯ ᠨᠢ ᠰᠣᠯᠪᠢᠴᠠᠯᠳᠤᠵᠤ ᠂ ᠪᠤᠢ ᠪᠣᠯᠤᠭᠰᠠᠨ ᠰᠢᠯᠲᠠᠭᠠᠨ ᠨᠢ ᠪᠤᠳᠤᠯᠢᠶᠠᠨᠲᠠᠶ ᠂ ᠬᠠᠷᠢᠭᠤᠴᠠᠯᠭ᠎ᠠ  ᠶᠢ ᠮᠠᠭᠠᠳᠯᠠᠨ ᠲᠣᠭᠲᠠᠭᠠᠬᠤ  ᠳᠦ ᠬᠦᠴᠢᠷ ᠂ ᠪᠣᠬᠢᠷᠲᠤᠯ  ᠢ ᠵᠠᠰᠠᠬᠤ  ᠳᠦ ᠬᠦᠴᠢᠷ ᠪᠠᠶᠢᠳᠠᠭ ᠨᠢ ᠤᠯᠠᠨ ᠲᠦᠮᠡᠨ  ᠤ ᠲᠤᠰᠬᠠᠯ ᠶᠡᠬᠡᠲᠡᠶ ᠰᠡᠳᠬᠢᠯ  ᠢ ᠵᠣᠪᠠᠭᠠᠬᠤ ᠶᠠᠪᠤᠳᠠᠯ ᠪᠤᠯᠵᠤ ᠪᠠᠶᠢᠨ᠎ᠠ ᠃ ᠪᠠᠶᠢᠴᠠᠭᠠᠬᠤ ᠪᠠᠶᠢᠭᠤᠯᠭ᠎ᠠ ᠨᠤᠭᠤᠳ ᠨᠡᠶᠢᠲᠡ  ᠶᠢᠨ ᠠᠰᠢᠭᠲᠤ ᠵᠠᠷᠭᠤ ᠪᠠᠷ ᠳᠠᠮᠵᠢᠭᠤᠯᠤᠨ᠂ ᠲᠤᠰᠬᠠᠶ ᠮᠡᠷᠭᠡᠵᠢᠯᠲᠡᠨ ᠡᠷᠳᠡᠮᠲᠡᠨ  ᠦ ᠲᠤᠰᠬᠠᠶ ᠮᠡᠷᠭᠡᠵᠢᠯ  ᠤᠨ ᠮᠡᠳᠡᠯᠭᠡ  ᠶᠢ ᠠᠰᠢᠭᠯᠠᠨ᠂ 《ᠤᠷᠢᠳᠠᠪᠠᠷ ᠶᠠᠪᠤᠵᠤ ᠰᠡᠭᠦᠯᠡᠷ ᠨᠢ ᠭᠡᠷ ᠲᠡᠶ ᠪᠣᠯᠬᠤ》 ᠦᠶ᠎ᠡ  ᠶᠢᠨ ᠬᠠᠷᠢᠭᠤᠴᠠᠯᠭ᠎ᠠ  ᠶᠢᠨ ᠪᠡᠶᠡᠴᠢ ᠴᠣᠭᠴᠠ  ᠶᠢ ᠲᠣᠳᠣᠷᠬᠠᠶᠢᠯᠠᠪᠠ᠃ ᠢᠯᠡ ᠪᠡᠷ ᠭᠡᠷᠡᠴᠢᠯᠡᠭᠡ ᠰᠣᠨᠣᠰᠬᠤ᠂ ᠵᠥᠪᠳᠡᠯᠴᠡᠬᠦ᠂ ᠪᠠᠶᠢᠴᠠᠭᠠᠬᠤ ᠰᠠᠨᠠᠭᠤᠯᠭ᠎ᠠ ᠳᠤᠷᠠᠳᠬᠤ ᠵᠡᠷᠭᠡ ᠠᠷᠭ᠎ᠠ ᠪᠠᠷᠢᠯ  ᠢ ᠶᠡᠷᠦᠩᠬᠡᠶᠢᠯᠡᠨ ᠬᠡᠷᠡᠭᠯᠡᠵᠦ᠂ ᠬᠣᠯᠪᠣᠭᠳᠠᠯ ᠪᠦᠬᠦᠢ ᠪᠡᠶᠡᠴᠢ ᠴᠣᠭᠴᠠ  ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠰᠢᠪᠠᠳᠠᠪᠠ᠃ ᠪᠠᠶᠢᠴᠠᠭᠠᠬᠤ ᠪᠠᠶᠢᠭᠤᠯᠭ᠎ᠠ  ᠡᠴᠡ ᠵᠠᠰᠠᠭ ᠵᠠᠬᠢᠷᠭᠠᠨ  ᠤ ᠪᠠᠶᠢᠭᠤᠯᠭ᠎ᠠ  ᠶᠢᠨ ᠤᠷᠢᠳ  ᠢᠶᠡᠷ ᠣᠷᠣᠯᠠᠨ ᠭᠦᠢᠴᠡᠳᠬᠡᠬᠦ  ᠶᠢ ᠲᠦᠯᠬᠢᠨ ᠠᠬᠢᠭᠤᠯᠵᠤ᠂ ᠳᠠᠭᠤ ᠱᠤᠤᠭᠢᠶᠠᠨ  ᠤ ᠪᠣᠬᠢᠷᠲᠤᠯ ᠢ ᠰᠡᠷᠭᠡᠶᠢᠯᠡᠨ ᠵᠠᠰᠠᠬᠤ ᠠᠬᠢᠴᠠ  ᠶᠢ ᠲᠦᠯᠬᠢᠨ ᠠᠬᠢᠭᠤᠯᠵᠤ᠂ ᠵᠠᠰᠠᠭ ᠵᠠᠬᠢᠷᠭᠠᠨ  ᠤ ᠪᠠᠶᠢᠭᠤᠯᠭ᠎ᠠ  ᠶᠢᠨ ᠦᠷᠭᠦᠯᠵᠢᠯᠡᠨ ᠨᠡᠬᠡᠮᠵᠢᠯᠡᠨ ᠲᠦᠯᠦᠭᠦᠯᠭᠦ ᠠᠵᠢᠯᠯᠠᠭ᠎ᠠ ᠥᠷᠨᠢᠭᠦᠯᠬᠦ  ᠶᠢ ᠵᠡᠷᠭᠡ ᠪᠡᠷ ᠳᠡᠮᠵᠢᠵᠦ᠂ ᠠᠵᠤ ᠠᠬᠤᠶᠢᠯᠠᠯ  ᠤᠨ ᠪᠡᠶᠡᠴᠢ ᠴᠣᠭᠴᠠ  ᠶᠢᠨ ᠬᠠᠷᠢᠭᠤᠴᠠᠯᠭ᠎ᠠ  ᠶᠢ ᠨᠠᠶᠢᠳᠠᠪᠤᠷᠢᠵᠢᠭᠤᠯᠪᠠ᠃

 

ᠵᠢᠶᠠᠩᠰᠢ ᠮᠤᠵᠢ  ᠶᠢᠨ ᠶᠢᠩ ᠲᠠᠨ ᠬᠣᠲᠠ  ᠶᠢᠨ ᠠᠷᠠᠳ  ᠤᠨ ᠪᠠᠶᠢᠴᠠᠭᠠᠬᠤ ᠬᠣᠷᠢᠶ᠎ᠠ ᠪᠠᠷᠢᠯᠭ᠎ᠠ  ᠶᠢᠨ ᠠᠵᠢᠯ ᠲᠥᠷᠥᠯ  ᠤᠨ ᠱᠤᠸᠭᠢᠶᠠᠨ  ᠤ ᠪᠣᠬᠢᠷᠲᠤᠯ  ᠢ ᠰᠢᠪᠠᠳᠠᠨ ᠵᠠᠰᠠᠭᠰᠠᠨ ᠵᠠᠰᠠᠭ ᠵᠠᠬᠢᠷᠭᠠᠨ  ᠤ ᠨᠡᠶᠢᠲᠡ  ᠶᠢᠨ ᠠᠰᠢᠭᠲᠤ ᠵᠠᠷᠭᠤ

【ᠵᠠᠩᠭᠢᠯᠠᠭ᠎ᠠ  ᠶᠢᠨ ᠦᠭᠡ】

ᠵᠠᠰᠠᠭ ᠵᠠᠬᠢᠷᠭᠠᠨ  ᠦ ᠨᠡᠶᠢᠲᠡ   ᠶᠢᠨ ᠠᠰᠢᠭᠲᠤ ᠵᠠᠷᠭᠤ     ᠪᠠᠷᠢᠯᠭ᠎ᠠ  ᠶᠢᠨ ᠠᠵᠢᠯ ᠤᠨ ᠳᠠᠭᠤ ᠱᠤᠤᠭᠢᠶᠠᠨ  ᠦ ᠪᠣᠬᠢᠷᠲᠤᠯ   ᠰᠢᠰᠲ᠋ᠧᠮᠲᠦ ᠵᠠᠰᠠᠯᠲᠠ

【ᠭᠣᠣᠯ ᠵᠣᠷᠢᠯᠭ᠎ᠠ】

ᠪᠠᠷᠢᠯᠭ᠎ᠠ  ᠶᠢᠨ ᠠᠵᠢᠯ ᠲᠦᠷᠦᠯ  ᠤᠨ ᠲᠣᠭᠲᠠᠭᠠᠯ  ᠢ ᠵᠥᠷᠢᠴᠡᠨ ᠠᠵᠢᠯᠯᠠᠬᠤ᠂ ᠰᠥᠨᠢ ᠪᠡᠷ ᠪᠠᠷᠢᠯᠭ᠎ᠠ ᠪᠠᠷᠢᠬᠤ  ᠡᠴᠡ ᠪᠣᠯᠤᠭᠰᠠᠨ ᠱᠤᠤᠭᠢᠶᠠᠨ ᠠᠷᠠᠳ  ᠢ ᠦᠢᠮᠡᠭᠦᠯᠦᠭᠰᠡᠨ ᠠᠰᠠᠭᠤᠳᠠᠯ  ᠳᠦ ᠴᠢᠭᠯᠡᠭᠦᠯᠦᠨ᠂ ᠪᠠᠶᠢᠴᠠᠭᠠᠬᠤ ᠪᠠᠶᠢᠭᠤᠯᠭ᠎ᠠ ᠨᠤᠭᠤᠳ ᠮᠡᠷᠭᠡᠵᠢᠯ ᠤᠨ ᠳᠡᠮᠵᠢᠯᠭᠡ  ᠶᠢ ᠠᠰᠢᠭᠯᠠᠨ ᠱᠤᠤᠭᠢᠶᠠᠨ ᠤ ᠪᠠᠷᠢᠮᠵᠢᠶ᠎ᠠ  ᠡᠴᠡ ᠬᠡᠲᠦᠷᠡᠭᠰᠡᠨ ᠠᠰᠠᠭᠤᠳᠠᠯ  ᠢ ᠪᠠᠶᠢᠴᠠᠭᠠᠨ ᠲᠤᠳᠤᠯᠠᠵᠤ᠂ ᠰᠠᠨᠠᠯ ᠰᠣᠨᠣᠰᠬᠤ᠂ ᠪᠠᠶᠢᠴᠠᠭᠠᠬᠤ ᠰᠠᠨᠠᠭᠤᠯᠭ᠎ᠠ ᠳᠤᠷᠠᠳᠬᠤ ᠵᠡᠷᠭᠡ ᠠᠷᠭ᠎ᠠ ᠮᠠᠶ᠋ᠢᠭ  ᠢ ᠶᠡᠷᠦᠩᠬᠡᠶᠢᠯᠡᠨ ᠬᠡᠷᠡᠭᠯᠡᠵᠦ᠂ ᠵᠠᠰᠠᠭ ᠵᠠᠬᠢᠷᠭᠠᠨ  ᠤ ᠪᠠᠶᠢᠭᠤᠯᠭ᠎ᠠ  ᠶᠢ ᠰᠢᠪᠠᠳᠠᠨ ᠱᠠᠭᠠᠷᠳᠠᠵᠤ ᠪᠠᠶᠢᠭᠠᠳ ᠬᠠᠤᠯᠢ  ᠡᠴᠡ ᠵᠥᠷᠢᠴᠡᠭᠰᠡᠨ ᠠᠰᠠᠭᠤᠳᠠᠯ  ᠢ ᠬᠠᠤᠯᠢ ᠶᠣᠰᠣᠭᠠᠷ ᠪᠠᠶᠢᠴᠠᠭᠠᠨ ᠰᠢᠶᠳᠪᠦᠷᠢᠯᠡᠭᠦᠯᠵᠦ᠂ ᠪᠠᠷᠢᠯᠭ᠎ᠠ  ᠶᠢᠨ ᠠᠵᠢᠯ ᠲᠦᠷᠦᠯ  ᠤᠨ ᠱᠤᠤᠭᠢᠶᠠᠨ  ᠤ ᠪᠣᠬᠢᠷᠲᠤᠯ  ᠢ ᠰᠢᠰᠲ᠋ᠧᠮ ᠲᠡᠶ ᠪᠡᠷ ᠵᠠᠰᠠᠬᠤ ᠠᠵᠢᠯ  ᠢ ᠲᠦᠯᠬᠢᠨ ᠠᠬᠢᠭᠤᠯᠪᠠ᠃

【ᠬᠡᠷᠡᠭ  ᠤᠨ ᠦᠨᠳᠦᠰᠦᠨ ᠪᠠᠶᠢᠳᠠᠯ】

2022 ᠣᠨ  ᠠᠴᠠ ᠨᠠᠰᠢ ᠂ ᠵᠢᠶᠠᠩᠰᠢ ᠮᠤᠵᠢ   ᠶᠢᠨ ᠶᠢᠩ ᠲᠠᠨ ᠬᠣᠲᠠ   ᠶᠢᠨ ᠲᠥᠪ ᠬᠣᠲᠠ   ᠶᠢᠨ ᠲᠣᠭᠣᠷᠢᠭ  ᠤᠨ ᠶᠣᠣ ᠱᠠ   ᠶᠢᠨ ᠬᠤᠸᠠᠩ  ᠵᠢᠶᠠ ᠲᠥᠪᠬᠢᠨᠡᠭᠦᠯᠬᠦ ᠭᠡᠷ ᠂ ᠰᠢᠩ ᠾᠧ ᠾᠤᠶᠢ ᠪᠠᠭ᠎ᠠ ᠲᠣᠭᠣᠷᠢᠭ  ᠤᠨ ᠪᠦᠲᠦᠭᠡᠨ ᠪᠠᠶᠢᠭᠤᠯᠤᠯᠲᠠ   ᠶᠢᠨ ᠭᠠᠵᠠᠷ ᠂ ᠵᠤ ᠪᠦ᠋ ᠯᠢᠦ ᠵᠢᠶᠠ ᠨᠤᠷᠠᠭᠠᠵᠤ ᠨᠡᠭᠦᠯᠭᠡᠬᠦ ᠲᠣᠭᠣᠷᠢᠭ ᠵᠡᠷᠭᠡ ᠪᠠᠷᠢᠯᠭ᠎ᠠ   ᠶᠢᠨ ᠭᠠᠵᠠᠷ ᠰᠥᠨᠢ ᠪᠡᠷ ᠪᠠᠷᠢᠯᠭ᠎ᠠ ᠪᠠᠷᠢᠬᠤ ᠵᠥᠪᠰᠢᠶᠡᠷᠡᠯ ᠣᠯᠤᠭᠰᠠᠨ ᠦᠭᠡᠶ ᠂ ᠰᠥᠨᠢ ᠳᠦᠯᠢ ᠪᠡᠷ ᠪᠠᠷᠢᠯᠭ᠎ᠠ ᠪᠠᠷᠢᠬᠤ ᠪᠤᠶᠤ ᠴᠢᠨᠠᠭᠰᠢᠯᠠᠪᠠᠯ ᠰᠥᠨᠢᠵᠢᠨ ᠠᠵᠢᠯᠯᠠᠵᠤ ᠪᠠᠶᠢᠨ᠎ᠠ ᠃ ᠪᠠᠷᠢᠯᠭ᠎ᠠ  ᠶᠢᠨ ᠠᠵᠢᠯ  ᠤᠨ ᠱᠤᠸᠭᠢᠶᠠᠨ  ᠢ ᠰᠢᠭᠤᠳ ᠡᠷᠬᠢᠨ ᠲᠣᠭᠣᠷᠢᠨ  ᠤ ᠣᠷᠴᠢᠨ ᠲᠣᠭᠣᠷᠢᠨ  ᠳᠤ ᠭᠠᠳᠠᠭᠰᠢᠯᠠᠭᠤᠯᠵᠤ ᠂ ︽ ᠪᠠᠷᠢᠯᠭ᠎ᠠ  ᠶᠢᠨ ᠠᠵᠢᠯ  ᠤᠨ ᠲᠠᠯᠠᠪᠠᠶ  ᠶᠢᠨ ᠵᠠᠭᠠᠭ  ᠤᠨ ᠣᠷᠴᠢᠨ ᠲᠣᠭᠣᠷᠢᠨ  ᠤ ᠱᠤᠸᠭᠢᠶᠠᠨ  ᠢ ᠭᠠᠳᠠᠭᠰᠢᠯᠠᠭᠤᠯᠬᠤ ᠪᠠᠷᠢᠮᠵᠢᠶ᠎ᠠ ︾ ︵ GB12523 ︱ 2011 ︶ ᠳ᠋ᠤ ᠲᠣᠭᠲᠠᠭᠠᠭᠰᠠᠨ ᠰᠥᠨᠢ  ᠶᠢᠨ 55dB ︵ A︶  ᠶᠢᠨ ᠬᠢᠵᠠᠭᠠᠷ ᠬᠡᠮᠵᠢᠭᠳᠡᠯ ᠡᠴᠡ ᠳᠠᠪᠠᠵᠤ ᠂ ᠡᠷᠬᠢᠨ ᠲᠣᠭᠣᠷᠢᠨ   ᠦ ᠰᠠᠭᠤᠭᠠᠯᠢ ᠠᠷᠠᠳ  ᠤᠨ ᠬᠡᠪ  ᠤᠨ ᠠᠮᠠᠷᠠᠯᠲᠠ  ᠶᠢ ᠨᠥᠯᠥᠭᠡᠯᠡᠪᠡ ᠃

【ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠪᠠᠶᠢᠴᠠᠭᠠᠭᠰᠠᠨ ᠪᠠ ᠰᠢᠪᠠᠳᠠᠭᠰᠨ ᠪᠠᠶᠢᠳᠠᠯ】

2023 ᠣᠨ  ᠤ 5 ᠰᠠᠷ᠎ᠠ  ᠳᠤ ᠂ ᠵᠢᠶᠠᠩᠰᠢ ᠮᠤᠵᠢ  ᠶᠢᠨ ᠶᠢᠩ ᠲᠠᠨ ᠬᠣᠲᠠ  ᠶᠢᠨ ᠠᠷᠠᠳ  ᠤᠨ ᠪᠠᠶᠢᠴᠠᠭᠠᠬᠤ ᠬᠣᠷᠢᠶ᠎ᠠ ( ᠳᠣᠷᠣᠭᠰᠢ 《 ᠶᠢᠩ ᠲᠠᠨ ᠬᠣᠲᠠ  ᠶᠢᠨ ᠬᠣᠷᠢᠶ᠎ᠠ 》 ᠭᠡᠵᠦ ᠲᠣᠪᠴᠢᠯᠠᠨ᠎ᠠ ) ᠵᠢᠶᠠᠩᠰᠢ ᠮᠤᠵᠢ  ᠶᠢᠨ ᠠᠷᠠᠳ  ᠤᠨ ᠪᠠᠶᠢᠴᠠᠭᠠᠬᠤ ᠬᠣᠷᠢᠶᠠᠨ  ᠤ ᠲᠤᠰᠢᠶᠠᠭᠰᠠᠨ 《 ᠶᠢᠩ ᠲᠠᠨ ᠬᠣᠲᠠ   ᠶᠢᠨ ᠬᠠᠷᠢᠶ᠎ᠠ ᠲᠣᠭᠣᠷᠢᠭ  ᠳᠡᠬᠢ ᠣᠯᠠᠨ ᠲᠦᠮᠡᠨ  ᠤ 12345 ᠵᠠᠰᠠᠭ  ᠤᠨ ᠶᠠᠪᠤᠳᠠᠯ  ᠤᠨ ᠬᠠᠯᠠᠭᠤᠨ ᠤᠲᠠᠰᠤ   ᠶᠢ ᠤᠲᠠᠰᠤᠳᠠᠭᠰᠠᠨ ᠪᠠᠷᠢᠯᠭ᠎ᠠ  ᠶᠢᠨ ᠭᠠᠵᠠᠷ  ᠤᠨ ᠱᠤᠤᠭᠢᠶᠠᠨ ᠠᠷᠠᠳ  ᠢ  ᠦᠢᠮᠡᠭᠦᠯᠦᠭᠰᠡᠨ ᠭᠤᠶᠤᠴᠢᠯᠠᠯ  ᠳᠦ ᠬᠣᠯᠪᠣᠭᠳᠠᠭᠰᠠᠨ ᠰᠦᠪᠡᠭᠴᠢ 》  ᠶᠢ ᠣᠯᠤᠭᠰᠠᠨ  ᠤ ᠳᠠᠷᠠᠭ᠎ᠠ ᠂ 2022 ᠣᠨ   ᠠᠴᠠ ᠨᠠᠰᠢᠬᠢ ᠬᠣᠲᠠ   ᠶᠢᠨ ᠶᠠᠪᠤᠳᠠᠯ  ᠤᠨ ᠦᠶᠯᠡᠴᠢᠯᠡᠭᠡᠨ  ᠤ ᠬᠠᠯᠠᠭᠤᠨ ᠤᠲᠠᠰᠤ ᠪᠠᠷ ᠭᠥᠯᠢᠶᠡᠨ ᠠᠪᠤᠭᠰᠠᠨ 865 ᠵᠤᠷᠪᠤᠰ ᠪᠠᠷᠢᠯᠭ᠎ᠠ   ᠶᠢᠨ ᠠᠵᠢᠯ  ᠤᠨ ᠠᠷᠠᠳ   ᠢ ᠦᠶᠮᠡᠭᠦᠯᠦᠭᠰᠡᠨ ᠵᠠᠭᠠᠯᠳᠤᠯᠭ᠎ᠠ   ᠶᠢᠨ ᠨᠠᠷᠢᠨ ᠵᠦᠶᠯᠡᠰ   ᠢ ᠰᠢᠯᠵᠢᠭᠦᠯᠦᠨ ᠠᠪᠤᠭᠰᠠᠨ ᠪᠥᠭᠡᠳ ᠣᠯᠠᠨ ᠲᠦᠮᠡᠨ   ᠢ ᠰᠤᠷᠪᠤᠯᠵᠢᠯᠠᠵᠤ ᠂ ᠪᠣᠳᠠᠲᠠᠶ ᠭᠠᠵᠠᠷ ᠲᠤᠨᠢ ᠬᠠᠶᠢᠨ ᠰᠢᠯᠭᠠᠵᠤ ᠂ ᠬᠡᠰᠡᠭ ᠪᠠᠷᠢᠯᠭ᠎ᠠ   ᠶᠢᠨ ᠨᠢᠭᠡᠴᠡ   ᠶᠢᠨ ᠬᠢᠨᠠᠨ ᠵᠥᠪᠰᠢᠶᠡᠷᠡᠬᠦ ᠵᠥᠪᠰᠢᠶᠡᠷᠡᠯ ᠣᠯᠤᠭᠰᠠᠨ ᠥᠬᠡᠶ ᠪᠡᠷ ᠰᠥᠨᠢ ᠪᠡᠷ ᠬᠠᠸᠯᠢ   ᠶᠢ ᠵᠥᠷᠢᠴᠡᠨ ᠪᠠᠷᠢᠯᠭ᠎ᠠ ᠪᠠᠷᠢᠭᠰᠠᠨ ᠪᠤᠶᠤ ᠪᠣᠳᠠᠲᠤ ᠪᠠᠶᠢᠳᠠᠯ   ᠡᠴᠡ ᠰᠠᠯᠵᠤ ᠣᠷᠳᠣ ᠬᠤᠭᠤᠴᠠᠭ᠎ᠠ ᠪᠠᠷ ᠰᠥᠨᠢ ᠪᠡᠷ ᠪᠠᠷᠢᠯᠭ᠎ᠠ ᠪᠠᠷᠢᠬᠤ ᠪᠠᠷ ᠭᠤᠶᠤᠴᠢᠯᠠᠭᠰᠠᠨ   ᠢ ᠪᠠᠶᠢᠴᠠᠭᠠᠨ ᠳᠣᠲᠣᠯᠠᠵᠠᠶ ︔ ᠬᠡᠰᠡᠭ ᠪᠠᠷᠢᠯᠭ᠎ᠠ  ᠶᠢᠨ ᠭᠠᠵᠠᠷ ᠲᠣᠭᠲᠠᠭᠠᠯ ᠶᠣᠰᠣᠭᠠᠷ ᠱᠤᠤᠭᠢᠶᠠᠨ  ᠢ ᠪᠠᠭᠤᠷᠠᠭᠤᠯᠬᠤ ᠲᠥᠬᠥᠭᠡᠷᠦᠮᠵᠢ ᠤᠭᠰᠠᠷᠠᠭᠰᠠᠨ ᠦᠭᠡᠢ ᠪᠤᠶᠤ ᠱᠤᠤᠭᠢᠶᠠᠨ  ᠢ ᠪᠠᠭᠤᠷᠠᠭᠤᠯᠬᠤ ᠠᠷᠭ᠎ᠠ ᠬᠡᠮᠵᠢᠶ᠎ᠡ ᠠᠪᠤᠭᠰᠠᠨ ᠦᠭᠡᠢ᠂ ᠪᠠᠷᠢᠯᠭ᠎ᠠ  ᠶᠢᠨ ᠲᠤᠬᠠᠶ  ᠶᠢᠨ ᠭᠠᠵᠠᠷ  ᠤᠨ ᠢᠯᠡᠷᠬᠡᠶ ᠭᠠᠵᠠᠷ  ᠲᠤ ᠤᠢᠢᠷ᠎ᠠ ᠬᠠᠪᠢ   ᠶᠢᠨ ᠰᠠᠭᠤᠭᠠᠯᠢ ᠠᠷᠠᠳ  ᠲᠤ ᠵᠠᠷᠯᠠᠨ ᠮᠡᠳᠡᠭᠳᠡᠭᠰᠡᠨ ᠦᠭᠡᠢ᠃ ᠪᠠᠶᠢᠴᠠᠭᠠᠬᠤ ᠮᠡᠷᠭᠡᠵᠢᠯ  ᠤᠨ ᠠᠵᠢᠯᠲᠠᠳ ᠬᠠᠷᠢᠶ᠎ᠠ ᠣᠷᠣᠨ  ᠤ ᠪᠠᠨ ᠶᠣᠣ ᠱᠠ   ᠶᠢᠨ ᠬᠤᠸᠠᠩ ᠣᠪᠣᠭᠲᠤ  ᠶᠢᠨ ᠲᠥᠪᠬᠢᠨᠡᠭᠦᠯᠬᠦ ᠭᠡᠷ᠂ ᠰᠢᠩ ᠾᠧ ᠬᠤᠢ ᠪᠠᠭ᠎ᠠ ᠲᠣᠭᠣᠷᠢᠭ  ᠤᠨ ᠪᠦᠳᠦᠭᠡᠨ ᠪᠠᠶᠢᠭᠤᠯᠤᠯᠲᠠ  ᠶᠢᠨ ᠴᠡᠭ᠂ ᠵᠦ ᠪᠦ᠋ ᠵᠢᠨ ᠯᠢᠦ ᠣᠪᠣᠭᠲᠤ  ᠶᠢᠨ ᠨᠤᠷᠠᠭᠠᠵᠤ ᠨᠡᠭᠦᠯᠭᠡᠬᠦ ᠲᠣᠭᠣᠷᠢᠭ ᠵᠡᠷᠭᠡ ᠵᠠᠭᠠᠯᠳᠤᠯᠭ᠎ᠠ ᠪᠠᠷ ᠨᠡᠯᠢᠶᠡᠳ ᠤᠯᠠᠨ 7 ᠪᠠᠷᠢᠯᠭ᠎ᠠ  ᠶᠢᠨ ᠭᠠᠵᠠᠷ ᠲᠤ ᠴᠠᠭ  ᠤᠨ ᠬᠡᠰᠡᠭ᠂ ᠤᠯᠠᠨ ᠴᠡᠭ  ᠤᠨ ᠣᠷᠣᠨ ᠬᠤᠪᠢᠶᠠᠨ ᠰᠢᠯᠭᠠᠨ ᠪᠠᠶᠢᠴᠠᠭᠠᠵᠤ᠂ ᠰᠢᠯᠭᠠᠨ ᠪᠠᠶᠢᠴᠠᠭᠠᠭᠰᠠᠨ ᠲᠣᠭ᠎ᠠ ᠪᠠᠷᠢᠮᠲᠠ  ᠶᠢ 28 ᠬᠤᠪᠢ ᠴᠤᠭᠯᠠᠭᠤᠯᠪᠠ᠃ ᠪᠠᠶᠢᠴᠠᠭᠠᠨ ᠰᠢᠯᠭᠠᠭᠰᠠᠨ ᠦᠷ᠎ᠡ ᠳ᠋ᠦᠩ  ᠳᠦ ᠢᠯᠡᠷᠡᠭᠦᠯᠦᠭᠰᠡᠨ  ᠢᠶᠠᠷ ᠂ ᠬᠡᠰᠡᠭ ᠪᠠᠷᠢᠯᠭ᠎ᠠ  ᠶᠢᠨ ᠭᠠᠵᠠᠷ  ᠤᠨ ᠰᠥᠨᠢ  ᠶᠢᠨ ︵ 22 ᠄ 00 ︱ ᠳᠠᠷᠠᠭ᠎ᠠ ᠡᠳᠦᠷ  ᠤᠨ 6 ᠄ 00 ︶ ᠭᠠᠳᠠᠭᠰᠢᠯᠠᠭᠤᠯᠬᠤ ᠬᠡᠮᠵᠢᠭᠳᠡᠯ ᠨᠢ 66.2 dB ︵ A︶-79.1 dB ︵ A︶  ᠶᠢᠨ ᠬᠣᠭᠣᠷᠣᠨᠳᠣ ᠪᠠᠶᠢᠵᠤ ᠂ ︽ ᠪᠠᠷᠢᠯᠭ᠎ᠠ  ᠶᠢᠨ ᠠᠵᠢᠯ  ᠤᠨ ᠲᠠᠯᠠᠪᠤᠷ  ᠤᠨ ᠣᠷᠴᠢᠨ ᠲᠣᠭᠣᠷᠢᠨ  ᠤ ᠱᠤᠸᠭᠢᠶᠠᠨ  ᠤ ᠭᠠᠳᠠᠭᠰᠢᠯᠠᠭᠤᠯᠬᠤ ᠪᠠᠷᠢᠮᠵᠢᠶ᠎ᠠ ︾ ︵ GB12523 ︱ 2011 ︶ ᠳ᠋ᠤ ᠲᠣᠭᠲᠠᠭᠠᠭᠰᠠᠨ ᠰᠥᠨᠢ  ᠶᠢᠨ 55dB ︵ A︶  ᠶᠢᠨ ᠬᠢᠵᠠᠭᠠᠷ ᠬᠡᠮᠵᠢᠭᠳᠡᠯ  ᠤᠨ ᠪᠠᠷᠢᠮᠵᠢᠶ᠎ᠠ  ᠠᠴᠠ ᠳᠠᠪᠠᠭᠰᠠᠨ ᠪᠠᠶᠢᠨ᠎ᠠ ᠃

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠸᠯᠢ ︾ ︽ ᠵᠢᠶᠠᠩᠰᠢ ᠮᠤᠵᠢ  ᠶᠢᠨ ᠣᠷᠴᠢᠨ ᠠᠬᠤᠶ  ᠶᠢᠨ ᠪᠣᠬᠢᠷᠲᠤᠯ  ᠢ ᠰᠡᠷᠭᠡᠶᠢᠯᠡᠨ ᠵᠠᠰᠠᠬᠤ ᠲᠦᠷᠢᠮ ︾ ᠵᠡᠷᠭᠡ  ᠶᠢᠨ ᠲᠣᠭᠲᠠᠭᠠᠯ  ᠢ ᠦᠨᠳᠦᠰᠦᠯᠡᠨ ᠂ ᠶᠢᠩ ᠲᠠᠨ ᠬᠣᠲᠠ  ᠶᠢᠨ ᠬᠣᠷᠢᠶ᠎ᠠ 5 ᠰᠠᠷ᠎ᠠ  ᠶᠢᠨ 25  ᠦ ᠡᠳᠦᠷ ᠬᠠᠸᠯᠢ ᠶᠣᠰᠣᠭᠠᠷ ᠬᠡᠷᠡᠭ ᠪᠣᠯᠭᠠᠨ ᠳᠡᠩᠰᠡᠯᠡᠪᠡ ᠃ ᠰᠡᠭᠦᠯᠡᠷ ᠨᠢ ᠶᠢᠩ ᠲᠠᠨ ᠬᠣᠲᠠ  ᠶᠢᠨ ᠬᠦᠷᠢᠶᠡᠨ  ᠦ ᠬᠢᠨ ᠶᠢᠩ ᠲᠠᠨ ᠬᠣᠲᠠ  ᠶᠢᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ︵ ᠳᠣᠷᠣᠭᠰᠢ ᠶᠢᠩ ᠲᠠᠨ ᠬᠣᠲᠠ  ᠶᠢᠨ ᠣᠷᠣᠨ ᠰᠠᠭᠤᠴᠠ ᠪᠠ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ᠭᠡᠵᠦ ᠲᠣᠪᠴᠢᠯᠠᠨ᠎ᠠ ︶ ᠂ ᠠᠮᠢ ᠠᠬᠤᠶ   ᠣᠷᠴᠢᠨ ᠲᠤᠭᠤᠷᠢᠨ ᠤ ᠲᠣᠪᠴᠢᠶ᠎ᠠ ᠂ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ ︵ ᠳᠣᠷᠣᠭᠰᠢ ᠶᠢᠩ ᠲᠠᠨ ᠬᠣᠲᠠ  ᠶᠢᠨ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ ᠭᠡᠵᠦ ᠲᠣᠪᠴᠢᠯᠠᠨ᠎ᠠ ︶ ᠂ ᠣᠯᠠᠨ ᠲᠦᠮᠡᠨ  ᠦ ᠲᠥᠯᠥᠭᠡᠯᠡᠭᠴᠢ  ᠶᠢ ᠤᠷᠢᠵᠤ ᠭᠡᠷᠡᠴᠢᠯᠡᠭᠡ ᠰᠣᠨᠣᠰᠬᠤ ᠬᠤᠷᠠᠯ ᠬᠤᠷᠠᠯᠳᠤᠭᠤᠯᠵᠤ ᠂ ᠲᠠᠭᠤ ᠱᠤᠸᠭᠢᠶᠠᠨ ᠡᠭᠦᠰᠦᠭᠰᠡᠨ ᠰᠢᠯᠲᠠᠭᠠᠨ ᠪᠠ ᠵᠣᠬᠢᠴᠠᠩᠭᠤᠶ ᠬᠢᠨᠠᠨ ᠬᠠᠮᠢᠶᠠᠷᠬᠤ ᠡᠷᠬᠡ ᠲᠤᠰᠢᠶᠠᠯ  ᠢ ᠤᠯᠠᠮ ᠨᠢᠭᠡ ᠠᠯᠬᠤᠮ ᠵᠠᠳᠠᠯᠪᠠ ᠃ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠸᠯᠢ ︾  ᠶᠢᠨ ᠳᠠᠯᠠᠨ ᠳᠣᠯᠣᠳᠤᠭᠠᠷ ᠵᠦᠶᠯ  ᠳᠦ ᠲᠣᠭᠲᠠᠭᠠᠭᠰᠠᠨ ᠨᠢ ᠂ ᠪᠠᠷᠢᠯᠭ᠎ᠠ  ᠶᠢᠨ ᠪᠠᠶᠢᠭ᠎ᠠ ᠭᠠᠵᠠᠷ  ᠤᠨ ᠠᠷᠠᠳ  ᠤᠨ ᠵᠠᠰᠠᠭ  ᠤᠨ ᠣᠷᠳᠣᠨ  ᠤ ᠵᠢᠭᠠᠨ ᠲᠣᠭᠲᠠᠭᠠᠭᠰᠠᠨ ᠰᠠᠯᠠᠭ᠎ᠠ ᠮᠥᠴᠢᠷ ᠡᠴᠡ ᠪᠠᠷᠢᠮᠵᠢᠶ᠎ᠠ  ᠠᠴᠠ ᠬᠡᠲᠦᠷᠡᠭᠦᠯᠦᠨ ᠭᠠᠳᠠᠭᠰᠢᠯᠠᠭᠤᠯᠤᠭᠰᠠᠨ ᠪᠠᠷᠢᠯᠭ᠎ᠠ  ᠶᠢᠨ ᠠᠵᠢᠯ  ᠤᠨ ᠱᠤᠸᠭᠢᠶᠠᠨ  ᠢ ᠭᠠᠷᠭᠠᠭᠰᠠᠨ ᠵᠢᠴᠢ ᠵᠥᠪᠰᠢᠶᠡᠷᠡᠯ ᠣᠯᠤᠭᠰᠠᠨ ᠥᠬᠡᠶ ᠪᠡᠷ ᠱᠤᠸᠭᠢᠶᠠᠨ  ᠳᠦ ᠰᠡᠷᠭᠡᠭ ᠪᠠᠷᠢᠯᠭ᠎ᠠ ᠲᠥᠪᠯᠡᠷᠡᠭᠰᠡᠨ ᠣᠷᠣᠨ  ᠳᠦ ᠰᠥᠨᠢ ᠪᠡᠷ ᠪᠠᠷᠢᠯᠭ᠎ᠠ ᠪᠠᠷᠢᠭᠠᠳ ᠱᠤᠸᠭᠢᠶᠠᠨ  ᠢ ᠡᠭᠦᠰᠭᠡᠭᠰᠡᠨ ᠦᠶᠯᠡ ᠠᠵᠢᠯᠯᠠᠭ᠎ᠠ  ᠳᠦ ᠵᠠᠰᠠᠭ ᠵᠠᠬᠢᠷᠭᠠᠨ  ᠤ ᠰᠢᠶᠳᠬᠡᠯ ᠥᠭᠭᠦᠨ᠎ᠡ ᠃ ᠶᠢᠩ ᠲᠠᠨ ᠬᠣᠲᠠ  ᠶᠢᠨ ᠨᠠᠮ  ᠤᠨ ᠬᠣᠷᠢᠶ᠎ᠠ ᠵᠠᠰᠠᠭ  ᠤᠨ ᠣᠷᠳᠣᠨ  ᠤ ᠲᠣᠭᠲᠠᠭᠠᠭᠰᠠᠨ ︽ ᠬᠣᠲᠠ  ᠶᠢᠨ ᠬᠠᠸᠯᠢ ᠬᠡᠷᠡᠭᠵᠢᠭᠦᠯᠬᠦ ᠪᠠᠶᠢᠭᠤᠯᠤᠮᠵᠢ  ᠶᠢ ᠥᠭᠡᠷᠡᠴᠢᠯᠡᠵᠦ ᠬᠣᠲᠠ  ᠶᠢᠨ ᠬᠠᠮᠢᠶᠠᠷᠤᠯᠲᠠ  ᠶᠢᠨ ᠠᠵᠢᠯ  ᠢ ᠰᠠᠶᠢᠵᠢᠷᠠᠭᠤᠯᠬᠤ ᠲᠤᠬᠠᠶ ᠬᠡᠷᠡᠭᠵᠢᠭᠦᠯᠬᠦ ᠰᠠᠨᠠᠯ ︾ ᠵᠢᠴᠢ ︽ ᠶᠢᠩ ᠲᠠᠨ ᠬᠣᠲᠠ   ᠶᠢᠨ ᠬᠣᠲᠠ  ᠶᠢᠨ ᠬᠠᠮᠢᠶᠠᠷᠤᠯᠲᠠ  ᠶᠢᠨ ᠵᠠᠰᠠᠭ ᠵᠠᠬᠢᠷᠭᠠᠨ  ᠦ ᠡᠷᠬᠡ  ᠶᠢᠨ ᠨᠠᠷᠢᠨ ᠲᠠᠩᠰᠠ ︾  ᠶᠢᠨ ᠲᠣᠭᠲᠠᠭᠠᠯ  ᠢ ᠦᠨᠳᠦᠰᠦᠯᠡᠪᠡᠯ ᠂ ᠶᠢᠩ ᠲᠠᠨ ᠬᠣᠲᠠ  ᠶᠢᠨ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ ᠨᠢ ᠲᠥᠪ ᠬᠣᠲᠠ  ᠶᠢᠨ ᠲᠣᠭᠣᠷᠢᠭ  ᠤᠨ ᠬᠡᠪᠴᠢᠶᠡᠨ  ᠳᠠᠬᠢ ᠪᠠᠷᠢᠯᠭ᠎ᠠ  ᠶᠢᠨ ᠠᠵᠢᠯ ᠬᠢᠬᠦ  ᠳᠦ ᠰᠥᠨᠢ ᠪᠡᠷ ᠪᠠᠷᠢᠯᠭ᠎ᠠ ᠪᠠᠷᠢᠬᠤ ᠵᠥᠪᠰᠢᠶᠡᠷᠡᠯ ᠣᠯᠤᠭᠰᠠᠨ ᠥᠬᠡᠶ ᠂ ᠪᠠᠷᠢᠮᠵᠢᠶ᠎ᠠ  ᠡᠴᠡ ᠬᠡᠲᠦᠷᠡᠭᠦᠯᠦᠨ ᠱᠤᠸᠭᠢᠶᠠᠨ ᠭᠠᠷᠭᠠᠭᠰᠠᠨ ᠦᠶᠯᠡ ᠠᠵᠢᠯᠯᠠᠭ᠎ᠠ  ᠶᠢ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠲᠠᠶ ᠶᠤᠮ ᠃ 6 ᠰᠠᠷ᠎ᠠ  ᠶᠢᠨ 5  ᠦ ᠡᠳᠦᠷ ᠂ ᠶᠢᠩ ᠲᠠᠨ ᠬᠣᠲᠠ  ᠶᠢᠨ ᠬᠣᠷᠢᠶ᠎ᠠ  ᠡᠴᠡ ᠶᠢᠩ ᠲᠠᠨ ᠬᠣᠲᠠ  ᠶᠢᠨ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ  ᠳᠦ ᠪᠠᠶᠢᠴᠠᠭᠠᠬᠤ ᠰᠠᠨᠠᠭᠤᠯᠭ᠎ᠠ ᠭᠠᠷᠭᠠᠵᠤ ᠂ ᠲᠡᠳᠡᠨ ᠤ ᠬᠠᠷᠢᠶ᠎ᠠ ᠣᠷᠣᠨ  ᠳᠠᠬᠢ ᠰᠥᠨᠢ ᠪᠡᠷ ᠪᠠᠷᠢᠯᠭ᠎ᠠ ᠪᠠᠷᠢᠵᠤ ᠠᠷᠠᠳ  ᠢ ᠦᠶᠮᠡᠭᠦᠯᠦᠭᠰᠡᠨ ᠪᠠᠶᠢᠳᠠᠯ  ᠢ ᠬᠢᠨᠠᠨ ᠪᠠᠶᠢᠴᠠᠭᠠᠵᠤ ᠂ ᠬᠣᠯᠪᠣᠭᠳᠠᠯ ᠪᠥᠬᠥᠶ ᠵᠠᠰᠠᠭ ᠵᠠᠬᠢᠷᠭᠠᠨ  ᠤ ᠡᠭᠦᠷᠭᠡ ᠴᠢᠳᠠᠪᠤᠷᠢᠲᠤ ᠰᠠᠯᠠᠭ᠎ᠠ ᠮᠥᠴᠢᠷ  ᠢ ᠨᠢᠭᠡᠳᠦᠯᠲᠡᠶ ᠲᠥᠯᠥᠪᠯᠡᠨ ᠬᠠᠸᠯᠢ ᠬᠡᠷᠡᠭᠵᠢᠭᠦᠯᠬᠦ ᠡᠷᠴᠢᠮ  ᠢᠶᠠᠨ ᠴᠢᠩᠭᠠᠷᠠᠭᠤᠯᠵᠤ ᠂ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠪᠠᠶᠢᠭᠠᠳ ᠪᠠᠷᠢᠯᠭ᠎ᠠ  ᠶᠢᠨ ᠠᠵᠢᠯ ᠲᠥᠷᠥᠯ  ᠤᠨ ᠲᠠᠭᠤ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠡᠷᠡᠭᠲᠡᠶ ᠭᠡᠵᠦ ᠱᠠᠭᠠᠷᠳᠠᠪᠠ ᠃

ᠪᠠᠶᠢᠴᠠᠭᠠᠬᠤ ᠰᠠᠨᠠᠭᠤᠯᠭ᠎ᠠ  ᠶᠢ ᠣᠯᠤᠭᠰᠠᠨ  ᠤ ᠲᠠᠷᠠᠭ᠎ᠠ᠂ ᠶᠢᠩ ᠲᠠᠨ ᠬᠤᠳᠠ  ᠶᠢᠨ ᠬᠤᠳᠠ  ᠶᠢᠨ ᠬᠠᠮᠢᠶᠠᠷᠤᠯᠲᠠ  ᠶᠢᠨ ᠲᠣᠪᠴᠢᠢ᠎ᠠ ᠬᠡᠷᠡᠭ  ᠲᠤ ᠬᠣᠯᠪᠣᠭᠳᠠᠭᠰᠠᠨ 7 ᠪᠦᠳᠦᠭᠡᠨ ᠪᠠᠶᠢᠭᠤᠯᠤᠯᠲᠠ  ᠶᠢᠨ ᠵᠦᠢᠯᠡᠰ   ᠲᠤ ᠵᠠᠷᠯᠢᠭᠳᠠᠵᠤ ᠪᠠᠶᠢᠭᠠᠳ ᠴᠡᠭᠴᠡᠯᠡᠨ ᠰᠠᠶᠢᠵᠢᠷᠠᠭᠤᠯᠬᠤ ᠮᠡᠳᠡᠭᠳᠡᠯ  ᠤᠨ ᠪᠢᠴᠢᠭ ᠪᠠᠭᠤᠯᠭᠠᠵᠤ᠂ ᠬᠣᠯᠪᠣᠭᠳᠠᠯ ᠪᠦᠬᠦᠢ ᠪᠠᠷᠢᠯᠭ᠎ᠠ  ᠶᠢᠨ ᠨᠢᠭᠡᠴᠢ ᠴᠠᠭ ᠲᠤᠬᠠᠢ ᠳᠤᠨᠢ ᠴᠡᠭᠴᠡᠯᠡᠨ ᠰᠠᠶᠢᠵᠢᠷᠠᠭᠤᠯᠪᠠ᠃ ᠡᠭᠦᠨ  ᠦ ᠬᠠᠮᠲᠤ ᠂ ᠶᠢᠩ ᠲᠠᠨ ᠬᠣᠲᠠ  ᠶᠢᠨ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ 《 ᠪᠠᠷᠢᠯᠭ᠎ᠠ  ᠶᠢᠨ ᠠᠵᠢᠯ ᠲᠥᠷᠥᠯ  ᠤᠨ ᠱᠤᠤᠭᠢᠶᠠᠨ  ᠤ ᠪᠣᠬᠢᠷᠲᠤᠯ  ᠢ ᠥᠷᠨᠢᠭᠦᠯᠬᠦ ᠲᠤᠬᠠᠶ ᠲᠤᠰᠬᠠᠶ ᠠᠵᠢᠯᠯᠠᠭᠠᠨ   ᠤ ᠲᠥᠰᠦᠯ 》  ᠢ ᠳᠠᠷᠤᠮᠠᠯᠯᠠᠨ ᠲᠠᠷᠬᠠᠭᠠᠵᠤ ᠂ ᠬᠠᠷᠢᠶᠠᠲᠤ ᠣᠷᠣᠨ  ᠤ ᠳᠣᠲᠣᠷᠠᠬᠢ 60 ᠭᠠᠷᠤᠶ ᠪᠥᠲᠥᠭᠡᠨ ᠪᠠᠶᠢᠭᠤᠯᠤᠯᠲᠠ  ᠶᠢᠨ ᠲᠥᠷᠥᠯ ᠵᠦᠶᠯ  ᠳᠤ ᠲᠤᠬᠠᠶ  ᠶᠢᠨ ᠲᠠᠯᠠᠪᠤᠷ  ᠤᠨ ᠬᠠᠸᠯᠢ ᠬᠡᠷᠡᠭᠵᠢᠭᠦᠯᠦᠯᠲᠡ  ᠶᠢᠨ ᠪᠠᠶᠢᠴᠠᠭᠠᠯᠲᠠ ᠬᠢᠵᠦ ᠂ ᠰᠥᠨᠢ ᠪᠡᠷ ᠪᠠᠷᠢᠯᠭ᠎ᠠ ᠪᠠᠷᠢᠬᠤ  ᠶᠢ ᠬᠢᠨᠠᠨ ᠵᠥᠪᠰᠢᠶᠡᠷᠡᠭᠦᠯᠦᠭᠰᠡᠨ ᠥᠬᠡᠶ ᠪᠤᠶᠤ ᠲᠠᠭᠤ ᠱᠤᠸᠭᠢᠶᠠᠨ ᠭᠠᠳᠠᠭᠰᠢᠯᠠᠭᠤᠯᠬᠤ ᠪᠠᠷᠢᠮᠵᠢᠶ᠎ᠠ   ᠡᠴᠡ ᠬᠡᠲᠦᠷᠡᠭᠰᠡᠨ 30 ᠪᠠᠷᠢᠯᠭ᠎ᠠ  ᠶᠢᠨ ᠨᠢᠭᠡᠴᠡ  ᠳᠦ ᠵᠠᠷᠯᠢᠭᠳᠠᠵᠤ ᠪᠠᠶᠢᠭᠠᠳ ᠴᠡᠭᠴᠡᠯᠡᠨ ᠰᠠᠶᠢᠵᠢᠷᠠᠭᠤᠯᠬᠤ ᠮᠡᠳᠡᠭᠳᠡᠯ  ᠤᠨ ᠪᠢᠴᠢᠭ ᠪᠠᠭᠤᠯᠭᠠᠵᠤ ᠂ 12 ᠪᠥᠲᠥᠭᠡᠨ ᠪᠠᠶᠢᠭᠤᠯᠤᠯᠲᠠ  ᠶᠢᠨ ᠲᠥᠷᠥᠯ ᠵᠦᠶᠯ  ᠳᠦ ᠲᠠᠭᠤ ᠱᠤᠤᠭᠢᠶᠠᠨ  ᠢ ᠪᠠᠭᠤᠷᠠᠭᠤᠯᠬᠤ ᠲᠥᠬᠥᠭᠡᠷᠦᠮᠵᠢ ᠤᠭᠰᠠᠷᠠᠵᠤ ᠂ ᠢᠯᠡ ᠨᠡᠶᠢᠲᠡᠯᠡᠬᠦ ᠮᠡᠳᠡᠭᠳᠡᠯ  ᠤᠨ ᠫᠠᠶᠢᠰᠠ 80 ᠭᠠᠷᠤᠶ ᠨᠡᠮᠡᠵᠦ ᠂ ᠲᠠᠭᠤ ᠱᠤᠤᠭᠢᠶᠠᠨ  ᠢ ᠬᠢᠨᠠᠨ ᠡᠵᠡᠮᠳᠡᠬᠦ ᠲᠥᠬᠥᠭᠡᠷᠦᠮᠵᠢ ᠵᠡᠷᠭᠡ  ᠶᠢ 22 ᠰᠢᠨ᠎ᠡ ᠪᠡᠷ ᠳᠣᠭᠢᠷᠠᠭᠤᠯᠪᠠ ᠃ 7 ᠰᠠᠷ᠎ᠠ  ᠶᠢᠨ 28  ᠦ ᠡᠳᠦᠷ ᠂ ᠶᠢᠩ ᠲᠠᠨ ᠬᠣᠲᠠ  ᠶᠢᠨ ᠬᠣᠲᠠ  ᠶᠢᠨ ᠬᠠᠮᠢᠶᠠᠷᠤᠯᠲᠠ  ᠶᠢᠨ ᠲᠣᠪᠴᠢᠶ᠎ᠠ ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ  ᠤᠨ ᠲᠤᠬᠠᠶ ᠬᠠᠷᠢᠭᠤ ᠥᠭᠪᠡ ᠃

ᠬᠡᠷᠡᠭ ᠰᠢᠶᠳᠪᠦᠷᠢᠯᠡᠬᠦ ᠶᠠᠪᠤᠴᠠ  ᠳᠤ ᠢᠯᠡᠷᠡᠭᠦᠯᠦᠭᠰᠡᠨ ᠪᠠᠷᠢᠯᠭ᠎ᠠ  ᠶᠢᠨ ᠠᠵᠤ ᠠᠬᠤᠶᠢᠯᠠᠯ ᠪᠣᠳᠠᠲᠤ ᠪᠠᠶᠢᠳᠠᠯ  ᠡᠴᠡ ᠪᠠᠨ ᠰᠠᠯᠵᠤ ᠣᠷᠳᠣ ᠬᠤᠭᠤᠴᠠᠭ᠎ᠠ ᠪᠠᠷ ᠰᠥᠨᠢ ᠪᠡᠷ ᠪᠠᠷᠢᠯᠭ᠎ᠠ ᠪᠠᠷᠢᠬᠤ ᠪᠠᠷ ᠭᠤᠶᠤᠴᠢᠯᠠᠭᠰᠠᠨ ᠂ ᠬᠢᠨᠠᠨ ᠬᠠᠮᠢᠶᠠᠷᠬᠤ ᠨᠡᠶᠢᠯᠡᠮᠡᠯ ᠬᠦᠴᠦᠨ ᠬᠦᠷᠦᠯᠴᠡᠬᠦ ᠥᠬᠡᠶ ᠵᠡᠷᠭᠡ ᠠᠰᠠᠭᠤᠳᠠᠯ  ᠳᠦ ᠴᠢᠭᠯᠡᠭᠦᠯᠦᠨ ᠂ 2023 ᠣᠨ  ᠤ 8 ᠰᠠᠷ᠎ᠠ  ᠳᠤ᠂ ᠶᠢᠩ ᠲᠠᠨ ᠬᠣᠲᠠ  ᠶᠢᠨ ᠬᠣᠷᠢᠶ᠎ᠠ  ᠡᠴᠡ ᠶᠢᠩ ᠲᠠᠨ ᠬᠣᠲᠠ  ᠶᠢᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ  ᠳᠦ ᠨᠡᠶᠢᠭᠡᠮ  ᠤᠨ ᠵᠠᠰᠠᠯᠲᠠ  ᠶᠢᠨ ᠲᠤᠬᠠᠶ ᠪᠠᠶᠢᠴᠠᠭᠠᠬᠤ ᠰᠠᠨᠠᠭᠤᠯᠭ᠎ᠠ ᠲᠣᠭᠲᠠᠭᠠᠨ ᠲᠠᠷᠬᠠᠭᠠᠵᠤ ᠂ ᠪᠠᠷᠢᠯᠭ᠎ᠠ  ᠶᠢᠨ ᠠᠵᠢᠯ ᠲᠥᠷᠥᠯ  ᠤᠨ ᠲᠠᠭᠤ ᠱᠤᠸᠭᠢᠶᠠᠨ  ᠢ ᠴᠠᠭᠠᠵᠠᠯᠠᠬᠤ  ᠶᠢ ᠲᠥᠪᠯᠡᠷᠡᠭᠦᠯᠦᠨ ᠴᠡᠭᠴᠡᠯᠡᠨ ᠵᠠᠰᠠᠬᠤ ᠠᠵᠢᠯᠯᠠᠭ᠎ᠠ ᠥᠷᠨᠢᠭᠦᠯᠵᠦ ᠂ ᠰᠥᠨᠢ ᠪᠡᠷ ᠪᠠᠷᠢᠯᠭ᠎ᠠ ᠪᠠᠷᠢᠬᠤ  ᠶᠢ ᠬᠢᠨᠠᠨ ᠵᠥᠪᠰᠢᠶᠡᠷᠡᠬᠦ ᠵᠢᠴᠢ ᠲᠠᠷᠠᠭᠠᠴᠢ  ᠶᠢᠨ ᠬᠢᠨᠠᠯᠲᠠ ᠬᠠᠮᠢᠶᠠᠷᠤᠯᠲᠠ  ᠶᠢ ᠴᠢᠩᠭᠠᠳᠬᠠᠨ ᠂ ᠲᠠᠭᠤ ᠱᠤᠸᠭᠢᠶᠠᠨ  ᠤ ᠪᠣᠬᠢᠷᠲᠤᠯ  ᠢ ᠵᠠᠰᠠᠬᠤ ᠣᠷᠳᠣ ᠬᠤᠭᠤᠴᠠᠭᠠᠨ  ᠤ ᠪᠦᠲᠦᠮᠵᠢᠲᠡᠶ ᠲᠣᠭᠲᠠᠴᠠ  ᠶᠢ ᠪᠠᠶᠢᠭᠤᠯᠬᠤ ᠬᠡᠷᠡᠭᠲᠡᠶ ᠭᠡᠵᠦ ᠰᠠᠨᠠᠭᠤᠯᠪᠠ ᠃ ᠶᠢᠩ ᠲᠠᠨ ᠬᠤᠳᠠ  ᠶᠢᠨ ᠣᠷᠣᠨ ᠰᠠᠭᠤᠴᠠ ᠪᠠ ᠬᠤᠳᠠ ᠬᠥᠳᠡᠭᠡ  ᠶᠢᠨ ᠪᠦᠳᠦᠬᠡᠨ ᠪᠠᠶᠢᠭᠤᠯᠤᠯᠲᠠ  ᠶᠢᠨ ᠲᠣᠪᠴᠢᠢ᠎ᠠ ᠲᠤᠰᠬᠠᠶᠢᠯᠠᠨ ᠲᠣᠭᠣᠷᠢᠨ ᠪᠠᠶᠢᠴᠠᠭᠠᠬᠤ ᠳᠤᠭᠤᠶᠢᠯᠠᠩ ᠪᠠᠶᠢᠭᠤᠯᠵᠤ ᠲᠤᠰ ᠱᠠᠲᠤᠨ  ᠦ 40 ᠭᠠᠷᠤᠢ ᠳᠦᠷᠦᠯ ᠵᠦᠢᠯ  ᠳᠦ ᠠᠮᠤᠷ ᠲᠦᠪᠰᠢᠨ ᠤ ᠲᠣᠭᠣᠷᠢᠨ ᠪᠠᠶᠢᠴᠠᠭᠠᠯᠲᠠ ᠪᠠ ᠱᠤᠤᠭᠢᠶᠠᠨ  ᠤ ᠬᠢᠨᠠᠨ ᠬᠡᠮᠵᠢᠯᠲᠡ ᠬᠢᠵᠦ᠂ ᠶᠢᠩ ᠲᠠᠨ ᠬᠤᠳᠠ  ᠶᠢᠨ ᠠᠮᠢ ᠠᠬᠤᠢ  ᠶᠢᠨ ᠣᠷᠴᠢᠨ ᠲᠣᠭᠣᠷᠢᠨ  ᠦ ᠲᠣᠪᠴᠢᠢ᠎ᠠ᠂ ᠶᠢᠩ ᠲᠠᠨ ᠬᠤᠳᠠ   ᠶᠢᠨ ᠬᠤᠳᠠ  ᠶᠢᠨ ᠬᠠᠮᠢᠶᠠᠷᠤᠯᠲᠠ  ᠶᠢᠨ ᠲᠣᠪᠴᠢᠢ᠎ᠠ ᠲᠠᠶ ᠬᠠᠮᠲᠤᠷᠠᠨ ᠪᠠᠶᠢᠩᠭᠤ  ᠶᠢᠨ ᠲᠣᠭᠣᠷᠢᠨ ᠪᠠᠶᠢᠴᠠᠭᠠᠯᠲᠠ᠂ ᠮᠡᠳᠡᠭᠡ ᠵᠠᠩᠭᠢ  ᠶᠢᠨ ᠬᠠᠷᠢᠯᠴᠠᠭ᠎ᠠ᠂ ᠬᠣᠯᠪᠣᠭᠠᠯᠠᠨ ᠴᠡᠭᠴᠡᠯᠡᠨ ᠵᠠᠰᠠᠬᠤ ᠵᠡᠷᠭᠡ ᠤᠯᠠᠨ ᠳᠦᠷᠦᠯ  ᠤᠨ ᠠᠵᠢᠯ  ᠤᠨ ᠲᠣᠭᠲᠠᠴᠠ  ᠶᠢ ᠲᠣᠭᠲᠠᠭᠠᠵᠤ᠂ ᠤᠶᠤᠨᠲᠤ ᠪᠠᠷᠢᠯᠭ᠎ᠠ  ᠶᠢᠨ ᠭᠠᠵᠠᠷ  ᠤᠨ ᠬᠠᠮᠢᠶᠠᠷᠤᠯᠲᠠ  ᠶᠢᠨ ᠲᠠᠪᠴᠠᠩ  ᠢᠶᠡᠷ ᠬᠠᠮᠢᠶ᠎ᠠ ᠪᠦᠬᠦᠢ ᠠᠰᠠᠭᠤᠳᠠᠯ  ᠢ ᠴᠠᠭ ᠲᠤᠬᠠᠢ ᠳᠤᠨᠢ ᠢᠯᠡᠷᠡᠭᠦᠯᠵᠦ᠂ ᠬᠢᠨᠠᠨ ᠬᠠᠮᠢᠶᠠᠷᠤᠯᠲᠠ  ᠶᠢᠨ ᠬᠠᠮᠲᠤᠷᠠᠯ ᠬᠦᠴᠦᠨ  ᠢ ᠪᠦᠷᠢᠯᠳᠦᠭᠦᠯᠵᠡᠢ᠃ 9 ᠰᠠᠷ᠎ᠠ  ᠶᠢᠨ 18  ᠦ ᠡᠳᠦᠷ ᠂ ᠶᠢᠩ ᠲᠠᠨ ᠬᠣᠲᠠ  ᠶᠢᠨ ᠣᠷᠣᠨ ᠰᠠᠭᠤᠴᠠ ᠪᠠ ᠬᠣᠲᠠ ᠬᠥᠳᠡᠭᠡ  ᠶᠢᠨ ᠪᠥᠲᠥᠭᠡᠨ ᠪᠠᠶᠢᠭᠤᠯᠤᠯᠲᠠ  ᠶᠢᠨ ᠲᠣᠪᠴᠢᠶ᠎ᠠ ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ  ᠢᠶᠡᠨ ᠬᠠᠷᠢᠭᠤ ᠥᠭᠪᠡ ᠃ ᠡᠭᠦᠨ ᠡᠴᠡ ᠭᠠᠳᠠᠨ᠎ᠠ ᠂ ᠶᠢᠩ ᠲᠠᠨ ᠬᠣᠲᠠ  ᠶᠢᠨ ᠬᠣᠷᠢᠶ᠎ᠠ ᠲᠤᠰᠬᠠᠶᠢᠯᠠᠨ ᠪᠥᠬᠥ ᠬᠣᠲᠠ  ᠳᠦ ︽ ᠪᠠᠷᠢᠯᠭ᠎ᠠ  ᠶᠢᠨ ᠠᠵᠢᠯ ᠲᠥᠷᠥᠯ  ᠤᠨ ᠲᠠᠭᠤ ᠱᠤᠸᠭᠢᠶᠠᠨ  ᠤ ᠪᠣᠬᠢᠷᠲᠤᠯ  ᠢ ᠴᠡᠭᠴᠡᠯᠡᠨ ᠵᠠᠰᠠᠬᠤ ︾ ᠲᠤᠰᠬᠠᠶ ᠬᠢᠨᠠᠯᠲᠠ ᠲᠠᠯᠪᠢᠬᠤ ᠠᠵᠢᠯ  ᠢ ᠵᠣᠬᠢᠶᠠᠨ ᠪᠠᠶᠢᠭᠤᠯᠵᠤ ᠂ ᠪᠥᠬᠥ ᠬᠣᠲᠠ  ᠶᠢᠨ 60 ᠭᠠᠷᠤᠶ ᠪᠠᠷᠢᠯᠭ᠎ᠠ  ᠶᠢᠨ ᠠᠵᠢᠯ ᠲᠥᠷᠥᠯ  ᠤᠨ ᠪᠠᠷᠢᠯᠭ᠎ᠠ  ᠶᠢᠨ ᠲᠤᠬᠠᠶ  ᠶᠢᠨ ᠲᠠᠯᠠᠪᠤᠷ ᠲᠤ ᠬᠢᠨᠠᠯᠲᠠ ᠲᠠᠯᠪᠢᠪᠠ ᠃

2023 ᠣᠨ  ᠦ 9 ᠰᠠᠷ᠎ᠠ  ᠳᠦ᠂ ᠶᠢᠩ ᠲᠠᠨ ᠬᠤᠳᠠ  ᠶᠢᠨ ᠬᠦᠷᠢᠶᠡᠨ  ᠦ ᠬᠢᠨ ᠠᠮᠢ ᠠᠬᠤᠢ  ᠶᠢᠨ ᠣᠷᠴᠢᠨ ᠲᠣᠭᠣᠷᠢᠨ  ᠦ ᠲᠣᠪᠴᠢᠢ᠎ᠠ᠂ ᠵᠠᠰᠠᠭ  ᠤᠨ ᠶᠠᠪᠤᠳᠠᠯ  ᠤᠨ ᠦᠢᠯᠡᠴᠢᠯᠡᠭᠡᠨ  ᠤ ᠲᠥᠪ᠂ ᠤᠯᠠᠨ ᠲᠦᠮᠡᠨ  ᠤ ᠲᠥᠯᠥᠭᠡᠯᠡᠭᠴᠢ  ᠶᠢ ᠵᠣᠬᠢᠶᠠᠨ ᠪᠠᠶᠢᠭᠤᠯᠤᠨ ᠴᠡᠭᠴᠡᠯᠡᠨ ᠰᠠᠶᠢᠵᠢᠷᠠᠭᠤᠯᠬᠤ ︽ᠡᠷᠬᠢᠨ ᠬᠠᠷᠠᠬᠤ︾ᠠᠵᠢᠯ  ᠳᠦ ᠣᠷᠣᠯᠴᠠᠭᠤᠯᠵᠤ᠂ 7 ᠪᠠᠷᠢᠯᠭ᠎ᠠ  ᠶᠢᠨ ᠲᠤᠬᠠᠢ  ᠶᠢᠨ ᠲᠠᠯᠠᠪᠠᠢ  ᠳᠦ ᠪᠠᠷᠢᠯᠭ᠎ᠠ  ᠶᠢᠨ ᠱᠤᠤᠭᠢᠶᠠᠨ  ᠦ ᠪᠠᠶᠢᠴᠠᠭᠠᠨ ᠬᠡᠮᠵᠢᠯᠲᠡ ᠬᠢᠵᠦ᠂ ᠴᠥᠮ 50dB ︵A︶ᠵᠢᠨ ᠳᠣᠲᠣᠷ᠎ᠠ ᠬᠢᠵᠠᠭᠠᠷᠯᠠᠪᠠ᠃ ᠶᠢᠩ ᠲᠠᠨ ᠬᠣᠲᠠ  ᠶᠢᠨ 12345 ᠵᠠᠰᠠᠭ  ᠤᠨ ᠶᠠᠪᠤᠳᠠᠯ  ᠤᠨ ᠦᠶᠯᠡᠴᠢᠯᠡᠭᠡᠨ  ᠤ ᠬᠠᠯᠠᠭᠤᠨ ᠤᠲᠠᠰᠤᠨ  ᠤ ᠬᠠᠷᠢᠭᠤ ᠲᠤᠰᠬᠠᠯ  ᠢ ᠦᠨᠳᠦᠰᠦᠯᠡᠪᠡᠯ ᠂ 2023 ᠣᠨ  ᠤ 7 ᠰᠠᠷ᠎ᠠ  ᠠᠴᠠ 9 ᠰᠠᠷ᠎ᠠ ᠪᠣᠯᠲᠠᠯ᠎ᠠ ᠪᠥᠬᠥ ᠬᠣᠲᠠ  ᠶᠢᠨ ᠪᠠᠷᠢᠯᠭ᠎ᠠ  ᠶᠢᠨ ᠠᠵᠢᠯ ᠲᠥᠷᠥᠯ  ᠤᠨ ᠰᠥᠨᠢ ᠪᠡᠷ ᠪᠠᠷᠢᠯᠭ᠎ᠠ ᠪᠠᠷᠢᠵᠤ ᠠᠷᠠᠳ  ᠢ ᠦᠶᠮᠡᠭᠦᠯᠦᠭᠰᠡᠨ ᠵᠠᠭᠠᠯᠳᠤᠯᠭ᠎ᠠ ᠳᠡᠭᠡᠷ᠎ᠡ ᠬᠠᠭᠠᠰ ᠵᠢᠯ  ᠤᠨ ᠬᠢ ᠡᠴᠡ ᠪᠠᠷᠤᠭ 95% ᠪᠡᠷ ᠪᠠᠭᠤᠷᠠᠪᠠ ᠃        【ᠨᠡᠶᠢᠲᠡᠯᠢᠭ ᠠᠴᠢ ᠬᠣᠯᠪᠣᠭᠳᠠᠯ】

ᠱᠤᠤᠭᠢᠢ᠎ᠠ ᠲᠡᠭᠤ ᠭᠠᠳᠠᠭᠰᠢᠯᠠᠭᠤᠯᠬᠤ ᠪᠠᠷᠢᠮᠵᠢᠶ᠎ᠠ  ᠡᠴᠡ ᠬᠡᠲᠦᠷᠡᠭᠦᠯᠦᠨ ᠪᠠᠷᠢᠯᠭ᠎ᠠ  ᠶᠢᠨ ᠠᠵᠢᠯ ᠬᠢᠬᠦ ᠱᠤᠤᠭᠢᠢ᠎ᠠ ᠲᠡᠭᠤᠠ  ᠢ ᠭᠠᠳᠠᠭᠰᠢᠯᠠᠭᠤᠯᠵᠤ᠂ ᠡᠷᠬᠢᠨ ᠲᠣᠭᠣᠷᠢᠨ  ᠤ ᠰᠠᠭᠤᠭᠠᠯᠢ ᠠᠷᠠᠳ  ᠤᠨ ᠠᠮᠢᠳᠤᠷᠠᠯ   ᠤᠨ ᠣᠷᠴᠢᠨ ᠪᠠᠶᠢᠴᠠᠭᠠᠬᠤ ᠪᠠᠶᠢᠭᠤᠯᠭ᠎ᠠ ᠨᠤᠭᠤᠳ ᠮᠡᠷᠭᠡᠵᠢᠯ  ᠤᠨ ᠪᠠᠶᠢᠴᠠᠭᠠᠨ ᠰᠢᠯᠭᠠᠬᠤ ᠠᠷᠭ᠎ᠠ ᠪᠠᠷᠢᠯ  ᠢ ᠠᠰᠢᠭᠯᠠᠨ ᠪᠠᠷᠢᠯᠭ᠎ᠠ  ᠶᠢᠨ ᠠᠵᠢᠯ  ᠤᠨ ᠳᠠᠭᠤ ᠱᠤᠤᠭᠢᠶᠠᠨ  ᠤ ᠪᠣᠬᠢᠷᠲᠤᠯ  ᠢ ᠮᠠᠭᠠᠳᠯᠠᠨ ᠲᠣᠭᠲᠠᠭᠠᠬᠤ ᠮᠡᠷᠭᠡᠵᠢᠯ  ᠤᠨ ᠴᠢᠨᠠᠷᠲᠠᠶ ᠪᠡᠷᠬᠡ ᠰᠡᠳᠦᠪ  ᠢ ᠪᠦᠲᠦᠮᠵᠢᠲᠡᠶ ᠪᠡᠷ ᠰᠢᠶᠳᠪᠦᠷᠢᠯᠡᠵᠦ᠂ ᠭᠡᠷᠡᠴᠢᠯᠡᠭᠡ ᠰᠣᠨᠣᠰᠬᠤ ᠬᠤᠷᠠᠯ ᠬᠤᠷᠠᠯᠳᠤᠭᠤᠯᠬᠤ ᠪᠠᠷ ᠳᠠᠮᠵᠢᠭᠤᠯᠤᠨ ᠵᠠᠰᠠᠭ ᠵᠠᠬᠢᠷᠭᠠᠨ  ᠤ ᠪᠠᠶᠢᠭᠤᠯᠭ᠎ᠠ  ᠶᠢᠨ ᠡᠭᠦᠷᠭᠡ ᠴᠢᠳᠠᠪᠤᠷᠢ  ᠶᠢ ᠲᠣᠳᠣᠷᠬᠠᠶᠢᠯᠠᠵᠤ᠂ ᠬᠠᠤᠯᠢ ᠶᠣᠰᠣᠭᠠᠷ ᠪᠠᠶᠢᠴᠠᠭᠠᠬᠤ ᠰᠠᠨᠠᠭᠤᠯᠭ᠎ᠠ  ᠶᠢ ᠲᠣᠭᠲᠠᠭᠠᠨ ᠲᠠᠷᠬᠠᠭᠠᠵᠤ᠂ ᠵᠠᠰᠠᠭ ᠵᠠᠬᠢᠷᠭᠠᠨ  ᠤ ᠪᠠᠶᠢᠭᠤᠯᠭ᠎ᠠ  ᠶᠢ ᠰᠢᠪᠠᠳᠠᠵᠤ ᠪᠠᠶᠢᠭᠠᠳ ᠬᠠᠤᠯᠢ  ᠶᠢ ᠵᠥᠷᠢᠴᠡᠭᠰᠡᠨ ᠠᠵᠢᠯᠯᠠᠭ᠎ᠠ  ᠶᠢ ᠬᠠᠤᠯᠢ ᠶᠣᠰᠣᠭᠠᠷ ᠪᠠᠶᠢᠴᠠᠭᠠᠨ ᠰᠢᠶᠳᠪᠦᠷᠢᠯᠡᠭᠦᠯᠵᠦ᠂ ᠲᠤᠰᠬᠠᠶ ᠠᠵᠢᠯᠯᠠᠭ᠎ᠠ ᠥᠷᠨᠢᠭᠦᠯᠦᠨ ᠠᠵᠢᠯ ᠲᠦᠷᠦᠯ  ᠤᠨ ᠴᠡᠭᠴᠡᠯᠡᠨ ᠵᠠᠰᠠᠯᠲᠠ  ᠶᠢ ᠲᠦᠯᠬᠢᠨ ᠠᠬᠢᠭᠤᠯᠪᠠ᠃ ᠠᠵᠢᠯ ᠲᠦᠷᠦᠯ  ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠲᠦ ᠨᠡᠶᠢᠭᠡᠮ   ᠤᠨ ᠵᠠᠰᠠᠯᠲᠠ  ᠶᠢᠨ ᠲᠤᠬᠠᠶ ᠪᠠᠶᠢᠴᠠᠭᠠᠬᠤ ᠰᠠᠨᠠᠭᠤᠯᠭ᠎ᠠ  ᠶᠢ ᠲᠣᠭᠲᠠᠭᠠᠨ ᠲᠠᠷᠬᠠᠭᠠᠵᠤ᠂ ᠤᠯᠠᠨ ᠰᠠᠯᠠᠭ᠎ᠠ ᠮᠥᠴᠢᠷ  ᠤᠨ ᠬᠠᠮᠵᠢᠯᠴᠠᠨ ᠬᠢᠨᠠᠨ ᠬᠠᠮᠢᠶᠠᠷᠬᠤ ᠲᠣᠭᠲᠠᠴᠠ  ᠶᠢ ᠪᠠᠶᠢᠭᠤᠯᠬᠤ  ᠶᠢ ᠲᠦᠯᠬᠢᠨ ᠠᠬᠢᠭᠤᠯᠵᠤ᠂ ᠡᠬᠢ ᠡᠭᠦᠰᠦᠯ ᠡᠴᠡ ᠨᠢ ᠤᠷᠢᠳᠴᠢᠯᠠᠨ ᠰᠡᠷᠭᠡᠶᠢᠯᠡᠬᠦ ᠪᠠ ᠦᠷᠭᠦᠯᠵᠢᠯᠡᠨ ᠬᠢᠨᠠᠨ ᠬᠠᠮᠢᠶᠠᠷᠬᠤ  ᠶᠢ ᠴᠢᠩᠭᠠᠳᠬᠠᠵᠤ᠂ ᠪᠠᠷᠢᠯᠭ᠎ᠠ   ᠶᠢᠨ ᠠᠵᠢᠯ  ᠤᠨ ᠳᠠᠭᠤ ᠱᠤᠤᠭᠢᠶᠠᠨ  ᠤ ᠪᠣᠬᠢᠷᠲᠤᠯ  ᠢ ᠦᠨᠭᠭᠡᠨ ᠲᠠᠯ᠎ᠠ ᠪᠠ ᠦᠨᠳᠦᠰᠦ ᠰᠤᠷᠪᠤᠯᠵᠢ  ᠡᠴᠡ ᠨᠢ ᠵᠡᠷᠭᠡ ᠪᠡᠷ ᠵᠠᠰᠠᠬᠤ  ᠶᠢ ᠠᠬᠢᠭᠤᠯᠪᠠ᠃

 


      ᠾᠸᠪᠸᠢ ᠮᠤᠵᠢ  ᠶᠢᠨ ᠱᠢ ᠵᠢᠶᠠ ᠵᠤᠸᠠᠩ ᠬᠣᠲᠠ  ᠶᠢᠨ ᠴᠢᠶᠣᠤ ᠰᠢ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠶ᠎ᠠ ᠠᠭᠤᠳᠠᠮ  ᠲᠠᠯᠠᠪᠠᠢ ᠵᠢᠨ ᠪᠦᠵᠢᠭ  ᠤᠨ ᠲᠠᠭᠤ ᠱᠤᠸᠭᠢᠶᠠᠨ  ᠤ ᠪᠣᠬᠢᠷᠲᠤᠯ  ᠢ ᠰᠢᠪᠠᠳᠠᠨ ᠵᠠᠰᠠᠬᠤ  ᠵᠠᠰᠠᠭ ᠵᠠᠬᠢᠷᠭᠠᠨ  ᠤ ᠨᠡᠶᠢᠲᠡ  ᠶᠢᠨ ᠠᠰᠢᠭᠲᠤ ᠵᠠᠷᠭᠤ  ᠶᠢᠨ ᠬᠡᠷᠡᠭ  

【ᠵᠠᠩᠭᠢᠯᠠᠭ᠎ᠠ  ᠶᠢᠨ ᠦᠭᠡ】

  ᠵᠠᠰᠠᠭ ᠵᠠᠬᠢᠷᠭᠠᠨ   ᠦ ᠨᠡᠶᠢᠲᠡ   ᠶᠢᠨ  ᠠᠰᠢᠭᠲᠤ ᠵᠠᠷᠭᠤ          ᠨᠡᠶᠢᠭᠡᠮ  ᠤᠨ ᠠᠮᠢᠳᠤᠷᠠᠯ  ᠤᠨ ᠳᠠᠭᠤ ᠱᠤᠤᠭᠢᠶᠠᠨ  ᠤ ᠪᠣᠬᠢᠷᠲᠤᠯ    ᠠᠭᠤᠳᠠᠮ  ᠲᠠᠯᠠᠪᠠᠢ ᠵᠢᠨ ᠪᠦᠵᠢᠭ       ᠣᠯᠠᠨ ᠰᠠᠯᠠᠭ᠎ᠠ ᠮᠥᠴᠢᠷ ᠬᠣᠯᠪᠣᠭᠠᠯᠠᠨ ᠬᠥᠳᠡᠯᠦᠯᠴᠡᠵᠦ ᠲᠤᠰᠢᠶᠠᠯ ᠬᠠᠷᠢᠭᠤᠴᠠᠯᠭ᠎ᠠ ᠪᠠᠨ  ᠭᠦᠢᠴᠡᠳᠬᠡᠬᠦ

【ᠭᠣᠣᠯ ᠵᠣᠷᠢᠯᠭ᠎ᠠ】

ᠠᠷᠠᠳ ᠤᠯᠠᠨ   ᠦ ᠲᠤᠰᠬᠠᠯ ᠴᠢᠩᠭ᠎ᠠ ᠪᠠᠶᠢᠭ᠎ᠠ  ᠠᠭᠤᠳᠠᠮ ᠲᠠᠯᠠᠪᠠᠢ  ᠶᠢᠨ ᠪᠥᠵᠢᠭ  ᠤᠨ ᠳᠠᠭᠤ ᠱᠤᠤᠭᠢᠶᠠᠨ  ᠤ ᠪᠣᠬᠢᠷᠲᠤᠯ  ᠤᠨ ᠠᠰᠠᠭᠤᠳᠠᠯ  ᠳᠤ ᠴᠢᠭᠯᠡᠭᠦᠯᠦᠨ᠂ ᠪᠠᠶᠢᠴᠠᠭᠠᠬᠤ ᠪᠠᠶᠢᠭᠤᠯᠭ᠎ᠠ  ᠠᠴᠠ ᠵᠠᠰᠠᠭ ᠵᠠᠬᠢᠷᠭᠠᠨ  ᠤ ᠨᠡᠶᠢᠲᠡ  ᠶᠢᠨ ᠠᠰᠢᠭᠲᠤ ᠵᠠᠷᠭᠤ  ᠶᠢᠨ ᠰᠢᠪᠠᠳᠠᠨ ᠬᠠᠮᠵᠢᠯᠴᠠᠬᠤ ᠦᠢᠯᠡᠳᠦᠯ  ᠢ  ᠭᠦᠢᠴᠡᠳ ᠪᠠᠳᠠᠷᠠᠭᠤᠯᠵᠤ᠂ ᠬᠣᠯᠪᠣᠭᠳᠠᠯ ᠪᠦᠬᠦᠢ ᠵᠠᠰᠠᠭ ᠵᠠᠬᠢᠷᠭᠠᠨ  ᠤ ᠪᠠᠶᠢᠭᠤᠯᠭ᠎ᠠ  ᠬᠣᠯᠪᠣᠭᠠᠯᠠᠨ ᠬᠥᠳᠡᠯᠦᠯᠴᠡᠵᠦ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠲᠦᠯᠬᠢᠨ ᠠᠬᠢᠭᠤᠯᠵᠤ᠂ ᠡᠳᠦᠷ ᠲᠤᠳᠤᠮ  ᠤᠨ ᠲᠣᠭᠣᠷᠢᠨ ᠪᠠᠶᠢᠴᠠᠭᠠᠬᠤ᠂ ᠳᠠᠭᠤ ᠱᠤᠤᠭᠢᠶᠠᠨ  ᠢ ᠪᠠᠶᠢᠴᠠᠭᠠᠨ ᠬᠡᠮᠵᠢᠬᠦ ᠲᠥᠬᠥᠭᠡᠷᠦᠮᠵᠢ ᠲᠣᠬᠢᠷᠠᠭᠤᠯᠬᠤ᠂  ᠠᠭᠤᠳᠠᠮ ᠲᠠᠯᠠᠪᠠᠢ   ᠶᠢᠨ ᠪᠥᠵᠢᠭ  ᠤᠨ ᠪᠡᠶ᠎ᠡ ᠴᠢᠭᠢᠷᠠᠭᠵᠢᠭᠤᠯᠬᠤ ᠪᠦᠯᠬᠦᠮ ᠲᠡᠶ ᠳᠠᠭᠤᠨ  ᠤ ᠬᠡᠮᠵᠢᠶ᠎ᠡ  ᠶᠢ ᠬᠢᠵᠠᠭᠠᠷᠯᠠᠬᠤ ᠰᠠᠨᠠᠭᠠᠴᠢᠯᠠᠭ᠎ᠠ  ᠶᠢᠨ ᠪᠢᠴᠢᠭ ᠲᠣᠭᠲᠠᠭᠠᠬᠤ ᠵᠡᠷᠭᠡ ᠠᠷᠭ᠎ᠠ ᠮᠠᠶ᠋ᠢᠭ  ᠢᠶᠡᠷ ᠠᠰᠠᠭᠤᠳᠠᠯ  ᠢ ᠲᠤᠶᠢᠯᠪᠤᠷᠢᠲᠠᠶ ᠰᠢᠶᠳᠪᠦᠷᠢᠯᠡᠬᠦ  ᠶᠢ ᠲᠦᠯᠬᠢᠨ ᠠᠬᠢᠭᠤᠯᠪᠠ᠃

【ᠬᠡᠷᠡᠭ  ᠤᠨ ᠦᠨᠳᠦᠰᠦᠨ ᠪᠠᠶᠢᠳᠠᠯ】

ᠾᠸᠪᠸᠢ ᠮᠤᠵᠢ  ᠶᠢᠨ ᠱᠢ ᠵᠢᠶᠠ ᠵᠤᠸᠠᠩ ᠬᠣᠲᠠ  ᠶᠢᠨ ᠴᠢᠶᠣᠤ ᠰᠢ ᠲᠣᠭᠣᠷᠢᠭ  ᠤᠨ ᠬᠠᠷᠢᠶ᠎ᠠ ᠲᠣᠭᠣᠷᠢᠭ  ᠤᠨ ᠰᠢ ᠴᠢᠩ ᠴᠡᠴᠡᠷᠯᠢᠭ ᠂ ᠫᠢᠩ ᠠᠨ ᠴᠡᠴᠡᠷᠯᠢᠭ ᠂ ᠴᠢᠯᠠᠭᠤᠨ ᠰᠡᠶᠢᠯᠦᠮᠡᠯ  ᠤᠨ ᠬᠦᠷᠢᠶᠡᠯᠡᠩ ᠂ ᠰᠢᠨ ᠱᠢ ᠵᠥᠩ ᠵᠠᠮ ᠬᠢᠭᠡᠳ ᠮᠢᠨ ᠰᠢᠨ ᠾᠧ ᠭᠣᠸᠯ  ᠤᠨ ᠠᠭᠤᠯᠵᠠᠷ  ᠤᠨ ᠵᠢᠵᠢᠭ ᠲᠠᠯᠠᠪᠠᠶ ᠂ ᠳ᠋ᠦᠩ ᠰᠠᠨ ᠵᠢᠶᠤᠤ ᠵᠡᠭᠡᠯᠢ ᠬᠢᠭᠡᠳ ᠮᠢᠨ ᠰᠢᠨ ᠾᠧ ᠭᠣᠸᠯ  ᠤᠨ ᠠᠭᠤᠯᠵᠠᠷ  ᠤᠨ ᠵᠢᠵᠢᠭ ᠲᠠᠯᠠᠪᠠᠶ ᠵᠡᠷᠭᠡ 5 ᠲᠠᠯᠠᠪᠤᠷ ᠭᠠᠵᠠᠷ   ᠲᠤ ᠡᠳᠦᠷ ᠪᠦᠷᠢ  ᠶᠢᠨ 7 ᠴᠠᠭ   ᠡᠴᠡ 11 ᠴᠠᠭ ᠪᠠ 19 ᠴᠠᠭ   ᠡᠴᠡ 22 ᠴᠠᠭ ᠪᠣᠯᠲᠠᠯ᠎ᠠ  ᠮᠠᠰᠢ ᠣᠯᠠᠨ ᠠᠭᠤᠳᠠᠮ ᠲᠠᠯᠠᠪᠠᠢ ᠵᠢᠨ ᠪᠥᠵᠢᠭ  ᠤᠨ ᠳᠤᠷ᠎ᠠ ᠪᠠᠬ᠎ᠠ ᠲᠠᠶ ᠪᠦᠯᠬᠦᠮ ᠨᠢ ᠠᠭᠤᠳᠠᠮ  ᠲᠠᠯᠠᠪᠠᠢ ᠵᠢᠨ ᠪᠦᠵᠢᠭ  ᠤᠨ ᠪᠡᠶ᠎ᠡ ᠴᠢᠭᠢᠷᠠᠭᠵᠢᠭᠤᠯᠬᠤ ᠠᠵᠢᠯᠯᠠᠭ᠎ᠠ ᠥᠷᠨᠢᠭᠦᠯᠳᠡᠭ ᠃  ᠳᠠᠭᠤᠸ ᠬᠥᠭᠵᠢᠮ  ᠤᠨ ᠲᠠᠭᠤᠨᠨᠢ ᠴᠥᠮ 80dB ︵ A︶   ᠡᠴᠡ ᠳᠡᠭᠡᠭᠰᠢ ᠪᠠᠶᠢᠵᠤ ᠂ ᠣᠨᠴᠠ ᠵᠠᠷᠢᠮ ᠪᠦᠯᠬᠦᠮ ᠨᠡᠶᠢᠲᠡ  ᠶᠢᠨ ᠳᠠᠭᠤᠸ ᠬᠥᠭᠵᠢᠮ ᠤᠨ ᠳᠠᠭᠤ ᠨᠢ 100dB ︵ A︶   ᠡᠴᠡ ᠳᠡᠭᠡᠭᠰᠢ ᠪᠠᠶᠢᠵᠤ ᠂ ︽ ᠨᠡᠶᠢᠭᠡᠮ  ᠤᠨ ᠠᠮᠢᠳᠤᠷᠠᠯ  ᠤᠨ ᠣᠷᠴᠢᠨ ᠲᠣᠭᠣᠷᠢᠨ  ᠤ ᠱᠤᠸᠭᠢᠶᠠᠨ  ᠢ ᠭᠠᠳᠠᠭᠰᠢᠯᠠᠭᠤᠯᠬᠤ ᠪᠠᠷᠢᠮᠵᠢᠶ᠎ᠠ ︾ ᠳ᠋ᠤ ᠲᠣᠭᠲᠠᠭᠠᠭᠰᠠᠨ 2 ᠲᠥᠷᠥᠯ ᠤᠨ ᠲᠠᠭᠤᠨ  ᠤ ᠣᠷᠴᠢᠨ ᠲᠣᠭᠣᠷᠢᠨ  ᠤ ᠴᠢᠳᠠᠮᠵᠢᠳᠣ ᠣᠷᠣᠨ  ᠤ ᠡᠳᠦᠷ  ᠤᠨ ︵ 6:00-22:00︶  ᠶᠢᠨ 60dB ︵ A︶  ᠶᠢᠨ ᠬᠢᠵᠠᠭᠠᠷ ᠬᠡᠮᠵᠢᠭᠳᠡᠯ ᠡᠴᠡ ᠳᠠᠪᠠᠵᠤ ᠂ ᠡᠷᠬᠢᠨ ᠲᠣᠭᠣᠷᠢᠨ  ᠦ ᠰᠠᠭᠤᠭᠠᠯᠢ ᠠᠷᠠᠳ  ᠤᠨ ᠬᠡᠪ  ᠤᠨ ᠠᠮᠢᠳᠤᠷᠠᠯ  ᠢ ᠬᠦᠨᠳᠦ ᠨᠣᠴᠢᠲᠠᠶ ᠨᠥᠯᠥᠭᠡᠯᠡᠭᠰᠡᠨ ᠪᠠᠶᠢᠨ᠎ᠠ ᠃

【ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ  ᠶᠢ ᠪᠠᠶᠢᠴᠠᠭᠠᠭᠰᠠᠨ ᠪᠠ ᠰᠢᠪᠠᠳᠠᠭᠰᠨ ᠪᠠᠶᠢᠳᠠᠯ】

2023 ᠣᠨ  ᠤ 4 ᠰᠠᠷ᠎ᠠ  ᠳᠤ ᠂ ᠾᠸᠪᠸᠢ ᠮᠤᠵᠢ  ᠶᠢᠨ ᠱᠢ ᠵᠢᠶᠠ ᠵᠤᠸᠠᠩ ᠬᠣᠲᠠ  ᠶᠢᠨ ᠴᠢᠶᠣᠤ ᠰᠢ ᠲᠣᠭᠣᠷᠢᠭ  ᠤᠨ ᠠᠷᠠᠳ  ᠤᠨ ᠪᠠᠶᠢᠴᠠᠭᠠᠬᠤ ᠬᠣᠷᠢᠶ᠎ᠠ ︵ ᠳᠣᠷᠣᠭᠰᠢ ᠴᠢᠶᠣᠤ ᠰᠢ ᠲᠣᠭᠣᠷᠢᠭ  ᠤᠨ ᠬᠣᠷᠢᠶ᠎ᠠ ᠭᠡᠵᠦ ᠲᠣᠪᠴᠢᠯᠠᠨ᠎ᠠ ︶ ︽ ᠶᠠᠨ ᠵᠣᠣ ᠱᠠᠨ ᠬᠠᠶ · ᠨᠡᠶᠢᠲᠡ  ᠶᠢᠨ ᠠᠰᠢᠭ ᠤᠨ ᠪᠠᠶᠢᠴᠠᠭᠠᠯᠲᠠ ︾ ᠵᠢᠨ ᠦᠵᠡᠰᠬᠦᠯᠡᠩᠲᠦ ᠰᠠᠶᠢᠬᠠᠨ ᠾᠸᠪᠸᠢ ᠵᠢᠨ ᠪᠥᠲᠥᠭᠡᠨ ᠪᠠᠶᠢᠭᠤᠯᠤᠯᠲᠠ  ᠶᠢ ᠬᠠᠮᠠᠭᠠᠯᠠᠬᠤ ᠲᠤᠰᠬᠠᠶ ᠬᠢᠨᠠᠯᠲᠠ ᠲᠠᠯᠪᠢᠬᠤ ᠠᠵᠢᠯᠯᠠᠭ᠎ᠠ ᠥᠷᠨᠢᠭᠦᠯᠬᠦ ᠳᠤᠮᠳᠠ ᠂ ᠰᠢ ᠴᠢᠩ ᠴᠡᠴᠡᠷᠯᠢᠭ ᠵᠡᠷᠭᠡ 5 ᠲᠠᠯᠠᠪᠠᠶ  ᠳᠦ ᠲᠠᠭᠤ ᠱᠤᠸᠭᠢᠶᠠᠨ  ᠤ ᠪᠣᠬᠢᠷᠲᠤᠯ  ᠤᠨ ᠠᠰᠠᠭᠤᠳᠠᠯ  ᠢ ᠢᠯᠡᠷᠡᠭᠦᠯᠪᠡ ᠃ ᠴᠢᠶᠣᠤ ᠰᠢ ᠲᠣᠭᠣᠷᠢᠭ  ᠤᠨ  ᠬᠣᠷᠢᠶᠠᠨ   ᠤ ᠲᠤᠬᠠᠶ  ᠶᠢᠨ ᠲᠠᠯᠠᠪᠠᠶ  ᠶᠢᠨ ᠬᠠᠶᠢᠨ ᠪᠠᠶᠢᠴᠠᠭᠠᠯᠲᠠ ᠪᠠᠷ ᠳᠡᠮᠵᠢᠨ ᠂ ᠲᠠᠭᠤ ᠱᠤᠸᠭᠢᠶᠠᠨ ᠤ ᠪᠠᠷᠢᠮᠵᠢᠶ᠎ᠠ   ᠡᠴᠡ ᠬᠡᠲᠦᠷᠡᠭᠰᠡᠨ ᠠᠰᠠᠭᠤᠳᠠᠯ ᠦᠨᠡᠨ ᠪᠣᠳᠠᠲᠠᠶ ᠪᠠᠶᠢᠨ᠎ᠠ ᠃ 《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠳᠠᠭᠤ ᠱᠤᠤᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠬᠠᠤᠯᠢ 》 ᠂ 《 ᠱᠢ ᠵᠢᠶᠠ ᠵᠤᠸᠠᠩ ᠬᠣᠲᠠ  ᠶᠢᠨ ᠴᠡᠴᠡᠷᠯᠢᠭ  ᠤᠨ ᠬᠠᠮᠢᠶᠠᠷᠤᠯᠲᠠ  ᠶᠢᠨ ᠠᠷᠭ᠎ᠠ 》 ᠵᠡᠷᠭᠡ ᠬᠣᠯᠪᠣᠭᠳᠠᠯ ᠪᠦᠬᠦᠢ ᠲᠣᠭᠲᠠᠭᠠᠯ  ᠢ ᠦᠨᠳᠦᠰᠦᠯᠡᠪᠡᠯ ᠂ ᠠᠮᠢ ᠠᠬᠤᠶ  ᠶᠢᠨ ᠣᠷᠴᠢᠨ ᠲᠣᠭᠣᠷᠢᠨ  ᠦ ᠰᠠᠯᠠᠭ᠎ᠠ ᠮᠥᠴᠢᠷ ᠨᠢ ᠲᠣᠰ ᠵᠠᠰᠠᠭ ᠵᠠᠬᠢᠷᠭᠠᠨ  ᠤ ᠣᠷᠣᠨ  ᠤ ᠳᠣᠲᠣᠷᠠᠬᠢ ᠲᠠᠭᠤ ᠱᠤᠸᠭᠢᠶᠠᠨ  ᠤ ᠪᠣᠬᠢᠷᠲᠤᠯ  ᠢ ᠨᠢᠭᠡᠳᠦᠯᠲᠡᠶ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ  ᠶᠢ ᠡᠭᠦᠷᠭᠡᠯᠡᠵᠦ ᠂ ᠳᠣᠲᠣᠭᠠᠳᠤ  ᠶᠢ ᠬᠠᠮᠠᠭᠠᠯᠠᠬᠤ ᠰᠠᠯᠠᠭ᠎ᠠ ᠮᠥᠴᠢᠷ ᠨᠢ ᠨᠡᠶᠢᠭᠡᠮ  ᠤᠨ ᠠᠮᠢᠳᠤᠷᠠᠯ  ᠤᠨ ᠲᠠᠭᠤ ᠱᠤᠸᠭᠢᠶᠠᠨ  ᠤ ᠪᠣᠬᠢᠷᠲᠤᠯ  ᠢ ᠠᠮᠤᠷ  ᠢ ᠬᠠᠮᠠᠭᠠᠯᠠᠬᠤ ᠬᠠᠮᠢᠶᠠᠷᠤᠯᠲᠠ  ᠶᠢ ᠬᠡᠷᠡᠭᠵᠢᠭᠦᠯᠬᠦ ᠡᠭᠦᠷᠭᠡ ᠬᠠᠷᠢᠭᠤᠴᠠᠯᠭ᠎ᠠ  ᠶᠢ ᠡᠭᠦᠷᠭᠡᠯᠡᠵᠦ ᠂ ᠴᠡᠴᠡᠷᠯᠢᠭ  ᠤᠨ ᠰᠠᠯᠠᠭ᠎ᠠ ᠮᠥᠴᠢᠷ ᠨᠢ ᠬᠠᠮᠢᠶ᠎ᠠ ᠪᠥᠬᠥᠶ ᠴᠡᠴᠡᠷᠯᠢᠭ  ᠤᠨ ᠲᠠᠭᠤ ᠱᠤᠸᠭᠢᠶᠠᠨ  ᠤ ᠪᠣᠬᠢᠷᠲᠤᠯ  ᠢ ᠬᠠᠮᠢᠶᠠᠷᠬᠤ ᠡᠭᠦᠷᠭᠡ ᠬᠠᠷᠢᠭᠤᠴᠠᠯᠭ᠎ᠠ  ᠶᠢ ᠡᠭᠦᠷᠭᠡᠯᠡᠨ᠎ᠡ ᠃ ᠴᠢᠶᠣᠤ ᠰᠢ ᠲᠣᠭᠣᠷᠢᠭ  ᠤᠨ ᠰᠢᠭᠦᠬᠦ ᠬᠣᠷᠢᠶ᠎ᠠ 5 ᠰᠠᠷ᠎ᠠ  ᠶᠢᠨ 24  ᠤ ᠡᠳᠦᠷ ᠵᠠᠰᠠᠭ ᠵᠠᠬᠢᠷᠭᠠᠨ  ᠤ ᠨᠡᠶᠢᠲᠡ  ᠶᠢᠨ ᠠᠰᠢᠭᠲᠤ ᠵᠠᠷᠭᠤ  ᠶᠢ ᠬᠠᠸᠯᠢ ᠶᠣᠰᠣᠭᠠᠷ ᠬᠡᠷᠡᠭ ᠪᠣᠯᠭᠠᠨ ᠪᠠᠶᠢᠴᠠᠭᠠᠵᠤ ᠭᠡᠷᠡᠴᠢ ᠠᠪᠬᠤ ᠪᠠᠷ ᠳᠡᠮᠵᠢᠨ ᠂ ᠴᠢᠶᠣᠤ ᠰᠢ ᠲᠣᠭᠣᠷᠢᠭ  ᠤᠨ ᠬᠣᠷᠢᠶ᠎ᠠ 6 ᠰᠠᠷ᠎ᠠ  ᠶᠢᠨ 5  ᠦ ᠡᠳᠦᠷ ᠲᠣᠭᠣᠷᠢᠭ  ᠤᠨ ᠣᠷᠴᠢᠨ  ᠲᠣᠭᠤᠷᠢᠨ  ᠤ  ᠬᠠᠮᠠᠭᠠᠯᠠᠯᠲᠠ  ᠶᠢᠨ ᠬᠤᠪᠢᠶᠠᠷᠢ ᠲᠣᠪᠴᠢᠶ᠎ᠠ ᠂ ᠲᠣᠭᠣᠷᠢᠭ  ᠤᠨ ᠳᠣᠲᠣᠭᠠᠳᠤ  ᠶᠢ ᠬᠠᠮᠠᠭᠠᠯᠠᠬᠤ ᠬᠤᠪᠢᠶᠠᠷᠢ ᠲᠣᠪᠴᠢᠶ᠎ᠠ  ᠳᠦ ᠪᠠᠶᠢᠴᠠᠭᠠᠬᠤ ᠰᠠᠨᠠᠭᠤᠯᠭ᠎ᠠ ᠭᠠᠷᠭᠠᠵᠤ ᠂ ᠬᠢᠨᠠᠯᠲᠠ ᠬᠠᠮᠢᠶᠠᠷᠤᠯᠲᠠ  ᠶᠢᠨ ᠲᠤᠰᠢᠶᠠᠯ ᠬᠠᠷᠢᠭᠤᠴᠠᠯᠭ᠎ᠠ ᠪᠠᠨ ᠬᠠᠸᠯᠢ ᠶᠣᠰᠣᠭᠠᠷ ᠭᠦᠶᠴᠡᠳᠬᠡᠬᠦ  ᠶᠢ ᠰᠢᠪᠠᠳᠠᠨ ᠱᠠᠭᠠᠷᠳᠠᠵᠤ ᠂ ᠳᠡᠭᠡᠷ᠎ᠡ ᠳᠤᠷᠠᠳᠤᠭᠰᠠᠨ 5 ᠵᠦᠶᠯ  ᠤᠨ ᠲᠠᠭᠤ ᠱᠤᠸᠭᠢᠶᠠᠨ  ᠦ ᠪᠣᠬᠢᠷᠲᠤᠯ  ᠤᠨ ᠠᠰᠠᠭᠤᠳᠠᠯ  ᠢ ᠵᠠᠰᠠᠪᠠ ︔ 6 ᠰᠠᠷ᠎ᠠ  ᠶᠢᠨ 26  ᠦ ᠡᠳᠦᠷ ᠬᠣᠲᠠ  ᠶᠢᠨ ᠴᠡᠴᠡᠷᠯᠢᠭ  ᠤᠨ ᠲᠣᠪᠴᠢᠶ᠎ᠠ  ᠳᠤ ᠪᠠᠶᠢᠴᠠᠭᠠᠬᠤ ᠰᠠᠨᠠᠭᠤᠯᠭ᠎ᠠ ᠭᠠᠷᠭᠠᠵᠤ ᠂ ᠴᠡᠴᠡᠷᠯᠢᠭ  ᠢᠶᠠᠷ ᠵᠤᠭᠠᠴᠠᠬᠤ ᠲᠣᠭᠲᠠᠭᠠᠯ  ᠢ ᠵᠢᠷᠤᠮᠯᠠᠭᠰᠠᠨ ᠥᠬᠡᠶ ᠬᠥᠮᠦᠰ  ᠢ ᠢᠳᠬᠠᠨ ᠬᠣᠷᠢᠭᠯᠠᠬᠤ  ᠶᠢ ᠰᠢᠪᠠᠳᠠᠨ ᠱᠠᠭᠠᠷᠳᠠᠵᠤ ᠂ ᠬᠣᠷᠢᠭᠯᠠᠵᠤ  ᠦᠯᠦ ᠳᠡᠶᠢᠯᠦᠭᠰᠡᠨ ᠪᠠᠶᠢᠪᠠᠯ ᠂ ᠬᠠᠸᠯᠢ ᠴᠠᠭᠠᠵᠠ  ᠶᠢᠨ ᠲᠣᠭᠲᠠᠭᠠᠯ ᠶᠣᠰᠣᠭᠠᠷ ᠬᠣᠯᠪᠣᠭᠳᠠᠯ ᠪᠥᠬᠥᠶ ᠬᠠᠸᠯᠢ ᠬᠡᠷᠡᠭᠵᠢᠭᠦᠯᠬᠦ ᠰᠠᠯᠠᠭ᠎ᠠ ᠮᠥᠴᠢᠷ   ᠲᠤ ᠰᠢᠯᠵᠢᠭᠦᠯᠦᠨ ᠲᠤᠰᠢᠶᠠᠵᠤ ᠰᠢᠶᠳᠪᠦᠷᠢᠯᠡᠭᠦᠯᠦᠨ᠎ᠡ ᠭᠡᠵᠡᠶ ᠃ ᠰᠠᠯᠠᠭ᠎ᠠ ᠮᠥᠴᠢᠷ  ᠤᠨ ᠬᠣᠯᠪᠣᠭᠠᠯᠠᠨ ᠬᠥᠳᠡᠯᠦᠯᠴᠡᠬᠦ  ᠶᠢ ᠠᠬᠢᠭᠤᠯᠬᠤ   ᠶᠢᠨ ᠲᠥᠯᠥᠭᠡ ᠂ ᠬᠣᠲᠠ  ᠶᠢᠨ ᠪᠠᠶᠢᠴᠠᠭᠠᠬᠤ ᠬᠣᠷᠢᠶ᠎ᠠ 6 ᠰᠠᠷ᠎ᠠ  ᠶᠢᠨ 28  ᠦ ᠡᠳᠦᠷ ᠠᠮᠢᠳᠤᠷᠠᠯ  ᠤᠨ ᠲᠠᠭᠤ ᠱᠤᠸᠭᠢᠶᠠᠨ  ᠤ ᠪᠣᠬᠢᠷᠲᠤᠯ  ᠢ ᠶᠡᠷᠦᠩᠬᠡᠶᠢᠯᠡᠨ ᠵᠠᠰᠠᠬᠤ ᠳᠤᠭᠤᠶ ᠰᠢᠷᠡᠭᠡᠨ  ᠤ ᠬᠤᠷᠠᠯᠳᠤᠭᠠᠨ  ᠢ ᠵᠣᠬᠢᠶᠠᠨ ᠪᠠᠶᠢᠭᠤᠯᠤᠨ ᠬᠤᠷᠠᠯᠳᠤᠭᠤᠯᠵᠤ ᠂ ᠬᠣᠲᠠ  ᠶᠢᠨ ᠠᠷᠠᠳ  ᠤᠨ ᠲᠥᠯᠥᠭᠡᠯᠡᠭᠴᠢᠳ  ᠤᠨ ᠶᠡᠬᠡ ᠬᠤᠷᠠᠯ  ᠤᠨ ᠲᠥᠯᠥᠭᠡᠯᠡᠭᠴᠢ ᠂ ᠬᠣᠲᠠ  ᠶᠢᠨ ᠤᠯᠤᠰ ᠲᠥᠷᠥ  ᠶᠢᠨ ᠵᠥᠪᠯᠡᠯᠭᠡᠨ  ᠦ ᠭᠡᠰᠢᠭᠦᠨ ᠂ ᠲᠤᠰᠬᠠᠶ ᠮᠡᠷᠭᠡᠵᠢᠯᠲᠡᠨ ᠡᠷᠳᠡᠮᠲᠡᠨ ᠂ ᠠᠷᠠᠳ  ᠤᠨ ᠬᠢᠨᠠᠯᠲᠠ ᠲᠠᠯᠪᠢᠭᠴᠢ ᠂ ︽ ᠨᠡᠶᠢᠲᠡ  ᠶᠢᠨ ᠲᠥᠯᠥᠭᠡ  ᠰᠡᠳᠬᠢᠯ ᠲᠠᠯᠪᠢᠬᠤ ︾ ᠰᠠᠶᠢᠨ ᠳᠤᠷ᠎ᠠ  ᠶᠢᠨ ᠠᠵᠢᠯᠯᠠᠭᠴᠢ ᠵᠢᠴᠢ ᠬᠣᠯᠪᠣᠭᠳᠠᠯ ᠪᠥᠬᠥᠶ ᠵᠠᠰᠠᠭ ᠵᠠᠬᠢᠷᠭᠠᠨ  ᠦ ᠪᠠᠶᠢᠭᠤᠯᠭ᠎ᠠ  ᠶᠢᠨ ᠲᠥᠯᠥᠭᠡᠯᠡᠭᠴᠢ  ᠶᠢ ᠤᠷᠢᠨ ᠣᠷᠣᠯᠴᠠᠭᠤᠯᠵᠠᠶ ᠃ ᠬᠤᠷᠠᠯ  ᠳᠦ ᠣᠷᠣᠯᠴᠠᠭᠰᠠᠳ  ᠤᠨ ᠦᠵᠡᠬᠦ ᠪᠡᠷ ᠂ ᠬᠣᠯᠪᠣᠭᠳᠠᠯ ᠪᠥᠬᠥᠶ ᠵᠠᠰᠠᠭ ᠵᠠᠬᠢᠷᠭᠠᠨ  ᠤ ᠪᠠᠶᠢᠭᠤᠯᠭ᠎ᠠ ᠪᠦᠲᠦᠮᠵᠢᠲᠡᠶ ᠬᠠᠮᠵᠢᠯᠴᠠᠨ ᠵᠠᠰᠠᠬᠤ ᠲᠣᠭᠲᠠᠴᠠ  ᠶᠢ ᠪᠠᠶᠢᠭᠤᠯᠵᠤ ᠂ ᠭᠣᠸᠯᠳᠠᠯᠭ᠎ᠠ ᠲᠠᠶ ᠣᠷᠣᠨ ᠪᠦᠰᠡ  ᠳᠦ ᠴᠢᠭᠯᠡᠭᠦᠯᠦᠨ ᠶᠡᠷᠦᠩᠬᠡᠶᠢᠯᠡᠨ ᠵᠠᠰᠠᠬᠤ ᠠᠵᠢᠯ  ᠢ ᠥᠷᠨᠢᠭᠦᠯᠬᠦ ᠬᠡᠷᠡᠭᠲᠡᠶ ᠃

ᠲᠣᠭᠣᠷᠢᠭ  ᠤᠨ ᠣᠷᠴᠢᠨ ᠲᠣᠭᠣᠷᠢᠨ  ᠤ ᠬᠠᠮᠠᠭᠠᠯᠠᠯᠲᠠ  ᠶᠢᠨ ᠬᠤᠪᠢᠶᠠᠷᠢ ᠲᠣᠪᠴᠢᠶ᠎ᠠ ᠂ ᠲᠣᠭᠣᠷᠢᠭ  ᠤᠨ ᠳᠣᠲᠣᠭᠠᠳᠤ  ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠂ ᠬᠣᠲᠠ  ᠶᠢᠨ ᠴᠡᠴᠡᠷᠯᠢᠭ  ᠤᠨ ᠲᠣᠪᠴᠢᠶ᠎ᠠ ᠪᠠᠶᠢᠴᠠᠭᠠᠬᠤ ᠰᠠᠨᠠᠭᠤᠯᠭ᠎ᠠ  ᠶᠢᠨ ᠱᠠᠭᠠᠷᠳᠠᠯᠭ᠎ᠠ ᠶᠣᠰᠣᠭᠠᠷ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠪᠠᠨ ᠬᠠᠸᠯᠢ ᠶᠣᠰᠣᠭᠠᠷ ᠭᠦᠶᠴᠡᠳᠬᠡᠵᠦ ᠂ ᠲᠣᠰ ᠲᠣᠰ 7 ᠰᠠᠷ᠎ᠠ  ᠶᠢᠨ 27  ᠦ ᠡᠳᠦᠷ ᠂ 8 ᠰᠠᠷ᠎ᠠ  ᠶᠢᠨ 1 ᠦ ᠡᠳᠦᠷ ᠪᠠ 8 ᠰᠠᠷ᠎ᠠ  ᠶᠢᠨ 24  ᠦ ᠡᠳᠦᠷ ᠪᠢᠴᠢᠭ ᠤᠨ ᠬᠠᠷᠢᠭᠤᠯᠲᠠ ᠥᠭᠪᠡ ᠃ ᠡᠭᠦᠨ  ᠤ ᠬᠠᠮᠲᠤ ᠂ ᠭᠤᠷᠪᠠᠨ ᠨᠢᠭᠡᠴᠡ ᠠᠵᠢᠯ  ᠤᠨ ᠬᠠᠮᠲᠤᠷᠠᠨ ᠬᠥᠳᠡᠯᠦᠯᠴᠡᠬᠦ ᠲᠥᠰᠦᠯ ᠲᠣᠭᠲᠠᠭᠠᠵᠤ ᠂  ᠠᠭᠤᠳᠠᠮ  ᠲᠠᠯᠠᠪᠠᠢ ᠵᠢᠨ ᠪᠦᠵᠢᠭ  ᠤᠨ ᠱᠤᠸᠭᠢᠶᠠᠨ  ᠤ ᠪᠠᠷᠢᠮᠵᠢᠶ᠎ᠠ   ᠠᠴᠠ ᠬᠡᠲᠦᠷᠡᠭᠰᠡᠨ ᠦᠵᠡᠭᠳᠡᠯ   ᠢ ᠲᠥᠪᠯᠡᠷᠡᠭᠦᠯᠦᠨ ᠴᠡᠭᠴᠡᠯᠡᠨ ᠵᠠᠰᠠᠬᠤ ᠪᠠ ᠶᠡᠷᠦᠩᠬᠡᠶᠢᠯᠡᠨ ᠵᠠᠰᠠᠵᠤ ᠂ ᠱᠤᠸᠭᠢᠶᠠᠨ  ᠢ ᠪᠠᠶᠢᠴᠠᠭᠠᠨ ᠰᠢᠯᠭᠠᠬᠤ ᠲᠥᠬᠥᠭᠡᠷᠦᠮᠵᠢ  ᠶᠢ ᠬᠡᠷᠡᠭᠯᠡᠨ ᠴᠠᠭ ᠲᠤᠬᠠᠶ  ᠳᠦ ᠨᠢ ᠬᠢᠨᠠᠨ ᠬᠡᠮᠵᠢᠬᠦ ᠂ ᠪᠠᠶᠢᠩᠭᠤᠵᠢᠭᠤᠯᠤᠨ ᠲᠣᠭᠣᠷᠢᠨ ᠪᠠᠶᠢᠴᠠᠭᠠᠬᠤ   ᠡᠴᠡ ᠭᠠᠳᠠᠨ᠎ᠠ ᠪᠠᠰᠠ 38 ᠴᠡᠴᠡᠷᠯᠢᠭ  ᠤᠨ ᠠᠭᠤᠳᠠᠮ  ᠲᠠᠯᠠᠪᠠᠢ ᠵᠢᠨ ᠪᠦᠵᠢᠭ  ᠤᠨ ᠪᠡᠶ᠎ᠡ ᠴᠢᠭᠢᠷᠠᠭᠵᠢᠭᠤᠯᠬᠤ ᠪᠦᠯᠬᠦᠮ ᠲᠡᠶ ᠲᠠᠭᠤᠨ  ᠤ ᠬᠡᠮᠵᠢᠶ᠎ᠡ  ᠶᠢ ᠡᠵᠡᠮᠳᠡᠬᠦ ᠰᠠᠨᠠᠭᠠᠴᠢᠯᠠᠭ᠎ᠠ   ᠶᠢᠨ ᠪᠢᠴᠢᠭ  ᠲᠤ ᠭᠠᠷ  ᠤᠨ ᠥᠰᠥᠭ ᠵᠢᠷᠤᠭᠰᠠᠨ ᠪᠥᠭᠡᠳ ᠡᠷᠬᠢᠨ ᠲᠣᠭᠣᠷᠢᠨ  ᠤ 23 ᠰᠠᠭᠤᠭᠠᠯᠢ ᠠᠷᠠᠳ  ᠤᠨ ᠲᠣᠭᠣᠷᠢᠭ ᠲᠤ ᠭᠦᠨᠵᠡᠭᠡᠶᠢᠷᠡᠨ ᠱᠤᠸᠭᠢᠶᠠᠨ  ᠤ ᠪᠣᠬᠢᠷᠲᠤᠯ  ᠢ ᠰᠡᠷᠭᠡᠶᠢᠯᠡᠨ ᠵᠠᠰᠠᠬᠤ ᠤᠬᠠᠭᠤᠯᠭ᠎ᠠ  ᠶᠢᠨ ᠠᠵᠢᠯ  ᠢ ᠥᠷᠨᠢᠭᠦᠯᠦᠭᠰᠡᠨ ᠪᠥᠭᠡᠳ 1200 ᠭᠠᠷᠤᠶ ᠬᠤᠪᠢ ᠤᠬᠠᠭᠤᠯᠭ᠎ᠠ  ᠶᠢᠨ ᠮᠠᠲ᠋ᠧᠷᠢᠶᠠᠯ ᠲᠠᠷᠬᠠᠭᠠᠭᠰᠠᠨ ᠪᠠᠶᠢᠨ᠎ᠠ ᠃ ᠬᠣᠲᠠ  ᠶᠢᠨ ᠴᠡᠴᠡᠷᠯᠢᠭ  ᠤᠨ ᠲᠣᠪᠴᠢᠶ᠎ᠠ ᠴᠡᠴᠡᠷᠯᠢᠭ  ᠢᠶᠠᠷ ᠵᠤᠭᠠᠴᠠᠬᠤ ᠲᠦᠷᠢᠮ  ᠳᠤ ᠢᠳᠡᠪᠬᠢᠲᠡᠶ ᠵᠠᠰᠠᠪᠤᠷᠢ ᠣᠷᠣᠭᠤᠯᠤᠨ ᠲᠡᠭᠦᠯᠳᠡᠷᠵᠢᠭᠦᠯᠵᠦ ᠂ ᠪᠡᠶ᠎ᠡ ᠴᠢᠭᠢᠷᠠᠭᠵᠢᠭᠤᠯᠬᠤ ᠵᠤᠭ᠎ᠠ ᠴᠡᠩᠭᠡᠯ  ᠤᠨ ᠬᠥᠮᠦᠰ  ᠤᠨ ᠠᠵᠢᠯᠯᠠᠭᠠᠨ  ᠤ ᠣᠷᠣᠨ ᠪᠦᠰᠡ ᠂ ᠠᠵᠢᠯᠯᠠᠭᠠᠨ  ᠤ ᠴᠠᠭ  ᠤᠨ ᠬᠢᠵᠠᠭᠠᠷ ᠪᠠ ᠲᠠᠭᠤ ᠲᠠᠯᠪᠢᠬᠤ ᠬᠡᠮᠵᠢᠶ᠎ᠡ ᠵᠡᠷᠭᠡ  ᠳᠤ ᠴᠢᠭᠯᠡᠭᠦᠯᠦᠨ ᠨᠠᠷᠢᠨ ᠲᠣᠳᠣᠷᠬᠠᠶ ᠲᠣᠭᠲᠠᠭᠠᠯ ᠭᠠᠷᠭᠠᠵᠤ ᠂ ᠲᠦᠷᠢᠮ  ᠤᠨ ᠲᠠᠯ᠎ᠠ  ᠠᠴᠠ ᠵᠠᠰᠠᠯᠲᠠ  ᠶᠢᠨ ᠦᠷ᠎ᠡ ᠪᠦᠲᠦᠮᠵᠢ  ᠶᠢ ᠤᠯᠠᠮ ᠨᠢᠭᠡ ᠠᠯᠬᠤᠮ ᠪᠠᠲᠤᠯᠠᠪᠠ ᠃

8 ᠰᠠᠷ᠎ᠠ  ᠶᠢᠨ ᠰᠡᠭᠦᠯᠴᠢ ᠪᠡᠷ᠂ ᠴᠢᠶᠣᠤ ᠰᠢ ᠲᠣᠭᠣᠷᠢᠭ  ᠤᠨ ᠬᠣᠷᠢᠶ᠎ᠠ ᠵᠢᠨ ᠬᠢᠨ ︽ᠨᠡᠶᠢᠲᠡ  ᠶᠢᠨ ᠲᠥᠯᠥᠭᠡ ᠰᠡᠳᠬᠢᠯ ᠲᠠᠯᠪᠢᠬᠤ︾ᠰᠠᠶᠢᠨ ᠳᠤᠷ᠎ᠠ  ᠶᠢᠨ ᠠᠵᠢᠯᠯᠠᠭᠰᠠᠳ ᠲᠠᠶ ᠬᠠᠮᠲᠤᠷᠠᠨ ᠲᠤᠬᠠᠢ  ᠶᠢᠨ ᠲᠠᠯᠠᠪᠠᠢ  ᠳᠦ ᠬᠦᠷᠴᠦ ᠪᠠᠶᠢᠴᠠᠭᠠᠨ ᠵᠠᠰᠠᠭᠰᠠᠨ ᠦᠷ᠎ᠡ ᠪᠦᠲᠦᠮᠵᠢ  ᠶᠢ ᠮᠥᠷᠳᠡᠨ ᠪᠠᠶᠢᠴᠠᠭᠠᠪᠠ᠃ ᠲᠤᠬᠠᠶ  ᠶᠢᠨ ᠭᠠᠵᠠᠷ  ᠤᠨ ᠰᠢᠯᠭᠠᠨ ᠪᠠᠶᠢᠴᠠᠭᠠᠯᠲᠠ ᠪᠠᠷ ᠳᠡᠮᠵᠢᠨ ᠂ ᠠᠭᠤᠳᠠᠮ  ᠲᠠᠯᠠᠪᠠᠢ ᠵᠢᠨ ᠪᠦᠵᠢᠭ  ᠤᠨ ᠳᠠᠭᠤᠸ ᠬᠥᠭᠵᠢᠮ   ᠤᠨ ᠳᠠᠭᠤᠨ ᠨᠢ ᠴᠥᠮ 60dB ︵ A︶  ᠶᠢᠨ ᠬᠢᠵᠠᠭᠠᠷ ᠬᠡᠮᠵᠢᠭᠳᠡᠯ ᠡᠴᠡ ᠳᠣᠸᠷ᠎ᠠ ᠪᠣᠯᠵᠣ ᠂ ᠱᠤᠸᠭᠢᠶᠠᠨ  ᠦ ᠪᠣᠬᠢᠷᠲᠤᠯ  ᠤᠨ ᠠᠰᠠᠭᠤᠳᠠᠯ ᠢᠯᠡᠳᠲᠡ ᠰᠠᠶᠢᠵᠢᠷᠠᠪᠠ ᠃ 8 ᠰᠠᠷ᠎ᠠ  ᠶᠢᠨ 31 ᠦ ᠡᠳᠦᠷ ᠂ ᠴᠢᠶᠣᠤ ᠰᠢ ᠲᠣᠭᠣᠷᠢᠭ  ᠤᠨ ᠬᠣᠷᠢᠶ᠎ᠠ ᠬᠠᠸᠯᠢ ᠶᠣᠰᠣᠭᠠᠷ ᠲᠣᠰ ᠬᠡᠷᠡᠭ ᠤᠨ ᠬᠢᠨᠠᠨ ᠪᠠᠶᠢᠴᠠᠭᠠᠯᠲᠠ  ᠶᠢ ᠳᠠᠭᠤᠰᠬᠠᠬᠤ ᠲᠣᠭᠲᠠᠭᠠᠯ ᠭᠠᠷᠭᠠᠪᠠ ᠃

【ᠨᠡᠶᠢᠲᠡᠯᠢᠭ ᠠᠴᠢ ᠬᠣᠯᠪᠣᠭᠳᠠᠯ】

 ᠠᠭᠤᠳᠠᠮ ᠲᠠᠯᠠᠪᠠᠶ  ᠳᠦ ᠱᠤᠤᠭᠢᠶᠠᠨ  ᠤ ᠪᠣᠬᠢᠷᠲᠤᠯ ᠭᠠᠷᠴᠤ ᠂ ᠠᠷᠠᠳ ᠣᠯᠠᠨ  ᠤ ᠬᠡᠪ  ᠤᠨ ᠠᠮᠢᠳᠤᠷᠠᠯ   ᠢ ᠨᠥᠯᠥᠭᠡᠯᠡᠵᠦ ᠂ ᠬᠣᠲᠠ   ᠶᠢᠨ ᠨᠡᠶᠢᠭᠡᠮ ᠲᠣᠭᠣᠷᠢᠭ  ᠤᠨ ᠵᠠᠰᠠᠯᠲᠠ   ᠶᠢᠨ ᠪᠡᠷᠬᠡ ᠰᠡᠳᠦᠪ ᠪᠣᠯᠵᠤ ᠪᠠᠶᠢᠨ᠎ᠠ᠃ ᠪᠠᠶᠢᠴᠠᠭᠠᠬᠤ ᠪᠠᠶᠢᠭᠤᠯᠭ᠎ᠠ  ᠨᠢ ᠠᠷᠠᠳ  ᠤᠨ ᠲᠥᠯᠥᠭᠡ ᠬᠠᠤᠯᠢ ᠪᠠᠷᠢᠬᠤ ᠦᠨᠳᠦᠰᠦᠨ ᠵᠣᠷᠢᠯᠲᠠ  ᠶᠢ ᠭᠦᠨᠵᠡᠭᠡᠶ ᠦᠢᠯᠡᠳᠦᠯᠭᠡᠵᠢᠭᠦᠯᠵᠦ᠂ ᠨᠡᠶᠢᠲᠡ  ᠶᠢᠨ ᠠᠰᠢᠭᠲᠤ ᠵᠠᠷᠭᠤ   ᠵᠢᠨᠪᠠᠶᠢᠴᠠᠭᠠᠬᠤ ᠡᠭᠦᠷᠭᠡ ᠴᠢᠳᠠᠪᠤᠷᠢ ᠪᠠᠨ ᠭᠦᠢᠴᠡᠳ ᠪᠠᠳᠠᠷᠠᠭᠤᠯᠵᠤ᠂ ᠤᠯᠠᠨ ᠰᠠᠯᠠᠭ᠎ᠠ ᠮᠥᠴᠢᠷ  ᠤᠨ ᠤᠯᠠᠨ ᠵᠦᠢᠯ  ᠤᠨ ᠠᠷᠭ᠎ᠠ ᠬᠡᠮᠵᠢᠶ᠎ᠡ ᠠᠪᠴᠤ ᠪᠠᠶᠢᠭᠠᠳ ᠰᠢᠰᠲ᠋ᠧᠮ ᠲᠡᠶ ᠪᠡᠷ ᠵᠠᠰᠠᠬᠤ᠂ ᠶᠡᠷᠦᠩᠬᠡᠶᠢᠯᠡᠨ ᠵᠠᠰᠠᠬᠤ ᠠᠵᠢᠯ  ᠢ ᠥᠷᠨᠢᠭᠦᠯᠬᠦ  ᠶᠢ ᠲᠦᠯᠬᠢᠨ ᠠᠬᠢᠭᠤᠯᠵᠤ᠂ ᠤᠯᠠᠨ ᠲᠦᠮᠡᠨ  ᠢ ᠭᠠᠴᠢᠭᠳᠠᠭᠤᠯᠵᠤ ᠪᠠᠶᠢᠭ᠎ᠠ ᠠᠭᠤᠳᠠᠮ ᠲᠠᠯᠠᠪᠠᠢ  ᠶᠢᠨ ᠪᠥᠵᠢᠭ᠂ ᠱᠤᠤᠭᠢᠶᠠᠨ  ᠦ ᠪᠣᠬᠢᠷᠲᠤᠯ  ᠤᠨ 《ᠬᠠᠭᠤᠴᠢᠨ ᠶᠡᠬᠡ ᠲᠦᠪᠡᠭᠲᠡᠶ》 ᠠᠰᠠᠭᠤᠳᠠᠯ  ᠢ ᠪᠦᠲᠦᠮᠵᠢᠲᠡᠶ ᠪᠡᠷ ᠰᠢᠶᠳᠪᠦᠷᠢᠯᠡᠵᠦ᠂ ︽ ᠠᠮᠤᠷ ᠵᠢᠮᠦᠷ︾ ᠠᠷᠠᠳ  ᠤᠨ ᠠᠮᠢᠳᠤᠷᠠᠯ  ᠢ ᠳᠠᠬᠢᠨ ᠰᠡᠷᠭᠦᠭᠡᠪᠡ᠃

 ᠤᠷᠴᠢᠭᠤᠯᠤᠡᠡᠴᠢ᠄ ᠭᠥᠸᠧ ᠶᠠᠨ ᠮᠧᠢ

        ᠬᠢᠨᠠᠨ ᠬᠠᠷᠭᠤᠭᠤᠯᠤᠭᠴᠢ᠄  ᠦᠪᠡᠷᠲᠡᠭᠡᠨ ᠵᠠᠰᠠᠬᠤ ᠤᠷᠤᠨ ᠤ ᠪᠠᠶᠢᠴᠭᠠᠬᠠᠤ ᠬᠣᠷᠢᠶ᠎ᠠ ᠵᠢᠨ ᠤᠷᠴᠢᠭᠤᠯᠭ᠎ᠠ ᠵᠢᠨ ᠭᠠᠵᠠᠷ ᠤᠨ ᠨᠠᠪᠴᠢ

 

ᠢᠷᠡᠯᠲᠡ
ᠡᠸ᠋ᠩᠬᠢ ᠬᠤᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro