ᠬᠣᠶᠠᠷ ᠵᠢᠯ ᠳᠤ 16 ᠤᠳᠠᠭ᠎ᠠ ᠬᠤᠯᠠᠭᠠᠶᠢᠯᠠᠭᠰᠠᠨ ᠬᠡᠷᠡᠭ ᠭᠠᠷᠭᠠᠵᠤ 21 ᠵᠢᠯ ᠳᠤᠲᠠᠭᠠᠭᠠᠳ ᠡᠴᠦᠰ ᠲᠡᠬᠡᠨ ᠪᠠᠷᠢᠭᠳᠠᠪᠡ
ᠴᠧᠨ ᠣᠪᠣᠭᠲᠤ ᠡᠩ ᠦᠨ ᠴᠠᠭ ᠲᠤ ᠪᠠᠨ ᠵᠦᠭᠡᠷ ᠰᠠᠭᠤᠵᠤ ᠂ ᠵᠣᠭᠣᠰ ᠤᠯᠬᠤ ᠶᠢᠨ ᠲᠥᠯᠥᠭᠡ ᠨᠢᠭᠡ ᠪᠦᠯᠦᠭ ᠬᠥᠮᠦᠰ ᠢ ᠴᠤᠭᠯᠠᠭᠤᠯᠤᠨ ᠤᠯᠠᠨ ᠭᠠᠵᠠᠷ ᠢᠶᠠᠷ ᠶᠠᠪᠤᠵᠤ ᠮᠠᠯᠴᠢᠨ ᠲᠠᠷᠢᠶᠠᠴᠢᠨ ᠤ ᠮᠠᠯ ᠤᠨᠤᠭ᠎ᠠ ᠶᠢ 200 ᠭᠠᠷᠤᠢ ᠬᠤᠯᠠᠭᠠᠶᠢᠯᠠᠵᠤ ᠂ ᠡᠷᠡᠭᠦᠦ ᠰᠢᠳᠭᠡᠯ ᠡᠴᠡ ᠵᠠᠶᠢᠯᠠᠬᠤ ᠶᠢᠨ ᠲᠥᠯᠥᠭᠡ ᠣᠪᠣᠭ ᠨᠡᠷ᠎ᠡ ᠪᠡᠨ ᠪᠣᠷᠣᠭᠣᠯᠠᠵᠤ ᠪᠤᠢᠳᠠ ᠪᠥᠭᠯᠡᠭᠦᠦ ᠠᠭᠤᠯᠠᠷᠬᠠᠭ ᠣᠷᠣᠨ ᠳᠤ 21 ᠵᠢᠯ ᠨᠢᠭᠤᠨ ᠲᠠᠯᠳᠠᠯᠠᠪᠡ᠃ ᠣᠶᠢᠷ᠎ᠠ ᠳᠤ ᠂ ᠠᠷᠠᠳ ᠤᠨ ᠰᠢᠭᠦᠬᠦ ᠬᠣᠷᠢᠶ᠎ᠠ ᠡᠴᠡ ᠴᠧᠨ ᠣᠪᠣᠭᠲᠤ ᠶᠢ ᠲᠠᠪᠤᠨ ᠵᠢᠯ ᠤᠨ ᠭᠠᠳᠠᠨ᠎ᠠ ᠵᠢᠷᠭᠤᠭᠠᠨ ᠰᠠᠷ᠎ᠠ ᠬᠤᠭᠤᠴᠠᠭ᠎ᠠ ᠲᠠᠶ ᠬᠣᠷᠢᠵᠤ ᠂ 2 ᠲᠦᠮᠡᠨ ᠲᠥᠭᠥᠷᠢᠭ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃
︽ᠣᠳᠣ ᠪᠠᠷᠢᠭᠳᠠᠭᠠᠳ ᠪᠢ ᠬᠠᠷᠢᠨ ᠰᠠᠨᠠᠭ᠎ᠠ ᠠᠮᠠᠷᠠᠵᠠᠢ︾ ᠪᠠᠷᠢᠭᠳᠠᠭᠰᠠᠨ ᠤ ᠳᠠᠷᠠᠭᠠᠬᠢ ᠴᠧᠨ ᠣᠪᠣᠭᠲᠤ ᠢᠩᠭᠢᠵᠦ ᠬᠡᠯᠡᠪᠡ᠃ ᠴᠧᠨ ᠣᠪᠣᠭᠲᠤ ᠪᠣᠯ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠲᠦᠩᠯᠢᠶᠣᠤ ᠬᠣᠲᠠ ᠶᠢᠨ ᠬᠣᠷᠴᠢᠨ ᠲᠣᠭᠣᠷᠢᠭ ᠤᠨ ᠨᠢᠭᠡᠨ ᠭᠠᠴᠠᠭᠠᠨ ᠤ ᠠᠷᠠᠳ ᠪᠣᠯᠤᠨ᠎ᠠ ᠃ 2001 ᠣᠨ ᠤ ᠡᠬᠢ ᠪᠡᠷ ᠂ ᠬᠤᠯᠠᠭᠠᠢᠯᠠᠭᠰᠠᠨ ᠠᠴᠠ ᠪᠣᠯᠵᠤ ᠬᠣᠶᠠᠷ ᠵᠢᠯ ᠬᠥᠳᠡᠯᠮᠦᠷᠢ ᠪᠡᠷ ᠵᠠᠰᠠᠨ ᠬᠦᠮᠦᠵᠢᠭᠦᠯᠦᠭᠳᠡᠭᠰᠡᠨ ᠴᠧᠨ ᠣᠪᠣᠭᠲᠤ ᠲᠡᠮᠡᠢ ᠤᠳᠠᠭᠰᠠᠨ ᠦᠭᠡᠢ ᠪᠡᠷ ᠲᠡᠭᠦᠨ ᠤ ︽ᠠᠬ᠎ᠠ ᠳᠡᠭᠦᠦ︾ ᠯᠢᠦ ᠣᠪᠣᠭᠲᠤ ᠵᠡᠷᠭᠡ 10 ᠭᠠᠷᠤᠢ ᠬᠥᠮᠦᠨ ᠲᠡᠶ ᠬᠠᠮᠲᠤᠷᠠᠨ ︽ᠵᠣᠭᠣᠰ ᠣᠯᠬᠤ︾ ᠶᠡᠬᠡ ᠪᠣᠳᠣᠯᠭ᠎ᠠ ᠶᠢ ᠲᠥᠯᠥᠪᠯᠡᠵᠦ ᠡᠬᠢᠯᠡᠵᠡᠢ᠃
2001 ᠣᠨ ᠤ 3 ᠰᠠᠷ᠎ᠠ ᠳᠤ ᠂ ᠴᠧᠨ ᠣᠪᠣᠭᠲᠤ ᠵᠡᠷᠭᠡ ᠬᠥᠮᠦᠰ ᠬᠤᠯᠠᠭᠠᠶᠢᠯᠠᠬᠤ ᠬᠠᠷᠠᠯᠲᠠ ᠪᠠᠨ ᠮᠠᠯᠴᠢᠨ ᠲᠠᠷᠢᠶᠠᠴᠢᠨ ᠠᠶᠢᠯ ᠤᠨ ᠮᠠᠯ ᠤᠨᠤᠭ᠎ᠠ ᠳᠡᠭᠡᠷ᠎ᠡ ᠲᠣᠭᠲᠠᠭᠠᠵᠤ ᠂ ᠤᠷᠤᠭᠰᠢᠲᠠᠶ ᠠᠵᠢᠯᠯᠠᠬᠤ ᠵᠢᠨ ᠲᠥᠯᠥᠭᠡ ᠲᠡᠳᠡ ᠤᠷᠢᠳᠴᠢᠯᠠᠨ ᠬᠠᠷᠠᠯᠲᠠ ᠰᠤᠩᠭᠣᠵᠤ ᠂ ᠳᠤᠲᠠᠭᠠᠬᠤ ᠵᠠᠮ ᠱᠤᠭᠤᠮ ᠢᠶᠠᠨ ᠲᠣᠭᠲᠠᠭᠠᠵᠤ ᠂ ᠪᠤᠵᠠᠷ ᠡᠳ᠋ ᠪᠣᠷᠣᠯᠠᠭᠤᠯᠤᠬᠤ ᠠᠷᠭ᠎ᠠ ᠵᠠᠮ ᠢᠶᠠᠨ ᠴᠤ ᠤᠷᠢᠳᠴᠢᠯᠠᠨ ᠡᠷᠢᠵᠦ ᠂ ᠬᠡᠷᠡᠭ ᠬᠢᠬᠦ ᠲᠥᠯᠥᠪᠯᠡᠭᠡ ᠪᠡᠨ ᠲᠤᠶᠢᠯ ᠤᠨ ᠨᠠᠷᠢᠨ ᠨᠢᠭᠲᠠ ᠵᠤᠬᠢᠶᠠᠵᠠᠢ᠃ ᠲᠤᠰ ᠰᠠᠷ᠎ᠠ ᠶᠢᠨ ᠨᠢᠭᠡ ᠤᠷᠤᠢ ᠂ ᠴᠧᠨ ᠣᠪᠣᠭᠲᠤ ᠵᠡᠷᠭᠡ ᠬᠥᠮᠦᠰ ᠲᠡᠷᠭᠡ ᠵᠢᠯᠣᠭᠣᠳᠤᠨ ᠵᠣᠷᠢᠭᠰᠠᠨ ᠭᠠᠵᠠᠷ ᠲᠠᠭᠠᠨ ᠰᠢᠷᠭᠤᠨ ᠣᠷᠣᠵᠤ᠂ ᠨᠢᠭᠡ ᠮᠠᠯᠴᠢᠨ ᠲᠠᠷᠢᠶᠠᠴᠢᠨ ᠡᠷᠤᠭᠡ ᠶᠢᠨ 10 ᠭᠠᠷᠤᠢ ᠬᠤᠨᠢ ᠶᠢ ᠬᠤᠯᠠᠭᠠᠶᠢᠯᠠᠨ ᠠᠪᠠᠴᠢᠭᠰᠠᠨ ᠪᠥᠭᠡᠳ ᠤᠷᠢᠳᠴᠢᠯᠠᠨ ᠲᠣᠭᠲᠠᠭᠠᠭᠰᠠᠨ ᠵᠠᠮ ᠱᠤᠭᠤᠮ ᠢᠶᠠᠷ ᠢᠶᠡᠨ ᠦᠳᠲᠡᠷ ᠲᠦᠷᠭᠡᠨ ᠳᠤᠲᠠᠭᠠᠵᠠᠢ᠃
ᠬᠤᠯᠠᠭᠠᠢ ᠬᠢᠬᠦ ᠲᠥᠯᠥᠪᠯᠡᠭᠡ ᠤᠷᠤᠭᠰᠢᠲᠠᠢ ᠶᠠᠪᠤᠭᠳᠠᠭᠰᠠᠨ ᠢ ᠦᠵᠡᠭᠡᠳ ᠴᠧᠨ ᠣᠪᠣᠭᠲᠤ ᠶᠢᠨ ᠪᠦᠯᠦᠭᠲᠡᠨ ᠤᠯᠠᠮ ᠠᠶᠤᠮᠰᠢᠭ ᠦᠭᠡᠢ ᠠᠭᠠᠰᠢᠯᠠᠵᠤ ᠂ ᠲᠡᠭᠦᠨ ᠡᠴᠡ ᠬᠣᠶᠢᠰᠢᠬᠢ ᠬᠣᠶᠠᠷ ᠵᠢᠯ ᠳ᠋ᠦ᠍ ᠭᠠᠯᠵᠠᠭᠤᠷᠠᠭᠰᠠᠨ ᠮᠡᠲᠦ ᠬᠡᠷᠡᠭ ᠦᠢᠯᠡᠳᠴᠦ ᠂ ᠥᠪᠥᠷ ᠮᠣᠩᠭᠣᠯ ᠂ ᠯᠢᠶᠣᠤᠨᠢᠩ ᠂ ᠬᠢᠷᠢᠨ ᠵᠡᠷᠭᠡ ᠤᠯᠠᠨ ᠭᠠᠵᠠᠷ ᠲᠤ ᠤᠯᠠ ᠮᠥᠷ ᠢᠶᠡᠨ ᠦᠯᠡᠳᠡᠭᠡᠵᠦ ᠂ ᠤᠷᠢᠳ ᠬᠤᠵᠢᠳ16 ᠤᠳᠠᠭ᠎ᠠ ᠬᠡᠷᠡᠭ ᠬᠢᠵᠤ᠂ ᠭᠠᠬᠠᠢ ᠂ ᠬᠤᠨᠢ ᠂ ᠮᠣᠷᠢ᠂ ᠦᠬᠡᠷ ᠵᠡᠷᠭᠡ 200 ᠭᠠᠷᠤᠢ ᠮᠠᠯ ᠤᠨᠤᠭ᠎ᠠ ᠬᠤᠯᠠᠭᠠᠶᠢᠯᠠᠵᠤ ᠂ ᠡᠷᠳᠡᠨᠢ ᠰᠢᠰᠢ ᠂ ᠨᠣᠭᠣᠭᠠᠨ ᠪᠤᠷᠴᠠᠭ ᠵᠡᠷᠭᠡ 4 ᠲᠦᠮᠡ ᠭᠠᠷᠤᠢ ᠵᠢᠩ ᠲᠠᠷᠢᠮᠠᠯ ᠬᠤᠯᠠᠭᠠᠶᠢᠯᠠᠵᠤ ᠂ ᠬᠤᠯᠠᠭᠠᠢᠯᠠᠭᠰᠠᠨ ᠡᠳ᠋ ᠪᠤᠳᠠᠰ ᠨᠢ 15 ᠲᠦᠮᠡ ᠭᠠᠷᠤᠢ ᠲᠥᠭᠥᠷᠢᠭ ᠦᠨ ᠦᠷᠳᠡᠭ ᠳ᠋ᠦ᠍ ᠬᠦᠷᠵᠠᠢ᠃
ᠬᠡᠷᠡᠭ ᠯᠡᠪᠡᠷᠡᠭᠰᠡᠨ ᠤ ᠳᠠᠷᠠᠭ᠎ᠠ ᠂ ᠳᠣᠲᠣᠭᠠᠳᠤ ᠶᠢ ᠬᠠᠮᠠᠭᠠᠯᠠᠬᠤ ᠪᠠᠢᠭᠣᠯᠭ᠎ᠠ ᠬᠡᠷᠡᠭ ᠪᠣᠯᠭᠠᠨ ᠳᠡᠩᠰᠡᠯᠡᠵᠦ ᠲᠤᠷᠰᠢᠨ ᠪᠠᠶᠢᠴᠠᠭᠠᠭᠠᠳ ᠂ ᠯᠢᠦ ᠣᠪᠣᠭᠲᠤ ᠵᠡᠷᠭᠡ ᠬᠥᠮᠦᠰ ᠪᠠᠷᠢᠪᠴᠢᠯᠠᠭᠳᠠᠪᠠ᠃ ᠴᠧᠨ ᠣᠪᠣᠭᠲᠤ ᠳᠣᠲᠣᠭᠠᠳᠤ ᠶᠢ ᠬᠠᠮᠠᠭᠠᠯᠠᠬᠤ ᠪᠠᠢᠭᠣᠯᠭ᠎ᠠ ᠶᠢᠨ ᠪᠠᠷᠢᠪᠴᠢᠯᠠᠯᠲᠠ ᠠᠴᠠ ᠵᠠᠶᠢᠯᠠᠬᠤ ᠶᠢᠨ ᠲᠥᠯᠥᠭᠡ ᠤᠷᠢᠳ ᠬᠣᠵᠢᠳ ᠬᠢᠩᠭᠠᠨ ᠠᠶᠢᠮᠠᠭ ᠂ ᠬᠥᠯᠥᠨ ᠪᠣᠶᠢᠷ ᠬᠣᠲᠠ ᠳᠤ ᠳᠤᠲᠠᠭᠠᠨ ᠣᠴᠢᠵᠤ ᠂ ᠬᠠᠮᠤᠭ ᠰᠡᠭᠦᠯ ᠳ᠋ᠦ᠍ ᠬᠥᠯᠥᠨ ᠪᠣᠶᠢᠷ ᠬᠣᠲᠠ ᠶᠢᠨ ᠨᠢᠭᠡᠨ ᠪᠣᠶᠢᠳᠠ ᠪᠦᠭᠯᠡᠭᠦᠦ ᠬᠥᠳᠡᠭᠡ ᠲᠣᠰᠬᠣᠨ ᠳᠤ 21 ᠵᠢᠯ ᠨᠡᠷ᠎ᠡ ᠪᠡᠨ ᠪᠤᠷᠤᠭᠤᠯᠠᠵᠦ ᠠᠮᠢᠳᠤᠷᠠᠵᠠᠢ᠃ 2024 ᠣᠨ ᠪᠣᠯᠬᠤ ᠳᠤ ᠂ ᠲᠤᠰ ᠭᠠᠴᠠᠭ᠎ᠠ ᠡᠴᠡ ᠭᠠᠴᠠᠭᠠᠨ ᠤ ᠠᠷᠠᠳ ᠤᠨ ᠮᠡᠳᠡᠭᠡ ᠵᠠᠩᠭᠢ ᠶᠢ ᠴᠤᠭᠯᠠᠭᠤᠯᠵᠤ ᠲᠣᠣᠷ ᠰᠢᠰᠲ᠋ᠧᠮ ᠳ᠋ᠦ᠍ ᠳᠠᠮᠵᠢᠭᠤᠯᠬᠤ ᠦᠶ᠎ᠡ ᠳ᠋ᠦ᠍᠂ ᠴᠧᠨ ᠣᠪᠣᠭᠲᠤ ᠶᠢᠨ ᠬᠠᠩᠭᠠᠭᠰᠠᠨ ᠬᠠᠭᠤᠷᠮᠠᠭ ᠪᠡᠶ᠎ᠡ ᠬᠡᠮ ᠦᠨ ᠮᠡᠳᠡᠭᠡ ᠵᠠᠩᠭᠢ ᠨᠢ ᠲᠡᠭᠦᠨ ᠢ ᠯᠡᠪᠡᠷᠡᠭᠦᠯᠵᠦ ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠠᠩᠬᠠᠷᠤᠯ ᠢ ᠲᠠᠲᠠᠪᠠ᠃
ᠬᠣᠷᠴᠢᠨ ᠲᠣᠭᠣᠷᠢᠭ ᠤᠨ ᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠬᠤ ᠪᠠᠷ ᠳᠠᠮᠵᠢᠨ ᠂ ᠴᠧᠨ ᠣᠪᠣᠭᠲᠤ ᠣᠯᠠᠨ ᠤᠳᠠᠭ᠎ᠠ ᠡᠷᠦᠬᠡ ᠳ᠋ᠦ᠍ ᠣᠷᠣᠵᠤ᠂ ᠪᠤᠰᠤᠳ ᠤᠨ ᠵᠣᠭᠣᠰ ᠮᠥᠩᠭᠥ ᠡᠳ᠋ ᠪᠣᠳᠠᠰ ᠢ ᠬᠤᠯᠠᠭᠠᠶᠢᠯᠠᠭᠰᠠᠨ ᠲᠣᠭ᠎ᠠ ᠬᠡᠮᠵᠢᠶ᠎ᠡ ᠨᠢ ᠯᠤᠲᠤ ᠶᠡᠬᠡ ᠪᠣᠯᠬᠣᠷ ᠬᠤᠯᠠᠭᠠᠶᠢᠯᠠᠭᠰᠠᠨ ᠶᠠᠯ᠎ᠠ ᠬᠢᠭᠰᠡᠨ ᠢᠶᠡᠷ ᠲᠡᠭᠦᠨ ᠳ᠋ᠦ᠍ ᠠᠯᠪᠠᠨ ᠵᠠᠭᠠᠯᠳᠤᠯᠭ᠎ᠠ ᠭᠠᠷᠭᠠᠵᠤ ᠂ ᠴᠧᠨ ᠣᠪᠣᠭᠲᠤ ᠰᠠᠶᠢᠨ ᠳᠤᠷ᠎ᠠ ᠠᠴᠠ ᠪᠠᠨ ᠶᠠᠯ᠎ᠠ ᠪᠠᠨ ᠮᠡᠳᠡᠷᠡᠵᠦ ᠰᠢᠳᠬᠡᠯ ᠬᠦᠯᠢᠶᠡᠪᠡ᠃ ᠡᠨᠡ ᠵᠢᠯ ᠤᠨ 8 ᠰᠠᠷ᠎ᠠ ᠳᠤ ᠂ ᠰᠢᠭᠦᠬᠦ ᠬᠣᠷᠢᠢ᠎ᠠ ᠰᠢᠭᠦᠬᠦ ᠪᠡᠷ ᠲᠠᠮᠵᠢᠨ ᠳᠡᠭᠡᠷ᠎ᠡ ᠳᠤᠷᠠᠳᠤᠭᠰᠠᠨ ᠲᠠᠰᠤᠯᠤᠯᠳᠠ ᠶᠢ ᠭᠠᠷᠭᠠᠪᠠ᠃