ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ  ᠶᠢᠨ ᠬᠡᠳᠦᠨ ᠠᠰᠠᠭᠣᠳᠠᠯ  ᠤᠨ ᠲᠣᠬᠠᠢ ᠲᠦᠭᠦᠮ ᠦᠭᠦᠯᠡᠬᠦ ᠨᠢ

2024-07-22 19:43:38
ᠵᠣᠬᠢᠶᠠᠭᠴᠢ
ᠱᠠᠨ ᠬᠣᠸᠠ

ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ  ᠶᠢᠨ ᠬᠡᠳᠦᠨ ᠠᠰᠠᠭᠣᠳᠠᠯ  ᠤᠨ ᠲᠣᠬᠠᠢ ᠲᠦᠭᠦᠮ ᠦᠭᠦᠯᠡᠬᠦ ᠨᠢ

 

ᠨᠢᠭᠡ᠂ ᠤᠳᠤᠷᠢᠳᠬᠠᠯ

ᠢᠨᠲ᠋ᠸᠷ ᠰᠦᠯᠵᠢᠶ᠎ᠡ ᠶᠢᠨ ᠲᠦᠭᠡᠮᠡᠯᠵᠢᠨ ᠬᠥᠭᠵᠢᠬᠦ ᠶᠢ ᠳᠠᠭᠠᠯᠳᠤᠨ᠂ ᠰᠦᠯᠵᠢᠶ᠎ᠡ ᠪᠡᠷ ᠵᠣᠭᠣᠰ ᠨᠠᠭᠠᠳᠬᠤ ᠨᠢ ᠨᠢᠭᠡ ᠵᠦᠶᠯ ᠦᠨ ᠵᠣᠭᠣᠰ ᠨᠠᠭᠠᠳᠬᠤ ᠰᠢᠨ᠎ᠡ ᠬᠡᠯᠪᠡᠷᠢ ᠪᠣᠯᠵᠣ᠂ ᠤᠯᠠᠮ ᠠᠴᠠ ᠤᠯᠠᠮ ᠣᠯᠠᠨ ᠬᠥᠮᠦᠰ ᠦᠨ ᠣᠷᠣᠯᠴᠠᠬᠤ ᠤᠷᠮ᠎ᠠ  ᠶᠢ ᠲᠠᠲᠠᠵᠤ ᠪᠠᠶᠢᠨ᠎ᠠ᠃ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠭᠡᠳᠡᠭ ᠨᠢ ᠠᠰᠢᠭ ᠬᠣᠨᠵᠢᠪᠣᠷᠢ ᠤᠯᠬᠤ ᠵᠣᠷᠢᠯᠭ᠎ᠠ ᠪᠠᠷ ᠰᠦᠯᠵᠢᠶ᠎ᠡ ᠪᠡᠷ ᠲᠠᠪᠴᠠᠩ ᠪᠠ ᠵᠠᠭᠤᠴᠢ ᠪᠣᠯᠭᠠᠭᠰᠠᠨ ᠵᠣᠭᠣᠰ ᠨᠠᠭᠠᠳᠬᠤ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠲᠡᠭᠦᠨ ᠳᠦ ᠣᠷᠣᠯᠴᠠᠬᠤ ᠶᠢ ᠵᠢᠭᠠᠵᠤ ᠪᠠᠶᠢᠨ᠎ᠠ᠂ ᠶᠡᠷᠦ ᠳᠡᠭᠡᠨ  ᠢᠨᠲ᠋ᠸᠷ ᠰᠦᠯᠵᠢᠶ᠎ᠡ᠂ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ ᠢ ᠠᠰᠢᠭᠯᠠᠨ ᠵᠣᠭᠣᠰ ᠨᠠᠭᠠᠳᠬᠤ ᠠᠵᠢᠯᠯᠠᠭ᠎ᠠ ᠶᠢ ᠵᠢᠭᠠᠵᠤ ᠪᠠᠶᠢᠨ᠎ᠠ᠃   ᠡᠢᠮᠦᠷᠬᠦ ᠵᠣᠭᠣᠰ ᠨᠠᠭᠠᠳᠬᠤ ᠠᠷᠭ᠎ᠠ ᠮᠠᠶ᠋ᠢᠭ ᠪᠣᠯ ᠣᠷᠴᠢᠮ ᠤᠨ ᠬᠡᠳᠦᠨ ᠵᠢᠯ ᠳᠦ ᠢᠨᠲ᠋ᠸᠷ ᠰᠦᠯᠵᠢᠶᠡᠨ ᠦ ᠬᠥᠭᠵᠢᠯᠲᠡ ᠶᠢ ᠳᠠᠭᠠᠯᠳᠤᠨ ᠪᠤᠢ ᠪᠣᠯᠤᠭᠰᠠᠨ ᠰᠢᠨ᠎ᠡ  ᠵᠦᠢᠯ ᠮᠥᠨ᠂ ᠲᠡᠷᠡ ᠨᠢ ᠪᠣᠳᠠᠲᠠᠶ ᠵᠣᠭᠣᠰ ᠨᠠᠭᠠᠳᠬᠤ ᠠᠷᠭ᠎ᠠ ᠮᠠᠶ᠋ᠢᠭ ᠤᠨ ᠰᠦᠯᠵᠢᠶᠡᠨ ᠳᠡᠭᠡᠷᠡᠬᠢ ᠦᠷᠭᠦᠯᠵᠢᠯᠡᠯ ᠮᠥᠨ᠃ 

ᠢᠨᠲ᠋ᠸᠷ ᠰᠦᠯᠵᠢᠶ᠎ᠡ ᠨᠢ ᠪᠣᠳᠠᠲᠤ ᠨᠡᠶᠢᠭᠡᠮ ᠲᠡᠶ ᠠᠳᠠᠯᠢᠪᠲᠤᠷ ᠪᠠᠶᠢᠵᠤ᠂ ᠵᠣᠭᠣᠰ ᠨᠠᠭᠠᠳᠬᠤ ᠲᠠᠪᠴᠠᠩ ︵ᠵᠣᠭᠣᠰ ᠨᠠᠭᠠᠳᠬᠤ ᠰᠦᠯᠵᠢᠶᠡᠨ ᠦ ᠦᠷᠳᠡᠭᠡ︶ ᠨᠢ ᠵᠣᠭᠣᠰ ᠨᠠᠭᠠᠳᠬᠤ ᠲᠠᠯᠠᠪᠤᠷ ᠭᠠᠵᠠᠷ ᠲᠠᠶ ᠠᠳᠠᠯᠢᠪᠲᠤᠷ ᠪᠠᠶᠢᠵᠤ᠂ ᠲᠠᠪᠴᠠᠩ ᠳᠣᠲᠣᠷ᠎ᠠ ᠵᠣᠭᠣᠰ ᠨᠠᠭᠠᠳᠬᠤ ᠳᠤ ᠬᠡᠷᠡᠭᠯᠡᠬᠦ ᠡᠯ᠎ᠡ ᠵᠦᠢᠯ ᠦᠨ ᠪᠠᠭᠠᠵᠢ ᠬᠡᠷᠡᠭᠰᠡᠯ ᠢ ᠬᠠᠩᠭᠠᠭᠰᠠᠨ ᠪᠠᠶᠢᠨ᠎ᠠ᠃ ᠰᠦᠯᠵᠢᠶ᠎ᠡ ᠪᠡᠷ ᠵᠣᠭᠣᠰ ᠨᠠᠭᠠᠳᠬᠤ ᠲᠥᠷᠥᠯ ᠵᠦᠢᠯ ᠣᠯᠠᠨ ᠪᠠᠶᠢᠳᠠᠭ ᠂ ᠪᠣᠳᠠᠲᠤ ᠠᠮᠢᠳᠤᠷᠠᠯ ᠤᠨ ᠳᠤᠮᠳᠠᠬᠢ ᠭᠣᠣᠯ ᠪᠣᠯᠬᠤ ᠵᠣᠭᠣᠰ ᠨᠠᠭᠠᠳᠬᠤ ᠠᠷᠭ᠎ᠠ ᠮᠠᠶ᠋ᠢᠭ ᠨᠢ ᠰᠦᠯᠵᠢᠶᠡᠨ ᠳᠦ ᠪᠦᠷ ᠶᠠᠪᠤᠭᠳᠠᠵᠤ ᠪᠣᠯᠬᠤ  ᠪᠠᠷ ᠪᠠᠷᠠᠬᠤ ᠦᠭᠡᠶ ᠂ ᠪᠠᠰᠠ ᠮᠠᠰᠢ ᠣᠯᠠᠨ ᠠᠳᠠᠯᠢ ᠪᠤᠰᠤ ᠵᠣᠭᠣᠰ ᠨᠠᠭᠠᠳᠬᠤ ᠬᠡᠯᠪᠡᠷᠢ ᠪᠤᠶ ᠪᠣᠯᠵᠠᠢ ᠃ ᠵᠢᠱᠢᠶᠡᠯᠡᠬᠦ ᠳᠦ ᠂ (1) ᠤᠯᠠᠮᠵᠢᠯᠠᠯᠲᠤ ᠵᠣᠭᠣᠰ ᠨᠠᠭᠠᠳᠬᠤ  ᠶᠢ ᠰᠦᠯᠵᠢᠶᠡᠵᠢᠭᠦᠯᠬᠦ ᠂ ᠵᠢᠱᠢᠶᠡᠯᠡᠪᠡᠯ᠂ ᠸᠢᠴᠠᠲ ᠤᠨ ᠭᠠᠷ ᠬᠣᠯᠪᠣᠨ ᠵᠣᠭᠣᠰ ᠨᠠᠭᠠᠳᠬᠤ ︵ᠵᠣᠭᠣᠰ ᠨᠠᠭᠠᠳᠤᠭᠴᠢᠳ ᠤᠷᠢᠳ ᠢᠶᠠᠷ ︽ᠡᠳ᠋ᠯᠡᠭᠴᠢ︾ ᠳᠦ ᠳᠠᠩᠰᠠ ᠰᠢᠯᠵᠢᠭᠦᠯᠵᠦ᠂ ᠳᠠᠷᠠᠭ᠎ᠠ ᠨᠢ ︽ᠡᠳ᠋ᠯᠡᠭᠴᠢ ︾ ᠶᠢᠨ ᠲᠣᠬᠢᠶᠠᠯᠳᠤᠯ ᠢᠶᠠᠷ ᠵᠣᠭᠣᠰ ᠨᠠᠭᠠᠳᠬᠤ ᠲᠣᠭ᠎ᠠ ᠪᠤᠶᠤ ᠶᠡᠬᠡ ᠪᠠᠭ᠎ᠠ  ᠪᠠᠷ ᠵᠣᠭᠣᠰ ᠨᠠᠭᠠᠳᠬᠤ  ᠶᠢ ᠲᠠᠭᠠᠮᠠᠭᠯᠠᠬᠤ ︶︔ ︵2︶ ᠵᠣᠭᠣᠰ ᠨᠠᠭᠠᠳᠬᠤ ᠰᠦᠯᠵᠢᠶᠡᠨ ᠦ ᠦᠷᠳᠡᠭᠡ᠂ ᠵᠢᠱᠢᠶᠡᠯᠡᠪᠡᠯ ᠬᠢᠯᠢ ᠶᠢᠨ ᠳᠣᠲᠣᠨ᠎ᠠ ᠭᠠᠳᠠᠨᠠᠬᠢ ᠵᠠᠷᠢᠮ ᠬᠠᠤᠯᠢ ᠪᠤᠰᠤ ᠡᠲᠡᠭᠡᠳ ᠵᠣᠭᠣᠰ ᠨᠠᠭᠠᠳᠬᠤ ᠰᠦᠯᠵᠢᠶᠡᠨ ᠦ ᠦᠷᠳᠡᠭᠡ᠂ ᠵᠣᠭᠣᠰ ᠨᠠᠭᠠᠳᠬᠤ APP ᠵᠡᠷᠭᠡ ᠵᠥᠭᠡᠯᠡᠨ ᠳᠤᠨᠤᠭ ᠭᠠᠷᠭᠠᠵᠤ᠂ ᠳᠣᠲᠣᠷ᠎ᠠ ᠨᠢ ᠰᠢᠲᠠᠷ᠎ᠠ ᠂ ᠬᠦᠵᠥᠷ  ᠤᠨ ᠲᠦᠷᠦᠯ ᠦᠨ ᠰᠦᠯᠵᠢᠶᠡᠨ ᠦ ᠵᠣᠭᠣᠰ ᠨᠠᠭᠠᠳᠬᠤ ᠵᠦᠢᠯᠡᠰ ᠲᠦ  ᠬᠡᠳᠦᠨ ᠳᠡᠰ ᠤᠨ ᠵᠢᠮᠢᠰ ᠦᠨ ᠮᠠᠰᠢᠨ᠂ ᠱᠦᠢ ᠬᠤ ᠶᠢᠨ ᠦᠯᠢᠭᠡᠷ᠂ ᠪᠸ᠋ᠨᠽ ᠪᠦᠦ ᠮᠠ ᠵᠡᠷᠭᠡ ᠪᠤᠢ᠃ 

ᠬᠡᠷᠪᠡ ᠡᠷᠬᠡ ᠲᠡᠭᠰᠢ ᠣᠷᠴᠢᠨ ᠲᠣᠭᠣᠷᠢᠨ ᠳᠤ ᠡᠶᠢᠮᠦᠷᠬᠦᠦ ᠠᠵᠠ ᠬᠡᠶᠢᠮᠣᠷᠢ ᠪᠠᠷ ᠰᠠᠭᠤᠷᠢ ᠪᠣᠯᠭᠠᠭᠰᠠᠨ᠂ ᠦᠵᠡᠬᠦ ᠳᠦ ᠨᠡᠯᠢᠶᠡᠳ 《ᠡᠷᠬᠡ ᠲᠡᠭᠰᠢ》 ᠪᠠᠶᠢᠳᠠᠭ ᠵᠣᠭᠣᠰ ᠨᠠᠭᠠᠳᠬᠤ ᠠᠵᠢᠯᠯᠠᠭ᠎ᠠ ᠨᠢ ᠵᠠᠷᠢᠮ ᠨᠢ ᠬᠣᠨᠵᠢᠵᠤ ᠵᠠᠷᠢᠮ ᠨᠢ ᠱᠦᠭᠦᠭᠳᠡᠬᠦ ᠡᠴᠡ ᠪᠣᠯᠤᠭᠰᠠᠨ ᠪᠠᠶᠢᠬᠤ ᠶᠣᠰᠣᠲᠠᠶ᠂ ᠭᠡᠪᠡᠴᠦ ᠡᠷᠲᠡᠨ ᠡᠴᠡ ᠠᠪᠤᠭᠠᠳ ᠪᠢᠳᠡᠨ ᠦ ᠣᠯᠵᠤ ᠦᠵᠡᠳᠡᠭ ᠨᠢ ᠶᠡᠷᠦ ᠨᠢ ᠠᠷᠪᠠᠨ ᠮᠥᠷᠥᠶ ᠶᠢᠰᠦ ᠨᠢ ᠱᠦᠭᠦᠭᠳᠡᠬᠦ᠂ ᠴᠢᠨᠠᠭᠰᠢᠯᠠᠪᠠᠯ ᠠᠷᠪᠠᠨ ᠮᠥᠷᠥᠶ ᠠᠷᠪᠠ ᠨᠢ ᠱᠦᠭᠦᠭᠳᠡᠬᠦ ᠡᠴᠡ ᠪᠣᠯᠤᠭᠰᠠᠨ ᠶᠤᠮ᠂ ᠤᠴᠢᠷ ᠨᠢ ᠮᠥᠷᠥᠶᠢᠴᠡᠭᠡᠨ ᠦ ᠭᠠᠵᠠᠷ ᠪᠣᠯᠭᠠᠨ ᠳᠤ ᠴᠥᠮ ᠬᠢᠬᠦ ᠬᠥᠮᠦᠨ ᠲᠡᠶ ᠪᠠᠶᠢᠵᠤ᠂ ᠰᠦᠯᠵᠢᠶᠡᠨ ᠦ ᠮᠥᠷᠥᠶᠢᠴᠡᠭᠡᠨ ᠢ ᠨᠡᠩ ᠴᠤ ᠰᠡᠷᠭᠡᠶᠢᠯᠡᠬᠦ ᠶᠢᠨ ᠠᠷᠭ᠎ᠠ ᠦᠭᠡᠢ ᠪᠣᠯᠭᠠᠳᠠᠭ᠃ 

ᠬᠣᠶᠠᠷ᠂ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠲᠣᠮᠢᠶᠠᠯᠠᠯ 

1.ᠰᠦᠯᠵᠢᠶ᠎ᠡ ᠪᠡᠷ ᠵᠣᠭᠣᠰ ᠨᠠᠭᠠᠳᠬᠤ ᠭᠡᠳᠡᠭ ᠨᠢ ᠢᠨᠲ᠋ᠸᠷ ᠰᠦᠯᠵᠢᠶᠡᠨ ᠦ ᠲᠠᠪᠴᠠᠩ ᠢᠶᠠᠷ ᠳᠠᠮᠵᠢᠭᠤᠯᠤᠨ ᠶᠠᠪᠤᠭᠳᠠᠬᠤ ᠶᠠᠮᠠᠷᠪᠠ ᠬᠡᠯᠪᠡᠷᠢ ᠶᠢᠨ ᠵᠣᠭᠣᠰ ᠨᠠᠭᠠᠳᠬᠤ ᠠᠵᠢᠯᠯᠠᠭ᠎ᠠ ᠶᠢ ᠵᠢᠭᠠᠵᠤ ᠪᠠᠶᠢᠨ᠎ᠠ᠃ ᠡᠭᠦᠨ ᠳᠦ ᠰᠦᠯᠵᠢᠶᠡᠨ ᠳᠡᠭᠡᠷᠡᠬᠢ ᠵᠣᠭᠣᠰ ᠨᠠᠭᠠᠳᠬᠤ ᠭᠠᠵᠠᠷ ᠂ ᠪᠡᠶ᠎ᠡ  ᠶᠢᠨ ᠲᠠᠮᠢᠷ ᠤᠨ ᠱᠠᠩᠨᠠᠯᠲᠤ ᠰᠤᠭᠤᠯᠤᠭ᠎ᠠ ᠂ ᠱᠠᠩᠨᠠᠯᠲᠤ ᠰᠤᠭᠤᠯᠤᠭ᠎ᠠ  ᠶᠢᠨ ᠪᠣᠷᠣᠯᠠᠭᠤᠯᠭ᠎ᠠ ᠵᠢᠴᠢ ᠪᠤᠰᠤᠳ ᠲᠣᠭᠠᠨ ᠤ ᠮᠡᠷᠭᠡᠵᠢᠯ  ᠢ ᠠᠰᠢᠭᠯᠠᠨ ᠵᠣᠭᠣᠰ ᠨᠠᠭᠠᠳᠬᠤ ᠲᠣᠭᠯᠠᠭᠠᠮ ᠳᠤ ᠬᠢᠵᠠᠭᠠᠷᠯᠠᠭᠳᠠᠬᠤ ᠦᠭᠡᠶ ᠃ ᠰᠦᠯᠵᠢᠶᠡᠨ ᠦ ᠮᠥᠷᠥᠶᠢᠴᠡᠭᠡᠨ ᠳᠦ ᠶᠡᠷᠦ ᠳᠡᠭᠡᠨ ᠡᠯᠧᠺᠲ᠋ᠷᠣᠨ ᠲᠥᠬᠥᠭᠡᠷᠦᠮᠵᠢ︵ᠵᠢᠱᠢᠶᠡᠯᠡᠪᠡᠯ ᠺᠣᠮᠫᠢᠦ᠋ᠲ᠋ᠧᠷ ᠂ ᠤᠶᠤᠨᠲᠤ ᠭᠠᠷ ᠤᠲᠠᠰᠤ︶ ᠪᠠ ᠢᠨᠲ᠋ᠸᠷ ᠰᠦᠯᠵᠢᠶ᠎ᠡ ᠶᠢ ᠬᠣᠯᠪᠣᠬᠤ ᠳᠤ ᠬᠣᠯᠪᠣᠭᠳᠠᠳᠠᠭ ᠂ ᠨᠠᠭᠠᠳᠤᠭᠴᠢᠳ ᠪᠥᠬᠥ ᠳᠡᠯᠡᠬᠡᠶ ᠶᠢᠨ ᠬᠡᠪᠴᠢᠶᠡᠨ ᠳᠦ ᠡᠯ᠎ᠡ ᠵᠦᠶᠯ ᠦᠨ ᠮᠥᠷᠥᠶᠢᠴᠡᠭᠡᠨ ᠦ ᠲᠣᠭᠯᠠᠭᠠᠮ ᠳᠤ ᠣᠷᠣᠯᠴᠠᠵᠤ ᠪᠣᠯᠤᠨ᠎ᠠ ᠃ 

2. ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠣᠨᠴᠠᠯᠢᠭ 

︵1︶ ᠬᠡᠷᠡᠭ ᠲᠦ ᠬᠣᠯᠪᠣᠭᠳᠠᠭᠰᠠᠨ ᠵᠣᠭᠣᠰ ᠤᠨ ᠲᠣᠭ᠎ᠠ ᠨᠢ ᠥᠨᠳᠥᠷ  ᠪᠠᠶᠢᠳᠠᠭ᠃ ᠰᠦᠯᠵᠢᠶ᠎ᠡ ᠪᠡᠷ ᠵᠣᠭᠣᠰ ᠨᠠᠭᠠᠳᠤᠭᠰᠠᠨ ᠬᠡᠷᠡᠭ ᠲᠦ ᠬᠣᠯᠪᠣᠭᠳᠠᠭᠰᠠᠨ ᠬᠡᠪᠴᠢᠶ᠎ᠡ ᠨᠢ ᠥᠷᠭᠡᠨ ᠂ ᠬᠡᠷᠡᠭ ᠲᠦ ᠬᠣᠯᠪᠣᠭᠳᠠᠭᠰᠠᠨ ᠵᠣᠭᠣᠰ ᠤᠨ ᠲᠣᠭ᠎ᠠ ᠨᠢ ᠥᠨᠳᠥᠷ ᠪᠠᠶᠢᠳᠠᠭ ᠂ ᠨᠢᠳᠤᠨᠤᠨ ᠤ ᠪᠥᠬᠥ ᠤᠯᠤᠰ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠳᠡᠩᠨᠡᠨ ᠢᠯᠡᠷᠡᠭᠦᠯᠦᠭᠰᠡᠨ ᠰᠦᠯᠵᠢᠶ᠎ᠡ ᠪᠡᠷ ᠵᠣᠭᠣᠰ ᠨᠠᠭᠠᠳᠤᠭᠰᠠᠨ ᠬᠡᠷᠡᠭ ᠡᠴᠡ ᠦᠵᠡᠪᠡᠯ ᠂ ᠣᠷᠣᠭᠤᠯᠤᠭᠰᠠᠨ ᠵᠣᠭᠣᠰ ᠤᠨ ᠲᠣᠭ᠎ᠠ ᠨᠢ ᠠᠷᠪᠠᠨ ᠳ᠋ᠦᠩᠰᠢᠭᠤᠷ ᠲᠥᠭᠥᠷᠢᠭ ᠢ ᠳᠠᠪᠠᠭᠰᠠᠨ ᠬᠡᠷᠡᠭ  ᠣᠯᠠᠨᠲᠠ ᠪᠠᠶᠢᠨ᠎ᠠ ︔ 

︵2︶ ᠬᠢᠯᠢ ᠠᠯᠤᠰᠯᠠᠭᠰᠠᠨ ᠣᠨᠴᠠᠯᠢᠭ ᠨᠢ ᠢᠯᠡᠷᠬᠡᠶ ᠳᠠᠯᠳᠠ ᠴᠢᠨᠠᠷ ᠢᠶᠠᠷ ᠴᠢᠩᠭ᠎ᠠ ᠪᠠᠶᠢᠳᠠᠭ ᠃ ᠰᠦᠯᠵᠢᠶᠡᠨ ᠦ ᠮᠡᠷᠭᠡᠵᠢᠯ ᠦᠨ ᠬᠥᠭᠵᠢᠯᠲᠡ ᠶᠢ ᠳᠠᠭᠠᠯᠳᠤᠨ᠂ ᠢᠨᠲ᠋ᠸᠷ ᠰᠦᠯᠵᠢᠶ᠎ᠡ ᠪᠠ ᠰᠦᠯᠵᠢᠶᠡᠨ ᠳᠡᠭᠡᠷᠡᠬᠢ ᠮᠥᠩᠭᠥᠨ ᠭᠦᠢᠯᠭᠡᠭᠡᠨ ᠦ ᠲᠥᠯᠥᠪᠦᠷᠢ ᠶᠢᠨ ᠠᠷᠭ᠎ᠠ ᠪᠠᠷᠢᠯ ᠢ ᠠᠰᠢᠭᠯᠠᠨ ᠵᠣᠭᠣᠰ ᠨᠠᠭᠠᠳᠬᠤ ᠦᠵᠡᠭᠳᠡᠯ ᠦᠳᠲᠡᠷ ᠲᠦᠷᠭᠡᠨ ᠬᠥᠭᠵᠢᠵᠦ ᠪᠠᠶᠢᠨ᠎ᠠ᠂ ᠡᠨᠡ ᠲᠦᠷᠦᠯ ᠦᠨ ᠵᠣᠭᠣᠰ ᠨᠠᠭᠠᠳᠬᠤ ᠨᠢ ᠭᠣᠣᠯᠳᠠᠭᠤ ᠬᠢᠯᠢ ᠶᠢᠨ ᠭᠠᠳᠠᠨᠠᠬᠢ ᠰᠦᠯᠵᠢᠶᠡᠨ ᠦ ᠵᠣᠭᠣᠰ ᠨᠠᠭᠠᠳᠬᠤ ᠪᠦᠯᠦᠭᠯᠡᠯ ᠦᠨ ᠤᠯᠤᠰ ᠤᠨ ᠳᠣᠲᠣᠭᠠᠳᠤ ᠳᠤ ᠣᠷᠣᠯᠠᠬᠤ ᠬᠡᠯᠪᠡᠷᠢ ᠪᠡᠷ ᠵᠣᠭᠣᠰ ᠨᠠᠭᠠᠳᠬᠤ ᠠᠵᠢᠯᠯᠠᠭ᠎ᠠ ᠶᠢᠨ ᠵᠣᠬᠢᠶᠠᠨ ᠪᠠᠶᠢᠭᠤᠯᠤᠯᠲᠠ ᠶᠢᠨ ᠬᠡᠯᠬᠢᠶ᠎ᠡ ᠶᠢ ᠪᠠᠶᠢᠭᠤᠯᠵᠤ᠂ ᠳᠠᠮᠵᠢᠭᠤᠯᠤᠨ ᠪᠣᠷᠣᠯᠠᠭᠤᠯᠬᠤ ᠬᠡᠯᠪᠡᠷᠢ ᠪᠡᠷ ᠥᠷᠭᠡᠳᠬᠡᠨ ᠬᠥᠭᠵᠢᠭᠦᠯᠵᠦ ᠪᠠᠶᠢᠭ᠎ᠠ ᠶᠠᠪᠤᠳᠠᠯ ᠪᠣᠯᠤᠨ᠎ᠠ᠃ ᠰᠦᠯᠵᠢᠶᠡᠨ ᠦ ᠵᠣᠬᠢᠶᠠᠮᠠᠯ ᠴᠢᠨᠠᠷ ᠪᠠ ᠣᠷᠣᠨ ᠪᠦᠰᠡ ᠠᠯᠤᠰᠯᠠᠭᠰᠠᠨ ᠴᠢᠨᠠᠷ ᠠᠴᠠ ᠪᠤᠯᠵᠤ᠂ ᠵᠣᠭᠣᠰ ᠨᠠᠭᠠᠳᠬᠤ ᠰᠦᠯᠵᠢᠶᠡᠨ ᠦ ᠬᠠᠮᠢᠶᠠᠷᠤᠯᠲᠠ ᠶᠢᠨ ᠠᠵᠢᠯᠳᠠᠨ ᠬᠣᠭᠣᠷᠣᠨᠳᠣ ᠪᠠᠨ ᠲᠤᠰᠠᠭᠠᠷᠯᠠᠵᠤ᠂ ᠮᠠᠰᠢ  ᠴᠢᠩᠭ᠎ᠠ ᠲᠠᠯᠳᠠ ᠴᠢᠨᠠᠷ ᠲᠠᠶ ᠪᠠᠶᠢᠵᠤ᠂ ᠶᠠᠯᠠᠲᠤ ᠡᠲᠡᠭᠡᠳ ᠢ ᠪᠠᠷᠢᠪᠴᠢᠯᠠᠬᠤ ᠳᠤ ᠪᠡᠷᠬᠡᠲᠡᠶ ᠪᠣᠯᠭᠠᠵᠠᠶ︔

( 3 ) ᠴᠠᠭ ᠣᠷᠣᠨ ᠵᠠᠶ ᠶᠢᠨ ᠴᠢᠨᠠᠷ ᠠᠴᠠ ᠬᠡᠲᠦᠷᠡᠭᠰᠡᠨ ᠪᠠᠶᠢᠳᠠᠭ᠃ ᠰᠦᠯᠵᠢᠶᠡᠨ ᠳᠡᠭᠡᠷ᠎ᠡ ᠵᠣᠭᠣᠰ ᠨᠠᠭᠠᠳᠬᠤ ᠣᠷᠣᠨ ᠵᠠᠶ ᠪᠣᠯ ᠦᠨᠡᠨ ᠳᠡᠭᠡᠨ ᠨᠢᠭᠡᠨ ᠬᠠᠭᠤᠷᠮᠠᠭ ᠵᠣᠭᠣᠰ ᠨᠠᠭᠠᠳᠬᠤ ᠭᠠᠵᠠᠷ ᠮᠥᠨ᠂ ᠡᠨᠡ ᠬᠦ ᠭᠠᠵᠠᠷ ᠣᠷᠣᠨ᠂ ᠲᠠᠯᠠᠪᠤᠷ ᠭᠠᠵᠠᠷ ᠪᠠ ᠴᠠᠭ ᠤᠨ ᠬᠢᠵᠠᠭᠠᠷᠯᠠᠯ ᠢ ᠦᠯᠦ ᠬᠦᠯᠢᠶᠡᠬᠦ ᠵᠣᠭᠣᠰ ᠨᠠᠭᠠᠳᠬᠤ ᠭᠠᠵᠠᠷ ᠲᠤ ᠬᠥᠮᠦᠰ ᠭᠠᠵᠠᠷ ᠣᠷᠣᠨ᠂ ᠮᠤᠵᠢ ᠠᠯᠤᠰᠯᠠᠵᠤ᠂ ᠤᠯᠤᠰ ᠠᠯᠤᠰᠯᠠᠵᠤ᠂ ᠨᠢᠭᠡ ᠯᠡ ᠰᠦᠯᠵᠢᠶᠡᠨ ᠱᠤᠭᠤᠮ ᠢᠶᠠᠷ ᠠᠳᠠᠯᠢ ᠪᠤᠰᠤ ᠭᠠᠵᠠᠷ ᠣᠷᠣᠨ᠂ ᠠᠳᠠᠯᠢ ᠪᠤᠰᠤ ᠮᠤᠵᠢ ᠴᠢᠨᠠᠭᠰᠢᠯᠠᠪᠠᠯ ᠠᠳᠠᠯᠢ ᠪᠤᠰᠤ ᠤᠯᠤᠰ ᠤᠨ ᠵᠣᠭᠣᠰ ᠨᠠᠭᠠᠳᠬᠤ ᠳᠤ ᠣᠷᠣᠯᠴᠠᠭᠰᠠᠳ ᠢ ᠴᠤᠭᠯᠠᠭᠤᠯᠤᠨ ᠵᠣᠭᠣᠰ ᠨᠠᠭᠠᠳᠴᠤ ᠪᠣᠯᠤᠨ᠎ᠠ︔

(4︶ ᠬᠣᠣᠷ ᠬᠥᠨᠥᠭᠡᠯ ᠨᠢ ᠨᠡᠩ ᠶᠡᠬᠡ ᠪᠠᠶᠢᠳᠠᠭ᠃ ᠰᠦᠯᠵᠢᠶᠡᠨ ᠦ ᠳᠥᠭᠥᠮ ᠳᠥᠲᠡ ᠴᠢᠨᠠᠷ  ᠠᠴᠠ ᠪᠣᠯᠵᠤ ᠂ ᠰᠦᠯᠵᠢᠶ᠎ᠡ ᠪᠡᠷ ᠵᠣᠭᠣᠰ ᠨᠠᠭᠠᠳᠬᠤ ᠨᠢ ᠤᠯᠠᠮᠵᠢᠯᠠᠯᠲᠤ ᠠᠷᠭ᠎ᠠ ᠮᠠᠶ᠋ᠢᠭ ᠤᠨ ᠵᠣᠭᠣᠰ ᠨᠠᠭᠠᠳᠬᠤ  ᠠᠴᠠ ᠨᠡᠩ ᠶᠡᠬᠡ ᠬᠣᠣᠷ ᠬᠥᠨᠥᠭᠡᠯ ᠲᠡᠶ ᠪᠠᠶᠢᠳᠠᠭ ᠂ ᠤᠴᠢᠷ ᠨᠢ ᠰᠦᠯᠵᠢᠶ᠎ᠡ ᠪᠡᠷ ᠵᠣᠭᠣᠰ ᠨᠠᠭᠠᠳᠬᠤ ᠨᠢ ᠬᠥᠮᠦᠰ ᠦᠨ ᠠᠩᠬᠠᠷᠤᠯ  ᠢ ᠨᠡᠩ ᠢᠯᠡᠭᠦᠦ ᠲᠠᠲᠠᠵᠤ ᠂ ᠬᠥᠮᠦᠰ ᠲᠦ ᠨᠡᠩ ᠠᠮᠠᠷᠬᠠᠨ ᠭᠦᠨ ᠰᠠᠭᠤᠭᠳᠠᠵᠤ ᠂ ᠨᠡᠩ ᠶᠡᠬᠡ ᠬᠣᠣᠷ ᠬᠥᠨᠥᠭᠡᠯ ᠤᠴᠠᠷᠠᠭᠤᠯᠳᠠᠭ ᠃ 

3. ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠬᠢᠭᠡᠳ ᠤᠯᠠᠮᠵᠢᠯᠠᠯᠲᠤ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠢᠯᠭᠠᠭ᠎ᠠ 

ᠰᠦᠯᠵᠢᠶ᠎ᠡ ᠪᠡᠷ ᠵᠣᠭᠣᠰ ᠨᠠᠭᠠᠳᠬᠤ ᠪᠠ ᠤᠯᠠᠮᠵᠢᠯᠠᠯᠲᠤ ᠵᠣᠭᠣᠰ ᠨᠠᠭᠠᠳᠬᠤ ᠶᠢᠨ ᠢᠯᠭᠠᠭ᠎ᠠ ᠨᠢ ᠭᠣᠣᠯᠳᠠᠭᠤ ᠳᠣᠣᠷᠠᠬᠢ ᠬᠡᠳᠦᠨ ᠲᠠᠯ᠎ᠠ ᠪᠠᠷ ᠢᠯᠡᠷᠡᠵᠦ ᠪᠠᠶᠢᠳᠠᠭ᠄ 

(1) ᠰᠤᠷᠪᠤᠯᠵᠢᠯᠠᠵᠤ ᠪᠣᠯᠬᠤᠶᠢᠴᠠ ᠴᠢᠨᠠᠷ᠃ ᠰᠦᠯᠵᠢᠶ᠎ᠡ ᠪᠡᠷ ᠵᠣᠭᠣᠰ ᠨᠠᠭᠠᠳᠬᠤ ᠶᠢᠨ ᠬᠠᠮᠤᠭ ᠤᠨ ᠶᠡᠬᠡ ᠣᠨᠴᠠᠯᠢᠭ ᠪᠣᠯ ᠲᠡᠭᠦᠨ ᠦ ᠳᠡᠭᠡᠳᠦ ᠬᠡᠮᠵᠢᠶᠡᠨ ᠦ ᠰᠤᠷᠪᠤᠯᠵᠢᠯᠠᠵᠤ ᠪᠣᠯᠬᠤᠶᠢᠴᠠ ᠴᠢᠨᠠᠷ ᠪᠣᠯᠤᠨ᠎ᠠ᠃ ᠨᠠᠭᠠᠳᠤᠭᠴᠢᠳ ᠢᠨᠲ᠋ᠸᠷ ᠰᠦᠯᠵᠢᠶ᠎ᠡ ᠪᠡᠷ ᠳᠠᠮᠵᠢᠭᠤᠯᠤᠨ ᠵᠣᠭᠣᠰ ᠨᠠᠭᠠᠳᠬᠤ ᠠᠵᠢᠯᠯᠠᠭ᠎ᠠ ᠳᠤ ᠬᠡᠵᠢᠶ᠎ᠡ ᠬᠠᠮᠢᠭ᠎ᠠ ᠴᠤ ᠣᠷᠣᠯᠴᠠᠵᠤ ᠪᠣᠯᠤᠨ᠎ᠠ᠂ ᠪᠣᠳᠠᠲᠤ ᠴᠣᠭᠴᠠ ᠶᠢᠨ ᠵᠣᠭᠣᠰ ᠨᠠᠭᠠᠳᠬᠤ ᠭᠠᠵᠠᠷ ᠲᠤ ᠣᠴᠢᠬᠤ ᠴᠢᠬᠤᠯᠠ ᠦᠭᠡᠢ᠃ ᠡᠨᠡ ᠬᠦ ᠳᠥᠭᠥᠮ ᠳᠥᠲᠡ ᠴᠢᠨᠠᠷ ᠨᠢ ᠰᠦᠯᠵᠢᠶᠡᠨ ᠦ ᠮᠥᠷᠥᠶ ᠲᠡᠶ ᠲᠣᠭᠯᠠᠭᠠᠮ ᠳᠤ ᠤᠯᠠᠮᠵᠢᠯᠠᠯᠲᠤ ᠮᠥᠷᠥᠶ ᠲᠡᠶ ᠲᠣᠭᠯᠠᠭᠠᠮ ᠳᠤ ᠠᠮᠠᠷᠬᠠᠨ ᠣᠷᠣᠵᠤ ᠳᠡᠶᠢᠯᠬᠦ ᠦᠭᠡᠶ ᠬᠥᠮᠦᠰ ᠢ ᠪᠠᠭᠲᠠᠭᠠᠭᠰᠠᠨ ᠥᠷᠭᠡᠨ ᠳᠡᠯᠭᠡᠷ ᠣᠷᠣᠯᠴᠠᠭᠰᠠᠳ ᠢ ᠨᠡᠩ ᠠᠮᠠᠷᠬᠠᠨ ᠲᠠᠲᠠᠵᠤ ᠴᠢᠳᠠᠬᠤ ᠪᠣᠯᠭᠠᠵᠠᠶ ᠃ 

(2) ᠨᠡᠷ᠎ᠡ ᠪᠤᠷᠤᠭᠤᠯᠠᠬᠤ ᠴᠢᠨᠠᠷ᠃ ᠰᠦᠯᠵᠢᠶᠡᠨ ᠳᠡᠭᠡᠷ᠎ᠡ ᠵᠣᠭᠣᠰ ᠨᠠᠭᠠᠳᠬᠤ ᠨᠢ ᠨᠡᠷ᠎ᠡ ᠪᠤᠷᠤᠭᠤᠯᠠᠬᠤ ᠴᠢᠨᠠᠷ ᠢ ᠨᠡᠯᠢᠶᠡᠳ ᠥᠨᠳᠥᠷ ᠬᠡᠮᠵᠢᠶ᠎ᠡ ᠪᠡᠷ ᠬᠠᠩᠭᠠᠳᠠᠭ᠂ ᠨᠠᠭᠠᠳᠤᠭᠴᠢ ᠠᠴᠠ ᠪᠡᠶ᠎ᠡ ᠶᠢᠨ ᠬᠢᠷᠢ ᠬᠡᠮ ᠢᠶᠡᠨ ᠵᠠᠳᠠᠷᠠᠭᠤᠯᠬᠤ ᠦᠭᠡᠢ ᠪᠠᠶᠢᠳᠠᠯ ᠳᠣᠣᠷ᠎ᠠ ᠵᠣᠭᠣᠰ ᠨᠠᠭᠠᠳᠴᠤ ᠪᠣᠯᠤᠨ᠎ᠠ᠃ ᠡᠨᠡ ᠬᠦ ᠨᠡᠷ᠎ᠡ ᠪᠤᠷᠤᠭᠤᠯᠠᠬᠤ ᠴᠢᠨᠠᠷ ᠨᠢ ᠵᠠᠷᠢᠮ ᠬᠥᠮᠦᠰ ᠲᠦ ᠰᠡᠳᠬᠢᠯ ᠰᠠᠨᠠᠭᠠᠨ ᠤ ᠲᠠᠯ᠎ᠠ ᠪᠠᠷ ᠲᠠᠭᠠᠯᠠᠮᠵᠢᠲᠠᠶ ᠰᠠᠨᠠᠭᠳᠠᠳᠠᠭ᠂ ᠭᠡᠪᠡᠴᠦ ᠡᠭᠦᠨ ᠦ ᠬᠠᠮᠲᠤ ᠪᠠᠰᠠ ᠵᠣᠭᠣᠰ ᠨᠠᠭᠠᠳᠬᠤ ᠰᠢᠨᠤᠯ ᠲᠠᠶ ᠪᠣᠯᠬᠤ ᠪᠠ ᠬᠠᠤᠯᠢ ᠪᠤᠰᠤ ᠠᠵᠢᠯᠯᠠᠭ᠎ᠠ ᠬᠢᠬᠦ ᠠᠶᠤᠯ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ᠃ 

(3) ᠲᠣᠭᠯᠠᠭᠠᠮ ᠤᠨ ᠣᠯᠠᠨ ᠵᠦᠢᠯ ᠦᠨ ᠰᠢᠨᠵᠢ ᠲᠡᠶ᠃ ᠰᠦᠯᠵᠢᠶᠡᠨ ᠦ ᠮᠥᠷᠥᠶ ᠲᠡᠶ ᠲᠣᠭᠯᠠᠭᠠᠮ ᠤᠨ ᠲᠠᠪᠴᠠᠩ ᠨᠢ ᠶᠡᠷᠦ ᠳᠡᠭᠡᠨ ᠤᠯᠠᠮᠵᠢᠯᠠᠯᠲᠤ ᠮᠥᠷᠥᠶ ᠲᠡᠶ ᠲᠣᠭᠯᠠᠭᠠᠮ ᠤᠨ ᠲᠠᠯᠠᠪᠤᠷ ᠠᠴᠠ ᠨᠠᠩ ᠣᠯᠠᠨ ᠲᠣᠭᠯᠠᠭᠠᠮ ᠤᠨ ᠰᠣᠩᠭᠣᠯᠲᠠ ᠶᠢ ᠬᠠᠩᠭᠠᠳᠠᠭ ᠂ ᠡᠭᠦᠨ ᠳᠦ ᠡᠯ᠎ᠡ ᠲᠥᠷᠥᠯ ᠦᠨ ᠪᠠᠷᠰ ᠤᠨ ᠮᠠᠰᠢᠨ ᠂ ᠰᠢᠷᠡᠭᠡᠨ ᠳᠡᠭᠡᠷᠡᠬᠢ ᠲᠣᠭᠯᠠᠭᠠᠮ ᠂ ᠸᠢᠳᠢᠣ᠋ ᠬᠥᠵᠥᠷ ᠵᠡᠷᠭᠡ ᠪᠠᠭᠲᠠᠨ᠎ᠠ ᠃ ᠡᠭᠦᠨ ᠡᠴᠡ ᠭᠠᠳᠠᠨ᠎ᠠ ᠂ ᠰᠦᠯᠵᠢᠶ᠎ᠡ ᠪᠡᠷ ᠵᠣᠭᠣᠰ ᠨᠠᠭᠠᠳᠬᠤ ᠨᠢ ᠪᠠᠰᠠ 24 ᠴᠠᠭ  ᠢ ᠲᠠᠰᠤᠯᠳᠠᠭᠤᠯᠬᠤ ᠥᠬᠡᠶ ᠪᠡᠷ ᠠᠵᠢᠯᠯᠠᠭᠤᠯᠵᠤ ᠂ ᠨᠠᠭᠠᠳᠤᠭᠴᠢᠳ ᠤᠨ ᠴᠠᠭ ᠢᠮᠠᠭᠲᠠ ᠣᠷᠣᠯᠴᠠᠬᠤ ᠱᠠᠭᠠᠷᠳᠠᠯᠭ᠎ᠠ  ᠶᠢ ᠬᠠᠩᠭᠠᠵᠤ  ᠪᠠᠶᠢᠳᠠᠭ ᠃ 

(4) ᠲᠥᠯᠥᠪᠦᠷᠢ ᠶᠢᠨ ᠠᠷᠭ᠎ᠠ ᠮᠠᠶ᠋ᠢᠭ᠃ ᠰᠦᠯᠵᠢᠶ᠎ᠡ ᠪᠡᠷ ᠵᠣᠭᠣᠰ ᠨᠠᠭᠠᠳᠬᠤ ᠳᠤ ᠢᠲᠡᠭᠡᠮᠵᠢ ᠶᠢᠨ ᠺᠠᠷᠲ᠂ ᠡᠯᠧᠺᠲ᠋ᠷᠣᠨ ᠵᠣᠭᠣᠰᠣᠨ ᠪᠣᠭᠴᠣ᠂ ᠨᠢᠭᠤᠴᠠᠯᠠᠭᠰᠠᠨ ᠵᠣᠭᠣᠰ ᠵᠡᠷᠭᠡ ᠰᠦᠯᠵᠢᠶᠡᠨ ᠳᠡᠭᠡᠷ᠎ᠡ ᠵᠣᠭᠣᠰ ᠥᠭᠬᠦ ᠤᠯᠠᠨ ᠵᠦᠢᠯ ᠦᠨ ᠠᠷᠭ᠎ᠠ ᠮᠠᠶ᠋ᠢᠭ ᠢ ᠳᠡᠮᠵᠢᠳᠡᠭ᠂ ᠡᠨᠡ ᠨᠢ ᠨᠠᠭᠠᠳᠤᠭᠴᠢᠳ ᠲᠤ ᠪᠡᠯᠡ ᠮᠥᠩᠭᠥᠨ ᠦ ᠬᠠᠮᠢᠶᠠᠷᠤᠯᠲᠠ ᠶᠢᠨ ᠠᠮᠢᠳᠤᠯᠢᠭ ᠰᠣᠩᠭᠣᠯᠲᠠ ᠶᠢ ᠬᠠᠩᠭᠠᠭᠰᠠᠨ ᠪᠠᠶᠢᠨ᠎ᠠ᠃ ᠭᠡᠪᠡᠴᠦ ᠡᠲᠡᠭᠡᠷ ᠲᠣᠭᠠᠴᠠᠭ᠎ᠠ ᠬᠢᠬᠦ ᠠᠷᠭ᠎ᠠ ᠬᠡᠯᠪᠡᠷᠢ ᠨᠢ ᠪᠠᠰᠠ ᠮᠥᠩᠭᠥᠨ ᠭᠦᠶᠯᠭᠡᠭᠡᠨ ᠦ ᠠᠮᠤᠷ ᠲᠦᠪᠰᠢᠨ ᠪᠠ ᠬᠤᠪᠢ ᠶᠢᠨ ᠨᠢᠭᠤᠴᠠ ᠶᠢ ᠬᠠᠮᠠᠭᠠᠯᠠᠬᠤ ᠠᠰᠠᠭᠤᠳᠠᠯ ᠢ ᠪᠣᠶ ᠪᠣᠯᠭᠠᠵᠤ ᠮᠡᠳᠡᠨ᠎ᠡ ᠃ 

(5) ᠬᠢᠨᠠᠨ ᠬᠠᠮᠢᠶᠠᠷᠤᠯᠲᠠ ᠶᠢᠨ ᠵᠥᠷᠢᠶ᠎ᠡ᠃ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠢ ᠬᠢᠨᠠᠨ ᠬᠠᠮᠢᠶᠠᠷᠬᠤ ᠣᠷᠴᠢᠨ ᠨᠥᠬᠥᠴᠡᠯ ᠨᠢ ᠤᠯᠤᠰ ᠣᠷᠣᠨ ᠪᠠ ᠭᠠᠵᠠᠷ ᠣᠷᠣᠨ ᠤ ᠠᠳᠠᠯᠢ ᠪᠤᠰᠤ ᠠᠴᠠ ᠪᠤᠯᠵᠤ᠂ ᠵᠠᠷᠢᠮ ᠭᠠᠵᠠᠷ ᠣᠷᠣᠨ ᠳᠤ ᠬᠠᠤᠯᠢ ᠴᠠᠭᠠᠵᠠ ᠶᠢᠨ ᠲᠠᠯ᠎ᠠ ᠪᠠᠷ ᠬᠣᠭᠣᠰᠣᠨ ᠪᠠᠶᠢᠬᠤ ᠪᠤᠶᠤ ᠰᠠᠶᠢᠲᠤᠷ ᠬᠡᠷᠡᠭᠵᠢᠭᠦᠯᠦᠭᠰᠡᠨ ᠦᠭᠡᠢ ᠪᠠᠶᠢᠳᠠᠯ ᠣᠷᠣᠰᠢᠵᠤ ᠮᠡᠳᠡᠨ᠎ᠠ᠂ ᠡᠨᠡ ᠨᠢ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠢ ᠡᠵᠡᠩᠨᠡᠬᠦ ᠳᠦ ᠵᠠᠪᠰᠢᠬᠤ ᠲᠣᠬᠢᠶᠠᠯ ᠣᠯᠭᠣᠭᠰᠠᠨ ᠪᠠᠶᠢᠨ᠎ᠠ᠃ ᠡᠭᠦᠨ ᠲᠡᠶ ᠬᠠᠷᠢᠴᠠᠭᠤᠯᠪᠠᠯ ᠂ ᠤᠯᠠᠮᠵᠢᠯᠠᠯᠲᠤ ᠮᠥᠷᠥᠶ ᠲᠡᠶ ᠲᠣᠭᠯᠠᠭᠠᠮ ᠨᠢ ᠶᠡᠷᠦ ᠳᠡᠭᠡᠨ ᠨᠠᠩ ᠴᠢᠩᠭ᠎ᠠ ᠬᠢᠨᠠᠨ ᠬᠠᠮᠢᠶᠠᠷᠤᠯᠲᠠ ᠪᠠ ᠬᠢᠵᠠᠭᠠᠷᠯᠠᠯ ᠢ ᠬᠦᠯᠢᠶᠡᠳᠡᠭ ᠃ 

(6) ᠨᠡᠶᠢᠭᠡᠮ ᠦᠨ ᠨᠥᠯᠥᠭᠡ᠃ ᠰᠦᠯᠵᠢᠶ᠎ᠡ ᠪᠡᠷ ᠵᠣᠭᠣᠰ ᠨᠠᠭᠠᠳᠬᠤ ᠨᠢ ᠲᠡᠭᠦᠨ ᠦ ᠥᠷᠭᠡᠨ ᠳᠡᠯᠭᠡᠷ ᠬᠦᠷᠦᠯᠴᠡᠬᠦ ᠴᠢᠨᠠᠷ ᠪᠠ ᠲᠠᠯᠳᠠ ᠴᠢᠨᠠᠷ ᠠᠴᠠ ᠪᠤᠯᠵᠤ᠂ ᠨᠡᠶᠢᠭᠡᠮ ᠳᠦ ᠨᠡᠩ ᠠᠯᠤᠰ ᠬᠡᠳᠤ ᠶᠢᠨ ᠨᠥᠯᠥᠭᠡ ᠦᠵᠡᠭᠦᠯᠵᠦ ᠮᠡᠳᠡᠨ᠎ᠠ᠃ ᠲᠡᠷᠡ ᠨᠢ ᠵᠣᠭᠣᠰ ᠨᠠᠭᠠᠳᠬᠤ ᠰᠢᠨᠤᠯ ᠲᠠᠶ ᠪᠣᠯᠬᠤ᠂ ᠡᠳ᠋ ᠦᠨ ᠶᠠᠪᠤᠳᠠᠯ ᠤᠨ ᠠᠰᠠᠭᠤᠳᠠᠯ ᠴᠢᠨᠠᠭᠰᠢᠯᠠᠪᠠᠯ ᠶᠠᠯᠠᠲᠤ ᠠᠵᠢᠯᠯᠠᠭ᠎ᠠ ᠬᠢᠬᠦ ᠳᠦ  ᠬᠦᠷᠭᠡᠯᠭᠡᠵᠦ᠂ ᠬᠤᠪᠢ ᠬᠥᠮᠦᠨ ᠪᠠ ᠭᠡᠷ ᠪᠦᠯᠢ ᠳᠦ ᠬᠦᠨᠳᠦ ᠨᠣᠴᠢᠲᠠᠶ ᠤᠷᠰᠢᠭ ᠠᠪᠴᠢᠷᠠᠵᠦ ᠮᠡᠳᠡᠨ᠎ᠡ᠃ ᠡᠶᠢᠮᠦ ᠡᠴᠡ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠢ ᠬᠢᠨᠠᠨ ᠬᠠᠮᠢᠶᠠᠷᠬᠤ ᠪᠠ ᠲᠡᠭᠦᠨ ᠳᠦ ᠭᠠᠷ ᠲᠦᠷᠦᠭᠦ ᠨᠢ ᠨᠡᠩ ᠴᠢᠬᠤᠯᠠ ᠪᠠᠶᠢᠳᠠᠭ᠃ 

ᠭᠣᠷᠪᠠ᠂ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠬᠡᠷᠡᠭ ᠦᠨ ᠲᠦᠷᠦᠯ ᠬᠡᠯᠪᠡᠷᠢ ᠪᠠ ᠠᠷᠭ᠎ᠠ ᠪᠠᠷᠢᠯ 

1. ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠭᠣᠣᠯ ᠲᠦᠷᠦᠯ ᠬᠡᠯᠪᠡᠷᠢ 

(1) ᠵᠣᠭᠣᠰ ᠨᠠᠭᠠᠳᠬᠤ ᠭᠠᠵᠠᠷ ᠭᠠᠷᠭᠠᠬᠤ ᠬᠡᠯᠪᠡᠷᠢ ᠶᠢᠨ ᠰᠦᠯᠵᠢᠶᠡᠨ ᠦ ᠵᠣᠭᠣᠰ ᠨᠠᠭᠠᠳᠬᠤ ᠠᠵᠢᠯᠯᠠᠭ᠎ᠠ 
ᠵᠣᠭᠣᠰ ᠨᠠᠭᠠᠳᠬᠤ ᠭᠠᠵᠠᠷ ᠭᠠᠷᠭᠠᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠭᠡᠳᠡᠭ ᠨᠢ ᠢᠨᠲ᠋ᠸᠷ ᠰᠦᠯᠵᠢᠶ᠎ᠡ᠂ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ ᠵᠡᠷᠭᠡ ᠶᠢ ᠠᠰᠢᠭᠯᠠᠨ ᠵᠣᠭᠣᠰ ᠨᠠᠭᠠᠳᠬᠤ ᠬᠠᠷᠠᠭᠠᠨ ᠳᠠᠪᠲᠠᠮᠵᠢ᠂ ᠲᠣᠭ᠎ᠠ ᠪᠠᠷᠢᠮᠲᠠ ᠶᠢ ᠳᠠᠮᠵᠢᠭᠤᠯᠵᠤ᠂ ᠵᠣᠭᠣᠰ ᠨᠠᠭᠠᠳᠬᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠶᠢ ᠵᠢᠭᠠᠵᠤ ᠪᠠᠶᠢᠨ᠎ᠠ᠃ ᠡᠶᠢᠮᠦᠷᠬᠦ ᠶᠠᠯᠠᠲᠤ ᠠᠵᠢᠯᠯᠠᠭ᠎ᠠ ᠨᠢ ᠶᠡᠷᠦ ᠳᠡᠭᠡᠨ ᠵᠣᠭᠣᠰ ᠨᠠᠭᠠᠳᠬᠤ ᠰᠦᠯᠵᠢᠶᠡᠨ ᠦ ᠦᠷᠳᠡᠭᠡ᠂ APP ᠵᠡᠷᠭᠡ ᠶᠢ ᠪᠠᠶᠢᠭᠤᠯᠬᠤ ᠪᠠᠷ ᠳᠠᠮᠵᠢᠭᠤᠯᠤᠨ᠂ ᠵᠣᠭᠣᠰ ᠨᠠᠭᠠᠳᠬᠤ ᠲᠠᠪᠴᠠᠩ ᠬᠠᠩᠭᠠᠵᠤ᠂ ᠵᠣᠭᠣᠰ ᠨᠠᠭᠠᠳᠤᠭᠴᠢ ᠶᠢ ᠲᠠᠳᠠᠨ ᠣᠷᠣᠯᠴᠠᠭᠤᠯᠳᠠᠭ᠃ ᠬᠠᠤᠯᠢ ᠴᠠᠭᠠᠵᠠ ᠶᠢᠨ ᠲᠣᠭᠲᠠᠭᠠᠯ ᠢ ᠦᠨᠳᠦᠰᠦᠯᠡᠪᠡᠯ᠂ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠡᠷᠡᠭᠦᠦ ᠶᠢᠨ ᠬᠠᠤᠯᠢ ᠶᠢᠨ ᠭᠤᠷᠪᠠᠨ ᠵᠠᠭᠤ ᠭᠤᠷᠪᠠᠳᠤᠭᠠᠷ ᠵᠦᠢᠯ ᠦᠨ ᠬᠣᠶᠠᠳᠤᠭᠠᠷ ᠪᠠᠳᠠᠭ ᠲᠤ ᠲᠣᠭᠲᠠᠭᠠᠭᠰᠠᠨ ︽ᠵᠣᠭᠣᠰ ᠨᠠᠭᠠᠳᠬᠤ ᠭᠠᠵᠠᠷ ᠪᠠᠶᠢᠭᠤᠯᠤᠭᠰᠠᠨ︾ ᠠᠵᠢᠯᠯᠠᠭ᠎ᠠ ᠳᠤ ᠲᠣᠭᠠᠴᠢᠭᠳᠠᠨ᠎ᠠ᠄

① ᠵᠣᠭᠣᠰ ᠨᠠᠭᠠᠳᠬᠤ ᠰᠦᠯᠵᠢᠶᠡᠨ ᠦ ᠦᠷᠳᠡᠭᠡ ᠪᠠᠶᠢᠭᠤᠯᠤᠭᠰᠠᠨ ᠪᠥᠭᠡᠳ ᠮᠥᠷᠥᠶ ᠲᠠᠯᠪᠢᠬᠤ ᠶᠢ ᠬᠦᠯᠢᠶᠡᠨ ᠠᠪᠤᠭᠰᠠᠨ︔ 

② ᠵᠣᠭᠣᠰ ᠨᠠᠭᠠᠳᠬᠤ ᠰᠦᠯᠵᠢᠶᠡᠨ ᠦᠷᠳᠡᠭᠡ ᠪᠠᠶᠢᠭᠤᠯᠤᠭᠰᠠᠨ ᠪᠥᠭᠡᠳ ᠪᠤᠰᠤᠳ ᠬᠥᠮᠦᠨ ᠳᠦ ᠵᠣᠭᠣᠰ ᠨᠠᠭᠠᠳᠬᠤ ᠶᠢ ᠵᠣᠬᠢᠶᠠᠨ ᠪᠠᠶᠢᠭᠤᠯᠬᠤ ᠪᠠᠷ ᠬᠠᠩᠭᠠᠭᠰᠠᠨ︔ 

③ ᠵᠣᠭᠣᠰ ᠨᠠᠭᠠᠳᠬᠤ ᠰᠦᠯᠵᠢᠶᠡᠨ ᠦ ᠦᠷᠳᠡᠭᠡ ᠳᠦ ᠣᠷᠣᠯᠠᠭᠴᠢ ᠪᠣᠯᠤᠭᠰᠠᠨ ᠪᠥᠭᠡᠳ ᠮᠥᠷᠥᠶ ᠲᠠᠯᠪᠢᠬᠤ ᠶᠢ ᠬᠦᠯᠢᠶᠡᠨ ᠠᠪᠤᠭᠰᠠᠨ︔ 

④ ᠵᠣᠭᠣᠰ ᠨᠠᠭᠠᠳᠬᠤ ᠰᠦᠯᠵᠢᠶᠡᠨ ᠥᠷᠲᠡᠭᠡᠨ ᠦ ᠠᠰᠢᠭ ᠬᠣᠨᠵᠢᠪᠣᠷᠢ ᠶᠢᠨ ᠬᠤᠪᠢᠳᠠᠯ ᠳᠤ ᠣᠷᠣᠯᠴᠠᠭᠰᠠᠨ᠃ 

ᠡᠶᠢᠮᠦᠷᠬᠦ ᠶᠠᠯᠠᠲᠤ ᠠᠵᠢᠯᠯᠠᠭ᠎ᠠ ᠨᠢ ᠵᠣᠭᠣᠰ ᠨᠠᠭᠠᠳᠤᠭᠴᠢ ᠶᠢᠨ ᠬᠤᠪᠢ ᠶᠢᠨ ᠡᠳ᠋  ᠬᠦᠷᠦᠩᠭᠡ  ᠶᠢᠨ ᠠᠮᠤᠷ ᠲᠦᠪᠰᠢᠨ ᠳᠦ ᠬᠣᠣᠷ ᠬᠥᠨᠥᠭᠡᠯ ᠤᠴᠠᠷᠠᠭᠤᠯᠤᠭᠰᠠᠨ ᠢᠶᠠᠷ ᠪᠠᠷᠠᠬᠤ ᠦᠭᠡᠢ ᠨᠡᠶᠢᠭᠡᠮ ᠦᠨ ᠤᠯᠠᠨ ᠨᠡᠶᠢᠲᠡ ᠶᠢᠨ ᠡᠮᠬᠢ ᠵᠢᠷᠤᠮ ᠢ ᠴᠤ ᠡᠪᠳᠡᠭᠰᠡᠨ ᠪᠠᠶᠢᠨ᠎ᠠ᠃ 

(2) ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠳᠤ ᠣᠷᠣᠯᠴᠠᠨ᠎ᠠ 

ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠳᠤ ᠣᠷᠣᠯᠴᠠᠬᠤ ᠭᠡᠳᠡᠭ ᠨᠢ ᠬᠤᠪᠢ ᠬᠥᠮᠦᠨ ᠢᠨᠲ᠋ᠸᠷ ᠰᠦᠯᠵᠢᠶ᠎ᠡ᠂ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ ᠲᠥᠬᠥᠭᠡᠷᠦᠮᠵᠢ ᠵᠡᠷᠭᠡ ᠪᠡᠷ ᠳᠠᠮᠵᠢᠭᠤᠯᠤᠨ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠬᠤ ᠶᠢ ᠵᠢᠭᠠᠵᠤ ᠪᠠᠶᠢᠨ᠎ᠠ᠃   ᠡᠶᠢᠮᠦᠷᠬᠦ ᠶᠠᠯᠠᠲᠤ ᠠᠵᠢᠯᠯᠠᠭ᠎ᠠ ᠶᠢᠨ ᠪᠡᠶᠡᠴᠢ ᠴᠣᠭᠴᠠ ᠪᠣᠯ ᠵᠣᠭᠣᠰ ᠨᠠᠭᠠᠳᠤᠭᠴᠢᠳ ᠪᠣᠯᠤᠨ᠎ᠠ᠂ ᠲᠡᠳᠡ ᠵᠣᠭᠣᠰ ᠨᠠᠭᠠᠳᠬᠤ ᠰᠦᠯᠵᠢᠶᠡᠨ ᠦ ᠦᠷᠳᠡᠭᠡ᠂ APP ᠵᠡᠷᠭᠡ ᠲᠠᠪᠴᠠᠩ ᠢᠶᠠᠷ ᠳᠠᠮᠵᠢᠭᠤᠯᠤᠨ ᠮᠥᠷᠥᠶ ᠲᠠᠯᠪᠢᠵᠤ᠂ ᠬᠠᠤᠯᠢ ᠪᠤᠰᠤ ᠠᠰᠢᠭ ᠲᠤᠰᠠ ᠶᠢ  ᠬᠦᠭᠡᠭᠡᠴᠡᠯᠳᠦᠳᠡᠭ᠃ ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠳᠤ ᠣᠷᠣᠯᠴᠠᠬᠤ ᠨᠢ ᠬᠤᠪᠢ ᠬᠥᠮᠦᠨ ᠦ ᠡᠳ᠋ ᠬᠥᠷᠥᠩᠭᠡ ᠳᠦ ᠬᠣᠬᠢᠷᠠᠯ ᠤᠴᠠᠷᠠᠭᠤᠯᠬᠤ ᠪᠠᠷ ᠪᠠᠷᠠᠬᠤ ᠥᠬᠡᠶ ᠪᠠᠰᠠ ᠬᠡᠷ ᠪᠦᠯᠢ ᠶᠢᠨ ᠵᠥᠷᠢᠴᠡᠯ ᠂ ᠨᠡᠶᠢᠭᠡᠮ ᠦᠨ ᠵᠥᠷᠢᠴᠡᠯ ᠵᠡᠷᠭᠡ ᠠᠯᠢ ᠣᠯᠠᠨ ᠠᠰᠠᠭᠤᠳᠠᠯ ᠢ ᠡᠭᠦᠰᠭᠡᠬᠦ ᠪᠣᠯᠤᠨ᠎ᠠ ᠃ 

(3) ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠶᠢ ᠵᠣᠬᠢᠶᠠᠨ ᠪᠠᠶᠢᠭᠤᠯᠤᠨ᠎ᠠ 

ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠭᠡᠳᠡᠭ ᠨᠢ ᠬᠤᠪᠢ ᠬᠥᠮᠦᠨ ᠪᠤᠶᠤ ᠡᠪᠰᠡᠯ ᠪᠦᠯᠦᠭ ᠦᠨ ᠢᠨᠲ᠋ᠸᠷ ᠰᠦᠯᠵᠢᠶ᠎ᠡ᠂ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ ᠲᠥᠬᠥᠭᠡᠷᠦᠮᠵᠢ ᠵᠡᠷᠭᠡ ᠪᠡᠷ ᠳᠠᠮᠵᠢᠭᠤᠯᠤᠨ ᠵᠣᠭᠣᠰ ᠨᠠᠭᠠᠳᠬᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠶᠢ ᠵᠢᠭᠠᠵᠤ ᠪᠠᠶᠢᠨ᠎ᠠ᠃  ᠶᠠᠯᠠᠲᠤ ᠠᠵᠢᠯᠯᠠᠭ᠎ᠠ ᠶᠢᠨ ᠪᠡᠶᠡᠴᠢ ᠴᠣᠭᠴᠠ ᠪᠣᠯ ᠵᠣᠬᠢᠶᠠᠨ ᠪᠠᠶᠢᠭᠤᠯᠤᠭᠴᠢ ᠮᠥᠨ᠂ ᠲᠡᠳᠡ ᠵᠣᠭᠣᠰ ᠨᠠᠭᠠᠳᠬᠤ ᠰᠦᠯᠵᠢᠶᠡᠨ ᠦ ᠦᠷᠲᠡᠭᠡ᠂ APP ᠵᠡᠷᠭᠡ ᠲᠠᠪᠴᠠᠩ ᠭᠠᠷᠭᠠᠬᠤ ᠪᠠᠷ ᠳᠠᠮᠵᠢᠭᠤᠯᠤᠨ ᠵᠣᠭᠣᠰ ᠨᠠᠭᠠᠳᠤᠭᠴᠢ ᠶᠢ ᠡᠯᠰᠡᠵᠦ᠂ ᠵᠣᠭᠣᠰ ᠨᠠᠭᠠᠳᠬᠤ ᠲᠦᠷᠢᠮ ᠢ ᠲᠣᠭᠲᠠᠭᠠᠳᠠᠭ᠂ ᠵᠣᠭᠣᠰ ᠨᠠᠭᠠᠳᠤᠭᠰᠠᠨ ᠪᠡᠯᠡ ᠮᠥᠩᠭᠥ ᠵᠡᠷᠭᠡ ᠶᠢ ᠬᠤᠷᠢᠶᠠᠨ ᠠᠪᠴᠤ᠂ ᠳᠤᠮᠳᠠ ᠠᠴᠠ ᠨᠢ ᠬᠠᠤᠯᠢ ᠪᠤᠰᠤ ᠠᠰᠢᠭ ᠣᠯᠤᠭᠰᠠᠨ᠃ ᠵᠣᠭᠣᠰ ᠨᠠᠭᠠᠳᠬᠤ ᠬᠡᠯᠪᠡᠷᠢ ᠶᠢᠨ ᠰᠦᠯᠵᠢᠶ᠎ᠡ ᠪᠡᠷ ᠵᠣᠭᠣᠰ ᠨᠠᠭᠠᠳᠬᠤ ᠶᠢ ᠵᠣᠬᠢᠶᠠᠨ ᠪᠠᠶᠢᠭᠤᠯᠬᠤ ᠨᠢ ᠵᠣᠭᠣᠰ ᠨᠠᠭᠠᠳᠤᠭᠴᠢ ᠶᠢᠨ ᠬᠤᠪᠢ ᠬᠥᠮᠦᠨ ᠦ ᠡᠳ᠋ ᠬᠦᠷᠦᠨᠭᠭᠡ ᠶᠢᠨ ᠠᠮᠤᠷ ᠲᠦᠪᠰᠢᠨ ᠳᠦ ᠬᠣᠣᠷ ᠬᠥᠨᠥᠭᠡᠯ ᠤᠴᠠᠷᠠᠭᠤᠯᠬᠤ ᠪᠠᠷ ᠪᠠᠷᠠᠬᠤ ᠦᠭᠡᠢ ᠪᠠᠰᠠ ᠨᠡᠶᠢᠭᠡᠮ ᠦᠨ ᠤᠯᠠᠨ ᠨᠡᠶᠢᠲᠡ ᠶᠢᠨ ᠡᠮᠬᠢ ᠵᠢᠷᠤᠮ ᠪᠠ ᠶᠣᠰᠣ ᠮᠣᠷᠠᠯ ᠬᠡᠪ ᠰᠤᠷᠲᠠᠯ ᠢ ᠡᠪᠳᠡᠳᠡᠭ᠃

2.ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠭᠣᠣᠯ ᠠᠷᠭ᠎ᠠ ᠪᠠᠷᠢᠯ 

(1) ᠰᠦᠯᠵᠢᠶᠡᠨ ᠳᠡᠭᠡᠷ᠎ᠡ ᠵᠣᠭᠣᠰ ᠨᠠᠭᠠᠳᠬᠤ ᠵᠠᠷ ᠢ ᠥᠷᠭᠡᠨ ᠢᠶᠡᠷ ᠨᠡᠶᠢᠲᠡᠯᠡᠨ᠎ᠡ᠃ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠠᠯᠠᠲᠤ ᠪᠦᠯᠬᠦᠮ ᠨᠢ ᠶᠡᠷᠦ ᠳᠡᠭᠡᠨ ᠢᠨᠲ᠋ᠸᠷ ᠰᠦᠯᠵᠢᠶᠡᠨ ᠳᠡᠭᠡᠷ᠎ᠡ ᠵᠣᠭᠣᠰ ᠨᠠᠭᠠᠳᠬᠤ ᠵᠠᠷ ᠢ ᠥᠷᠭᠡᠨ ᠢᠶᠡᠷ ᠨᠡᠶᠢᠲᠡᠯᠡᠵᠦ᠂ ᠵᠣᠭᠣᠰ ᠨᠠᠭᠠᠳᠤᠭᠴᠢ ᠶᠢᠨ ᠠᠩᠬᠠᠷᠤᠯ ᠢ ᠲᠠᠲᠠᠳᠠᠭ᠃ ᠡᠳᠡᠭᠡᠷ ᠵᠠᠷ ᠮᠡᠳᠡᠭᠡ ᠨᠢ ᠦᠰᠦᠭ ᠪᠢᠴᠢᠭ᠂ ᠭᠡᠷᠡᠯ ᠵᠢᠷᠤᠭ᠂ ᠸᠢᠳᠢᠣ᠋ ᠵᠡᠷᠭᠡ ᠬᠡᠯᠪᠡᠷᠢ ᠪᠡᠷ ᠢᠯᠡᠷᠡᠵᠦ᠂ ᠠᠭᠤᠯᠭ᠎ᠠ ᠨᠢ ᠬᠥᠮᠦᠰ ᠦᠨ ᠰᠣᠨᠢᠷᠬᠠᠯ ᠢ ᠲᠠᠲᠠᠵᠤ᠂ ᠬᠥᠮᠦᠰ ᠲᠦ ︽ ᠠᠮᠠᠷᠬᠠᠨ ᠵᠣᠭᠣᠰ ᠣᠯᠤᠨ᠎ᠠ︾ ᠭᠡᠰᠡᠨ ᠪᠤᠷᠤᠭᠤ ᠣᠶᠢᠯᠠᠭᠠᠯᠲᠠ ᠶᠢ ᠲᠥᠷᠥᠭᠦᠯᠳᠡᠭ᠃ ᠵᠠᠷᠢᠮ ᠬᠠᠥᠯᠢ ᠪᠤᠰᠤ ᠡᠲᠡᠭᠡᠳ ᠪᠠᠰᠠ ᠨᠡᠶᠢᠭᠡᠮ ᠦᠨ ᠬᠠᠷᠢᠯᠴᠠᠭᠠᠨ ᠤ ᠵᠠᠭᠤᠴᠢᠯᠠᠭᠤᠷ ᠂ ᠵᠣᠭᠣᠭᠳᠠᠬᠤ ᠪᠦᠯᠦᠭ ᠵᠡᠷᠭᠡ ᠲᠠᠪᠴᠠᠩ ᠳᠡᠭᠡᠷ᠎ᠡ ᠵᠣᠭᠣᠰ ᠨᠠᠭᠠᠳᠬᠤ ᠮᠡᠳᠡᠭᠡ ᠵᠠᠩᠭᠢ ᠨᠡᠶᠢᠲᠡᠯᠡᠵᠦ ᠂ ᠣᠯᠠᠨ ᠨᠡᠶᠢᠲᠡ ᠶᠢ ᠥᠳᠥᠭᠡᠵᠦ ᠪᠠᠶᠢᠭᠠᠳ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠭᠤᠯᠳᠠᠭ ᠃ 

(2)ᠰᠦᠯᠵᠢᠶᠡᠨ ᠦ ᠵᠣᠭᠣᠰ ᠨᠠᠭᠠᠳᠬᠤ ᠭᠠᠵᠠᠷ ᠭᠠᠷᠭᠠᠨ᠎ᠠ ᠃ ᠵᠣᠭᠣᠰ ᠨᠠᠭᠠᠳᠤᠭᠴᠢᠳ ᠢ ᠲᠠᠲᠠᠵᠤ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠭᠤᠯᠬᠤ ᠶᠢᠨ ᠲᠥᠯᠥᠭᠡ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠠᠯᠠᠲᠤ ᠪᠦᠯᠦᠭ ᠦᠨ ᠬᠢᠨ ᠵᠣᠭᠣᠰ ᠨᠠᠭᠠᠳᠬᠤ ᠭᠠᠵᠠᠷ ᠲᠤ ᠣᠷᠣᠬᠤ ᠡᠭᠦᠳᠡ ᠭᠠᠷᠭᠠᠵᠤ᠂ ᠵᠣᠭᠣᠰ ᠨᠠᠭᠠᠳᠤᠭᠴᠢᠳ ᠢ ᠵᠣᠭᠣᠰ ᠨᠠᠭᠠᠳᠬᠤ ᠲᠠᠪᠴᠠᠩ ᠳᠤ ᠲᠥᠬᠥᠮ ᠢᠶᠡᠷ ᠣᠷᠣᠭᠤᠯᠬᠤ ᠪᠣᠯᠤᠨ᠎ᠠ᠃ ᠡᠲᠡᠭᠡᠷ ᠣᠷᠣᠬᠤ ᠡᠭᠦᠳᠡ ᠨᠢ ᠴᠥᠷᠬᠡᠯᠡᠭᠡ ᠂ ᠬᠣᠶᠠᠷ ᠬᠡᠮᠵᠢᠯ ᠦᠨ ᠲᠡᠮᠳᠡᠭ ᠵᠡᠷᠭᠡ ᠬᠡᠯᠪᠡᠷᠢ ᠪᠡᠷ ᠢᠯᠡᠷᠡᠵᠦ ᠮᠡᠳᠡᠨ᠎ᠡ ᠂ ᠵᠣᠭᠣᠰ ᠨᠠᠭᠠᠳᠤᠭᠴᠢ ᠶᠢ ᠲᠣᠪᠴᠢᠳᠠᠬᠤ ᠪᠤᠶᠤ ᠰᠢᠷᠪᠢᠪᠡᠯ ᠳᠠᠷᠤᠶ ᠵᠣᠭᠣᠰ ᠨᠠᠭᠠᠳᠬᠤ ᠲᠠᠯᠠᠪᠤᠷ ᠲᠤ ᠣᠷᠣᠵᠤ ᠪᠣᠯᠤᠨ᠎ᠠ ᠃ ᠵᠣᠭᠣᠰ ᠨᠠᠭᠠᠳᠬᠤ ᠭᠠᠵᠠᠷ ᠲᠤ ᠣᠷᠣᠮᠠᠭᠴᠠ ᠵᠣᠭᠣᠰ ᠨᠠᠭᠠᠳᠤᠭᠴᠢᠳ ᠳᠠᠷᠤᠶ ᠡᠬᠢᠯᠡᠵᠦ ᠵᠣᠭᠣᠰ ᠨᠠᠭᠠᠳᠬᠤ ᠪᠥᠭᠡᠳ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠵᠤ ᠪᠣᠯᠤᠨ᠎ᠠ᠃ 

(3) ᠣᠯᠠᠨ ᠨᠡᠶᠢᠲᠡ ᠶᠢ ᠥᠳᠥᠭᠡᠵᠦ ᠪᠠᠶᠢᠭᠠᠳ ᠵᠣᠭᠣᠰ ᠨᠠᠭᠠᠳᠬᠤ APP ᠪᠠᠭᠤᠯᠭᠠᠭᠤᠯᠤᠨ᠎ᠠ ᠃ ᠵᠠᠷᠢᠮ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠪᠦᠯᠦᠭ ᠦᠨ ᠬᠢᠨ ᠣᠯᠠᠨ ᠨᠡᠶᠢᠲᠡ  ᠶᠢ ᠥᠳᠥᠭᠡᠵᠦ ᠪᠠᠶᠢᠭᠠᠳ ᠵᠣᠭᠣᠰ ᠨᠠᠭᠠᠳᠬᠤ APP  ᠬᠡᠷᠡᠭᠯᠡᠭᠡ ᠶᠢᠨ ᠶᠠᠪᠤᠴᠠ ᠪᠠᠭᠤᠯᠭᠠᠨ ᠠᠪᠤᠭᠤᠯᠵᠤ᠂ ᠵᠣᠭᠣᠰ ᠨᠠᠭᠠᠳᠬᠤ ᠠᠵᠢᠯᠯᠠᠭ᠎ᠠ ᠶᠢ ᠨᠡᠩ ᠳᠥᠭᠥᠮ ᠪᠣᠯᠭᠠᠬᠤ ᠶᠢᠨ ᠲᠥᠯᠥᠭᠡ ᠶᠤᠮ᠃ ᠡᠲᠡᠭᠡᠷ APP ᠨᠢ ᠶᠡᠷᠦ ᠳᠡᠭᠡᠨ ᠬᠥᠮᠦᠰ ᠦᠨ ᠰᠣᠨᠢᠷᠬᠠᠯ ᠢ ᠲᠠᠲᠠᠬᠤ ᠨᠢᠭᠤᠷ ᠲᠠᠯ᠎ᠠ ᠪᠠ ᠪᠠᠶᠠᠯᠢᠭ ᠴᠢᠳᠠᠮᠵᠢ ᠲᠠᠶ ᠪᠠᠶᠢᠵᠤ ᠂ ᠵᠣᠭᠣᠰ ᠨᠠᠭᠠᠳᠤᠭᠴᠢᠳ ᠢ ᠬᠡᠵᠢᠶ᠎ᠡ ᠬᠠᠮᠢᠭ᠎ᠠ ᠴᠤ ᠭᠡᠰᠡᠨ ᠵᠣᠭᠣᠰ ᠨᠠᠭᠠᠳᠤᠭᠤᠯᠳᠠᠭ ᠃ ᠡᠭᠦᠨ ᠦ ᠵᠡᠷᠭᠡ ᠳᠦ ᠡᠳᠡᠭᠡᠷ APP ᠨᠢ ᠪᠠᠰᠠ ᠮᠡᠳᠡᠭᠡ ᠵᠠᠩᠭᠢ ᠬᠦᠷᠭᠡᠬᠦ ᠂ ᠴᠣᠩᠬᠣ ᠪᠠᠨ ᠴᠢᠪᠬᠠᠳᠠᠬᠤ ᠵᠡᠷᠭᠡ ᠬᠡᠯᠪᠡᠷᠢ ᠪᠡᠷ ᠵᠣᠭᠣᠰ ᠨᠠᠭᠠᠳᠤᠭᠴᠢᠳ ᠤᠨ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠬᠤ  ᠶᠢ ᠰᠠᠨᠠᠭᠤᠯᠵᠤ ᠂ ᠵᠣᠭᠣᠰ ᠨᠠᠭᠠᠳᠤᠭᠴᠢᠳ ᠤᠨ ᠣᠷᠣᠯᠴᠠᠬᠤ ᠬᠡᠮᠵᠢᠶ᠎ᠡ ᠪᠣᠯᠤᠨ ᠨᠠᠭᠠᠯᠳᠤᠮᠠᠬᠠᠶ ᠴᠢᠨᠠᠷ  ᠢ  ᠨᠡᠮᠡᠭᠳᠡᠭᠦᠯᠳᠡᠭ᠃ 

(4) ᠤᠷᠢᠳ ᠢᠶᠠᠷ ᠪᠠᠭ᠎ᠠ ᠠᠰᠢᠭ ᠢᠶᠠᠷ ᠲᠠᠲᠠᠵᠤ ᠵᠣᠭᠣᠰ ᠨᠠᠭᠠᠳᠤᠭᠴᠢ ᠶᠢ ᠮᠡᠬᠡᠯᠡᠬᠦ᠃ ᠵᠣᠭᠣᠰ ᠨᠠᠭᠠᠳᠤᠭᠴᠢᠳ ᠢ ᠲᠠᠲᠠᠵᠤ ᠵᠣᠭᠣᠰ ᠨᠠᠭᠠᠳᠬᠤ ᠠᠵᠢᠯᠯᠠᠭ᠎ᠠ ᠳᠤ ᠣᠷᠣᠯᠴᠠᠭᠤᠯᠬᠤ ᠶᠢᠨ ᠬᠠᠮᠲᠤ ᠲᠡᠳᠡᠨ ᠦ ᠢᠲᠡᠭᠡᠯ ᠦᠨ ᠬᠡᠮᠵᠢᠶ᠎ᠡ ᠶᠢ ᠨᠡᠮᠡᠭᠳᠡᠭᠦᠯᠬᠦ ᠶᠢᠨ ᠲᠥᠯᠥᠭᠡ᠂ ᠵᠠᠷᠢᠮ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠪᠦᠯᠦᠭ ᠦᠨ ᠬᠢᠨ ᠵᠣᠭᠣᠰ ᠨᠠᠭᠠᠳᠤᠭᠴᠢᠳ ᠲᠤ ᠤᠷᠢᠳ ᠢᠶᠠᠷ ᠪᠠᠭ᠎ᠠ ᠰᠠᠭ᠎ᠠ ᠠᠰᠢᠭ ᠣᠯᠭᠣᠳᠠᠭ᠃ ᠵᠢᠱᠢᠶᠡᠯᠡᠪᠡᠯ᠂ ᠵᠣᠭᠣᠰ ᠨᠠᠭᠠᠳᠤᠭᠴᠢᠳ ᠰᠠᠶ᠋ᠢ ᠵᠣᠭᠣᠰ ᠨᠠᠭᠠᠳᠬᠤ ᠳᠤ ᠣᠷᠣᠯᠴᠠᠬᠤ ᠦᠶ᠎ᠡ ᠳᠦ ᠲᠡᠭᠦᠨ ᠢ ᠢᠯᠠᠭᠤᠯᠬᠤ ᠶᠢᠨ ᠬᠠᠮᠲᠤ ᠲᠡᠷᠡ ᠳᠠᠷᠤᠶ ᠳᠤᠨᠢ ᠳᠠᠩᠰᠠᠨ ᠳᠤ ᠣᠷᠣᠭᠤᠯᠬᠤ︔ ᠵᠣᠭᠣᠰ ᠨᠠᠭᠠᠳᠤᠨ ᠵᠣᠭᠣᠭᠳᠠᠬᠤ ᠳᠠᠭᠠᠨ︽ᠶᠡᠬᠡ ᠪᠠᠭ᠎ᠠ ᠪᠠᠷ ᠵᠣᠭᠣᠰ ᠨᠠᠭᠠᠳᠬᠤ︾᠂ ︽ᠲᠣᠭ᠎ᠠ  ᠶᠢ ᠳᠠᠷᠤᠬᠤ︾ ᠵᠡᠷᠭᠡ ᠵᠣᠭᠣᠰ ᠨᠠᠭᠠᠳᠬᠤ ᠠᠵᠢᠯᠯᠠᠭ᠎ᠠ ᠶᠢ ᠥᠷᠨᠢᠭᠦᠯᠬᠦ ᠶᠢᠨ ᠬᠠᠮᠲᠤ ᠬᠥᠮᠦᠨ ᠲᠣᠬᠢᠷᠠᠭᠤᠯᠵᠤ ᠵᠣᠭᠣᠰ ᠬᠣᠨᠵᠢᠬᠤ ᠵᠢᠷᠤᠭ ᠢ ᠨᠡᠶᠢᠲᠡᠯᠡᠭᠦᠯᠦᠨ ᠵᠣᠬᠢᠶᠠᠨ ᠪᠦᠲᠦᠭᠡᠬᠦ ᠵᠡᠷᠭᠡ ᠠᠵᠢᠯᠯᠠᠭ᠎ᠠ ᠶᠢ ᠥᠷᠨᠢᠭᠦᠯᠦᠨ᠎ᠡ ᠃ ᠵᠣᠭᠣᠰ ᠤᠨ ᠲᠣᠭ᠎ᠠ ᠶᠢ ᠪᠠᠭᠠᠰᠬᠠᠬᠤ ᠵᠡᠷᠭᠡ ᠠᠵᠢᠯᠯᠠᠭ᠎ᠠ ᠶᠢ ᠥᠷᠨᠢᠭᠦᠯᠬᠦ ᠶᠢᠨ ᠬᠠᠮᠲᠤ ᠬᠥᠮᠦᠨ ᠲᠣᠬᠢᠷᠠᠭᠤᠯᠵᠤ ᠵᠣᠭᠣᠰ ᠬᠣᠨᠵᠢᠬᠤ ᠵᠢᠷᠤᠭ ᠢ ᠨᠡᠶᠢᠲᠡᠯᠡᠭᠦᠯᠬᠦ ᠪᠡᠷ ᠪᠣᠶ ᠃ ᠡᠳᠡᠭᠡᠷ ᠠᠷᠭ᠎ᠠ ᠪᠠᠷᠢᠯ ᠨᠢ ᠵᠣᠭᠣᠰ ᠨᠠᠭᠠᠳᠤᠭᠴᠢ ᠶᠢ ︽ᠠᠮᠠᠷᠬᠠᠨ ᠵᠣᠭᠣᠰ ᠬᠣᠨᠵᠢᠬᠤ︾ ᠪᠤᠳᠤᠯ ᠲᠠᠶ ᠪᠣᠯᠭᠠᠬᠤ ᠶᠢᠨ ᠤᠯᠠᠮ ᠠᠴᠠ ᠰᠢᠨᠤᠯ ᠲᠠᠶ ᠪᠣᠯᠭᠠᠬᠤ ᠶᠢᠨ ᠬᠠᠮᠲᠤ ᠵᠣᠭᠣᠰ ᠨᠡᠮᠡᠬᠦ ᠵᠣᠭᠣᠰ ᠤᠨ ᠲᠣᠭ᠎ᠠ ᠶᠢ ᠲᠠᠰᠤᠷᠠᠯᠳᠠ ᠦᠭᠡᠢ ᠨᠡᠮᠡᠭᠳᠡᠭᠦᠯᠬᠦ ᠶᠢᠨ ᠲᠥᠯᠥᠭᠡ ᠶᠤᠮ᠃ 

(5) ᠠᠷᠤ ᠲᠠᠶᠢᠰᠠᠨ ᠤ ᠬᠢᠨ ᠬᠠᠭᠤᠷᠮᠠᠭ ᠶᠠᠭᠤᠮ᠎ᠠ ᠵᠣᠬᠢᠶᠠᠵᠤ ᠵᠣᠭᠣᠰ ᠨᠠᠭᠠᠳᠤᠭᠰᠠᠨ ᠭᠠᠵᠠᠷ ᠤᠨ ᠦᠷ᠎ᠡ ᠳ᠋ᠦᠩ ᠢ ᠡᠵᠡᠮᠳᠡᠬᠦ᠃ ᠨᠠᠩ ᠣᠯᠠᠨ ᠬᠠᠥᠯᠢ ᠪᠤᠰᠤ ᠠᠰᠢᠭ ᠲᠤᠰᠠ ᠤᠯᠬᠤ ᠶᠢᠨ ᠲᠥᠯᠥᠭᠡ ᠂ ᠵᠠᠷᠢᠮ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠪᠦᠯᠦᠭ ᠦᠨ ᠬᠢᠨ ᠲᠠᠶᠢᠰᠠᠨ ᠤ ᠠᠷᠤ ᠳᠤ ᠨᠠᠷᠢᠨ ᠨᠢᠮᠪᠠᠶ ᠵᠢᠷᠤᠵᠤ ᠲᠥᠯᠥᠪᠯᠡᠭᠰᠡᠨ ᠂ ᠵᠣᠷᠢᠭᠤᠳᠠ ᠡᠵᠡᠮᠳᠡᠭᠰᠡᠨ ᠪᠤᠳᠤᠬᠤ ᠠᠷᠭ᠎ᠠ ᠪᠠᠷ ᠳᠠᠮᠵᠢᠭᠤᠯᠤᠨ ᠳᠥᠯᠥᠬᠦ ᠨᠣᠷᠮ᠎ᠠ ᠭᠠᠷᠭᠠᠬᠤ ᠪᠤᠶᠤ ᠵᠣᠭᠣᠰ ᠨᠠᠭᠠᠳᠤᠭᠰᠠᠨ ᠭᠠᠵᠠᠷ ᠤᠨ ᠦᠷ᠎ᠡ ᠳ᠋ᠦᠩ ᠢ ᠰᠢᠭᠤᠳ ᠡᠵᠡᠮᠳᠡᠬᠦ ᠪᠣᠯᠤᠨ᠎ᠠ ᠃ ᠡᠳᠡᠭᠡᠷ ᠠᠷᠭ᠎ᠠ ᠪᠠᠷᠢᠯ ᠨᠢ ᠵᠣᠭᠣᠰ ᠨᠠᠭᠠᠳᠤᠭᠴᠢᠳ ᠢ ᠢᠯᠡᠭᠦᠦ ᠬᠣᠨᠵᠢᠭᠳᠠᠭᠤᠯᠵᠤ ᠪᠠᠭ᠎ᠠ ᠬᠣᠨᠵᠢᠭᠳᠠᠭᠤᠯᠬᠤ ᠪᠤᠶᠤ ᠴᠢᠨᠠᠭᠰᠢᠯᠠᠪᠠᠯ ᠪᠦᠬᠦ ᠵᠣᠭᠣᠰ ᠮᠥᠩᠭᠥ ᠶᠢ ᠨᠢ ᠬᠣᠭᠣᠰᠣᠷᠠᠭᠤᠯᠵᠤ ᠳᠠᠭᠤᠰᠬᠠᠳᠠᠭ᠃ ︽ ᠰᠦᠯᠵᠢᠶᠡᠨ ᠳᠡᠭᠡᠷ᠎ᠡ ᠫᠠᠶᠢᠰᠠ ᠲᠠᠷᠬᠠᠭᠠᠬᠤ ︾ ᠬᠡᠮᠡᠭᠳᠡᠭᠰᠡᠨ ᠮᠥᠷᠥᠶ ᠲᠠᠯᠪᠢᠬᠤ ᠭᠠᠵᠠᠷ ᠲᠤ ᠴᠤ ᠡᠯ᠎ᠡ ᠵᠦᠶᠯ ᠦᠨ ᠬᠡᠮ ᠬᠢᠬᠦ ᠠᠷᠭ᠎ᠠ ᠪᠠᠷᠢᠯ ᠪᠠ ᠬᠠᠭᠤᠷᠮᠠᠭ ᠦᠶᠯᠡ ᠠᠵᠢᠯᠯᠠᠭ᠎ᠠ ᠪᠠᠷ ᠳᠦᠭᠦᠷᠴᠦ ᠪᠠᠶᠢᠳᠠᠭ ᠃ 

ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠲᠦᠷᠦᠯ ᠵᠦᠢᠯ ᠨᠢ ᠤᠯᠠᠨ ᠶᠠᠩᠵᠤ ᠶᠢᠨ ᠪᠠᠶᠢᠵᠤ᠂ ᠠᠷᠭ᠎ᠠ ᠪᠠᠷᠢᠯ ᠨᠢ ᠨᠢᠭᠤᠴᠠ ᠳᠠᠯᠳᠠ ᠪᠥᠭᠡᠳ ᠬᠣᠣᠷ ᠬᠥᠨᠥᠭᠡᠯ ᠨᠢ ᠬᠦᠨᠳᠦ ᠨᠣᠴᠢᠲᠠᠶ ᠪᠠᠶᠢᠳᠠᠭ᠃ ᠡᠨᠡ ᠬᠦ ᠶᠠᠯ᠎ᠠ ᠬᠢᠬᠦ ᠦᠵᠡᠭᠳᠡᠯ ᠳᠦ ᠴᠣᠬᠢᠯᠲᠠ ᠥᠭᠬᠦ ᠶᠢᠨ ᠬᠠᠮᠲᠤ ᠨᠡᠶᠢᠭᠡᠮ ᠦᠨ ᠤᠯᠠᠨ ᠨᠡᠶᠢᠲᠡ ᠶᠢᠨ ᠡᠮᠬᠢ ᠵᠢᠷᠤᠮ ᠪᠠ ᠶᠣᠰᠣ ᠮᠣᠷᠠᠯ ᠬᠡᠪ ᠰᠤᠷᠲᠠᠯ ᠢ ᠬᠠᠮᠠᠭᠠᠯᠠᠬᠤ ᠶᠢᠨ ᠲᠥᠯᠥᠭᠡ᠂ ᠪᠢᠳᠡ ᠤᠬᠠᠭᠤᠯᠭ᠎ᠠ ᠬᠥᠮᠦᠵᠢᠯ ᠢ ᠴᠢᠩᠭᠠᠳᠬᠠᠵᠤ᠂ ᠤᠯᠠᠨ ᠨᠡᠶᠢᠲᠡ ᠶᠢᠨ ᠬᠠᠤᠯᠢ ᠴᠠᠭᠠᠵᠠ ᠶᠢᠨ ᠤᠬᠠᠮᠰᠠᠷ ᠪᠠ ᠰᠡᠷᠭᠡᠶᠢᠯᠡᠬᠦ ᠤᠬᠠᠮᠰᠠᠷ ᠢ ᠳᠡᠭᠡᠭᠰᠢᠯᠡᠭᠦᠯᠬᠦ ᠬᠡᠷᠡᠭᠲᠡᠶ︔ ᠡᠭᠦᠨ ᠦ ᠵᠡᠷᠭᠡᠴᠡᠭ ᠪᠠᠷ ᠬᠢᠨᠠᠨ ᠬᠠᠮᠢᠶᠠᠷᠬᠤ ᠪᠠ ᠲᠡᠭᠦᠨ ᠳᠦ ᠴᠣᠬᠢᠯᠲᠠ ᠥᠭᠬᠦ ᠡᠷᠴᠢᠮ ᠢᠶᠡᠨ ᠴᠢᠩᠭᠠᠷᠠᠭᠤᠯᠵᠤ᠂ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠪᠦᠯᠦᠭ ᠲᠦ ᠴᠢᠩᠭ᠎ᠠ  ᠴᠣᠬᠢᠯᠲᠠ  ᠦᠭᠴᠥ ᠲᠡᠭᠦᠨ ᠢ ᠵᠠᠯᠬᠠᠭᠠᠨ ᠰᠢᠳᠭᠡᠪᠡ᠃ ᠭᠠᠭᠴᠠ ᠬᠦ ᠢᠩᠭᠢᠪᠡᠯ ᠪᠢᠳᠡ ᠰᠠᠶ᠋ᠢ ᠠᠮᠤᠷ ᠲᠦᠪᠰᠢᠨ᠂ ᠡᠶ᠎ᠡ ᠵᠣᠬᠢᠴᠠᠯ ᠲᠠᠶ᠂ ᠲᠣᠭᠲᠠᠭᠤᠨ ᠨᠡᠶᠢᠭᠡᠮ ᠦᠨ ᠣᠷᠴᠢᠨ ᠨᠥᠬᠥᠴᠡᠯ ᠢ ᠬᠠᠮᠲᠤ ᠪᠠᠷ ᠪᠤᠢ ᠪᠣᠯᠭᠠᠵᠤ ᠴᠢᠳᠠᠨ᠎ᠠ᠃ 

ᠳᠦᠷᠪᠡ ᠂ ᠰᠦᠯᠵᠢᠶᠡᠨ ᠦ ᠮᠥᠷᠥᠶᠢᠴᠡᠭᠡᠨ ᠦ  ᠰᠢᠳᠦᠭᠡᠯᠲᠡ

(ᠨᠢᠭᠡ) ᠵᠣᠭᠣᠰ ᠨᠠᠭᠠᠳᠬᠤ ᠬᠠᠤᠯᠢ ᠠᠴᠠ ᠵᠥᠷᠢᠴᠡᠭᠰᠡᠨ ᠠᠵᠢᠯᠯᠠᠭ᠎ᠠ 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠮᠤᠷ ᠢ ᠬᠠᠮᠠᠭᠠᠯᠠᠬᠤ ᠠᠵᠢᠯ ᠤᠨ ᠬᠠᠮᠢᠶᠠᠷᠤᠯᠲᠠ ᠶᠢᠨ ᠰᠢᠶᠳᠬᠡᠯ ᠦᠨ ᠬᠠᠤᠯᠢ︾ ᠶᠢᠨ ᠳᠠᠯᠠᠳᠤᠭᠠᠷ ᠵᠦᠢᠯ ᠳᠦ᠄ ᠠᠰᠢᠭ ᠣᠯᠬᠤ ᠵᠣᠷᠢᠯᠭ᠎ᠠ ᠪᠠᠷ ᠵᠣᠭᠣᠰ ᠨᠠᠭᠠᠳᠬᠤ ᠳᠤ ᠨᠥᠬᠥᠴᠡᠯ ᠬᠠᠩᠭᠠᠭᠰᠠᠨ᠂ ᠡᠰᠡᠬᠦᠯ᠎ᠡ ᠨᠡᠯᠢᠶᠡᠳ ᠶᠡᠬᠡ ᠪᠡᠯᠡ ᠮᠥᠩᠭᠥ ᠲᠡᠶ ᠵᠣᠭᠣᠰ ᠨᠠᠭᠠᠳᠬᠤ ᠳᠤ ᠣᠷᠣᠯᠴᠠᠭᠰᠠᠨ ᠪᠠᠶᠢᠪᠠᠯ᠂ 5 ᠡᠳᠦᠷ ᠡᠴᠡ ᠳᠣᠭᠣᠭᠰᠢ ᠲᠦᠷ ᠬᠣᠷᠢᠬᠤ ᠪᠤᠶᠤ 500 ᠲᠥᠭᠥᠷᠢᠭ ᠡᠴᠡ ᠳᠣᠭᠣᠭᠰᠢ ᠵᠣᠭᠣᠰ ᠢᠶᠠᠷ ᠲᠣᠷᠭᠠᠬᠤ ᠪᠠᠷ ᠰᠢᠶᠳᠬᠡᠨ᠎ᠡ᠃ ᠥᠢᠯᠡ ᠪᠠᠶᠢᠳᠠᠯ ᠨᠢ ᠬᠦᠨᠳᠦ ᠨᠣᠴᠢᠲᠠᠶ ᠪᠠᠶᠢᠪᠠᠯ᠂ 10 ᠡᠳᠦᠷ ᠡᠴᠡ ᠳᠡᠭᠡᠭᠰᠢ 15 ᠡᠳᠦᠷ ᠡᠴᠡ ᠳᠣᠭᠣᠭᠰᠢ ᠲᠥᠷ ᠬᠣᠷᠢᠬᠤ ᠪᠠᠷ ᠰᠢᠶᠳᠬᠡᠵᠦ᠂ 500 ᠲᠥᠭᠥᠷᠢᠭ ᠡᠴᠡ ᠳᠡᠭᠡᠭᠰᠢ 3000 ᠲᠥᠭᠥᠷᠢᠭ ᠡᠴᠡ ᠳᠣᠭᠣᠭᠰᠢ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠶᠳᠬᠡᠨ᠎ᠡ᠃ 

︵ᠬᠣᠶᠠᠷ︶ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ 

1. ᠵᠣᠭᠣᠰ ᠨᠠᠭᠠᠳᠤᠭᠰᠠᠨ ᠶᠠᠯ᠎ᠠ᠄ ︽ᠡᠷᠡᠭᠦᠦ ᠶᠢᠨ ᠬᠠᠤᠯᠢ︾  ᠶᠢᠨ 303 ᠳ᠋ᠤᠭᠠᠷ ᠵᠦᠢᠯ ᠦᠨ ᠨᠢᠭᠡᠳᠦᠭᠡᠷ ᠪᠠᠳᠠᠭ ᠲᠤ᠂ ᠠᠰᠢᠭ ᠬᠣᠨᠵᠢᠪᠣᠷᠢ ᠤᠯᠬᠤ ᠵᠣᠷᠢᠯᠭ᠎ᠠ ᠪᠠᠷ ᠣᠯᠠᠭᠤᠯᠠ ᠨᠡᠶᠢᠯᠡᠵᠦ ᠵᠣᠭᠣᠰ ᠨᠠᠭᠠᠳᠤᠭᠰᠠᠨ ᠪᠤᠶᠤ ᠵᠣᠭᠣᠰ ᠨᠠᠭᠠᠳᠬᠤ ᠪᠠᠷ ᠲᠤᠬᠠᠶᠢᠯᠠᠭᠰᠠᠨ ᠠᠵᠢᠯ ᠢᠶᠠᠨ ᠪᠣᠯᠭᠠᠭᠰᠠᠨ ᠪᠠᠶᠢᠪᠠᠯ᠂ ᠭᠤᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ᠂ ᠬᠣᠷᠢᠵᠤ ᠬᠥᠳᠡᠯᠮᠦᠷᠢᠯᠡᠭᠦᠯᠬᠦ ᠪᠤᠶᠤ ᠵᠠᠬᠢᠷᠤᠨ ᠬᠠᠮᠢᠶᠠᠷᠬᠤ ᠪᠠᠷ ᠰᠢᠢᠳᠭᠡᠵᠦ᠂ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠢᠳᠭᠡᠨ᠎ᠡ ᠭᠡᠵᠦ ᠲᠣᠭᠲᠠᠭᠠᠵᠠᠶ᠃ 

ᠠᠰᠢᠭ ᠬᠣᠨᠵᠢᠪᠣᠷᠢ ᠤᠯᠬᠤ ᠵᠣᠷᠢᠯᠭ᠎ᠠ ᠪᠠᠷ ᠣᠯᠠᠭᠤᠯᠠ ᠨᠡᠶᠢᠯᠡᠵᠦ ᠵᠣᠭᠣᠰ ᠨᠠᠭᠠᠳᠤᠭᠰᠠᠨ ᠪᠠᠶᠢᠪᠠᠯ᠂ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠬᠤ ᠰᠡᠵᠢᠭᠯᠡᠯᠲᠡᠶ ᠪᠠᠶᠢᠪᠠᠯ᠂ ᠬᠡᠷᠡᠭ ᠪᠣᠯᠭᠠᠨ ᠳᠠᠭᠠᠰᠢᠯᠠᠵᠦ ᠨᠡᠬᠡᠮᠵᠢᠯᠡᠨ ᠵᠠᠭᠠᠯᠳᠤᠬᠤ ᠬᠡᠷᠡᠭᠲᠡᠶ᠄ 

(1) 3 ᠡᠴᠡ ᠳᠡᠭᠡᠭᠰᠢ ᠬᠥᠮᠦᠨ ᠢ ᠵᠣᠬᠢᠶᠠᠨ ᠪᠠᠶᠢᠭᠤᠯᠵᠤ ᠵᠣᠭᠣᠰ ᠨᠠᠭᠠᠳᠤᠭᠤᠯᠤᠭᠠᠳ ᠲᠠᠲᠠᠵᠤ ᠣᠯᠤᠭᠰᠠᠨ ᠵᠣᠭᠣᠰ ᠤᠨ ᠲᠣᠭ᠎ᠠ ᠨᠢ ᠨᠡᠶᠢᠯᠡᠭᠡᠳ 5000 ᠲᠥᠭᠥᠷᠢᠭ ᠡᠴᠡ ᠳᠡᠭᠡᠭᠰᠢ ᠪᠠᠶᠢᠬᠤ︔ 

(2) 3 ᠡᠴᠡ ᠳᠡᠭᠡᠭᠰᠢ ᠬᠥᠮᠦᠨ ᠢ ᠵᠣᠬᠢᠶᠠᠨ ᠪᠠᠶᠢᠭᠤᠯᠵᠤ ᠵᠣᠭᠣᠰ ᠨᠠᠭᠠᠳᠤᠭᠠᠳ᠂ ᠨᠠᠭᠠᠳᠤᠭᠰᠠᠨ ᠵᠣᠭᠣᠰ ᠤᠨ ᠲᠣᠭ᠎ᠠ ᠨᠢ ᠨᠡᠶᠢᠯᠡᠭᠡᠳ 5 ᠲᠦᠮᠡᠨ ᠲᠥᠭᠥᠷᠢᠭ ᠡᠴᠡ ᠳᠡᠭᠡᠭᠰᠢ ᠪᠠᠶᠢᠬᠤ︔ 

(3) 3 ᠡᠴᠡ ᠳᠡᠭᠡᠭᠰᠢ ᠬᠥᠮᠦᠨ ᠢ ᠵᠣᠬᠢᠶᠠᠨ ᠪᠠᠶᠢᠭᠤᠯᠵᠤ ᠵᠣᠭᠣᠰ ᠨᠠᠭᠠᠳᠤᠭᠠᠳ᠂ ᠵᠣᠭᠣᠰ ᠨᠠᠭᠠᠳᠬᠤ ᠳᠤ ᠣᠷᠣᠯᠴᠠᠭᠰᠠᠨ ᠬᠥᠮᠦᠨ ᠦ ᠲᠣᠭ᠎ᠠ ᠨᠢ ᠨᠡᠶᠢᠯᠡᠭᠡᠳ 20 ᠡᠴᠡ ᠳᠡᠭᠡᠭᠰᠢ ᠪᠠᠶᠢᠬᠤ︔ 

(4) ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠷᠠᠳ ᠢᠷᠭᠡᠨ ᠢ 10 ᠡᠴᠡ ᠳᠡᠭᠡᠭᠰᠢ ᠵᠣᠬᠢᠶᠠᠨ ᠪᠠᠶᠢᠭᠤᠯᠵᠤ ᠬᠢᠯᠢ ᠶᠢᠨ ᠭᠠᠳᠠᠨ᠎ᠠ ᠵᠣᠭᠣᠰ ᠨᠠᠭᠠᠳᠤᠭᠤᠯᠵᠤ᠂ ᠳᠤᠮᠳᠠ ᠠᠴᠠ ᠨᠢ ᠰᠠᠭᠤᠳᠬᠠᠯ᠂ ᠲᠠᠨᠢᠯᠴᠠᠭᠤᠯᠭ᠎ᠠ ᠶᠢᠨ ᠰᠦᠢᠳᠬᠡᠯ ᠬᠤᠷᠢᠶᠠᠭᠰᠠᠨ︔ 

(5) ᠣᠯᠠᠭᠤᠯᠠ ᠨᠡᠶᠢᠯᠡᠵᠦ ᠵᠣᠭᠣᠰ ᠨᠠᠭᠠᠳᠤᠭᠰᠠᠨ ᠪᠠᠶᠢᠪᠠᠯ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠶᠣᠰᠣᠲᠠᠶ ᠪᠤᠰᠤᠳ ᠪᠠᠶᠢᠳᠠᠯ᠃ 
ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠠᠬᠢ ᠵᠣᠭᠣᠰ ᠮᠥᠩᠭᠥ ᠡᠳ᠋ ᠪᠣᠳᠠᠰ᠂ ᠭᠠᠵᠠᠷ ᠰᠣᠯᠢᠵᠤ ᠵᠣᠭᠣᠰ ᠮᠥᠩᠭᠥ ᠡᠳ᠋ ᠪᠣᠳᠠᠰ ᠪᠠ ᠵᠣᠭᠣᠰ ᠨᠠᠭᠠᠳᠬᠤ ᠪᠠᠷ ᠳᠠᠮᠵᠢᠭᠤᠯᠤᠨ ᠣᠯᠤᠭᠰᠠᠨ ᠵᠣᠭᠣᠰ ᠮᠥᠩᠭᠥ ᠡᠳ᠋ ᠪᠣᠳᠠᠰ ᠨᠢ ᠵᠣᠭᠣᠰ ᠨᠠᠭᠠᠳᠤᠭᠰᠠᠨ ᠪᠡᠯᠡ ᠮᠥᠩᠭᠥ ᠳᠦ ᠲᠣᠭᠠᠴᠠᠭᠳᠠᠨ᠎ᠠ᠃

ᠺᠣᠮᠫᠢᠦ᠋ᠲ᠋ᠧᠷ ᠦᠨ ᠰᠦᠯᠵᠢᠶ᠎ᠡ ᠪᠡᠷ ᠳᠠᠮᠵᠢᠭᠤᠯᠤᠨ ᠵᠣᠭᠣᠰ ᠨᠠᠭᠠᠳᠬᠤ ᠶᠠᠯᠠᠲᠤ ᠠᠵᠢᠯᠯᠠᠭ᠎ᠠ ᠬᠢᠭᠰᠡᠨ ᠪᠠᠶᠢᠪᠠᠯ᠂ ᠵᠣᠭᠣᠰ ᠨᠠᠭᠠᠳᠬᠤ ᠪᠡᠯᠡ ᠮᠥᠩᠭᠥ ᠶᠢᠨ ᠲᠣᠭ᠎ᠠ ᠶᠢ ᠺᠣᠮᠫᠢᠦ᠋ᠲ᠋ᠧᠷ ᠦᠨ ᠰᠦᠯᠵᠢᠶᠡᠨ ᠳᠡᠭᠡᠷ᠎ᠡ ᠣᠷᠣᠭᠤᠯᠤᠭᠰᠠᠨ ᠪᠤᠶᠤ ᠣᠯᠤᠭᠰᠠᠨ ᠴᠡᠭ ᠦᠨ ᠲᠣᠭ᠎ᠠ ᠶᠢ ᠪᠣᠳᠠᠲᠠᠶ ᠲᠥᠯᠥᠭᠡᠯᠡᠭᠴᠢ ᠨᠢᠭᠡᠪᠦᠷᠢ ᠶᠢᠨ ᠵᠣᠭᠣᠰ ᠤᠨ ᠲᠣᠭ᠎ᠠ ᠪᠠᠷ ᠦᠷᠡᠵᠢᠭᠦᠯᠦᠭᠡᠳ ᠮᠠᠭᠠᠳᠯᠠᠨ ᠲᠣᠭᠲᠠᠭᠠᠵᠤ ᠪᠣᠯᠤᠨ᠎ᠠ᠃ 

2. ᠵᠣᠭᠣᠰ ᠨᠠᠭᠠᠳᠬᠤ ᠭᠠᠵᠠᠷ ᠭᠠᠷᠭᠠᠭᠰᠠᠨ ᠶᠠᠯ᠎ᠠ᠄︽ᠡᠷᠡᠭᠦᠦ ᠶᠢᠨ ᠬᠠᠤᠯᠢ︾ ᠶᠢᠨ 303 ᠳ᠋ᠤᠭᠠᠷ ᠵᠦᠢᠯ ᠦᠨ ᠨᠢᠭᠡᠳᠦᠭᠡᠷ ᠪᠠᠳᠠᠭ ᠲᠤ᠂ ᠵᠣᠭᠣᠰ ᠨᠠᠭᠠᠳᠬᠤ ᠭᠠᠵᠠᠷ ᠭᠠᠷᠭᠠᠭᠰᠠᠨ ᠪᠠᠶᠢᠪᠠᠯ᠂ ᠭᠤᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ᠂ ᠬᠣᠷᠢᠵᠤ ᠬᠥᠳᠡᠯᠮᠦᠷᠢᠯᠡᠭᠦᠯᠬᠦ ᠪᠤᠶᠤ ᠵᠠᠬᠢᠷᠤᠨ ᠬᠠᠮᠢᠶᠠᠷᠬᠤ ᠪᠠᠷ   ᠰᠢᠢᠳᠭᠡᠵᠦ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ  ᠰᠢᠢᠳᠭᠡᠨ᠎ᠡ︔ ᠤᠢᠯᠠ ᠪᠠᠶᠢᠳᠠᠯ ᠨᠢ ᠬᠦᠨᠳᠦ ᠨᠣᠴᠢᠲᠠᠶ ᠪᠠᠶᠢᠪᠠᠯ᠂ ᠭᠤᠷᠪᠠᠨ ᠵᠢᠯ ᠡᠴᠡ ᠳᠡᠭᠡᠭᠰᠢ ᠠᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ ᠪᠠᠷ ᠰᠢᠢᠳᠭᠡᠵᠦ᠂ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠢᠳᠭᠡᠨ᠎ᠡ᠃ 

ᠺᠣᠮᠫᠢᠦ᠋ᠲ᠋ᠧᠷ ᠦᠨ ᠲᠣᠣᠷ ᠰᠦᠯᠵᠢᠶᠡᠨ ᠳᠡᠭᠡᠷ᠎ᠡ ᠵᠣᠭᠣᠰ ᠨᠠᠭᠠᠳᠬᠤ ᠰᠦᠯᠵᠢᠶᠡᠨ ᠦ ᠦᠷᠳᠡᠭᠡ ᠪᠠᠶᠢᠭᠤᠯᠤᠭᠰᠠᠨ᠂ ᠡᠰᠡᠬᠦᠯ᠎ᠡ ᠵᠣᠭᠣᠰ ᠨᠠᠭᠠᠳᠬᠤ ᠰᠦᠯᠵᠢᠶᠡᠨ ᠦ ᠦᠷᠳᠡᠭᠡ ᠳᠦ ᠣᠷᠣᠯᠠᠭᠴᠢ ᠪᠤᠯᠵᠤ᠂ ᠵᠣᠭᠣᠰ ᠣᠷᠣᠭᠤᠯᠬᠤ ᠶᠢ ᠬᠦᠯᠢᠶᠡᠨ ᠠᠪᠤᠭᠰᠠᠨ ᠪᠠᠶᠢᠪᠠᠯ᠂ ᠲᠤᠰ ᠵᠦᠢᠯ ᠳᠦ ᠲᠣᠭᠲᠠᠭᠠᠭᠰᠠᠨ ︽ᠵᠣᠭᠣᠰ ᠨᠠᠭᠠᠳᠬᠤ ᠭᠠᠵᠠᠷ ᠪᠠᠶᠢᠭᠤᠯᠤᠭᠰᠠᠨ︾ ᠳᠤ  ᠲᠤᠭᠠᠴᠢᠭᠳᠠᠨ᠎ᠠ᠃ 

ᠢᠨᠲ᠋ᠸᠷ ᠰᠦᠯᠵᠢᠶ᠎ᠡ᠂ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ ᠵᠡᠷᠭᠡ ᠶᠢ ᠠᠰᠢᠭᠯᠠᠨ ᠵᠣᠭᠣᠰ ᠨᠠᠭᠠᠳᠬᠤ ᠬᠠᠷᠠᠭᠠᠨ ᠳᠠᠪᠲᠠᠮᠵᠢ᠂ ᠲᠣᠭ᠎ᠠ ᠪᠠᠷᠢᠮᠲᠠ ᠶᠢ ᠳᠠᠮᠵᠢᠭᠤᠯᠵᠤ᠂ ᠵᠣᠭᠣᠰ ᠨᠠᠭᠠᠳᠬᠤ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠡᠷᠡᠭᠦᠦ ᠶᠢᠨ ᠬᠠᠤᠯᠢ ᠶᠢᠨ 303 ᠳ᠋ᠤᠭᠠᠷ ᠵᠦᠢᠯ ᠦᠨ ᠬᠣᠶᠠᠳᠤᠭᠠᠷ ᠪᠠᠳᠠᠭ ᠲᠤ ᠲᠣᠭᠲᠠᠭᠠᠭᠰᠠᠨ ︽ᠵᠣᠭᠣᠰ ᠨᠠᠭᠠᠳᠬᠤ ᠭᠠᠵᠠᠷ ᠪᠠᠶᠢᠭᠤᠯᠤᠭᠰᠠᠨ︾ ᠦᠢᠯᠡ ᠠᠵᠢᠯᠯᠠᠭ᠎ᠠ ᠳᠤ  ᠲᠤᠭᠠᠴᠢᠭᠳᠠᠨ᠎ᠠ᠄ 

(1) ᠵᠣᠭᠣᠰ ᠨᠠᠭᠠᠳᠬᠤ ᠰᠦᠯᠵᠢᠶᠡᠨ ᠦ ᠦᠷᠳᠡᠭᠡ ᠪᠠᠶᠢᠭᠤᠯᠤᠭᠰᠠᠨ ᠪᠥᠭᠡᠳ ᠮᠥᠷᠥᠶ ᠲᠠᠯᠪᠢᠬᠤ ᠶᠢ ᠬᠦᠯᠢᠶᠡᠨ ᠠᠪᠤᠭᠰᠠᠨ︔ 

(2) ᠵᠣᠭᠣᠰ ᠨᠠᠭᠠᠳᠬᠤ ᠰᠦᠯᠵᠢᠶᠡᠨ ᠦᠷᠳᠡᠭᠡ ᠪᠠᠶᠢᠭᠤᠯᠤᠭᠰᠠᠨ ᠪᠥᠭᠡᠳ ᠪᠤᠰᠤᠳ ᠬᠥᠮᠦᠨ ᠳᠦ ᠵᠣᠭᠣᠰ ᠨᠠᠭᠠᠳᠬᠤ ᠶᠢ ᠵᠣᠬᠢᠶᠠᠨ ᠪᠠᠶᠢᠭᠤᠯᠬᠤ ᠪᠠᠷ ᠬᠠᠩᠭᠠᠭᠰᠠᠨ︔ 

(3) ᠵᠣᠭᠣᠰ ᠨᠠᠭᠠᠳᠬᠤ ᠰᠦᠯᠵᠢᠶᠡᠨ ᠦ ᠦᠷᠳᠡᠭᠡ ᠳᠦ ᠣᠷᠣᠯᠠᠭᠴᠢ ᠪᠣᠯᠤᠭᠰᠠᠨ ᠪᠥᠭᠡᠳ ᠮᠥᠷᠥᠶ ᠲᠠᠯᠪᠢᠬᠤ ᠶᠢ ᠬᠦᠯᠢᠶᠡᠨ ᠠᠪᠤᠭᠰᠠᠨ︔ 

(4) ᠵᠣᠭᠣᠰ ᠨᠠᠭᠠᠳᠬᠤ ᠰᠦᠯᠵᠢᠶᠡᠨ ᠥᠷᠲᠡᠭᠡᠨ ᠦ ᠠᠰᠢᠭ ᠬᠣᠨᠵᠢᠪᠣᠷᠢ ᠶᠢᠨ ᠬᠤᠪᠢᠳᠠᠯ ᠳᠤ ᠣᠷᠣᠯᠴᠠᠭᠰᠠᠨ᠃ 

ᠡᠮᠦᠨᠡᠬᠢ ᠪᠠᠳᠠᠭ ᠲᠤ ᠲᠣᠭᠲᠠᠭᠠᠭᠰᠠᠨ ᠦᠢᠯᠡ ᠠᠵᠢᠯᠯᠠᠭ᠎ᠠ ᠶᠢ ᠬᠢᠵᠦ᠂ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠡᠷᠡᠭᠦᠦ ᠶᠢᠨ ᠬᠠᠤᠯᠢ ᠶᠢᠨ 303 ᠳ᠋ᠤᠭᠠᠷ ᠵᠦᠢᠯ ᠦᠨ ᠬᠣᠶᠠᠳᠤᠭᠠᠷ ᠪᠠᠳᠠᠭ ᠲᠤ ᠲᠣᠭᠲᠠᠭᠠᠭᠰᠠᠨ ︽ᠦᠢᠯᠡ ᠪᠠᠶᠢᠳᠠᠯ ᠨᠢ ᠬᠦᠨᠳᠦ ᠨᠣᠴᠢᠲᠠᠶ︾ ᠪᠠᠷ ᠮᠠᠭᠠᠳᠯᠠᠨ ᠲᠣᠭᠲᠠᠭᠠᠬᠤ ᠬᠡᠷᠡᠭᠲᠡᠶ᠄

(1) ᠲᠣᠯᠣᠭᠠᠶ ᠲᠠᠲᠠᠵᠤ ᠣᠯᠤᠭᠰᠠᠨ ᠠᠰᠢᠭ ᠣᠯᠵᠠᠪᠤᠷᠢ ᠶᠢᠨ ᠲᠣᠭ᠎ᠠ ᠬᠡᠮᠵᠢᠶ᠎ᠡ ᠨᠢ ᠨᠡᠶᠢᠯᠡᠭᠡᠳ 3 ᠲᠦᠮᠡᠨ ᠲᠥᠭᠥᠷᠢᠭ ᠡᠴᠡ ᠳᠡᠭᠡᠭᠰᠢ ᠪᠣᠯᠤᠭᠰᠠᠨ︔ 

(2) ᠨᠠᠭᠠᠳᠤᠭᠰᠠᠨ ᠵᠣᠭᠣᠰ ᠤᠨ ᠲᠣᠭ᠎ᠠ ᠨᠢ ᠨᠡᠶᠢᠯᠡᠭᠡᠳ 30 ᠲᠦᠮᠡᠨ ᠲᠥᠭᠥᠷᠢᠭ ᠡᠴᠡ ᠳᠡᠭᠡᠭᠰᠢ ᠪᠣᠯᠤᠭᠰᠠᠨ︔ 

(3)ᠵᠣᠭᠣᠰ ᠨᠠᠭᠠᠳᠬᠤ ᠳᠤ ᠣᠷᠣᠯᠴᠠᠭᠰᠠᠨ ᠬᠥᠮᠦᠨ ᠨᠢ ᠨᠡᠶᠢᠯᠡᠭᠡᠳ 120 ᠬᠥᠮᠦᠨ ᠡᠴᠡ ᠳᠡᠭᠡᠭᠰᠢ ᠪᠣᠯᠤᠭᠰᠠᠨ︔ 

(4) ᠵᠣᠭᠣᠰ ᠨᠠᠭᠠᠳᠬᠤ ᠰᠦᠯᠵᠢᠶᠡᠨ ᠦᠷᠳᠡᠭᠡ ᠪᠠᠶᠢᠭᠤᠯᠤᠭᠰᠠᠨ ᠤ ᠲᠠᠷᠠᠭ᠎ᠠ ᠪᠤᠰᠤᠳ ᠬᠥᠮᠦᠨ ᠳᠦ ᠵᠣᠭᠣᠰ ᠨᠠᠭᠠᠳᠬᠤ ᠵᠣᠬᠢᠶᠠᠨ ᠪᠠᠶᠢᠭᠤᠯᠤᠯᠲᠠ ᠬᠠᠩᠭᠠᠬᠤ ᠪᠠᠷ ᠳᠠᠮᠵᠢᠭᠤᠯᠤᠨ ᠬᠠᠤᠯᠢ ᠶᠢ ᠵᠥᠷᠢᠴᠡᠵᠦ ᠣᠯᠤᠭᠰᠠᠨ ᠠᠰᠢᠭ ᠣᠯᠵᠠᠪᠤᠷᠢ ᠶᠢᠨ ᠲᠣᠭ᠎ᠠ ᠨᠢ 3 ᠲᠦᠮᠡᠨ ᠲᠥᠭᠥᠷᠢᠭ ᠡᠴᠡ ᠳᠡᠭᠡᠭᠰᠢ ᠪᠠᠶᠢᠬᠤ︔ 

(5) ᠵᠣᠭᠣᠰ ᠨᠠᠭᠠᠳᠬᠤ ᠰᠦᠯᠵᠢᠶᠡᠨ ᠦᠷᠳᠡᠭᠡ ᠶᠢᠨ ᠠᠰᠢᠭ ᠬᠣᠨᠵᠢᠪᠣᠷᠢ ᠶᠢ ᠬᠤᠪᠢᠳᠠᠬᠤ ᠳᠤ ᠣᠷᠣᠯᠴᠠᠵᠤ᠂ ᠬᠠᠤᠯᠢ ᠶᠢ ᠵᠥᠷᠢᠴᠡᠵᠦ ᠣᠯᠤᠭᠰᠠᠨ ᠠᠰᠢᠭ ᠣᠯᠵᠠᠪᠤᠷᠢ ᠶᠢᠨ ᠲᠣᠭ᠎ᠠ ᠨᠢ 3 ᠲᠦᠮᠡᠨ ᠲᠥᠭᠥᠷᠢᠭ ᠡᠴᠡ ᠳᠡᠭᠡᠭᠰᠢ ᠪᠠᠶᠢᠬᠤ︔ 

(6) ᠵᠣᠭᠣᠰ ᠨᠠᠭᠠᠳᠬᠤ ᠰᠦᠯᠵᠢᠶᠡᠨ ᠦ ᠦᠷᠳᠡᠭᠡ ᠳᠦ ᠲᠤᠤᠷᠠᠳᠤ ᠱᠠᠲᠤᠨ ᠤ ᠣᠷᠣᠯᠠᠭᠴᠢ ᠡᠯᠰᠡᠵᠦ᠂ ᠲᠤᠤᠷᠠᠳᠤ ᠱᠠᠲᠤᠨ ᠤ ᠣᠷᠣᠯᠠᠭᠴᠢ ᠨᠢ ᠣᠷᠣᠭᠤᠯᠤᠯᠲᠠ ᠶᠢ ᠬᠦᠯᠢᠶᠡᠨ ᠠᠪᠤᠭᠰᠠᠨ︔ 

(7)ᠨᠠᠰᠤᠨ ᠳᠤ ᠦᠯᠤ ᠬᠥᠷᠦᠭᠰᠡᠳ ᠢ ᠲᠠᠲᠠᠵᠤ ᠰᠦᠯᠵᠢᠶᠡᠨ ᠦ ᠮᠥᠷᠥᠶ ᠲᠡᠶ ᠲᠣᠭᠯᠠᠭᠠᠮ ᠳᠤ ᠣᠷᠣᠯᠴᠠᠭᠤᠯᠤᠭᠰᠠᠨ︔ 

(8) ᠦᠢᠯᠡ ᠪᠠᠶᠢᠳᠠᠯ ᠨᠢ ᠬᠦᠨᠳᠦ ᠨᠣᠴᠢᠲᠠᠶ ᠪᠤᠰᠤᠳ ᠪᠠᠶᠢᠳᠠᠯ ᠤᠳ᠃ 

ᠵᠣᠭᠣᠰ ᠨᠠᠭᠠᠳᠬᠤ ᠰᠦᠯᠵᠢᠶᠡᠨ ᠦᠷᠳᠡᠭᠡ ᠪᠣᠯᠬᠤ ᠶᠢ ᠲᠣᠳᠣᠷᠬᠠᠶ ᠮᠡᠳᠡᠵᠦ ᠪᠠᠶᠢᠭᠠᠳ ᠲᠡᠭᠦᠨ ᠳᠦ ᠳᠣᠣᠷ᠎ᠠ ᠵᠢᠭᠰᠠᠭᠠᠭᠰᠠᠨ ᠦᠢᠯᠡᠴᠢᠯᠡᠭᠡ ᠪᠤᠶᠤ ᠬᠠᠪᠰᠤᠷᠤᠯᠭ᠎ᠠ ᠬᠠᠩᠭᠠᠭᠰᠠᠨ ᠪᠠᠶᠢᠪᠠᠯ᠂ ᠵᠣᠭᠣᠰ ᠨᠠᠭᠠᠳᠬᠤ ᠭᠠᠵᠠᠷ ᠭᠠᠷᠭᠠᠭᠰᠠᠨ ᠶᠠᠯ᠎ᠠ ᠶᠢᠨ ᠬᠠᠮᠲᠤ ᠪᠠᠷ ᠬᠢᠭᠰᠡᠨ ᠶᠠᠯ᠎ᠠ ᠳᠤ ᠲᠣᠭᠠᠴᠠᠭᠳᠠᠨ᠎ᠠ᠃ 

ᠲᠠᠪᠣ᠂ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠠᠬᠢᠡᠷᠡᠭᠦᠦ  ᠶᠢᠨ ᠬᠡᠷᠡᠭ ᠦᠨ ᠪᠠᠢ᠌ᠴᠠᠭᠠᠯᠲᠠ ᠶᠢᠨ ᠳᠦᠷᠢ ᠬᠢᠭᠡᠳ ᠲᠤᠰᠢᠶᠠᠯ ᠬᠠᠷᠢᠭᠤᠴᠠᠯᠭ᠎ᠠ 

ᠪᠠᠶᠢᠴᠠᠭᠠᠬᠤ ᠪᠠᠶᠢᠭᠤᠯᠭ᠎ᠠ ᠵᠢᠨ ᠡᠷᠡᠭᠦᠦ ᠶᠢᠨ ᠬᠡᠷᠡᠭ ᠦᠨ ᠪᠠᠶᠢᠴᠠᠭᠠᠬᠤ ᠠᠵᠢᠯ ᠨᠢ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠲᠤᠶᠢᠯ ᠤᠨ ᠴᠢᠬᠤᠯᠠ ᠦᠢᠯᠡᠳᠦᠯ ᠦᠵᠡᠭᠦᠯᠵᠦ ᠪᠠᠶᠢᠳᠠᠭ᠂ ᠲᠡᠭᠦᠨ ᠦ ᠲᠤᠰᠢᠶᠠᠯ ᠬᠠᠷᠢᠭᠤᠴᠠᠯᠭ᠎ᠠ ᠨᠢ ᠤᠯᠠᠨ ᠲᠠᠯ᠎ᠠ ᠶᠢ ᠬᠠᠮᠤᠷᠴᠤ᠂ ᠬᠠᠤᠯᠢ ᠴᠠᠭᠠᠵᠠ ᠶᠢ ᠲᠥᠪ ᠭᠣᠣᠯᠴᠢ ᠪᠠᠷ ᠬᠡᠷᠡᠭᠵᠢᠭᠦᠯᠬᠦ ᠪᠠ ᠶᠠᠯᠠᠲᠤ ᠠᠵᠢᠯᠯᠠᠭ᠎ᠠ ᠳᠤ ᠪᠦᠲᠦᠮᠵᠢᠲᠡᠶ ᠴᠣᠬᠢᠯᠲᠠ ᠥᠭᠬᠦ ᠶᠢ ᠦᠨᠡᠨ ᠬᠦ ᠪᠠᠲᠤᠯᠠᠬᠤ ᠶᠢᠨ ᠲᠥᠯᠥᠭᠡ ᠶᠤᠮ᠃ ᠳᠣᠣᠷᠠᠬᠢ ᠪᠣᠯ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠳᠤᠮᠳᠠᠬᠢ  ᠪᠠᠶᠢᠴᠠᠭᠠᠬᠤ ᠪᠠᠶᠢᠭᠤᠯᠭ᠎ᠠ ᠵᠢᠨ ᠡᠷᠡᠭᠦᠦ ᠶᠢᠨ ᠬᠡᠷᠡᠭ ᠦᠨ ᠪᠠᠶᠢᠴᠠᠭᠠᠬᠤ ᠠᠵᠢᠯ ᠤᠨ ᠭᠣᠣᠯ ᠲᠦᠷᠢ ᠪᠠ ᠲᠤᠰᠢᠶᠠᠯ ᠬᠠᠷᠢᠭᠤᠴᠠᠯᠭ᠎ᠠ ᠪᠣᠯᠤᠨ᠎ᠠ᠄ 

1. ᠳᠦᠷᠢ ᠶᠢᠨ ᠪᠠᠶᠢᠷᠢ ᠲᠣᠭᠲᠠᠭᠠᠯᠲᠠ 

(1) ᠬᠠᠤᠯᠢ ᠴᠠᠭᠠᠵᠠ ᠶᠢᠨ ᠰᠠᠬᠢᠨ ᠬᠠᠮᠠᠭᠠᠯᠠᠭᠴᠢ᠄ ᠡᠷᠡᠭᠦᠦ ᠶᠢᠨ ᠬᠡᠷᠡᠭ ᠦᠨ ᠪᠠᠶᠢᠴᠠᠭᠠᠬᠤ ᠰᠠᠯᠠᠭ᠎ᠠ ᠮᠥᠴᠢᠷ ᠪᠣᠯ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠬᠡᠷᠡᠭ ᠦᠨ ᠬᠠᠤᠯᠢ ᠴᠠᠭᠠᠵᠠ ᠶᠢᠨ ᠰᠠᠬᠢᠨ ᠬᠠᠮᠠᠭᠠᠯᠠᠭᠴᠢ ᠮᠥᠨ᠂ ᠬᠠᠤᠯᠢ ᠴᠠᠭᠠᠵᠠ ᠶᠢ ᠵᠥᠪ ᠬᠡᠷᠡᠭᠯᠡᠬᠦ ᠪᠠ ᠲᠥᠪ ᠭᠣᠣᠯᠴᠢ ᠪᠠᠷ ᠭᠦᠢᠴᠡᠳᠬᠡᠬᠦ ᠶᠢ ᠦᠨᠡᠨ ᠬᠦ ᠪᠠᠲᠤᠯᠠᠬᠤ ᠶᠢ ᠬᠠᠷᠢᠭᠤᠴᠠᠨ᠎ᠠ︔

(2) ᠬᠠᠤᠯᠢ ᠴᠠᠭᠠᠵᠠ ᠶᠢᠨ ᠬᠢᠨᠠᠯᠲᠠ ᠲᠠᠯᠪᠢᠭᠴᠢ᠄ ᠡᠷᠡᠭᠦᠦ ᠶᠢᠨ ᠵᠠᠷᠭᠤ ᠶᠢᠨ ᠪᠦᠬᠦ ᠶᠠᠪᠤᠴᠠ ᠳᠤ᠂ ᠡᠷᠡᠭᠦᠦ ᠶᠢᠨ ᠬᠡᠷᠡᠭ ᠦᠨ ᠪᠠᠶᠢᠴᠠᠭᠠᠬᠤ ᠰᠠᠯᠠᠭ᠎ᠠ ᠮᠥᠴᠢᠷ ᠡᠴᠡ ᠲᠤᠷᠰᠢᠨ ᠪᠠᠶᠢᠴᠠᠭᠠᠬᠤ᠂ ᠰᠢᠭᠦᠨ ᠲᠠᠰᠤᠯᠬᠤ ᠵᠡᠷᠭᠡ ᠬᠠᠤᠯᠢ ᠴᠠᠭᠠᠵᠠ ᠶᠢᠨ ᠠᠵᠢᠯᠯᠠᠭ᠎ᠠ ᠳᠤ ᠬᠢᠨᠠᠯᠲᠠ ᠲᠠᠯᠪᠢᠵᠤ᠂ ᠬᠠᠤᠯᠢ ᠴᠠᠭᠠᠵᠠ ᠶᠢᠨ ᠲᠥᠪ ᠭᠣᠣᠯᠴᠢ ᠪᠠᠶᠢᠬᠤ ᠪᠠ ᠵᠢᠷᠤᠮ ᠤᠨ ᠬᠠᠤᠯᠢ ᠶᠣᠰᠣᠴᠢ ᠴᠢᠨᠠᠷ ᠢ ᠦᠨᠡᠨ ᠬᠦ ᠪᠠᠲᠤᠯᠠᠨ᠎ᠠ︔

(3) ᠤᠯᠠᠨ ᠨᠡᠶᠢᠲᠡ ᠶᠢᠨ ᠠᠰᠢᠭ ᠲᠤᠰᠠ ᠶᠢᠨ ᠲᠥᠯᠥᠭᠡᠯᠡᠭᠴᠢ᠄ ᠡᠷᠡᠭᠦᠦ ᠶᠢᠨ ᠬᠡᠷᠡᠭ ᠢ ᠪᠠᠶᠢᠴᠠᠭᠠᠬᠤ ᠰᠠᠯᠠᠭ᠎ᠠ ᠮᠥᠴᠢᠷ ᠨᠢ ᠤᠯᠤᠰ ᠣᠷᠣᠨ ᠪᠠ ᠨᠡᠶᠢᠭᠡᠮ ᠨᠡᠶᠢᠲᠡ ᠶᠢᠨ ᠠᠰᠢᠭ ᠲᠤᠰᠠ ᠶᠢ ᠲᠥᠯᠥᠭᠡᠯᠡᠵᠦ᠂ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠴᠣᠬᠢᠯᠲᠠ ᠥᠭᠴᠦ᠂ ᠠᠷᠠᠳ ᠢᠷᠭᠡᠨ ᠦ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠨ᠎ᠠ᠃ 

2. ᠡᠭᠦᠷᠭᠡ ᠬᠠᠷᠢᠭᠤᠴᠠᠯᠭ᠎ᠠ ᠶᠢᠨ ᠬᠡᠪᠴᠢᠶ᠎ᠡ 

(1) ᠬᠡᠷᠡᠭ ᠢ ᠬᠢᠨᠠᠨ ᠪᠠᠶᠢᠴᠠᠭᠠᠬᠤ᠄ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠭᠰᠡᠨ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠬᠡᠷᠡᠭ ᠢ ᠬᠦᠯᠢᠶᠡᠨ ᠠᠪᠴᠤ ᠰᠢᠶᠳᠪᠦᠷᠢᠯᠡᠨ᠎ᠡ᠃ ᠬᠡᠷᠡᠭ ᠢ ᠨᠠᠷᠢᠨ ᠨᠢᠮᠪᠠᠶ ᠬᠢᠨᠠᠨ ᠪᠠᠶᠢᠴᠠᠭᠠᠵᠤ᠂ ᠭᠡᠷᠡᠴᠢ ᠪᠠᠷᠢᠮᠲᠠ ᠶᠢ ᠬᠢᠨᠠᠨ ᠬᠠᠷᠭᠤᠭᠤᠯᠵᠤ᠂ ᠬᠡᠷᠡᠭ ᠦᠨ ᠪᠣᠳᠠᠲᠤ ᠶᠠᠪᠤᠳᠠᠯ ᠨᠢ ᠲᠣᠳᠣᠷᠬᠠᠶ᠂ ᠭᠡᠷᠡᠴᠢ ᠪᠠᠷᠢᠮᠲᠠ ᠨᠢ ᠦᠨᠡᠨ ᠪᠣᠳᠠᠲᠠᠶ᠂ ᠪᠦᠷᠢᠨ ᠭᠦᠢᠴᠡᠳ ᠪᠠᠶᠢᠬᠤ ᠶᠢ ᠦᠨᠡᠨ ᠬᠦ ᠪᠠᠲᠤᠯᠠᠪᠠ᠃ ᠬᠢᠨᠠᠨ ᠪᠠᠶᠢᠴᠠᠭᠠᠭᠰᠠᠨ ᠦᠷ᠎ᠡ ᠳ᠋ᠦᠩ ᠢ ᠦᠨᠳᠦᠰᠦᠯᠡᠨ᠂ ᠬᠠᠤᠯᠢ ᠶᠣᠰᠣᠭᠠᠷ ᠠᠯᠪᠠᠨ ᠵᠠᠭᠠᠯᠳᠤᠯᠭ᠎ᠠ ᠭᠠᠷᠭᠠᠬᠤ᠂ ᠦᠯᠦ ᠵᠠᠭᠠᠯᠳᠤᠬᠤ ᠪᠤᠶᠤ ᠨᠥᠬᠥᠪᠥᠷᠢᠯᠡᠨ ᠲᠤᠷᠰᠢᠨ ᠪᠠᠶᠢᠴᠠᠭᠠᠯᠭᠠᠬᠤ ᠪᠠᠷ ᠪᠤᠴᠠᠭᠠᠬᠤ ᠲᠣᠭᠲᠠᠭᠠᠯ ᠢ ᠭᠠᠷᠭᠠᠨ᠎ᠠ︔ 

(2) ᠬᠠᠤᠯᠢ ᠴᠠᠭᠠᠵᠠ ᠶᠢᠨ ᠬᠢᠨᠠᠯᠲᠠ᠄ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠲᠤᠷᠰᠢᠨ ᠪᠠᠶᠢᠴᠠᠭᠠᠬᠤ ᠠᠵᠢᠯᠯᠠᠭ᠎ᠠ ᠳᠤ ᠬᠢᠨᠠᠯᠲᠠ ᠲᠠᠯᠪᠢᠵᠤ᠂ ᠲᠤᠷᠰᠢᠨ ᠪᠠᠶᠢᠴᠠᠭᠠᠬᠤ ᠠᠵᠢᠯᠯᠠᠭ᠎ᠠ ᠶᠢᠨ ᠬᠠᠤᠯᠢ ᠶᠣᠰᠣᠴᠢ ᠴᠢᠨᠠᠷ ᠪᠠ ᠳᠦᠷᠢᠮᠵᠢᠯᠳᠦ ᠴᠢᠨᠠᠷ ᠢ ᠦᠨᠡᠨ ᠬᠦ ᠪᠠᠲᠤᠯᠠᠨ᠎ᠠ᠃ ᠰᠢᠭᠦᠬᠦ ᠬᠣᠷᠢᠶᠠᠨ ᠤ ᠰᠢᠭᠦᠨ ᠲᠠᠰᠤᠯᠬᠤ ᠠᠵᠢᠯᠯᠠᠭ᠎ᠠ ᠳᠤ ᠬᠢᠨᠠᠯᠲᠠ ᠲᠠᠯᠪᠢᠵᠤ᠂ ᠲᠠᠰᠤᠯᠤᠯᠲᠠ ᠪᠠ ᠲᠣᠭᠲᠠᠭᠠᠯᠲᠠ ᠶᠢᠨ ᠲᠥᠪ ᠭᠣᠣᠯᠴᠢ ᠴᠢᠨᠠᠷ ᠪᠠ ᠬᠠᠤᠯᠢ ᠶᠣᠰᠣᠴᠢ ᠴᠢᠨᠠᠷ ᠢ ᠦᠨᠡᠨ ᠬᠦ ᠪᠠᠲᠤᠯᠠᠪᠠ᠃ ᠲᠡᠰᠦᠯᠦᠯᠳᠠ ᠪᠠ ᠲᠣᠭᠲᠠᠭᠠᠯᠲᠠ ᠶᠢ ᠭᠦᠢᠴᠡᠳᠬᠡᠵᠦ ᠪᠠᠶᠢᠭ᠎ᠠ ᠪᠠᠶᠢᠳᠠᠯ ᠳᠤ ᠬᠢᠨᠠᠯᠲᠠ ᠲᠠᠯᠪᠢᠵᠤ᠂ ᠡᠷᠡᠭᠦᠦ  ᠰᠢᠢᠳᠭᠡᠯ ᠢ ᠴᠠᠭ ᠲᠤᠬᠠᠶ ᠳᠤᠨᠢ ᠭᠦᠢᠴᠡᠳᠬᠡᠬᠦ ᠪᠠ ᠵᠠᠯᠠᠷᠠᠭᠤᠯᠬᠤ ᠦᠷ᠎ᠡ ᠳ᠋ᠦᠩ ᠦᠨ ᠪᠡᠶᠡᠯᠡᠭᠳᠡᠬᠦ ᠶᠢ ᠦᠨᠡᠨ ᠬᠦ ᠪᠠᠲᠤᠯᠠᠨ᠎ᠠ︔ 

(3) ᠰᠢᠭᠦᠬᠦ ᠲᠢᠩᠬᠢᠮ ᠳᠦ ᠭᠠᠷᠴᠤ ᠠᠯᠪᠠᠨ ᠵᠠᠭᠠᠯᠳᠤᠯᠭ᠎ᠠ ᠬᠢᠬᠦ᠄ ᠠᠯᠪᠠᠨ ᠵᠠᠭᠠᠯᠳᠤᠯᠭ᠎ᠠ ᠬᠢᠬᠦ ᠪᠡᠷ ᠲᠣᠭᠲᠠᠭᠰᠠᠨ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠬᠡᠷᠡᠭ ᠲᠦ᠂ ᠪᠠᠶᠢᠴᠠᠭᠠᠬᠤ ᠲᠤᠰᠢᠶᠠᠯᠲᠠᠨ ᠢ ᠲᠣᠮᠢᠯᠠᠨ ᠰᠢᠭᠦᠬᠦ ᠲᠢᠩᠬᠢᠮ ᠳᠦ ᠣᠷᠣᠯᠴᠠᠭᠤᠯᠵᠤ ᠠᠯᠪᠠᠨ ᠵᠠᠭᠠᠯᠳᠤᠯᠭ᠎ᠠ ᠶᠢ ᠳᠡᠮᠵᠢᠭᠦᠯᠦᠨ᠎ᠡ᠃ ᠰᠢᠭᠦᠬᠦ ᠲᠢᠩᠬᠢᠮ ᠳᠦ ᠵᠠᠭᠠᠯᠳᠤᠯᠭ᠎ᠠ ᠶᠢᠨ ᠪᠢᠴᠢᠭ ᠢ ᠤᠩᠰᠢᠨ ᠨᠡᠶᠢᠲᠡᠯᠡᠵᠦ᠂ ᠭᠡᠷᠡᠴᠢ ᠳᠤᠷᠠᠳᠴᠤ᠂ ᠲᠤᠯᠭᠠᠨ ᠭᠡᠷᠡᠴᠢᠯᠡᠵᠦ᠂ ᠵᠠᠭᠠᠯᠳᠤᠭᠳᠠᠭᠴᠢ᠂ ᠥᠮᠥᠭᠯᠡᠭᠴᠢ ᠲᠡᠶ ᠮᠠᠷᠭᠤᠯᠳᠤᠵᠤ᠂ ᠠᠯᠪᠠᠨ ᠵᠠᠭᠠᠯᠳᠤᠯᠭ᠎ᠠ ᠶᠢᠨ ᠰᠠᠨᠠᠯ ᠢᠶᠠᠨ ᠲᠣᠳᠣᠷᠬᠠᠶᠢᠯᠠᠨ᠎ᠠ᠃ ᠰᠢᠭᠦᠬᠦ ᠬᠣᠷᠢᠶᠠᠨ ᠤ ᠳᠡᠮᠵᠢᠯᠭᠡ ᠪᠠ ᠵᠥᠪᠰᠢᠶᠡᠷᠡᠯ ᠢ ᠤᠯᠬᠤ ᠪᠠᠷ ᠴᠢᠷᠮᠠᠶᠢᠵᠤ᠂ ᠬᠠᠤᠯᠢ ᠴᠠᠭᠠᠵᠠ ᠶᠢ ᠵᠥᠪ ᠢᠶᠡᠷ ᠬᠡᠷᠡᠭᠯᠡᠬᠦ ᠪᠠ ᠭᠣᠣᠯᠴᠢ ᠪᠠᠷ ᠰᠢᠭᠦᠨ ᠲᠠᠰᠤᠯᠬᠤ ᠶᠢ ᠦᠨᠡᠨ ᠬᠦ ᠪᠠᠲᠤᠯᠠᠨ᠎ᠠ︔ 

(4) ᠶᠠᠯ᠎ᠠ ᠬᠢᠬᠦ ᠶᠢ ᠤᠷᠢᠳᠴᠢᠯᠠᠨ ᠰᠡᠷᠭᠡᠶᠢᠯᠡᠬᠦ᠄ ᠤᠬᠠᠭᠤᠯᠤᠨ ᠬᠥᠮᠦᠵᠢᠭᠦᠯᠬᠦ᠂ ᠬᠠᠤᠯᠢ ᠴᠠᠭᠠᠵᠠ ᠶᠢᠨ ᠵᠥᠪᠯᠡᠯᠭᠡ ᠥᠭᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠲᠤᠬᠠᠶ ᠤᠯᠠᠨ ᠨᠡᠶᠢᠲᠡ ᠶᠢᠨ ᠲᠠᠨᠢᠯᠲᠠ ᠪᠠ ᠰᠡᠷᠭᠡᠶᠢᠯᠡᠬᠦ ᠤᠬᠠᠮᠰᠠᠷ ᠢ ᠳᠡᠭᠡᠭᠰᠢᠯᠡᠭᠦᠯᠦᠨ᠎ᠡ᠃ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠣᠨᠴᠠᠯᠢᠭ ᠪᠠ ᠬᠠᠨᠳᠤᠰᠢ ᠶᠢ ᠵᠠᠳᠠᠯᠵᠤ᠂ ᠬᠠᠨᠳᠤᠯᠭᠠᠲᠤ ᠴᠢᠨᠠᠷᠲᠠᠶ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ ᠪᠠ ᠰᠠᠨᠠᠭᠤᠯᠭ᠎ᠠ ᠶᠢ ᠳᠤᠷᠠᠳᠤᠨ ᠭᠠᠷᠭᠠᠨ᠎ᠠ᠃ ᠬᠣᠯᠪᠣᠭᠳᠠᠯ ᠪᠦᠬᠦᠢ ᠰᠠᠯᠠᠭ᠎ᠠ ᠮᠥᠴᠢᠷ ᠲᠡᠶ ᠬᠠᠮᠲᠤᠷᠠᠨ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ ᠠᠵᠢᠯᠯᠠᠭ᠎ᠠ ᠶᠢ ᠬᠠᠮᠲᠤ ᠪᠠᠷ ᠥᠷᠨᠢᠭᠦᠯᠦᠨ᠎ᠡ︔ 

(5) ᠤᠯᠠᠨ ᠤᠯᠤᠰ ᠤᠨ ᠬᠠᠮᠲᠤᠷᠠᠯᠴᠠᠭ᠎ᠠ᠄ ᠤᠯᠠᠨ ᠤᠯᠤᠰ ᠤᠨ ᠡᠷᠡᠭᠦᠦ ᠶᠢᠨ ᠬᠡᠷᠡᠭ ᠦᠨ ᠬᠠᠤᠯᠢ ᠴᠠᠭᠠᠵᠠ ᠶᠢᠨ ᠪᠠᠶᠢᠭᠤᠯᠤᠮᠵᠢ ᠯᠤᠭ᠎ᠠ ᠶᠢᠨ ᠬᠠᠷᠢᠯᠴᠠᠭ᠎ᠠ ᠪᠠ ᠬᠠᠮᠲᠤᠷᠠᠯᠴᠠᠭ᠎ᠠ ᠪᠠᠨ ᠴᠢᠩᠭᠠᠳᠬᠠᠵᠤ᠂ ᠤᠯᠤᠰ ᠠᠯᠤᠰᠯᠠᠭᠰᠠᠨ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠬᠠᠮᠲᠤ ᠪᠠᠷ ᠴᠣᠬᠢᠯᠲᠠ ᠥᠭᠭᠦᠨ᠎ᠡ᠃ ᠤᠯᠠᠨ ᠤᠯᠤᠰ ᠤᠨ ᠡᠷᠡᠭᠦᠦ ᠶᠢᠨ ᠬᠡᠷᠡᠭ ᠦᠨ ᠬᠠᠤᠯᠢ ᠴᠠᠭᠠᠵᠠ ᠶᠢᠨ ᠬᠠᠮᠲᠤᠷᠠᠯᠴᠠᠭᠠᠨ ᠤ ᠬᠤᠷᠠᠯᠳᠤᠭᠠᠨ ᠪᠠ ᠶᠠᠷᠢᠯᠴᠠᠭᠠᠨ ᠤ ᠲᠠᠪᠴᠠᠩ ᠳᠤ ᠣᠷᠣᠯᠴᠠᠵᠤ᠂ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠴᠣᠬᠢᠯᠲᠠ ᠥᠭᠭᠦᠭᠰᠡᠨ ᠲᠤᠷᠰᠢᠯᠭ᠎ᠠ ᠪᠠ ᠠᠷᠭ᠎ᠠ ᠶᠢ ᠬᠤᠪᠢᠶᠠᠨ  ᠡᠳ᠋ᠯᠡᠨ᠎ᠡ᠃ 

ᠶᠡᠷᠦᠩᠬᠡᠶᠢᠯᠡᠪᠡᠯ᠂ ᠪᠠᠶᠢᠴᠭᠠᠠᠬᠤ  ᠪᠠᠶᠢᠭᠤᠯᠭ᠎ᠠ ᠵᠢᠨ ᠡᠷᠡᠭᠦᠦ ᠶᠢᠨ ᠬᠡᠷᠡᠭ ᠦᠨ ᠪᠠᠶᠢᠴᠠᠭᠠᠬᠤ ᠠᠵᠢᠯ ᠨᠢ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠶᠢᠨ ᠳᠤᠮᠳᠠ ᠬᠠᠤᠯᠢ ᠴᠠᠭᠠᠵᠠ ᠶᠢᠨ ᠰᠠᠬᠢᠨ ᠬᠠᠮᠠᠭᠠᠯᠠᠭᠴᠢ᠂ ᠬᠠᠤᠯᠢ ᠴᠠᠭᠠᠵᠠ ᠶᠢᠨ ᠬᠢᠨᠠᠯᠲᠠ ᠲᠠᠯᠪᠢᠭᠴᠢ ᠪᠠ ᠤᠯᠠᠨ ᠨᠡᠶᠢᠲᠡ ᠶᠢᠨ ᠠᠰᠢᠭ ᠲᠤᠰᠠ ᠶᠢᠨ ᠲᠥᠯᠥᠭᠡᠯᠡᠭᠴᠢ ᠪᠤᠯᠵᠤ ᠪᠠᠶᠢᠳᠠᠭ᠂ ᠲᠡᠭᠦᠨ ᠦ ᠲᠤᠰᠢᠶᠠᠯ ᠬᠠᠷᠢᠭᠤᠴᠠᠯᠭ᠎ᠠ ᠨᠢ ᠬᠡᠷᠡᠭ ᠢ ᠬᠢᠨᠠᠨ ᠪᠠᠶᠢᠴᠠᠭᠠᠬᠤ᠂ ᠬᠠᠤᠯᠢ ᠴᠠᠭᠠᠵᠠ ᠶᠢᠨ ᠬᠢᠨᠠᠯᠲᠠ ᠲᠠᠯᠪᠢᠬᠤ᠂ ᠰᠢᠭᠦᠯᠲᠡ ᠳᠦ ᠣᠷᠣᠯᠴᠠᠨ ᠠᠯᠪᠠᠨ ᠵᠠᠭᠠᠯᠳᠤᠯᠭ᠎ᠠ ᠬᠢᠬᠦ᠂ ᠶᠠᠯ᠎ᠠ ᠬᠢᠬᠦ ᠶᠢ ᠤᠷᠢᠳᠴᠢᠯᠠᠨ ᠰᠡᠷᠭᠡᠶᠢᠯᠡᠬᠦ ᠪᠠ ᠤᠯᠠᠨ ᠤᠯᠤᠰ ᠤᠨ ᠬᠠᠮᠲᠤᠷᠠᠯᠴᠠᠭ᠎ᠠ ᠬᠢᠬᠦ ᠵᠡᠷᠭᠡ ᠤᠯᠠᠨ ᠲᠠᠯ᠎ᠠ ᠶᠢ ᠬᠠᠮᠤᠷᠴᠤ ᠪᠠᠶᠢᠳᠠᠭ᠃ ᠡᠳᠡᠭᠡᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠪᠡᠷ ᠳᠠᠮᠵᠢᠭᠤᠯᠤᠨ᠂ ᠡᠷᠡᠭᠦᠦ ᠶᠢᠨ ᠬᠡᠷᠡᠭ ᠦᠨ ᠪᠠᠶᠢᠴᠠᠭᠠᠬᠤ ᠰᠠᠯᠠᠭ᠎ᠠ ᠮᠥᠴᠢᠷ ᠰᠦᠯᠵᠢᠶᠡᠨ ᠳᠡᠭᠡᠷ᠎ᠡ ᠵᠣᠭᠣᠰ ᠨᠠᠭᠠᠳᠤᠭᠰᠠᠨ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ᠂ ᠨᠡᠶᠢᠭᠡᠮ ᠨᠡᠶᠢᠲᠡ ᠶᠢᠨ ᠡᠮᠬᠢ ᠵᠢᠷᠤᠮ ᠪᠠ ᠶᠣᠰᠣ ᠮᠣᠷᠠᠯ ᠬᠡᠪ ᠰᠤᠷᠲᠠᠯ ᠢ ᠬᠠᠮᠠᠭᠠᠯᠠᠬᠤ ᠳᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠪᠠᠶᠢᠨ᠎ᠠ᠃ 

ᠵᠢᠷᠭᠣᠭ᠎ᠠ᠂ ᠬᠡᠷᠡᠭ ᠦᠨ ᠵᠢᠱᠢᠶ᠎ᠡ ᠶᠢᠨ ᠵᠠᠳᠠᠯᠤᠯᠲᠠ 

ᠣᠶᠢᠷ᠎ᠠ ᠶᠢᠨ ᠭᠤᠷᠪᠠᠨ ᠵᠢᠯ ᠦᠨ ᠲᠤᠷᠰᠢ ᠂ ᠲᠣᠰ ᠬᠥᠮᠦᠨ ᠦ ᠪᠠᠶᠢᠭ᠎ᠠ ᠵᠠᠷᠤᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ ᠶᠢᠨ  ᠡᠷᠡᠭᠦᠤ ᠶᠢᠨ ᠬᠡᠷᠡᠭ ᠦᠨ ᠪᠠᠶᠢᠴᠠᠭᠠᠬᠤ ᠰᠠᠯᠠᠭ᠎ᠠ ᠮᠥᠴᠢᠷ ᠨᠡᠶᠢᠲᠡ 24 ᠵᠣᠭᠣᠰ ᠨᠠᠭᠠᠳᠬᠤ ᠭᠠᠵᠠᠷ ᠭᠠᠷᠭᠠᠭᠰᠠᠨ ᠬᠡᠷᠡᠭ ᠢ 27 ᠰᠢᠶᠳᠪᠦᠷᠢᠯᠡᠵᠡᠶ ᠃ ᠡᠭᠦᠨ ᠦ ᠳᠣᠲᠣᠷ᠎ᠠ ᠰᠦᠯᠵᠢᠶ᠎ᠡ ᠪᠡᠷ ᠵᠣᠭᠣᠰ ᠨᠠᠭᠠᠳᠬᠤ ᠳᠤ ᠬᠣᠯᠪᠣᠭᠳᠠᠭᠰᠠᠨ ᠵᠣᠭᠣᠰ ᠨᠠᠭᠠᠳᠬᠤ ᠭᠠᠵᠠᠷ ᠭᠠᠷᠭᠠᠭᠰᠠᠨ ᠬᠡᠷᠡᠭ 21 ᠬᠤᠪᠢ 24 ᠬᠥᠮᠦᠨ ᠪᠤᠢ᠃ 

ᠪᠣᠳᠠᠲᠠᠶ ᠬᠡᠷᠡᠭ ᠦᠨ ᠵᠢᠱᠢᠶ᠎ᠡ ᠨᠢ ᠳᠣᠣᠷᠠᠬᠢ ᠮᠡᠲᠦ᠄ 

ᠬᠡᠷᠡᠭ ᠦᠨ ᠵᠢᠱᠢᠶ᠎ᠡ ᠨᠢᠭᠡ ᠄ 2020 ᠣᠨ ᠠᠴᠠ 2023 ᠣᠨ ᠪᠣᠯᠲᠠᠯᠠᠬᠢ ᠬᠤᠭᠤᠴᠠᠭᠠᠨ ᠳᠤ ᠂ ᠵᠠᠷᠤᠳ ᠬᠣᠰᠢᠭᠤᠨ ᠤ  ᠮᠸᠩ ᠣᠪᠣᠭᠲᠤ ᠂ ᠰᠦ ᠣᠪᠣᠭᠲᠤ ᠂ ᠪᠦᠦ ᠣᠪᠣᠭᠲᠤ ᠂ ᠮᠸᠨ ᠣᠪᠣᠭᠲᠤ ᠂ ᠶᠦᠨ ᠣᠪᠣᠭᠲᠤ ᠂ ᠨᠠ ᠣᠪᠣᠭᠲᠤ ᠂ ᠠ ᠣᠪᠣᠭᠲᠤ ᠂ ᠬᠠ ᠣᠪᠣᠭᠲᠤ ᠂ ᠾᠧ ᠣᠪᠣᠭᠲᠤ ᠂ ᠪᠦᠦ ᠣᠪᠣᠭᠲᠤ ᠠᠯᠲᠠᠨ ᠬᠠᠰ ᠰᠢᠲᠠᠷ᠎ᠠ ᠫᠠᠢ ᠶᠢᠨ APP ᠵᠢᠨ ᠮᠥᠷᠥᠶᠢᠴᠡᠭᠡᠨ ᠳᠦ ᠣᠷᠣᠯᠴᠠᠭᠰᠠᠨ ᠪᠥᠭᠡᠳ ᠠᠯᠲᠠᠨ ᠬᠠᠰ ᠰᠢᠲᠠᠷ᠎ᠠ ᠫᠠᠢ ᠶᠢᠨ APP ᠵᠥᠭᠡᠯᠡᠨ ᠲᠣᠨᠣᠭ ᠲᠤ ᠪᠥᠬᠥ ᠠᠷᠠᠳ ᠢᠶᠠᠷ ᠢᠶᠠᠨ ᠬᠣᠶᠠᠷ ᠬᠡᠮᠵᠢᠯ ᠲᠡᠮᠳᠡᠭ ᠦᠨ ᠳᠡᠯᠭᠡᠷᠡᠭᠦᠯᠦᠯᠲᠡ ᠶᠢᠨ ᠠᠷᠭ᠎ᠠ ᠮᠠᠶ᠋ᠢᠭ ᠢ ᠬᠡᠷᠡᠭᠯᠡᠨ ᠳᠡᠷᠭᠡᠳᠡᠬᠢ ᠨᠠᠶᠢᠵᠠ ᠳᠠᠭᠠᠨ ᠳᠡᠯᠭᠡᠷᠡᠭᠦᠯᠵᠦ ᠂ ᠮᠥᠷᠥᠶᠢᠴᠡᠭᠡᠨ ᠦ ᠰᠦᠯᠵᠢᠶᠡᠨ ᠡᠴᠡ ᠪᠠᠭᠤᠬᠤ ᠭᠡᠰᠢᠭᠦᠨ ᠡᠯᠰᠡᠬᠦ ᠶᠢᠨ ᠬᠠᠮᠲᠤ ᠲᠡᠭᠦᠨ ᠦ ᠳᠤᠮᠳᠠ ᠠᠴᠠ ᠲᠠᠪᠴᠠᠩ ᠤᠨ ᠬᠥᠯᠥᠰᠥᠨ ᠮᠥᠩᠭᠥ ᠤᠯᠪᠠ ᠃ 2023 ᠣᠨ ᠤ 6 ᠰᠠᠷ᠎ᠠ ᠶᠢᠨ 28 ᠤ ᠡᠳᠦᠷ ᠂  ᠬᠠᠥᠯᠢ ᠴᠠᠭᠠᠵᠠ ᠶᠢᠨ ᠬᠢᠨᠠᠨ ᠲᠣᠭᠲᠠᠭᠠᠯᠲᠠ ᠪᠠᠷ ᠳᠡᠮᠵᠢᠨ ᠂ ᠠᠯᠲᠠᠨ ᠬᠠᠰ ᠤᠨ ᠰᠢᠲᠠᠷ᠎ᠠ ᠶᠢᠨ ᠫᠠᠢ ᠶᠢᠨ APP ᠨᠢ ᠵᠣᠭᠣᠰ ᠨᠠᠭᠠᠳᠬᠤ ᠰᠢᠨᠵᠢ ᠴᠢᠨᠠᠷ ᠲᠠᠶ ᠪᠣᠯᠵᠠᠶ ᠃ ᠬᠡᠷᠡᠭ ᠭᠠᠷᠤᠭᠰᠠᠨ ᠤ ᠳᠠᠷᠠᠭ᠎ᠠ ᠂ ᠳᠡᠭᠡᠷ᠎ᠡ ᠳᠤᠷᠠᠳᠤᠭᠰᠠᠨ ᠬᠥᠮᠦᠰ ᠬᠡᠷᠡᠭ ᠲᠦ ᠬᠣᠯᠪᠣᠭᠳᠠᠭᠰᠠᠨ ᠣᠷᠣᠯᠠᠭᠴᠢ  ᠶᠢᠨ ᠦᠨ᠎ᠡ ᠵᠠᠰᠠᠬᠤ ᠵᠣᠭᠣᠰ  ᠢ ᠰᠠᠨᠠᠭᠠᠴᠢᠯᠠᠭ᠎ᠠ  ᠠᠴᠠ ᠪᠠᠨ 87933.00 ᠲᠥᠭᠥᠷᠢᠭ ᠦᠨ ᠠᠷᠠᠳ ᠤᠨ ᠵᠣᠭᠣᠰ  ᠢ ᠳᠡᠭᠡᠭᠰᠢ ᠲᠤᠰᠢᠶᠠᠵᠠᠶ ᠃ 

ᠬᠡᠷᠡᠭ ᠦᠨ ᠵᠢᠱᠢᠶ᠎ᠡ ᠬᠣᠶᠠᠷ ᠄ 2019 ᠣᠨ ᠠᠴᠠ 2022 ᠣᠨ ᠤ 4 ᠰᠠᠷ᠎ᠠ ᠪᠣᠯᠲᠠᠯᠠᠬᠢ ᠬᠤᠭᠤᠴᠠᠭᠠᠨ ᠳᠤ ᠂ ᠵᠠᠷᠤᠳ ᠬᠣᠰᠢᠭᠤᠨ ᠤ  ᠬᠠᠨ ᠣᠪᠣᠭᠲᠤ ︽ ᠥᠪᠥᠷ ᠮᠣᠩᠭᠣᠯ ᠤᠨ ᠬᠠᠭᠤᠴᠢᠨ ᠨᠠᠶᠢᠵᠠ ᠮᠠᠵᠢᠶᠠᠩ ︾ ᠪᠠ ︽ᠥᠪᠥᠷ ᠮᠣᠩᠭᠣᠯ ᠤᠨ ᠬᠢᠯᠢ ᠶᠢᠨ ᠬᠣᠰᠢᠭᠤᠴᠢ ᠮᠠᠵᠢᠶᠠᠩ︾ ᠭᠡᠬᠦ ᠵᠥᠭᠡᠯᠡᠨ ᠬᠡᠷᠡᠭᠰᠡᠯ ᠦᠨ ᠵᠥᠭᠡᠯᠡᠨ ᠬᠡᠷᠡᠭᠰᠡᠯ ᠳᠦ ᠬᠠᠭᠤᠷᠮᠠᠭ ᠮᠠᠵᠢᠶᠠᠩ  ᠤᠨ ᠥᠷᠥᠭᠡ ᠪᠠᠶᠢᠭᠤᠯᠵᠤ ᠂ ᠸᠢᠴᠠᠲ  ᠢ ᠠᠰᠢᠭᠯᠠᠨ 2019 ᠣᠨ  ᠠᠴᠠ 2022 ᠣᠨ ᠤ 4 ᠰᠠᠷ᠎ᠠ ᠪᠣᠯᠲᠠᠯ᠎ᠠ ᠦ᠋ ᠣᠪᠣᠭᠲᠤ ᠂ ᠮᠧᠶ ᠣᠪᠣᠭᠲᠤ ᠵᠡᠷᠭᠡ 20 ᠭᠠᠷᠤᠶ ᠬᠥᠮᠦᠨ  ᠢ ᠵᠣᠬᠢᠶᠠᠨ ᠪᠠᠶᠢᠭᠤᠯᠵᠤ ᠂ ᠤᠷᠢᠳ ᠬᠣᠵᠢᠳ ︽ ᠬᠠᠭᠤᠴᠢᠨ ᠨᠠᠶᠢᠵᠠ ᠥᠪᠥᠷ ᠮᠣᠩᠭᠣᠯ ᠤᠨ ᠮᠠᠵᠢᠶᠠᠩ ︾ ᠵᠥᠭᠡᠯᠡᠨ ᠲᠣᠨᠣᠭ ᠪᠠ ︽ ᠬᠢᠯᠢ ᠶᠢᠨ ᠬᠣᠰᠢᠭᠤᠴᠢ ᠨᠠᠶᠢᠵᠠ ᠥᠪᠥᠷ ᠮᠣᠩᠭᠣᠯ ᠤᠨ ᠮᠠᠵᠢᠶᠠᠩ ︾ ᠵᠥᠭᠡᠯᠡᠨ ᠲᠣᠨᠣᠭ ᠳᠡᠭᠡᠷ᠎ᠡ ᠵᠣᠭᠣᠰ ᠨᠠᠭᠠᠳᠤᠭᠰᠠᠨ ᠪᠥᠭᠡᠳ ᠵᠣᠭᠣᠰ ᠨᠠᠭᠠᠳᠬᠤ ᠳᠤ ᠣᠷᠣᠯᠴᠠᠭᠰᠠᠳ  ᠠᠴᠠ ︽ ᠬᠡᠷ ᠦᠨ ᠰᠦᠶᠳᠬᠡᠯ ︾ ᠬᠤᠷᠢᠶᠠᠵᠤ 15000 ᠲᠥᠭᠥᠷᠢᠭ ᠦᠨ ᠠᠰᠢᠭ ᠣᠯᠵᠠᠶ ᠃ 

2022 ᠣᠨ ᠤ 2 ᠰᠠᠷ᠎ᠠ ᠶᠢᠨ ᠰᠡᠭᠦᠯᠴᠢ ᠡᠴᠡ ᠬᠡᠷᠡᠭ ᠭᠠᠷᠬᠤ ᠪᠣᠯᠲᠠᠯ᠎ᠠ ᠂ ᠬᠠᠨ ᠣᠪᠣᠭᠲᠤ ᠵᠠᠷᠤᠳ ᠬᠣᠰᠢᠭᠤᠨ ××ᠰᠤᠮᠤ ᠶᠢᠨ ××× ᠭᠠᠴᠠᠭᠠᠨ ᠤ ᠠᠷᠠᠳ ᠳ᠋ᠠᠶ ᠣᠪᠣᠭᠲᠤ ᠶᠢᠨ ︽ ᠥᠪᠥᠷ ᠮᠣᠩᠭᠣᠯ ᠤᠨ ᠮᠠᠵᠢᠶᠠᠩ ︾ ‍ᠢ ᠬᠠᠪᠰᠤᠷᠤᠨ ᠬᠠᠮᠢᠶᠠᠷᠴᠤ ᠪᠠᠶᠢᠭᠰᠠᠨ ︽ ᠲᠥᠷᠥᠯ ᠰᠠᠳᠤᠨ ᠨᠠᠶᠢᠵᠠ ᠨᠥᠬᠥᠳ ᠦᠨ ᠲᠣᠭᠣᠷᠢᠭ ︾ ᠤᠨ ᠬᠥᠮᠦᠰ ᠢ ᠡᠷᠢᠨ ᠣᠯᠵᠤ ᠂ ᠵᠣᠭᠣᠰ ᠨᠠᠭᠠᠳᠬᠤ ᠳᠤ ᠣᠷᠣᠯᠴᠠᠭᠰᠠᠳ ᠤᠨ ᠵᠣᠭᠣᠰ ᠨᠠᠭᠠᠳᠬᠤ ᠮᠥᠩᠭᠥ ᠶᠢ ᠳᠠᠮᠵᠢᠭᠤᠯᠤᠨ ᠲᠠᠷᠬᠠᠭᠠᠬᠤ ᠠᠵᠢᠯ ᠢ ᠬᠠᠷᠢᠭᠤᠴᠠᠭᠤᠯᠪᠠ ᠂ ᠬᠠᠨ ᠣᠪᠣᠭᠲᠤ ᠳᠤᠮᠳᠠ ᠠᠴᠠ ᠨᠢ ᠠᠰᠢᠭ ᠣᠯᠤᠭᠰᠠᠨ ᠤ ᠳᠠᠷᠠᠭ᠎ᠠ ᠂ ᠳ᠋ᠠᠶ ᠣᠪᠣᠭᠲᠤ ᠳᠤ ᠤᠷᠢᠳ ᠬᠣᠵᠢᠳ ᠨᠡᠶᠢᠲᠡ 2000 ᠭᠠᠷᠤᠶ ᠲᠥᠭᠥᠷᠢᠭ ᠦᠨ ᠬᠥᠳᠡᠯᠮᠦᠷᠢ ᠦᠶᠯᠡᠴᠢᠯᠡᠭᠡᠨ ᠦ ᠵᠠᠷᠤᠳᠠᠯ ᠥᠭᠭᠦᠭᠰᠡᠨ ᠪᠠᠶᠢᠨ᠎ᠠ ᠃ ᠬᠠᠨ ᠣᠪᠣᠭᠲᠤ᠂ ᠳ᠋ᠠᠶ ᠣᠪᠣᠭᠲᠤ ᠶᠢᠨ ᠣᠯᠤᠭᠰᠠᠨ ᠪᠤᠵᠠᠷ ᠵᠣᠭᠣᠰ ᠢ ᠰᠦᠯᠵᠢᠶᠡᠨ ᠳᠡᠭᠡᠷ᠎ᠡ ᠵᠣᠭᠣᠰ ᠨᠠᠭᠠᠳᠬᠤ ᠵᠢᠴᠢ ᠠᠮᠢᠳᠤᠷᠠᠯ ᠤᠨ ᠵᠠᠷᠤᠯᠭ᠎ᠠ ᠳᠤ ᠬᠡᠷᠡᠭᠯᠡᠵᠡᠶ᠃ 

ᠬᠡᠷᠡᠭ ᠦᠨ ᠵᠢᠱᠢᠶ᠎ᠡ ᠭᠤᠷᠪᠠ ᠄ 2018 ᠣᠨ ᠤ 12 ᠰᠠᠷ᠎ᠠ  ᠠᠴᠠ 2023 ᠣᠨ ᠤ 2 ᠰᠠᠷ᠎ᠠ ᠪᠣᠯᠲᠠᠯ᠎ᠠ ᠂ ᠵᠠᠷᠤᠳ ᠬᠣᠰᠢᠭᠤᠨ ᠤ ×× ᠲᠣᠰᠬᠣᠨ ᠤ ᠠᠷᠠᠳ ᠪᠦᠦ ᠣᠪᠣᠭᠲᠤ ᠶᠦᠩ ᠶᠢᠩ ᠦᠨ ᠰᠢᠲᠠᠷ᠎ᠠ ᠶᠢᠨ ᠫᠠᠢ ᠶᠢᠨ APP ᠵᠢᠨ ᠮᠥᠷᠥᠶᠢᠴᠡᠭᠡᠨ ᠳᠦ ᠣᠷᠣᠯᠴᠠᠭᠰᠠᠨ ᠪᠥᠭᠡᠳ ᠶᠦᠩ ᠶᠢᠩ ᠦᠨ ᠰᠢᠲᠠᠷ᠎ᠠ ᠶᠢᠨ ᠫᠠᠢ ᠶᠢᠨ APP ᠵᠥᠭᠡᠯᠡᠨ ᠲᠣᠨᠣᠭ ᠲᠤ ᠪᠥᠬᠥ ᠠᠷᠠᠳ ᠢᠶᠠᠷ ᠢᠶᠠᠨ ᠬᠣᠶᠠᠷ ᠬᠡᠮᠵᠢᠯ ᠦᠨ ᠺᠣᠳ᠋ ᠤᠨ ᠳᠡᠯᠭᠡᠷᠡᠭᠦᠯᠦᠯᠲᠡ ᠶᠢ ᠣᠷᠣᠯᠠᠨ ᠦᠵᠡᠭᠦᠯᠬᠦ ᠠᠷᠭ᠎ᠠ ᠪᠠᠷ ᠳᠡᠷᠭᠡᠳᠡᠬᠢ ᠨᠠᠶᠢᠵᠠ ᠳᠠᠭᠠᠨ ᠳᠡᠯᠭᠡᠷᠡᠭᠦᠯᠵᠦ ᠂ ᠮᠥᠷᠥᠶᠢᠴᠡᠭᠡᠨ ᠦ ᠱᠤᠭᠤᠮ  ᠠᠴᠠ ᠪᠠᠭᠤᠭᠰᠠᠨ ᠪᠦᠷᠢᠯᠳᠦᠬᠦᠨ ᠪᠦᠦ ᠣᠪᠣᠭᠲᠤ ᠂ ᠴᠧᠨ ᠣᠪᠣᠭᠲᠤ ᠵᠡᠷᠭᠡ ᠬᠥᠮᠦᠰ  ᠢ ᠬᠥᠭᠵᠢᠭᠦᠯᠦᠭᠰᠡᠨ ᠪᠥᠭᠡᠳ ᠳᠤᠮᠳᠠ  ᠠᠴᠠ ᠨᠢ 30420 ᠲᠥᠭᠥᠷᠢᠭ ᠦᠨ ᠠᠷᠠᠳ ᠤᠨ ᠵᠣᠭᠣᠰ ᠤᠨ ᠬᠥᠯᠥᠰᠥᠨ ᠮᠥᠩᠭᠥ ᠣᠯᠤᠭᠰᠠᠨ ᠪᠠᠶᠢᠨ᠎ᠠ ᠃ 2023 ᠣᠨ ᠤ 6 ᠰᠠᠷ᠎ᠠ ᠶᠢᠨ 28 ᠤ ᠡᠳᠦᠷ ᠂ ᠥᠪᠥᠷ ᠮᠣᠩᠭᠣᠯ ᠤᠨ ᠹᠸᠢ ‍ᠤᠤᠢ ᠵᠢᠨ  ᠬᠠᠥᠯᠢ ᠪᠠᠷᠢᠬᠤ ᠬᠢᠨᠠᠨ ᠲᠣᠭᠲᠠᠭᠠᠯᠲᠠ ᠶᠢᠨ ᠭᠠᠵᠠᠷ ᠤᠨ ᠬᠢᠨᠠᠨ ᠲᠣᠭᠲᠠᠭᠠᠭᠰᠠᠨ ᠢᠶᠠᠷ ᠂ ᠶᠦᠩ ᠶᠢᠩ ᠦᠨ ᠰᠢᠲᠠᠷ᠎ᠠ ᠶᠢᠨ ᠫᠠᠢ ᠶᠢᠨ APP ᠨᠢ ᠵᠣᠭᠣᠰ ᠨᠠᠭᠠᠳᠬᠤ ᠰᠢᠨᠵᠢ ᠴᠢᠨᠠᠷ ᠲᠠᠶ ᠪᠣᠯᠵᠠᠶ ᠃ ᠬᠡᠷᠡᠭ ᠭᠠᠷᠤᠭᠰᠠᠨ ᠤ ᠲᠠᠷᠠᠭ᠎ᠠ᠂ ᠪᠦᠦ ᠣᠪᠣᠭᠲᠤ ᠰᠠᠨᠠᠭᠠᠴᠢᠯᠠᠭ᠎ᠠ ᠠᠴᠠ ᠪᠠᠨ ᠬᠠᠤᠯᠢ ᠪᠤᠰᠤ ᠪᠠᠷ ᠣᠯᠤᠭᠰᠠᠨ 30420 ᠲᠥᠭᠥᠷᠢᠭ ᠠᠷᠠᠳ ᠤᠨ ᠵᠣᠭᠣᠰ ᠢ ᠪᠥᠬᠥᠳᠡ ᠶᠢ ᠳᠡᠭᠡᠭᠰᠢ ᠲᠤᠰᠢᠶᠠᠪᠠ᠃ 

ᠬᠡᠷᠡᠭ ᠦᠨ ᠵᠢᠱᠢᠶ᠎ᠡ ᠳᠥᠷᠪᠡ ᠄ 2021 ᠣᠨ ᠤ 10 ᠰᠠᠷ᠎ᠠ ᠶᠢᠨ ᠣᠷᠴᠢᠮ ᠢᠶᠠᠷ ᠂ ᠭᠣᠸᠠᠩᠳᠦ᠋ᠩ ᠮᠤᠵᠢ ᠶᠢᠨ ᠵᠢᠶᠠᠩᠮᠸᠨ ᠬᠣᠲᠠ ᠶᠢᠨ ‍ᠫᠸᠩᠵᠢᠶᠠᠩ ᠲᠣᠭᠣᠷᠢᠭ ᠤᠨ ᠳ᠋ᠦ᠋ ᠷᠤᠤᠠᠨ ᠪᠠᠯᠭᠠᠰᠤᠨ ᠤ ×× ᠲᠣᠰᠬᠣᠨ ᠤ ᠸᠸᠨ  ᠬᠣᠲᠠ ᠣᠪᠣᠭᠲᠤ ᠂ ᠸᠸᠨ ᠬᠠᠶ ᠣᠪᠣᠭᠲᠤ ︽ HH77 ᠬᠠᠭᠠᠨ ᠤ ᠲᠢᠲᠢᠮ ︾ ᠪᠣᠯ ᠵᠣᠭᠣᠰ ᠨᠠᠭᠠᠳᠬᠤ ᠰᠦᠯᠵᠢᠶᠡᠨ ᠦ ᠥᠷᠲᠡᠭᠡ ᠪᠣᠯᠬᠤ ᠶᠢ ᠲᠣᠳᠣᠷᠬᠠᠶ ᠮᠡᠳᠡᠵᠦ ᠪᠠᠶᠢᠬᠤ ᠪᠠᠶᠢᠳᠠᠯ ᠳᠣᠣᠷ᠎ᠠ ᠂ ᠬᠠᠤᠯᠢ ᠪᠤᠰᠤ ᠠᠰᠢᠭ ᠤᠯᠬᠤ ᠶᠢᠨ ᠲᠥᠯᠥᠭᠡ ᠬᠣᠶᠠᠭᠤᠯᠠ ᠬᠤᠤᠪᠢᠯᠳᠤᠨ ᠸᠸᠨ ᠬᠠᠶ ᠣᠪᠣᠭᠲᠤ ᠶᠢᠨ ᠣᠷᠣᠯᠠᠭᠴᠢ ᠶᠢᠨ ᠪᠡᠶ᠎ᠡ ᠬᠡᠮ ᠢᠶᠡᠷ ᠵᠣᠭᠣᠰ ᠨᠠᠭᠠᠳᠬᠤ ᠲᠠᠪᠴᠠᠩ ᠲᠠᠶ ᠵᠠᠯᠭᠠᠯᠳᠤᠭᠤᠯᠤᠨ ᠦᠨ᠎ᠡ ᠵᠠᠰᠠᠬᠤ ᠵᠣᠭᠣᠰ ᠢᠶᠠᠷ ᠪᠡᠯᠡᠨ ᠵᠣᠭᠣᠰ ᠭᠠᠷᠭᠠᠨ ᠠᠪᠴᠤ ᠂ ᠸᠸᠨ  ᠬᠣᠲᠠ ᠣᠪᠣᠭᠲᠤ ᠵᠣᠭᠣᠰ ᠨᠠᠭᠠᠳᠤᠭᠴᠢ ᠶᠢ ᠡᠷᠢᠵᠦ ᠲᠤᠰ ᠰᠠᠷ᠎ᠠ ᠳᠤ ᠲᠠᠪᠤᠨ ᠢᠳᠡᠪᠬᠢᠲᠦ ᠵᠣᠭᠣᠰ ᠣᠷᠣᠭᠤᠯᠤᠭᠰᠠᠨ ᠭᠡᠰᠢᠭᠦᠨ ᠢ ᠪᠦᠷᠢᠯᠳᠦᠭᠦᠯᠦᠨ ᠂ ᠵᠣᠭᠣᠰ ᠨᠠᠭᠠᠳᠤᠭᠴᠢ ᠶᠢᠨ ᠵᠣᠭᠣᠰ ᠨᠠᠭᠠᠳᠬᠤ ᠳᠤᠮᠳᠠ 30% ᠶᠢᠨ ᠬᠠᠷᠢᠴᠠᠯ ᠢᠶᠠᠷ ᠵᠣᠭᠣᠰ ᠬᠣᠨᠵᠢᠭᠰᠠᠨ ᠦᠨ᠎ᠡ ᠵᠠᠰᠠᠬᠤ ᠵᠣᠭᠣᠰ ᠢ ᠣᠯᠵᠤ ᠂ ᠬᠣᠶᠠᠭᠤᠯᠠ ᠬᠤᠪᠢᠶᠠᠷᠢᠯᠠᠵᠠᠶ ᠃ 2021 ᠣᠨ ᠤ 10 ᠰᠠᠷ᠎ᠠ  ᠠᠴᠠ 2022 ᠣᠨ ᠤ 12 ᠰᠠᠷ᠎ᠠ ᠪᠣᠯᠲᠠᠯ᠎ᠠ ᠸᠸᠨ ᠬᠤᠤᠠ ᠣᠪᠣᠭᠲᠤ ᠂ ᠸᠸᠨ ᠬᠠᠶ ᠣᠪᠣᠭᠲᠤ ᠬᠠᠮᠲᠤ ᠪᠠᠷ ᠣᠷᠣᠯᠠᠭᠴᠢ ᠪᠣᠯᠵᠤ ᠪᠠᠶᠢᠭᠰᠠᠨ ᠬᠤᠭᠤᠴᠠᠭᠠᠨ ᠳᠤ ᠨᠡᠶᠢᠲᠡ 10 ᠭᠡᠰᠢᠭᠦᠨ ᠡᠯᠰᠡᠵᠦ ᠂ ᠸᠸᠨ ᠬᠤᠤᠠ ᠣᠪᠣᠭᠲᠤ 17200.00 ᠲᠥᠭᠥᠷᠢᠭ ᠦᠨ ᠬᠥᠯᠥᠰᠥᠨ ᠮᠥᠩᠭᠥᠨ ᠦ ᠠᠰᠢᠭ ᠣᠷᠣᠯᠭ᠎ᠠ ᠣᠯᠵᠠᠶ ᠂ ᠸᠸᠨ ᠬᠠᠶ ᠣᠪᠣᠭᠲᠤ 35429.00 ᠲᠥᠭᠥᠷᠢᠭ ᠦᠨ ᠬᠥᠯᠥᠰᠥᠨ ᠮᠥᠩᠭᠥ ᠶᠢᠨ ᠠᠰᠢᠭ ᠣᠷᠣᠯᠭ᠎ᠠ ᠣᠯᠵᠤ ᠂ ᠬᠣᠶᠠᠭᠤᠯᠠ ᠶᠢᠨ ᠣᠯᠤᠭᠰᠠᠨ ᠬᠥᠯᠥᠰᠥᠨ ᠮᠥᠩᠭᠥ ᠶᠢ ᠪᠦᠬᠦᠨ ᠢ ᠬᠤᠪᠢ ᠬᠥᠮᠦᠨ ᠦ ᠬᠡᠷᠡᠭᠯᠡᠭᠡ ᠪᠠ ᠦᠷᠭᠦᠯᠵᠢᠯᠡᠨ ᠵᠣᠭᠣᠰ ᠨᠠᠭᠠᠳᠬᠤ ᠳᠤ ᠬᠡᠷᠡᠭᠯᠡᠵᠡᠶ ᠃ 
     ᠭᠣᠸᠠᠩᠳᠦ᠋ᠩ ᠮᠤᠵᠢ ᠶᠢᠨ ᠯᠢᠶᠠᠨᠵᠢᠶᠠᠩ ᠬᠣᠲᠠ ᠶᠢᠨ ᠠᠨ ᠫᠦ ᠪᠠᠯᠭᠠᠰᠤᠨ ᠤ×× ᠲᠣᠰᠬᠣᠨ ᠤ ᠠᠷᠠᠳ ᠾᠧ ᠣᠪᠣᠭᠲᠤ 2018 ᠣᠨ ᠳᠤ ᠨᠢᠭᠡᠨ ᠪᠡᠶ᠎ᠡ ᠶᠢᠨ ᠲᠠᠮᠢᠷ ᠤᠨ ᠤᠷᠤᠯᠳᠤᠭᠠᠨ ᠤ ᠰᠢᠭᠤᠳ ᠨᠡᠪᠲᠡᠷᠡᠭᠦᠯᠭᠡ ᠶᠢᠨ ᠲᠠᠪᠴᠠᠩ ᠤᠨ  ᠭᠣᠣᠯ ᠨᠡᠪᠲᠡᠷᠡᠭᠦᠯᠭᠡ ᠪᠡᠷ ᠳᠡᠯᠭᠡᠷᠡᠭᠦᠯᠵᠦ ᠪᠠᠶᠢᠭᠰᠠᠨ ᠬᠣᠶᠠᠷ ᠬᠡᠮᠵᠢᠯᠳᠦ ᠲᠡᠮᠳᠡᠭ ᠦᠨ ᠴᠥᠷᠬᠡᠯᠡᠭᠡ ᠪᠡᠷ ᠺᠣᠳ᠋ ᠰᠢᠷᠪᠢᠵᠦ ︽ HH77 ᠬᠠᠭᠠᠨ ᠤ ᠲᠢᠲᠢᠮ ︾ ᠲᠠᠪᠴᠠᠩ ᠤᠨ ᠪᠠᠭᠤᠯᠭᠠᠬᠤ ᠲᠠᠯᠠᠪᠤᠷ ᠲᠤ ᠣᠷᠣᠵᠤ ᠬᠠᠭᠠᠨ ᠤ ᠲᠢᠲᠢᠮ ᠦᠨ ᠲᠠᠪᠴᠠᠩ ᠤᠨ APP ᠶᠢ ᠭᠠᠷ ᠤᠲᠠᠰᠤᠨ ᠳᠤ ᠪᠠᠭᠤᠯᠭᠠᠭᠰᠠᠨ ᠤ ᠳᠠᠷᠠᠭ᠎ᠠ ᠂ ᠳᠠᠩᠰᠠᠯᠠᠭᠤᠯᠤᠭᠰᠠᠨ ᠲᠠᠩᠰᠠᠨ ᠨᠣᠮᠧᠷ ᠢᠶᠡᠷ ᠢᠶᠡᠨ ᠮᠥᠷᠥᠶ ᠲᠡᠶ ᠲᠣᠭᠯᠠᠭᠠᠮ ᠨᠠᠭᠠᠳᠤᠭᠰᠠᠨ ᠪᠠᠶᠢᠨ᠎ᠠ ᠃ 2020 ᠣᠨ ᠳᠤ ᠾᠧ ᠣᠪᠣᠭᠲᠤ ᠣᠷᠣᠯᠠᠭᠴᠢ  ᠶᠢᠨ ᠬᠥᠯᠥᠰᠥᠨ ᠮᠥᠩᠭᠥ ᠤᠯᠬᠤ  ᠶᠢᠨ ᠲᠥᠯᠥᠭᠡ ᠰᠦᠯᠵᠢᠶᠡᠨ ᠳᠡᠭᠡᠷᠡᠬᠢ ᠦᠢᠯᠡᠴᠢᠯᠡᠭᠴᠢ ᠲᠡᠶ ᠬᠠᠷᠢᠯᠴᠠᠬᠤ ᠪᠠᠷ ᠳᠠᠮᠵᠢᠭᠤᠯᠤᠨ ᠣᠷᠣᠯᠠᠭᠴᠢ ᠪᠣᠯᠬᠤ ᠪᠠᠷ ᠭᠤᠶᠤᠴᠢᠯᠠᠵᠠᠶ ᠃ 2022 ᠣᠨ ᠤ 11 ᠰᠠᠷ᠎ᠠ  ᠶᠢᠨ ᠳᠡᠯᠡᠬᠡᠶ  ᠶᠢᠨ  ᠬᠤᠨᠳᠤᠭᠠᠲᠤ ᠤᠷᠤᠯᠳᠤᠭᠠᠨ ᠤ ᠬᠤᠭᠤᠴᠠᠭᠠᠨ ᠳᠤ ᠾᠧ ᠣᠪᠣᠭᠲᠤ ︽ ‍ᠳ᠋ᠠ ᠱᠧᠩ ᠪᠥᠮᠪᠥᠭᠡ  ᠶᠢᠨ ᠰᠤᠷᠭᠠᠯ︾ ᠭᠡᠰᠡᠨ ᠳᠠᠭᠤᠲᠤ ᠳᠠᠭᠤᠨ ᠤ ᠳᠣᠬᠢᠶ᠎ᠠ  ᠶᠢ ᠬᠡᠷᠡᠭᠯᠡᠨ ᠳᠠᠭᠤᠲᠤ ᠬᠤᠪᠢ  ᠶᠢᠨ ᠵᠠᠬᠢᠳᠠᠯ ᠢᠶᠠᠷ 20 ᠭᠡᠰᠢᠭᠦᠨ  ᠢ ᠣᠷᠣᠯᠠᠨ ᠬᠣᠯᠪᠣᠬᠤ  ᠶᠢ ᠳᠡᠯᠭᠡᠷᠡᠭᠦᠯᠵᠦ ᠂ 3167.00 ᠲᠥᠭᠥᠷᠢᠭ ᠦᠨ ᠣᠷᠣᠯᠠᠭᠴᠢ  ᠶᠢᠨ ᠬᠥᠯᠥᠰᠥᠨ ᠮᠥᠩᠭᠥ ᠣᠯᠵᠤ ᠂ ᠣᠯᠤᠭᠰᠠᠨ ᠬᠥᠯᠥᠰᠥᠨ ᠮᠥᠩᠭᠥ  ᠶᠢ ᠪᠦᠬᠦᠨ  ᠢᠶᠡᠷ ᠨᠢ ᠦᠷᠭᠦᠯᠵᠢᠯᠡᠨ ᠵᠣᠭᠣᠰ ᠨᠠᠭᠠᠳᠬᠤ ᠳᠤ ᠬᠡᠷᠡᠭᠯᠡᠵᠡᠶ ᠃ ᠬᠡᠷᠡᠭ ᠭᠠᠷᠤᠭᠰᠠᠨ ᠤ ᠳᠠᠷᠠᠭ᠎ᠠ ᠸᠸᠨ ᠬᠤᠤᠠ ᠣᠪᠣᠭᠲᠤ ᠂ ᠸᠸᠨ ᠬᠠᠶ ᠣᠪᠣᠭᠲᠤ ᠂ ᠾᠧ ᠣᠪᠣᠭᠲᠤ ᠰᠠᠨᠠᠭᠠᠴᠢᠯᠠᠭ᠎ᠠ  ᠠᠴᠠ ᠪᠠᠨ ᠣᠷᠣᠯᠠᠭᠴᠢ  ᠶᠢᠨ ᠬᠥᠯᠥᠰᠥᠨ ᠮᠥᠩᠭᠥ  ᠶᠢᠨ ᠬᠠᠤᠯᠢ  ᠶᠢ ᠵᠥᠷᠢᠴᠡᠵᠦ ᠣᠯᠤᠭᠰᠠᠨ ᠣᠯᠵᠠ ᠠᠰᠢᠭ  ᠢ ᠳᠡᠭᠡᠭᠰᠢ ᠲᠤᠰᠢᠶᠠᠵᠠᠶ ᠃ 

ᠬᠠᠤᠯᠢ ᠴᠠᠭᠠᠵᠠ  ᠶᠢᠨ ᠬᠢᠨᠠᠨ ᠲᠣᠭᠲᠠᠭᠠᠯᠲᠠ ᠪᠠᠷ ᠳᠠᠮᠵᠢᠭᠠᠳ ᠂ ︽ HH77 ᠬᠠᠭᠠᠨ ᠤ ᠲᠢᠲᠢᠮ︾ ᠦᠨ ᠵᠣᠭᠣᠰ ᠨᠠᠭᠠᠳᠬᠤ ᠲᠠᠪᠴᠠᠩ ᠨᠢ ᠵᠣᠭᠣᠰ ᠨᠠᠭᠠᠳᠬᠤ ᠳᠤ ᠣᠷᠣᠯᠴᠠᠭᠰᠠᠨ ᠬᠥᠮᠦᠨ ᠣᠯᠠᠨ ᠂ ᠵᠣᠭᠣᠰ ᠨᠠᠭᠠᠳᠬᠤ ᠪᠡᠯᠡ ᠮᠥᠩᠭᠥ ᠣᠨᠴᠠᠭᠠᠶ ᠯᠤᠲᠤ ᠶᠡᠬᠡ ᠪᠠᠶᠢᠵᠤ ᠂ ᠲᠤᠰ ᠰᠦᠯᠵᠢᠶᠡᠨ ᠦ ᠲᠠᠪᠴᠠᠩ ᠨᠢ ᠡᠩ ᠦᠨ ᠵᠣᠭᠣᠰ ᠨᠠᠭᠠᠳᠬᠤ ᠰᠦᠯᠵᠢᠶᠡᠨ ᠦ ᠮᠥᠷᠥᠶ ᠲᠠᠯᠪᠢᠬᠤ ᠂ ᠮᠥᠷᠥᠶ ᠲᠠᠯᠪᠢᠭᠰᠠᠨ ᠦᠷ᠎ᠡ ᠳ᠋ᠦᠩ  ᠢ ᠪᠠᠶᠢᠴᠠᠭᠠᠨ ᠦᠵᠡᠬᠦ ᠂ ᠵᠣᠭᠣᠰ ᠨᠡᠮᠡᠬᠦ ᠂ ᠪᠡᠯᠡᠨ ᠵᠣᠭᠣᠰ ᠭᠠᠷᠭᠠᠵᠤ ᠠᠪᠬᠤ ᠵᠡᠷᠭᠡ ᠴᠢᠳᠠᠮᠵᠢ  ᠶᠢᠨ ᠣᠨᠴᠠᠯᠢᠭ  ᠲᠠᠶ ᠪᠠᠶᠢᠳᠠᠭ ᠃ 

ᠳᠡᠭᠡᠷᠡᠬᠢ ᠬᠡᠷᠡᠭ ᠦᠨ ᠰᠢᠭᠦᠨ ᠲᠠᠰᠤᠯᠤᠭᠰᠠᠨ ᠪᠠᠶᠢᠳᠠᠯ ᠄ 

ᠳᠡᠭᠡᠷ᠎ᠡ ᠳᠤᠷᠠᠳᠤᠭᠰᠠᠨ ᠵᠠᠭᠠᠯᠳᠤᠭᠳᠠᠭᠴᠢ ᠠᠰᠢᠭ ᠬᠣᠨᠵᠢᠪᠣᠷᠢ ᠤᠯᠬᠤ ᠵᠣᠷᠢᠯᠭ᠎ᠠ ᠪᠠᠷ ᠰᠢᠯᠵᠢᠮᠡᠯ ᠮᠡᠳᠡᠭᠡ ᠬᠣᠯᠪᠣᠭᠠᠨ ᠤ ᠦᠵᠦᠭᠦᠷ  ᠢ ᠠᠰᠢᠭᠯᠠᠨ ᠵᠣᠭᠣᠰ ᠨᠠᠭᠠᠳᠬᠤ ᠰᠦᠯᠵᠢᠶᠡᠨ ᠦ ᠥᠷᠲᠡᠭᠡ ᠳᠦ ᠣᠷᠣᠯᠠᠭᠴᠢ ᠪᠣᠯᠵᠤ ᠂ ᠣᠨᠴᠠ ᠲᠣᠭᠲᠠᠭᠰᠠᠨ ᠪᠤᠰᠤ ᠬᠥᠮᠦᠰ ᠢ ᠵᠣᠬᠢᠶᠠᠨ ᠪᠠᠶᠢᠭᠤᠯᠤᠨ ᠵᠣᠭᠣᠰ ᠨᠠᠭᠠᠳᠬᠤ ᠳᠤ ᠣᠷᠣᠯᠴᠠᠭᠤᠯᠵᠤ ᠂ ᠵᠣᠭᠣᠰ ᠨᠠᠭᠠᠳᠬᠤ ᠰᠢᠨᠵᠢ ᠴᠢᠨᠠᠷ ᠪᠦᠬᠦᠢ APP  ᠪᠠᠷ ᠳᠠᠮᠵᠢᠭᠤᠯᠤᠨ ᠠᠰᠢᠭ ᠣᠯᠵᠤ ᠂ ᠶᠠᠯ᠎ᠠ ᠬᠢᠭᠰᠡᠨ ᠪᠣᠳᠠᠲᠤ ᠶᠠᠪᠤᠳᠠᠯ ᠨᠢ ᠲᠣᠳᠣᠷᠬᠠᠶ᠂ ᠭᠡᠷᠡᠴᠢ ᠪᠠᠷᠢᠮᠲᠠ ᠨᠢ ᠦᠨᠡᠨ ᠪᠣᠳᠠᠲᠠᠶ᠂ ᠪᠦᠷᠢᠨ ᠭᠦᠢᠴᠡᠳ ᠪᠠᠶᠢᠵᠤ᠂ ᠲᠡᠭᠦᠨ ᠦ ᠦᠢᠯᠡ ᠠᠵᠢᠯᠯᠠᠭ᠎ᠠ ᠨᠢ ᠨᠢᠭᠡᠨᠲᠡ ᠵᠣᠭᠣᠰ ᠨᠠᠭᠠᠳᠬᠤ ᠭᠠᠵᠠᠷ ᠭᠠᠷᠭᠠᠭᠰᠠᠨ ᠶᠠᠯ᠎ᠠ ᠪᠣᠯᠵᠤ ᠪᠦᠷᠢᠯᠳᠦᠵᠡᠶ᠃ ᠵᠠᠷᠤᠳ ᠬᠣᠰᠢᠭᠤᠨ ᠤ ᠠᠷᠠᠳ ᠤᠨ ᠰᠢᠭᠦᠬᠦ ᠬᠣᠷᠢᠶ᠎ᠠ ᠰᠢᠭᠦᠨ ᠰᠢᠶᠳᠪᠦᠷᠢᠯᠡᠬᠦ ᠪᠡᠷ ᠳᠡᠮᠵᠢᠨ᠂ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ  ᠡᠷᠡᠭᠦᠣ ᠶᠢᠨ  ᠬᠠᠥᠯᠢ ︾ ᠶᠢᠨ ᠭᠤᠷᠪᠠᠨ ᠵᠠᠭᠤ ᠭᠤᠷᠪᠠᠳᠤᠭᠠᠷ ᠵᠦᠶᠯ ᠦᠨ ᠬᠣᠶᠠᠳᠤᠭᠠᠷ ᠵᠤᠷᠪᠤᠰ ᠤᠨ ᠲᠣᠭᠲᠠᠭᠠᠯ ᠶᠣᠰᠣᠭᠠᠷ ᠂ ᠳᠡᠭᠡᠷ᠎ᠡ ᠳᠤᠷᠠᠳᠤᠭᠰᠠᠨ ᠵᠠᠭᠠᠯᠳᠤᠭᠳᠠᠭᠴᠢ ᠶᠢ ᠵᠣᠬᠢᠬᠤ ᠡᠷᠡᠭᠤᠤ ᠶᠢᠨ ᠰᠢᠳᠬᠡᠯ ᠢᠶᠡᠷ ᠰᠢᠳᠬᠡᠵᠡᠶ ᠃ 

ᠳᠣᠯᠣᠭ᠎ᠠ ᠂ᠣᠳᠣᠬᠠᠨ ᠳᠤ ᠮᠠᠯᠵᠢᠬᠤ ᠲᠠᠷᠢᠶᠠᠯᠠᠬᠤ ᠣᠷᠣᠨ ᠤ ᠰᠦᠯᠵᠢᠶ᠎ᠡ ᠪᠡᠷ ᠵᠣᠭᠣᠰ ᠨᠠᠭᠠᠳᠬᠤ ᠶᠠᠪᠤᠳᠠᠯ ᠤᠯᠠᠮ ᠢᠶᠠᠷ ᠳᠡᠯᠭᠡᠷᠡᠵᠦ ᠪᠠᠶᠢᠭ᠎ᠠ ᠰᠢᠯᠲᠠᠭᠠᠨ ᠤ ᠵᠠᠳᠠᠯᠤᠯᠲᠠ 

ᠵᠣᠭᠣᠰ ᠨᠠᠭᠠᠳᠬᠤ ᠨᠢ ᠨᠢᠭᠡ ᠵᠦᠢᠯ ᠦᠨ ᠤᠯᠠᠮᠵᠢᠯᠠᠯᠲᠤ ᠮᠠᠭᠤ ᠳᠠᠳᠬᠠᠯ ᠪᠣᠯᠤᠭᠰᠠᠨ ᠤ ᠬᠤᠪᠢ ᠳᠤ᠂ ᠨᠡᠶᠢᠭᠡᠮ ᠦᠨ ᠠᠮᠤᠷ ᠲᠦᠪᠰᠢᠨ ᠢ ᠰᠠᠮᠠᠭᠤᠷᠠᠭᠤᠯᠬᠤ ᠬᠣᠣᠷᠲᠤ ᠬᠠᠪᠤᠳᠠᠷ ᠮᠥᠨ᠂ ᠲᠡᠷᠡ ᠨᠢ ᠬᠡᠪ ᠦᠨ ᠦᠢᠯᠡᠳᠪᠦᠷᠢᠯᠡᠯ᠂ ᠠᠮᠢᠳᠤᠷᠠᠯ ᠢ ᠨᠥᠯᠥᠭᠡᠯᠡᠬᠦ ᠪᠡᠷ ᠪᠠᠷᠠᠬᠤ ᠦᠭᠡᠢ ᠨᠠᠮ ᠪᠠ ᠵᠠᠰᠠᠭ ᠤᠨ ᠣᠷᠳᠣᠨ ᠤ ᠳᠦᠷᠢ ᠲᠥᠷᠬᠦ ᠶᠢ ᠴᠦ ᠬᠠᠷᠰᠢᠯᠠᠳᠠᠭ᠃ ᠣᠶᠢᠷ᠎ᠠ ᠶᠢᠨ ᠵᠢᠯ ᠦᠳ ᠲᠦ ᠮᠠᠨ ᠤ ᠬᠣᠷᠢᠶᠠᠨ ᠤ ᠰᠢᠢᠳᠭᠡᠭᠰᠡᠨ ᠰᠦᠯᠵᠢᠶ᠎ᠡ ᠪᠡᠷ ᠵᠣᠭᠣᠰ ᠨᠠᠭᠠᠳᠤᠭᠰᠠᠨ ᠶᠠᠯᠠᠲᠤ ᠬᠡᠷᠡᠭ ᠲᠦ ᠬᠣᠯᠪᠣᠭᠳᠠᠭᠰᠠᠨ ᠬᠡᠷᠡᠭ ᠡᠴᠡ ᠵᠠᠳᠠᠯᠪᠠᠯ ᠳᠣᠣᠷᠠᠬᠢ ᠮᠡᠲᠦ ᠰᠢᠯᠲᠠᠭᠠᠨ ᠲᠠᠶ ᠄ 

1. ᠰᠦᠯᠵᠢᠶ᠎ᠡ ᠪᠡᠷ ᠵᠣᠭᠣᠰ ᠨᠠᠭᠠᠳᠬᠤ ᠠᠷᠭ᠎ᠠ ᠮᠠᠶ᠋ᠢᠭ ᠨᠢ ᠨᠢᠭᠤᠴᠠ ᠳᠠᠯᠳᠠ ᠂ ᠬᠡᠷᠡᠭᠯᠡᠬᠦ ᠳᠦ ᠲᠥᠬᠥᠮ ᠂ ᠴᠣᠬᠢᠯᠲᠠ ᠥᠭᠬᠦ ᠳᠦ ᠶᠡᠬᠡ ᠬᠦᠴᠢᠷ ᠲᠡᠶ ᠃ ᠢᠨᠲ᠋ᠸᠷ ᠰᠦᠯᠵᠢᠶᠡᠨ ᠦ ᠲᠦᠭᠡᠮᠡᠯᠵᠢᠯᠲᠡ ᠪᠠ ᠰᠦᠯᠵᠢᠶᠡᠨ ᠳᠦ ᠭᠠᠷᠬᠤ ᠬᠡᠷᠡᠭᠯᠡᠭᠴᠢᠳ ᠦᠨ ᠦᠳᠲᠡᠷ ᠲᠦᠷᠭᠡᠨ ᠨᠡᠮᠡᠭᠳᠡᠬᠦ ᠶᠢ ᠳᠠᠭᠠᠯᠳᠤᠨ ᠂ ᠰᠦᠯᠵᠢᠶ᠎ᠡ ᠶᠢ ᠠᠰᠢᠭᠯᠠᠨ ᠵᠣᠭᠣᠰ ᠨᠠᠭᠠᠳᠬᠤ ᠠᠵᠢᠯᠯᠠᠭ᠎ᠠ ᠴᠤ ᠶᠠᠪᠤᠬᠤ ᠲᠤᠲᠤᠮ ᠬᠡᠴᠡᠭᠦᠳᠡᠵᠦ ᠪᠠᠶᠢᠨ᠎ᠠ ᠃ ᠤᠯᠠᠮᠵᠢᠯᠠᠯᠲᠤ ᠵᠣᠭᠣᠰ ᠨᠠᠭᠠᠳᠬᠤ ᠭᠠᠵᠠᠷ ᠤᠨ ᠵᠣᠭᠣᠰ ᠨᠠᠭᠠᠳᠬᠤ  ᠲᠠᠶ ᠠᠳᠠᠯᠢᠳᠬᠠᠪᠠᠯ ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠨᠢ ᠨᠡᠩ ᠲᠦᠷᠭᠡᠨ ᠪᠥᠭᠡᠳ ᠳᠥᠭᠥᠮ ᠪᠣᠯᠵᠤ ᠂ ᠵᠣᠭᠣᠰ ᠣᠷᠣᠭᠤᠯᠬᠤ ᠂ ᠪᠡᠯᠡ ᠮᠥᠩᠭᠥ  ᠶᠢ ᠭᠠᠷᠳᠠᠮ ᠭᠦᠢᠴᠡᠳᠬᠡᠬᠦ ᠳᠦ ᠵᠥᠪᠬᠡᠨ ᠬᠤᠯᠤᠭᠠᠨ᠎ᠠ ᠂ ᠬᠤᠷᠤᠭᠤ ᠪᠠᠨ ᠳᠣᠬᠢᠪᠠᠯ ᠪᠣᠯᠴᠢᠬᠠᠨ᠎ᠠ ᠃ ᠣᠳᠣᠬᠠᠨ ᠤ ᠨᠡᠶᠢᠭᠡᠮ ᠠᠵᠤ ᠠᠬᠤᠶ ᠨᠡᠶᠢᠭᠡᠮ ᠦᠨ ᠲᠦᠷᠭᠡᠨ ᠬᠥᠭᠵᠢᠯᠲᠡ ᠶᠢ ᠳᠠᠭᠠᠯᠳᠤᠨ᠂ ᠣᠯᠠᠩᠬᠢ ᠬᠥᠮᠦᠰ ᠦᠨ ᠠᠵᠤ ᠠᠬᠤᠶ ᠶᠢᠨ ᠠᠮᠢᠳᠤᠷᠠᠯ ᠤᠨ ᠳᠠᠷᠤᠯᠲᠠ ᠶᠡᠬᠡᠳᠴᠦ᠂ ᠮᠠᠰᠢ ᠤᠯᠠᠨ ᠰᠦᠯᠵᠢᠶᠡᠨ ᠦ ᠤᠬᠠᠭᠤᠯᠭ᠎ᠠ ᠶᠢᠨ ᠮᠡᠳᠡᠭᠡ ᠵᠠᠩᠭᠢ ᠲᠩᠷᠢ ᠭᠠᠵᠠᠷ ᠢ ᠪᠦᠷᠬᠦᠵᠦ᠂ ᠶᠠᠭ ᠬᠥᠮᠦᠰ ᠦᠨ ᠵᠣᠭᠣᠰ ᠬᠣᠨᠵᠢᠬᠤ᠂ ᠲᠦᠷᠭᠡᠨ ᠵᠣᠭᠣᠰ ᠤᠯᠬᠤ ᠰᠡᠳᠬᠢᠴᠡ ᠶᠢ ᠠᠰᠢᠭᠯᠠᠵᠤ᠂ ᠵᠠᠷᠢᠮ ᠰᠦᠯᠵᠢᠶᠡᠨ ᠦ ᠦᠷᠲᠡᠭᠡ ᠨᠢ ᠵᠠᠷᠢᠮ ᠰᠦᠯᠵᠢᠶᠡᠨ ᠦ ᠵᠣᠭᠣᠰ ᠨᠠᠭᠠᠳᠬᠤ ᠰᠦᠯᠵᠢᠶᠡᠨ ᠦ ᠦᠷᠲᠡᠭᠡ ᠳᠦ ᠵᠠᠪᠰᠢᠬᠤ ᠲᠣᠬᠢᠶᠠᠯ ᠣᠯᠭᠣᠵᠤ᠂ ᠳᠠᠮ ᠢᠶᠠᠷ ᠵᠣᠭᠣᠰ ᠨᠠᠭᠠᠳᠬᠤ ᠰᠦᠯᠵᠢᠶᠡᠨ ᠦ ᠦᠷᠲᠡᠭᠡ ᠶᠢ ᠬᠠᠪᠰᠤᠷᠤᠨ ᠤᠬᠠᠭᠤᠯᠭ᠎ᠠ ᠬᠢᠵᠦ ᠪᠠᠶᠢᠨ᠎ᠠ᠃ ᠡᠳᠡᠭᠡᠷ ᠰᠦᠯᠵᠢᠶᠡᠨ ᠳᠡᠭᠡᠷ᠎ᠡ ᠵᠣᠭᠣᠰ ᠨᠠᠭᠠᠳᠬᠤ ᠲᠠᠪᠴᠠᠩ ᠤᠨ ᠣᠯᠠᠩᠬᠢ ᠨᠢ ᠴᠥᠮ ᠪᠦᠯᠬᠦᠮ ᠨᠡᠶᠢᠲᠡ ᠪᠡᠷ ᠬᠡᠷᠡᠭ ᠦᠢᠯᠡᠳᠴᠦ ᠂ ᠠᠮᠢᠳᠤᠷᠠᠯ ᠤᠨ ᠲᠠᠯ᠎ᠠ ᠪᠦᠬᠦᠨ ᠳᠦ ᠨᠡᠪᠲᠡᠷᠡᠨ ᠂ ᠬᠥᠮᠦᠰ  ᠢ ᠰᠡᠷᠭᠡᠶᠢᠯᠡᠬᠦ  ᠶᠢᠨ ᠠᠷᠭ᠎ᠠ ᠦᠭᠡᠶ ᠪᠣᠯᠭᠠᠳᠠᠭ ᠃ ᠢᠯᠠᠩᠭᠤᠶ᠎ᠠ ᠵᠠᠷᠢᠮ ᠬᠠᠤᠯᠢ ᠪᠤᠰᠤ ᠡᠲᠡᠭᠡᠳ ᠢᠨᠲ᠋ᠸᠷ ᠰᠦᠯᠵᠢᠶ᠎ᠡ ᠶᠢ ᠠᠰᠢᠭᠯᠠᠨ ᠤᠯᠤᠰ ᠠᠯᠤᠰᠯᠠᠨ ᠵᠣᠭᠣᠰ ᠨᠠᠭᠠᠳᠬᠤ ᠠᠵᠢᠯᠯᠠᠭ᠎ᠠ ᠶᠢ ᠶᠡᠬᠡ ᠪᠡᠷ ᠵᠣᠬᠢᠶᠠᠨ ᠪᠠᠶᠢᠭᠤᠯᠵᠤ᠂ ᠠᠷᠠᠳ ᠤᠯᠠᠨ ᠤ ᠪᠡᠶ᠎ᠡ ᠰᠡᠳᠬᠢᠯ ᠦᠨ ᠡᠷᠡᠭᠦᠯ ᠮᠡᠨᠳᠤ ᠪᠠ ᠢᠨᠲ᠋ᠸᠷ ᠰᠦᠯᠵᠢᠶᠡᠨ ᠦ ᠬᠡᠪ ᠦᠨ ᠬᠠᠮᠢᠶᠠᠷᠤᠯᠲᠠ ᠶᠢᠨ ᠡᠮᠬᠢ ᠵᠢᠷᠤᠮ ᠢ ᠬᠦᠨᠳᠦ ᠨᠣᠴᠢᠲᠠᠶ ᠬᠣᠬᠢᠷᠠᠭᠤᠯᠵᠤ᠂ ᠨᠡᠶᠢᠭᠡᠮ ᠦᠨ ᠬᠡᠪ ᠰᠤᠷᠲᠠᠯ ᠢ ᠮᠠᠭᠤᠳᠠᠭᠤᠯᠤᠭᠰᠠᠨ ᠢᠶᠠᠷ ᠪᠠᠷᠠᠬᠤ ᠦᠭᠡᠢ ᠪᠠᠰᠠ ᠶᠡᠬᠡ ᠬᠡᠮᠵᠢᠶᠡᠨ ᠦ ᠪᠡᠯᠡ ᠮᠥᠩᠭᠥ ᠶᠢ ᠬᠠᠤᠯᠢ ᠪᠤᠰᠤ ᠪᠠᠷ ᠭᠠᠳᠠᠭᠰᠢ ᠭᠠᠷᠭᠠᠵᠤ᠂ ᠠᠵᠤ ᠠᠬᠤᠶ ᠶᠢᠨ ᠡᠮᠬᠢ ᠵᠢᠷᠤᠮ ᠢ ᠬᠦᠨᠳᠦ ᠨᠣᠴᠢᠲᠠᠶ ᠡᠪᠳᠡᠵᠦ᠂ ᠨᠡᠶᠢᠭᠡᠮ ᠦᠨ ᠡᠶ᠎ᠡ ᠵᠣᠬᠢᠴᠠᠯ ᠪᠠ ᠲᠣᠭᠲᠠᠭᠤᠨ ᠪᠠᠶᠢᠳᠠᠯ ᠢ ᠨᠥᠯᠥᠭᠡᠯᠡᠵᠦ ᠪᠠᠶᠢᠨ᠎ᠠ︔ 

2. ᠦᠵᠡᠯ ᠰᠠᠨᠠᠭ᠎ᠠ ᠲᠠᠨᠢᠯᠲᠠ ᠶᠢᠨ ᠲᠠᠯ᠎ᠠ ᠪᠠᠷ  ᠡᠨᠳᠡᠭᠦᠦ ᠪᠤᠷᠤᠭᠤ ᠭᠠᠷᠴᠤ᠂ ᠬᠠᠤᠯᠢ ᠴᠠᠭᠠᠵᠠ ᠶᠢᠨ ᠦᠵᠡᠯ ᠤᠬᠠᠮᠰᠠᠷ ᠢᠶᠠᠷ ᠳᠤᠲᠠᠮᠠᠭ ᠪᠠᠶᠢᠵᠤ᠂ ᠵᠣᠭᠣᠰ ᠨᠠᠭᠠᠳᠬᠤ ᠶᠠᠯᠠᠲᠤ ᠠᠵᠢᠯᠯᠠᠭ᠎ᠠ ᠶᠢᠨ ᠬᠣᠣᠷ ᠬᠦᠨᠦᠭᠡᠯᠳᠦ ᠴᠢᠨᠠᠷ ᠤᠨ ᠲᠤᠬᠠᠶ ᠲᠠᠨᠢᠯᠲᠠ ᠪᠠᠷ ᠳᠤᠲᠠᠮᠠᠭ ᠪᠠᠶᠢᠬᠤ᠃ ᠬᠥᠳᠡᠭᠡ ᠲᠣᠰᠬᠣᠨ ᠤ ᠭᠠᠵᠠᠷ ᠵᠦᠶ ᠶᠢᠨ ᠣᠷᠴᠢᠨ ᠲᠣᠭᠣᠷᠢᠨ ᠨᠢ ᠣᠨᠴᠠᠭᠠᠶ ᠂ ᠵᠠᠮ ᠬᠠᠷᠢᠯᠴᠠᠭ᠎ᠠ ᠳᠥᠭᠥᠮ ᠦᠭᠡᠢ ᠡᠴᠡ ᠪᠣᠯᠵᠣ ᠂ ᠢᠨᠲ᠋ᠸᠷ ᠰᠦᠯᠵᠢᠶ᠎ᠡ ᠶᠢᠨ ᠬᠥᠭᠵᠢᠯᠲᠡ ᠨᠢ ᠰᠠᠭᠤᠭᠠᠯᠢ ᠠᠷᠠᠳ ᠤᠨ ᠰᠣᠯᠢᠯᠴᠠᠭᠠᠨ ᠤ ᠠᠷᠭ᠎ᠠ ᠮᠠᠶ᠋ᠢᠭ ᠢ ᠨᠥᠬᠥᠪᠥᠷᠢᠯᠡᠪᠡ ᠃ ᠮᠠᠯᠵᠢᠬᠤ ᠲᠠᠷᠢᠶᠠᠯᠠᠬᠤ ᠣᠷᠣᠨ ᠤ ᠬᠥᠮᠦᠰ ᠦᠨ ᠰᠣᠶᠣᠯ ᠤᠨ ᠬᠢᠷᠢ ᠬᠡᠮᠵᠢᠶ᠎ᠡ ᠬᠠᠷᠢᠴᠠᠩᠭᠤᠶ ᠪᠠᠷ ᠨᠡᠯᠢᠶᠡᠳ ᠳᠣᠣᠷ᠎ᠠ ᠂ ᠬᠥᠮᠦᠰ ᠦᠨ ᠵᠣᠭᠣᠰ ᠨᠠᠭᠠᠳᠬᠤ ᠬᠣᠣᠷ ᠬᠥᠨᠥᠭᠡᠯ ᠦᠨ ᠲᠤᠬᠠᠶ ᠲᠠᠨᠢᠯᠲᠠ ᠳᠤᠲᠠᠮᠠᠭ ᠪᠠᠶᠢᠵᠤ᠂ ᠵᠠᠷᠢᠮ ᠬᠥᠮᠦᠨ ᠵᠣᠭᠣᠰ ᠨᠠᠭᠠᠳᠬᠤ ᠪᠣᠯ ᠵᠥᠪᠬᠡᠨ ᠨᠢᠭᠡ ᠵᠦᠢᠯ ᠦᠨ ᠬᠤᠪᠢ ᠬᠥᠮᠦᠨ ᠦ ᠠᠵᠢᠯᠯᠠᠭ᠎ᠠ ᠮᠥᠨ᠂ ︽ᠪᠠᠭ᠎ᠠ ᠰᠠᠭ᠎ᠠ ᠵᠣᠭᠣᠰ ᠨᠠᠭᠠᠳᠬᠤ ᠰᠡᠳᠬᠢᠯᠭᠡ ᠶᠢ ᠪᠠᠶᠠᠰᠬᠠᠬᠤ︾ ᠨᠢ ᠨᠡᠶᠢᠭᠡᠮ᠂ ᠭᠡᠷ ᠪᠦᠯᠢ ᠳᠦ ᠬᠣᠣᠷ ᠬᠥᠨᠥᠭᠡᠯ ᠪᠣᠯᠬᠤ ᠦᠭᠡᠢ᠂ ᠭᠠᠶᠢᠬᠠᠵᠤ ᠰᠣᠴᠢᠬᠤ ᠬᠡᠷᠡᠭ ᠦᠭᠡᠢ ᠭᠡᠵᠦ ᠦᠵᠡᠳᠡᠭ᠂ ᠡᠶᠢᠮᠦ ᠡᠴᠡ ᠵᠣᠭᠣᠰ ᠨᠠᠭᠠᠳᠬᠤ ᠮᠠᠭᠤ ᠳᠠᠳᠬᠠᠯ ᠢ ᠳᠤᠷ᠎ᠠ ᠪᠠᠷ ᠨᠢ ᠲᠠᠯᠪᠢᠬᠤ ᠨᠡᠶᠢᠭᠡᠮ ᠦᠨ ᠰᠡᠳᠬᠢᠴᠡ ᠲᠡᠶ ᠪᠠᠶᠢᠵᠤ᠂ ᠵᠣᠭᠣᠰ ᠨᠠᠭᠠᠳᠬᠤ ᠠᠵᠢᠯᠯᠠᠭ᠎ᠠ ᠶᠢ ᠵᠢᠮᠡᠯᠡᠪᠡᠰᠦ ᠵᠣᠬᠢᠬᠤ ᠵᠢᠮᠡᠯᠡᠯ ᠦᠨ ᠬᠦᠴᠦᠨ ᠢᠶᠡᠷ ᠳᠤᠲᠠᠮᠠᠭ ᠪᠣᠯᠭᠠᠵᠤ᠂ ᠵᠣᠭᠣᠰ ᠨᠠᠭᠠᠳᠬᠤ ᠠᠵᠢᠯᠯᠠᠭ᠎ᠠ ᠶᠢᠨ ᠥᠷᠭᠡᠵᠢᠨ ᠳᠡᠯᠭᠡᠷᠡᠬᠦ ᠶᠢ ᠪᠦᠲᠦᠮᠵᠢᠲᠡᠶ ᠪᠡᠷ ᠬᠣᠷᠢᠭᠯᠠᠵᠤ ᠴᠢᠳᠠᠭᠰᠠᠨ ᠦᠭᠡᠢ︔ ᠡᠭᠦᠨ ᠡᠴᠡ ᠭᠠᠳᠠᠨ᠎ᠠ ᠂ ᠮᠠᠯᠵᠢᠬᠤ ᠲᠠᠷᠢᠶᠠᠯᠠᠬᠤ ᠣᠷᠣᠨ ᠤ ᠭᠠᠵᠠᠷ ᠣᠷᠣᠨ ᠤ ᠠᠵᠤ ᠠᠬᠤᠶ ᠶᠢᠨ ᠣᠷᠣᠯᠭ᠎ᠠ ᠶᠢᠨ ᠠᠷᠭ᠎ᠠ ᠵᠠᠮ ᠲᠠᠩ ᠴᠤᠯᠭᠤᠶ ᠪᠠᠶᠢᠵᠤ ᠂ ᠬᠥᠳᠡᠭᠡ ᠲᠣᠰᠬᠣᠨ ᠤ ᠠᠮᠢᠳᠤᠷᠠᠯ ᠤᠨ ᠴᠢᠨᠠᠷ ᠴᠢᠨᠰᠠᠭ᠎ᠠ ᠨᠡᠶᠢᠳᠡᠮ ᠳᠡᠭᠡᠨ ᠥᠨᠳᠥᠷ ᠪᠢᠰᠢ ᠪᠠᠶᠢᠵᠤ ᠂ ᠮᠠᠰᠢ ᠣᠯᠠᠨ ᠬᠥᠮᠦᠨ ᠰᠦᠯᠵᠢᠶᠡᠨ ᠳᠡᠭᠡᠷ᠎ᠡ ᠵᠣᠭᠣᠰ ᠨᠠᠭᠠᠳᠬᠤ ᠳᠤᠮᠳᠠᠬᠢ ᠥᠨᠳᠥᠷ ᠠᠰᠢᠭ ᠣᠷᠣᠯᠭ᠎ᠠ ᠳᠤ ᠲᠥᠭᠡᠷᠢᠭᠳᠡᠨ ᠂ ᠵᠣᠭᠣᠰ ᠨᠠᠭᠠᠳᠬᠤ ᠳᠤ ᠬᠡᠲᠦᠷᠬᠡᠶ ᠲᠦᠰᠢᠭᠯᠡᠵᠦ ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠪᠠᠷ ᠳᠠᠮᠵᠢᠭᠤᠯᠤᠨ ᠠᠵᠤ ᠠᠬᠤᠶ ᠶᠢᠨ ᠠᠰᠠᠭᠤᠳᠠᠯ ᠢᠶᠠᠨ ᠰᠠᠶᠢᠵᠢᠷᠠᠭᠤᠯᠬᠤ ᠰᠠᠨᠠᠭ᠎ᠠ ᠲᠠᠶ ᠪᠠᠶᠢᠨ᠎ᠠ ︔ 

3. ᠬᠥᠳᠡᠭᠡ ᠲᠣᠰᠬᠣᠨ ᠤ ᠰᠣᠶᠣᠯ ᠤᠨ ᠪᠠᠶᠢᠭᠤᠯᠤᠯᠲᠠ ᠬᠣᠴᠣᠷᠴᠤ ᠂ ᠵᠤᠭ᠎ᠠ ᠴᠡᠩᠭᠡᠯ ᠦᠨ ᠲᠥᠷᠥᠯ ᠵᠦᠶᠯ ᠲᠠᠩ ᠴᠤᠯᠭᠤᠶ ᠪᠠᠶᠢᠨ᠎ᠠ ᠃ ᠤᠢᠢᠷ᠎ᠠ ᠶᠢᠨ ᠵᠢᠯ ᠦᠳ ᠲᠦ ᠬᠡᠳᠦᠶᠢᠪᠡᠷ ᠬᠥᠳᠡᠭᠡ ᠲᠣᠰᠬᠣᠨ ᠤ ᠰᠣᠶᠣᠯ ᠤᠨ ᠦᠢᠯᠡᠰ ᠮᠠᠰᠢ ᠶᠡᠬᠡ ᠲᠠᠪᠰᠢᠯᠳᠠ ᠲᠠᠶ ᠪᠣᠯᠤᠭᠰᠠᠨ ᠪᠣᠯᠪᠠᠴᠤ ᠠᠷᠠᠳ ᠲᠦᠮᠡᠨ ᠦ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠣᠶᠣᠯ ᠤᠨ ᠬᠡᠷᠡᠭᠴᠡᠭᠡ ᠲᠡᠶ ᠬᠠᠷᠢᠴᠠᠭᠤᠯᠪᠠᠯ ᠮᠥᠨ ᠯᠡ ᠵᠥᠷᠢᠶ᠎ᠡ ᠲᠡᠶ ᠪᠠᠶᠢᠨ᠎ᠠ᠃ ᠡᠨᠡ ᠬᠦ ᠵᠥᠷᠢᠴᠡᠯ ᠦᠨ ᠡᠳᠦᠷ ᠢᠷᠡᠬᠦᠶ᠎ᠡ ᠬᠤᠷᠴᠠᠳᠤᠭᠰᠠᠨ ᠨᠢ ᠵᠣᠭᠣᠰ ᠨᠠᠭᠠᠳᠬᠤ ᠶᠢᠨ ᠬᠥᠭᠵᠢᠯᠲᠡ ᠳᠦ ᠵᠢᠭᠰᠠᠭᠠᠯ ᠤᠨ ᠭᠠᠵᠠᠷ ᠬᠠᠩᠭᠠᠨ ᠥᠭᠴᠦ᠂ ᠵᠣᠭᠣᠰ ᠨᠠᠭᠠᠳᠬᠤ ᠭᠠᠵᠠᠷ ᠪᠠᠶᠢᠭᠤᠯᠬᠤ ᠳᠤ ᠵᠠᠪᠰᠢᠬᠤ ᠲᠣᠬᠢᠶᠠᠯ ᠣᠯᠭᠣᠵᠤ᠂ ᠵᠠᠷᠢᠮ ᠭᠠᠵᠠᠷ ᠤᠨ ᠬᠢᠨ ᠫᠠᠢ ᠨᠠᠭᠠᠳᠤᠨ ᠵᠣᠭᠣᠰ ᠨᠠᠭᠠᠳᠬᠤ ᠨᠢ ᠪᠠᠷᠤᠭ ᠮᠠᠯᠴᠢᠨ ᠲᠠᠷᠢᠶᠠᠴᠢᠨ ᠤ ᠰᠣᠶᠣᠯ ᠤᠨ ᠭᠣᠣᠯ ᠠᠵᠢᠯᠯᠠᠭ᠎ᠠ ᠪᠤᠯᠵᠤ᠂ ︽ᠠᠶᠢᠯ ᠪᠣᠯᠭᠠᠨ ᠳᠤ ᠴᠠᠢ ᠶᠢᠨ ᠮᠤᠬᠤᠯᠠᠭ ᠲᠠᠶ᠂ ᠮᠠᠵᠢᠶᠠᠩ ᠨᠠᠭᠠᠳᠬᠤ ᠲᠠᠭᠤᠨ ᠲᠠᠰᠤᠷᠠᠰᠢ ᠦᠭᠡᠢ︾ ᠪᠠᠶᠢᠳᠠᠯ ᠢ ᠪᠤᠢ ᠪᠣᠯᠭᠠᠭᠰᠠᠨ ᠪᠠᠶᠢᠨ᠎ᠠ᠃ ᠡᠨᠡ ᠬᠦ ᠵᠥᠷᠢᠴᠡᠯ ᠦᠨ ᠡᠳᠦᠷ ᠢᠷᠡᠬᠦᠶ᠎ᠡ ᠬᠤᠷᠴᠠᠳᠤᠭᠰᠠᠨ ᠶᠠᠪᠤᠳᠠᠯ ᠨᠢ ᠵᠣᠭᠣᠰ ᠨᠠᠭᠠᠳᠬᠤ ᠭᠠᠵᠠᠷ ᠤᠨ ᠬᠥᠭᠵᠢᠯᠲᠡ ᠳᠦ ᠠᠰᠢᠭᠲᠠᠶ ᠪᠠᠶᠢᠳᠠᠯ ᠢ ᠪᠤᠢ ᠪᠣᠯᠭᠠᠭᠰᠠᠨ ᠪᠠᠶᠢᠨ᠎ᠠ᠃ ᠵᠠᠷᠢᠮ ᠭᠠᠵᠠᠷ ᠤᠨ ᠬᠢᠨ ᠬᠦᠵᠦᠷ ᠨᠠᠭᠠᠳᠤᠨ ᠵᠣᠭᠣᠰ ᠨᠠᠭᠠᠳᠬᠤ ᠶᠠᠪᠤᠳᠠᠯ ᠨᠢ ᠪᠠᠷᠤᠭ ᠯᠠ ᠮᠠᠯᠴᠢᠨ ᠲᠠᠷᠢᠶᠠᠴᠢᠨ ᠤ ᠰᠣᠶᠣᠯ ᠤᠨ ᠠᠵᠢᠯᠯᠠᠭ᠎ᠠ ᠶᠢ ᠪᠤᠢ ᠪᠣᠯᠭᠠᠭᠰᠠᠨ ᠪᠠᠶᠢᠨ᠎ᠠ᠃ 

ᠨᠠᠢ᠌ᠮᠠ ᠂ ᠰᠦᠯᠵᠢᠶ᠎ᠡ ᠪᠡᠷ ᠵᠣᠭᠣᠰ ᠨᠠᠭᠠᠳᠬᠤ ᠶᠢ ᠰᠡᠷᠭᠡᠶᠢᠯᠡᠬᠦ ᠠᠷᠭ᠎ᠠ ᠬᠡᠮᠵᠢᠶ᠎ᠡ 

1. ᠨᠡᠶᠢᠭᠡᠮ ᠦᠨ ᠳᠠᠪᠬᠤᠷᠭ᠎ᠠ ᠠᠴᠠ ᠰᠦᠯᠵᠢᠶ᠎ᠡ ᠪᠡᠷ ᠵᠣᠭᠣᠰ ᠨᠠᠭᠠᠳᠬᠤ ᠠᠵᠢᠯᠯᠠᠭ᠎ᠠ ᠳᠤ ᠴᠣᠬᠢᠯᠲᠠ ᠥᠭᠬᠦ ᠡᠷᠴᠢᠮ ᠢᠶᠡᠨ ᠴᠢᠩᠭᠠᠷᠠᠭᠤᠯᠵᠤ᠂ ᠰᠦᠯᠵᠢᠶ᠎ᠡ ᠪᠡᠷ ᠵᠣᠭᠣᠰ ᠨᠠᠭᠠᠳᠬᠤ ᠶᠠᠯᠠᠲᠤ ᠠᠵᠢᠯᠯᠠᠭ᠎ᠠ ᠳᠤ  ᠴᠢᠩᠭ᠎ᠠ ᠴᠣᠬᠢᠯᠲᠠ ᠥᠭᠴᠦ᠂ ᠶᠠᠯᠠᠲᠤ ᠡᠲᠡᠭᠡᠳ ᠢ ᠴᠢᠩᠭ᠎ᠠ  ᠰᠢᠢᠳᠭᠡᠬᠦ ᠬᠡᠷᠡᠭᠲᠡᠶ︔ ᠰᠦᠯᠵᠢᠶᠡᠨ ᠦ ᠠᠵᠢᠯᠯᠠᠭᠠᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠰᠦᠯᠵᠢᠶᠡᠨ ᠦ ᠮᠥᠷᠥᠶ ᠲᠡᠶ ᠲᠣᠭᠯᠠᠭᠠᠮ ᠤᠨ ᠴᠤᠬᠤᠶᠢᠯᠲᠠ ᠶᠢ ᠣᠯᠵᠤ ᠮᠡᠳᠡᠪᠡᠯ ᠲᠡᠷᠡ ᠳᠠᠷᠤᠶ ᠳᠤᠨᠢ ᠮᠥᠷᠳᠡᠵᠦ᠂ ᠰᠦᠯᠵᠢᠶᠡᠨ ᠦ ᠬᠢᠨᠠᠨ ᠡᠵᠡᠮᠳᠡᠯ ᠪᠠ ᠬᠠᠮᠢᠶᠠᠷᠤᠯᠲᠠ ᠶᠢ ᠲᠡᠭᠦᠯᠳᠡᠷᠵᠢᠭᠦᠯᠵᠦ᠂ ᠴᠢᠩᠭ᠎ᠠ ᠨᠢᠮᠪᠠᠶ ᠬᠢᠨᠠᠨ ᠡᠵᠡᠮᠳᠡᠵᠦ᠂ ᠶᠠᠯᠠᠲᠤ ᠠᠵᠢᠯᠯᠠᠭ᠎ᠠ ᠶᠢᠨ ᠴᠤᠬᠤᠶᠢᠯᠲᠠ ᠶᠢ ᠴᠤᠬᠤᠶᠢᠵᠤ ᠪᠠᠶᠢᠭ᠎ᠠ ᠪᠠᠶᠢᠳᠠᠯ ᠳᠤᠨᠢ ᠪᠣᠭᠣᠮᠢᠯᠠᠬᠤ ᠪᠠᠷ ᠴᠢᠷᠮᠠᠶᠢᠬᠤ ᠬᠡᠷᠡᠭᠲᠡᠶ︔ ᠰᠦᠯᠵᠢᠶ᠎ᠡ ᠪᠡᠷ ᠵᠣᠭᠣᠰ ᠨᠠᠭᠠᠳᠬᠤ ᠲᠤᠬᠠᠶ ᠤᠬᠠᠭᠤᠯᠭ᠎ᠠ ᠪᠠ ᠬᠥᠮᠦᠵᠢᠯ ᠦᠨ ᠠᠵᠢᠯ ᠢ ᠴᠢᠩᠭᠠᠳᠬᠠᠵᠤ᠂ ᠰᠦᠯᠵᠢᠶ᠎ᠡ ᠪᠡᠷ ᠵᠣᠭᠣᠰ ᠨᠠᠭᠠᠳᠬᠤ ᠲᠤᠬᠠᠶ ᠤᠯᠠᠨ ᠨᠡᠶᠢᠲᠡ ᠶᠢᠨ ᠲᠠᠨᠢᠯᠲᠠ ᠪᠠ ᠰᠣᠨᠣᠷ ᠰᠡᠷᠡᠮᠵᠢ ᠶᠢ ᠳᠡᠭᠡᠭᠰᠢᠯᠡᠭᠦᠯᠬᠦ ᠶᠢᠨ ᠬᠠᠮᠲᠤ᠂ ᠥᠷᠭᠡᠨ ᠤᠯᠠᠨ ᠰᠦᠯᠵᠢᠶᠡᠨ ᠦ ᠢᠷᠭᠡᠳ ᠦᠨ ᠬᠢᠨᠠᠯᠲᠠ ᠲᠠᠯᠪᠢᠬᠤ ᠦᠢᠯᠡᠳᠦᠯ ᠢ ᠭᠦᠢᠴᠡᠳ ᠪᠠᠳᠠᠷᠠᠭᠤᠯᠵᠤ᠂ ᠰᠦᠪᠡᠭᠴᠢ ᠶᠢᠨ ᠢᠷᠡᠯᠳᠡ ᠶᠢ ᠥᠷᠭᠡᠨ ᠢᠶᠡᠷ ᠲᠠᠷᠬᠠᠭᠠᠨ᠎ᠠ︔ ᠰᠦᠯᠵᠢᠶᠡᠨ ᠦ ᠠᠮᠤᠷ ᠲᠦᠪᠰᠢᠨ ᠦ ᠤᠷᠢᠳᠴᠢᠯᠠᠨ ᠰᠡᠷᠡᠮᠵᠢᠯᠡᠭᠦᠯᠬᠦ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠵᠦ᠂ ᠰᠦᠯᠵᠢᠶᠡᠨ ᠦ ᠦᠷᠳᠡᠭᠡ ᠶᠢ ᠨᠡᠭᠡᠭᠡᠨ ᠡᠷᠬᠢᠯᠡᠬᠦ ᠶᠢ ᠬᠢᠨᠠᠨ ᠬᠠᠷᠭᠤᠭᠤᠯᠬᠤ᠂ ᠰᠦᠯᠵᠢᠶᠡᠨ ᠳᠦ ᠭᠠᠷᠬᠤ ᠠᠴᠠ ᠡᠮᠦᠨᠡᠬᠢ ᠠᠮᠤᠷ ᠲᠦᠪᠰᠢᠨ ᠦ ᠬᠢᠨᠠᠨ ᠬᠡᠮᠵᠢᠯᠲᠡ ᠵᠡᠷᠭᠡ ᠶᠡᠷᠦᠩᠬᠡᠶᠢᠯᠡᠭᠰᠡᠨ ᠠᠷᠭ᠎ᠠ ᠬᠡᠮᠵᠢᠶ᠎ᠡ ᠶᠢ  ᠴᠢᠩᠭ᠎ᠠ ᠨᠠᠶᠢᠳᠠᠪᠤᠷᠢᠵᠢᠭᠤᠯᠤᠨ᠎ᠠ᠃  

2. ᠬᠤᠪᠢ ᠬᠥᠮᠦᠨ ᠥᠪᠡᠷ ᠢ ᠪᠡᠨ ᠬᠠᠮᠠᠭᠠᠯᠠᠬᠤ ᠤᠬᠠᠮᠰᠠᠷ ᠢᠶᠠᠨ ᠴᠢᠩᠭᠠᠳᠬᠠᠵᠤ᠂ ᠰᠦᠯᠵᠢᠶ᠎ᠡ ᠪᠡᠷ ᠵᠣᠭᠣᠰ ᠨᠠᠭᠠᠳᠬᠤ ᠠᠴᠠ ᠬᠤᠯᠠ ᠵᠠᠶᠢᠳᠠᠵᠤ᠂ ᠬᠣᠣᠷ ᠠᠮᠰᠠᠭᠴᠢ ᠪᠣᠯᠬᠤ ᠠᠴᠠ ᠵᠠᠶᠢᠯᠠᠰᠬᠢᠬᠦ ᠬᠡᠷᠡᠭᠲᠡᠶ᠃ ᠭᠡᠷ ᠪᠦᠯᠢ ᠶᠢᠨ ᠪᠦᠷᠢᠯᠳᠦᠬᠦᠨ ᠬᠣᠭᠣᠷᠣᠨᠳᠣ ᠪᠠᠨ ᠬᠠᠷᠢᠯᠴᠠᠨ ᠬᠢᠨᠠᠯᠲᠠ ᠲᠠᠯᠪᠢᠵᠤ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠥᠳᠥᠭᠡᠯᠭᠡ ᠶᠢ ᠬᠠᠮᠲᠤ ᠪᠠᠷ ᠡᠰᠡᠷᠭᠦᠴᠡᠨ ᠬᠣᠷᠢᠭᠯᠠᠬᠤ ᠬᠡᠷᠡᠭᠲᠡᠶ᠃ ᠡᠭᠦᠨ ᠦ ᠵᠡᠷᠭᠡᠴᠡᠭᠡᠪᠡᠷ᠂ ᠬᠤᠪᠢ ᠬᠥᠮᠦᠨ ᠪᠠᠰᠠ ᠥᠪᠡᠷ ᠦᠨ ᠬᠠᠤᠯᠢ ᠴᠠᠭᠠᠵᠠ ᠶᠢᠨ ᠦᠵᠡᠯ ᠤᠬᠠᠮᠰᠠᠷ ᠢᠶᠠᠨ ᠳᠡᠭᠡᠭᠰᠢᠯᠡᠭᠦᠯᠵᠦ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠬᠣᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠢ ᠣᠶᠢᠯᠠᠭᠠᠵᠤ᠂ ᠥᠪᠡᠷ ᠦᠨ ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠬᠡᠷᠡᠭᠲᠡᠶ᠄ 

(1) ᠮᠡᠬᠡᠯᠡᠬᠦ ᠶᠢ ᠰᠡᠷᠭᠡᠶᠢᠯᠡᠬᠦ ᠤᠬᠠᠮᠰᠠᠷ ᠢᠶᠠᠨ ᠳᠡᠭᠡᠭᠰᠢᠯᠡᠭᠦᠯᠵᠦ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠢᠨ ᠬᠣᠣᠷ ᠬᠥᠨᠥᠭᠡᠯ ᠳᠦ ᠵᠥᠪ ᠢᠶᠡᠷ ᠬᠠᠨᠳᠤᠬᠤ᠃ ᠤᠯᠤᠰ ᠤᠨ ᠮᠡᠬᠡᠯᠡᠯ  ᠢ ᠡᠰᠡᠷᠭᠦᠴᠡᠬᠦ ᠲᠥᠪ ᠦᠨ APP  ᠶᠢ ᠪᠠᠭᠤᠯᠭᠠᠨ ᠠᠪᠴᠤ ᠂ ᠴᠠᠬᠢᠯᠭᠠᠨ ᠬᠣᠯᠪᠣᠭ᠎ᠠ ᠰᠦᠯᠵᠢᠶᠡᠨ ᠦ ᠮᠡᠬᠡᠯᠡᠯ  ᠢ ᠴᠠᠭ ᠲᠤᠬᠠᠶ ᠳᠤᠨᠢ ᠰᠡᠷᠭᠡᠶᠢᠯᠡᠵᠦ ᠂ ᠰᠡᠵᠢᠭᠯᠡᠯᠲᠡᠶ ᠭᠠᠷ ᠤᠲᠠᠰᠤᠨ ᠤ ᠨᠣᠮᠧᠷ ᠂ ᠣᠬᠣᠷ ᠮᠡᠳᠡᠭᠡ ᠂ ᠵᠣᠭᠣᠰ ᠨᠠᠭᠠᠳᠬᠤ ᠂ ᠵᠢᠭᠠᠰᠤ ᠭᠥᠬᠢᠳᠡᠬᠦ ᠰᠦᠯᠵᠢᠶ᠎ᠡ ᠂ ᠮᠡᠬᠡᠯᠡᠯ ᠦᠨ APP ᠵᠡᠷᠭᠡ  ᠶᠢ ᠴᠠᠭ ᠲᠤᠬᠠᠶ ᠳᠤᠨᠢ ᠢᠯᠡᠴᠢᠯᠡᠨ ᠮᠡᠳᠡᠭᠦᠯᠬᠦ ᠬᠡᠷᠡᠭᠲᠡᠶ ︔ 

(2) ᠰᠦᠯᠵᠢᠶᠡᠨ ᠳᠡᠭᠡᠷᠡᠬᠢ ᠵᠣᠭᠣᠰ ᠨᠠᠭᠠᠳᠬᠤ ᠬᠦᠷᠢᠶ᠎ᠡ ᠬᠡᠪᠴᠢᠶ᠎ᠡ ᠡᠴᠡ ᠬᠣᠯᠠᠳᠠᠵᠤ᠂ ᠪᠠᠩᠬᠢ ᠶᠢᠨ ᠺᠠᠷᠲ᠂ ᠲᠥᠯᠥᠪᠦᠷᠢ ᠶᠢᠨ ᠬᠣᠶᠠᠷ ᠬᠡᠮᠵᠢᠯᠳᠦ ᠲᠡᠮᠳᠡᠭ ᠵᠡᠷᠭᠡ ᠶᠢ ᠪᠠᠭᠲᠠᠭᠠᠭᠰᠠᠨ ᠶᠠᠮᠠᠷᠪᠠ ᠬᠡᠯᠪᠡᠷᠢ ᠶᠢᠨ ᠬᠤᠪᠢ ᠬᠥᠮᠦᠨ ᠦ ᠮᠥᠩᠭᠥᠨ ᠭᠦᠢᠯᠭᠡᠭᠡᠨ ᠦ  ᠳᠡᠭᠰᠡᠨ ᠡᠷᠦᠭᠡ ᠶᠢ ᠲᠦᠷᠢᠶᠡᠰᠦᠯᠡᠭᠦᠯᠬᠦ᠂ ᠵᠢᠭᠡᠯᠡᠭᠦᠯᠬᠦ᠂ ᠬᠤᠳᠠᠯᠳᠤᠬᠤ ᠦᠭᠡᠢ ᠪᠠᠶᠢᠵᠤ᠂ ᠨᠢᠭᠡᠨᠲᠡ ᠣᠯᠵᠤ ᠮᠡᠳᠡᠭᠰᠡᠨ ᠬᠥᠳᠡᠭᠡ ᠲᠣᠰᠬᠣᠨ ᠤ ᠵᠣᠭᠣᠰ ᠨᠠᠭᠠᠳᠤᠭᠴᠢ ᠳᠤ ᠴᠠᠭ ᠲᠤᠬᠠᠶ ᠳᠤᠨᠢ ᠰᠠᠨᠠᠭᠤᠯᠵᠤ᠂ ᠴᠠᠭ ᠲᠤᠬᠠᠶ ᠳᠤᠨᠢ ᠵᠣᠭᠣᠰ ᠨᠠᠭᠠᠳᠬᠤ ᠶᠢ ᠵᠣᠭᠰᠣᠭᠠᠨ᠎ᠠ︔ 

(3) ᠰᠦᠯᠵᠢᠶᠡᠨ ᠦ ᠮᠥᠷᠥᠶ ᠲᠡᠶ ᠲᠣᠭᠯᠠᠭᠠᠮ ᠳᠤ ᠬᠣᠯᠪᠣᠭᠳᠠᠬᠤ ᠥᠳᠥᠭᠡᠯᠭᠡ ᠶᠢᠨ ᠮᠡᠳᠡᠭᠡ ᠵᠠᠩᠭᠢ ᠶᠢ ᠰᠡᠷᠡᠮᠵᠢᠯᠡᠵᠦ ᠂ ᠢᠷᠡᠯᠲᠡ ᠨᠢ ᠲᠣᠳᠣᠷᠬᠠᠶ ᠥᠬᠡᠶ ᠰᠦᠯᠵᠢᠶᠡᠨ ᠦ ᠬᠠᠶ᠋ᠢᠭ ᠲᠤ ᠲᠡᠮᠳᠡᠭᠯᠡᠬᠦ ᠥᠬᠡᠶ ᠂ ᠭᠠᠷ ᠤᠲᠠᠰᠤᠨ ᠤ ᠣᠬᠣᠷ ᠮᠡᠳᠡᠭᠡ ᠪᠠ  ᠰᠢᠳᠳᠡᠨ ᠤ ᠵᠦᠶᠯ ᠳᠡᠬᠢ ᠥᠯᠥ ᠮᠡᠳᠡᠬᠦ ᠴᠥᠷᠬᠡᠯᠡᠭᠡ ᠶᠢ ᠲᠣᠪᠴᠢᠳᠠᠬᠤ ᠥᠬᠡᠶ ᠂ ᠰᠡᠵᠢᠭᠯᠡᠯᠲᠡᠶ APP ᠵᠢ ᠳᠤᠷ᠎ᠠ ᠪᠠᠷ ᠢᠶᠠᠨ ᠪᠠᠭᠤᠯᠭᠠᠵᠤ ᠠᠪᠬᠤ ᠥᠬᠡᠶ ︔ 

(4) ᠰᠦᠯᠵᠢᠶᠡᠨ ᠳᠡᠭᠡᠷ᠎ᠡ ᠵᠣᠭᠣᠰ ᠨᠠᠭᠠᠳᠬᠤ ᠠᠰᠠᠭᠤᠳᠠᠯ ᠢ ᠰᠢᠶᠳᠪᠦᠷᠢᠯᠡᠬᠦ ᠲᠤᠬᠠᠶ ᠥᠪᠡᠷ ᠦᠨ ᠲᠠᠨᠢᠯᠲᠠ ᠪᠠᠨ ᠳᠡᠭᠡᠭᠰᠢᠯᠡᠭᠦᠯᠵᠦ᠂ ᠬᠤᠪᠢ ᠬᠥᠮᠦᠨ ᠦ ᠨᠢᠭᠤᠴᠠ ᠶᠢᠨ ᠮᠡᠳᠡᠭᠡ ᠵᠠᠩᠭᠢ ᠪᠠᠨ ᠰᠠᠶᠢᠲᠤᠷ ᠬᠠᠮᠠᠭᠠᠯᠠᠵᠤ᠂ ᠥᠪᠡᠷ ᠦᠨ ᠪᠡᠶ᠎ᠡ ᠶᠢᠨ ᠦᠨᠡᠮᠯᠡᠯ᠂ ᠪᠠᠩᠬᠢ ᠶᠢᠨ ᠺᠠᠷᠲ᠂ ᠰᠦᠯᠵᠢᠶᠡᠨ ᠪᠠᠩᠬᠢ ᠶᠢᠨ u ᠪᠠᠮᠪᠠᠢ᠂ ᠭᠠᠷ ᠤᠲᠠᠰᠤ ᠵᠡᠷᠭᠡ ᠪᠡᠨ ᠲᠣᠬᠢᠲᠠᠶ ᠬᠠᠳᠠᠭᠠᠯᠠᠨ ᠬᠠᠮᠢᠶᠠᠷᠤᠨ᠎ᠠ︔ 

(5) ᠬᠤᠪᠢ ᠬᠥᠮᠦᠨ ᠦ ᠪᠠᠩᠬᠢ ᠶᠢᠨ ᠲᠠᠩᠰᠠᠨ ᠡᠷᠦᠬᠡ ᠪᠤᠶᠤ ᠲᠣᠭᠠᠴᠠᠭ᠎ᠠ ᠬᠢᠬᠦ ᠲᠠᠩᠰᠠᠨ ᠡᠷᠦᠬᠡ ᠵᠡᠷᠭᠡ ᠠᠷᠠᠯᠵᠢᠶᠠᠨ ᠤ ᠬᠢᠵᠠᠭᠠᠷ ᠲᠣᠭ᠎ᠠ ᠶᠢ ᠲᠣᠭᠲᠠᠭᠠᠵᠤ ᠂ ᠰᠦᠯᠵᠢᠶ᠎ᠡ ᠪᠡᠷ ᠵᠣᠭᠣᠰ ᠨᠠᠭᠠᠳᠬᠤ ᠲᠦᠭᠰᠢᠭᠦᠷᠢ ᠶᠢ ᠰᠡᠷᠭᠡᠶᠢᠯᠡᠨ᠎ᠡ ᠃ 

ᠰᠦᠯᠵᠢᠶᠡᠨ ᠳᠡᠭᠡᠷ᠎ᠡ ᠵᠣᠭᠣᠰ ᠨᠠᠭᠠᠳᠬᠤ ᠠᠰᠠᠭᠤᠳᠠᠯ  ᠢ  ᠶᠠᠷᠢᠯᠴᠠᠬᠤ ᠪᠠᠷ  ᠳᠠᠮᠵᠢᠨ ᠂ ᠡᠨᠡ ᠪᠣᠯ ᠨᠢᠭᠡᠨ ᠤᠳᠠᠭᠠᠨ ᠤ ᠤᠳᠠᠭᠠᠨ ᠳᠠᠭᠠᠭᠠᠮᠠᠭᠠᠶ ᠪᠥᠭᠡᠳ ᠪᠤᠳᠤᠯᠢᠶᠠᠨᠲᠠᠶ ᠲᠡᠮᠡᠴᠡᠯ ᠮᠥᠨ ᠭᠡᠳᠡᠭ  ᠢ ᠪᠢᠳᠡ ᠠᠮᠠᠷᠬᠠᠨ ᠮᠡᠳᠡᠵᠦ ᠪᠣᠯᠤᠨ᠎ᠠ ᠃ ᠰᠦᠯᠵᠢᠶ᠎ᠡ ᠪᠡᠷ ᠵᠣᠭᠣᠰ ᠨᠠᠭᠠᠳᠬᠤ ᠨᠢ ᠨᠡᠶᠢᠭᠡᠮ ᠦᠨ ᠲᠥᠪ ᠭᠣᠣᠯᠴᠢ ᠰᠢᠳᠤᠷᠭᠤ ᠶᠣᠰᠣ ᠶᠢ ᠡᠪᠳᠡᠭᠰᠡᠨ ᠢᠶᠡᠷ ᠪᠠᠷᠠᠬᠤ ᠦᠭᠡᠢ᠂ ᠨᠡᠩ ᠴᠤ ᠬᠥᠮᠦᠰ ᠦᠨ ᠶᠣᠰᠣ ᠰᠤᠷᠲᠠᠬᠤᠨ ᠤ ᠬᠣᠷᠢᠭ᠎ᠠ ᠱᠤᠭᠤᠮ ᠢ ᠡᠪᠳᠡᠵᠦ᠂ ᠭᠡᠷ ᠪᠦᠯᠢ᠂ ᠨᠡᠶᠢᠭᠡᠮ ᠴᠢᠨᠠᠭᠰᠢᠯᠠᠪᠠᠯ ᠤᠯᠤᠰ ᠣᠷᠣᠨ ᠳᠤ ᠠᠯᠤᠰ ᠬᠡᠳᠦ ᠶᠢᠨ ᠨᠠᠵᠠᠭᠠᠶ ᠲᠠᠯ᠎ᠠ ᠶᠢᠨ ᠨᠥᠯᠥᠭᠡ ᠦᠵᠡᠭᠦᠯᠦᠭᠰᠡᠨ ᠪᠠᠶᠢᠨ᠎ᠠ᠃ 

ᠡᠷᠡᠭᠦᠦ ᠶᠢᠨ ᠬᠡᠷᠡᠭ ᠢ ᠪᠠᠶᠢᠴᠠᠭᠠᠬᠤ ᠡᠭᠦᠷᠭᠡ ᠬᠠᠷᠢᠭᠤᠴᠠᠯᠭ᠎ᠠ ᠲᠠᠢ ᠪᠠᠶᠢᠴᠠᠭᠠᠬᠤ ᠠᠵᠢᠯᠳᠠᠨ ᠪᠣᠯᠤᠭᠰᠠᠨ ᠤ ᠬᠤᠪᠢ ᠳᠤ ᠪᠢᠳᠡ ᠡᠨᠡ ᠤᠳᠠᠭ᠎ᠠ ᠶᠢᠨ ᠲᠡᠮᠡᠴᠡᠯ ᠦᠨ ᠳᠤᠮᠳᠠ ᠢᠳᠡᠪᠬᠢᠲᠡᠶ ᠦᠢᠯᠡᠳᠦᠯ ᠢᠶᠡᠨ ᠪᠠᠳᠠᠷᠠᠭᠤᠯᠬᠤ ᠬᠠᠷᠢᠭᠤᠴᠠᠯᠭ᠎ᠠ ᠲᠠᠶ ᠪᠥᠭᠡᠳ ᠪᠠᠳᠠᠷᠠᠭᠤᠯᠬᠤ ᠡᠭᠦᠷᠭᠡ ᠲᠡᠶ ᠶᠤᠮ᠃ ᠪᠢᠳᠡ ᠬᠠᠥᠯᠢ ᠴᠠᠭᠠᠵᠠ ᠬᠠᠥᠯᠢ ᠲᠣᠭᠲᠠᠭᠠᠯ ᠤᠨ ᠲᠡᠭᠦᠯᠳᠡᠷᠵᠢᠭᠦᠯᠦᠯᠲᠡ ᠶᠢ ᠲᠠᠰᠤᠷᠠᠯᠲᠠ ᠥᠬᠡᠶ ᠴᠢᠩᠭᠠᠳᠬᠠᠵᠤ᠂ ᠰᠦᠯᠵᠢᠶᠡᠨ ᠦ ᠮᠥᠷᠥᠶ ᠲᠡᠶ ᠲᠣᠭᠯᠠᠭᠠᠮ ᠳᠤ ᠴᠣᠬᠢᠯᠲᠠ ᠥᠭᠬᠦ ᠡᠷᠴᠢᠮ ᠢᠶᠡᠨ ᠴᠢᠩᠭᠠᠷᠠᠭᠤᠯᠬᠤ ᠴᠢᠬᠤᠯᠠᠲᠠᠶ ᠪᠠᠶᠢᠨ᠎ᠠ᠃ ᠭᠡᠲᠡᠯ᠎ᠡ ᠵᠥᠪᠬᠡᠨ ᠬᠠᠤᠯᠢ ᠴᠠᠭᠠᠵᠠ ᠶᠢᠨ ᠬᠦᠴᠦᠨ ᠳᠦ ᠲᠦᠰᠢᠭᠯᠡᠭᠡᠳ ᠪᠣᠯᠬᠤ ᠦᠭᠡᠢ ᠶᠤᠮ᠃ ᠪᠢᠳᠡ ᠪᠠᠰᠠ ᠣᠯᠠᠨ ᠨᠡᠶᠢᠲᠡ ᠶᠢᠨ ᠬᠠᠤᠯᠢ ᠴᠠᠭᠠᠵᠠ ᠶᠢᠨ ᠤᠬᠠᠮᠰᠠᠷ ᠢ ᠳᠡᠭᠡᠭᠰᠢᠯᠡᠭᠦᠯᠵᠦ᠂ ᠨᠡᠩ ᠣᠯᠠᠨ ᠬᠥᠮᠦᠨ ᠳᠦ ᠰᠦᠯᠵᠢᠶᠡᠨ ᠳᠡᠭᠡᠷ᠎ᠡ ᠵᠣᠭᠣᠰ ᠨᠠᠭᠠᠳᠬᠤ  ᠶᠢᠨ ᠬᠣᠣᠷ ᠬᠥᠨᠥᠭᠡᠯ  ᠢ ᠣᠶᠢᠯᠠᠭᠠᠭᠤᠯᠵᠤ᠂ ᠰᠦᠯᠵᠢᠶᠡᠨ ᠳᠡᠭᠡᠷ᠎ᠡ ᠵᠣᠭᠣᠰ ᠨᠠᠭᠠᠳᠬᠤ  ᠶᠢᠨ ᠥᠳᠥᠭᠡᠯᠭᠡ  ᠶᠢ ᠤᠬᠠᠮᠰᠠᠷ  ᠠᠴᠠ ᠪᠠᠨ ᠬᠣᠷᠢᠭᠯᠠᠬᠤ ᠬᠡᠷᠡᠭᠲᠡᠶ᠃ ᠡᠭᠦᠨ ᠡᠴᠡ ᠭᠠᠳᠠᠨ᠎ᠠ᠂ ᠪᠢᠳᠡ ᠪᠠᠰᠠ ᠰᠦᠯᠵᠢᠶ᠎ᠡ ᠪᠡᠷ ᠵᠣᠭᠣᠰ ᠨᠠᠭᠠᠳᠬᠤ ᠠᠶᠤᠯ ᠲᠦᠭᠰᠢᠭᠦᠷᠢ ᠶᠡᠬᠡᠲᠡᠶ ᠭᠠᠵᠠᠷ ᠣᠷᠣᠨ ᠤ ᠬᠢᠨᠠᠯᠲᠠ ᠬᠠᠮᠢᠶᠠᠷᠤᠯᠲᠠ ᠵᠢᠴᠢ ᠵᠠᠯᠠᠭᠤᠴᠤᠳ ᠪᠠᠭᠠᠴᠤᠳ ᠢ ᠤᠬᠠᠭᠤᠯᠤᠨ ᠬᠥᠲᠥᠯᠥᠨ ᠵᠢᠯᠣᠭᠣᠳᠬᠤ ᠪᠠᠨ ᠴᠢᠩᠭᠠᠳᠬᠠᠵᠤ᠂ ᠲᠡᠳᠡᠨ ᠢ ᠬᠠᠪᠰᠤᠷᠤᠨ ᠵᠥᠪ ᠥᠷᠲᠡᠭ ᠦᠨ ᠦᠵᠡᠯᠲᠡ ᠲᠡᠶ ᠪᠣᠯᠭᠠᠵᠤ᠂ ᠰᠦᠯᠵᠢᠶ᠎ᠡ ᠪᠡᠷ ᠵᠣᠭᠣᠰ ᠨᠠᠭᠠᠳᠬᠤ ᠱᠠᠯᠪᠠᠭ ᠲᠤ ᠤᠨᠠᠬᠤ ᠠᠴᠠ ᠵᠠᠶᠢᠯᠠᠰᠬᠢᠬᠦ ᠬᠡᠷᠡᠭᠲᠡᠶ ᠃ 

ᠢᠷᠡᠭᠡᠳᠦᠶ ᠪᠡᠨ ᠪᠠᠷᠠᠯᠠᠬᠤᠶ᠎ᠠ᠂ ᠡᠨᠡ ᠤᠳᠠᠭ᠎ᠠ ᠶᠢᠨ ᠲᠡᠮᠡᠴᠡᠯ ᠦᠨ ᠳᠤᠮᠳᠠ ᠢᠯᠠᠯᠲᠠ ᠤᠯᠬᠤ ᠢᠲᠡᠭᠡᠯ ᠵᠣᠷᠢᠭ ᠪᠢᠳᠡᠨ ᠳᠦ ᠪᠠᠶᠢᠬᠤ ᠪᠥᠭᠡᠳ ᠵᠣᠷᠢᠭ ᠴᠤ ᠪᠠᠶᠢᠨ᠎ᠠ᠃ ᠪᠢᠳᠡ ᠡᠷᠡᠭᠦᠦ ᠶᠢᠨ ᠬᠡᠷᠡᠭ ᠦᠨ ᠪᠠᠶᠢᠴᠠᠭᠠᠬᠤ ᠪᠠᠶᠢᠭᠤᠯᠭ᠎ᠠ ᠶᠢᠨ ᠡᠭᠦᠷᠭᠡ ᠴᠢᠳᠠᠪᠤᠷᠢ ᠶᠢᠨ ᠦᠢᠯᠡᠳᠦᠯ ᠢ ᠦᠷᠭᠦᠯᠵᠢᠯᠡᠨ ᠪᠠᠳᠠᠷᠠᠭᠤᠯᠵᠤ᠂ ᠨᠡᠩ ᠡᠷᠡᠰ ᠪᠠᠲᠤ ᠢᠲᠡᠭᠡᠯ ᠵᠣᠷᠢᠭ᠂ ᠨᠡᠩ ᠪᠣᠳᠠᠲᠠᠶ ᠶᠢ ᠡᠷᠬᠢᠮᠯᠡᠬᠦ ᠰᠤᠷᠲᠠᠯ᠂ ᠨᠡᠩ ᠬᠦᠴᠦᠲᠡᠶ ᠠᠷᠭ᠎ᠠ ᠬᠡᠮᠵᠢᠶ᠎ᠡ ᠪᠡᠷ ᠰᠦᠯᠵᠢᠶᠡᠨ ᠳᠡᠭᠡᠷ᠎ᠡ ᠵᠣᠭᠣᠰ ᠨᠠᠭᠠᠳᠬᠤ ᠶᠢ ᠵᠠᠰᠠᠬᠤ ᠠᠵᠢᠯ ᠳᠤ ᠨᠡᠩ ᠶᠡᠬᠡ ᠰᠢᠨ᠎ᠡ ᠦᠷ᠎ᠡ ᠪᠦᠲᠦᠮᠵᠢ ᠤᠯᠬᠤ ᠶᠢ ᠲᠦᠯᠬᠢᠨ ᠠᠬᠢᠭᠤᠯᠤᠨ᠎ᠠ᠃ ᠡᠭᠦᠨ ᠦ ᠵᠡᠷᠭᠡᠴᠡᠭᠡᠪᠡᠷ᠂ ᠪᠢᠳᠡ ᠪᠠᠰᠠ ᠨᠡᠶᠢᠭᠡᠮ ᠳᠠᠶᠠᠭᠠᠷ ᠢᠶᠠᠨ ᠬᠠᠮᠲᠤ ᠪᠠᠷ ᠴᠢᠷᠮᠠᠶᠢᠵᠤ᠂ ᠠᠮᠤᠷ ᠲᠦᠪᠰᠢᠨ᠂ ᠡᠷᠡᠭᠦᠯ ᠴᠢᠭᠢᠷᠠᠭ᠂ ᠡᠶ᠎ᠡ ᠵᠣᠬᠢᠴᠠᠯ ᠲᠠᠶ ᠰᠦᠯᠵᠢᠶᠡᠨ ᠦ ᠣᠷᠴᠢᠨ ᠨᠥᠬᠥᠴᠡᠯ ᠢ ᠬᠠᠮᠲᠤ ᠪᠠᠷ ᠪᠤᠢ ᠪᠣᠯᠭᠠᠬᠤ ᠶᠢ ᠤᠷᠢᠶᠠᠯᠠᠵᠤ ᠪᠠᠶᠢᠨ᠎ᠠ᠃ 

 

ᠢᠷᠡᠯᠲᠡ
ᠵᠠᠷᠤᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro