ᠮᠠᠷᠢᠶ᠎ᠠ ᠰᠢᠭᠤᠷᠠᠭᠤᠯᠬᠤ ᠺᠣᠹᠧ᠂ ᠰᠢᠭᠤᠷᠠᠬᠤ ᠨᠢ ᠴᠢᠨᠦ ᠡᠷᠡᠭᠦᠯ ᠴᠢᠭᠢᠷᠠᠭ ᠮᠠᠭᠠᠳ
︽ ᠸᠢᠴᠠᠲ ︾᠂ ︽ ᠴᠤᠤᠷᠢᠶ᠎ᠠ ᠳᠠᠪᠴᠠᠩ︾ ᠵᠡᠷᠭᠡ ᠰᠦᠯᠵᠢᠶᠡᠨ ᠤ ᠲᠠᠪᠴᠠᠩ ᠨᠢ ᠡᠵᠡᠩᠨᠡᠭᠴᠢᠳ ᠤᠨ ᠦᠶᠯᠡᠳᠬᠦᠨ ᠢᠶᠠᠨ ᠤᠬᠠᠭᠤᠯᠬᠤ ᠪᠠ ᠬᠡᠷᠡᠭᠯᠡᠭᠴᠢᠳ ᠤᠨ ᠦᠶᠯᠡᠳᠬᠦᠨ ᠬᠤᠳᠠᠯᠳᠤᠨ ᠠᠪᠬᠤ ᠳᠤ ᠴᠥᠮ ᠲᠥᠬᠥᠮ ᠨᠥᠬᠥᠴᠡᠯ ᠬᠠᠩᠭᠠᠭᠰᠠᠨ ᠪᠣᠯᠪᠠᠴᠤ ᠰᠦᠯᠵᠢᠶᠡᠨ ᠤ ᠲᠠᠪᠴᠠᠩ ᠤᠨ ᠦᠨᠡᠨ ᠬᠤᠳᠠᠯ ᠢ ᠢᠯᠭᠠᠬᠤᠶᠠ ᠪᠡᠷᠬᠡ ᠨᠢ ᠪᠠᠰᠠ ᠵᠠᠷᠢᠮ ᠬᠠᠸᠯᠢ ᠪᠤᠰᠤ ᠡᠲᠡᠭᠡᠳ ᠤᠨ ᠰᠦᠯᠵᠢᠶ᠎ᠡ ᠶᠢ ᠠᠰᠢᠭᠯᠠᠨ ᠬᠣᠸᠷ ᠬᠥᠨᠥᠭᠡᠯ ᠲᠡᠶ ᠢᠳᠡᠭᠡᠨ ᠢ ᠪᠣᠷᠣᠯᠠᠭᠤᠯᠬᠤ ᠳᠤ ᠵᠠᠪᠰᠢᠬᠤ ᠲᠣᠬᠢᠶᠠᠯ ᠬᠠᠩᠭᠠᠭᠰᠠᠨ ᠪᠠᠢᠨ᠎ᠠ᠃ ᠣᠶᠢᠷ᠎ᠠ ᠳᠤ ᠂ ᠪᠠᠭᠠᠷᠢᠨ ᠪᠠᠷᠠᠭᠤᠨ ᠬᠣᠰᠢᠭᠤᠨ ᠤ ᠪᠠᠶᠢᠴᠠᠭᠠᠬᠤ ᠬᠣᠷᠢᠶ᠎ᠠ ᠨᠢ ᠸᠢᠴᠠᠲ ᠢᠶᠡᠷ ᠲᠠᠮᠵᠢᠨ ᠬᠣᠸᠷ ᠬᠥᠨᠥᠭᠡᠯ ᠲᠡᠶ ᠢᠳᠡᠭᠡᠨ ᠪᠣᠷᠣᠯᠠᠭᠤᠯᠤᠭᠰᠠᠨ ᠬᠣᠶᠠᠷ ᠶᠠᠯ᠎ᠠ ᠬᠢᠭᠰᠡᠨ ᠰᠡᠵᠢᠭᠳᠡᠨ ᠢ ᠪᠠᠷᠢᠪᠴᠢᠯᠠᠪᠠ᠃
ᠬᠡᠷᠡᠭ ᠤᠨ ᠪᠠᠶᠢᠳᠠᠯ ᠤᠨ ᠲᠣᠪᠴᠢ ᠲᠠᠨᠢᠯᠴᠠᠭᠤᠯᠭ᠎ᠠ᠄
2021ᠣᠨ ᠳᠤ᠂ ᠵᠠᠩ ᠣᠪᠣᠭᠲᠤ ᠨᠢ ᠠᠩᠬᠠᠷᠤᠯ ᠲᠠᠯᠪᠢᠵᠤ ᠪᠠᠶᠢᠭᠰᠠᠨ ᠰᠢᠭᠤᠳ ᠨᠡᠪᠲᠡᠷᠡᠭᠦᠯᠭᠡ ᠶᠢᠨ ᠭᠣᠣᠯ ᠨᠡᠪᠲᠡᠷᠡᠭᠦᠯᠦᠭᠴᠢ ᠨᠡᠯᠢᠶᠡᠳ ᠲᠤᠷᠠᠭᠰᠠᠨ ᠢ ᠦᠵᠡᠭᠡᠳ᠂ ᠲᠤᠰ ᠭᠣᠣᠯ ᠨᠡᠪᠲᠡᠷᠡᠭᠦᠯᠦᠭᠴᠢ ᠲᠠᠢ ᠰᠢᠭᠤᠳ ᠱᠣᠭᠤᠮ ᠢᠶᠠᠷ ᠬᠠᠷᠢᠯᠴᠠᠵᠤ ᠂ ᠮᠠᠷᠢᠶ᠎ᠠ ᠪᠠᠨ ᠰᠢᠭᠤᠷᠠᠭᠤᠯᠭᠤᠰᠠᠨ ︽ᠨᠢᠭᠤᠴᠠ ᠵᠣᠷ︾ ᠢ ᠨᠢ ᠣᠯᠪᠠ᠃ ᠲᠤᠰ ᠭᠣᠣᠯ ᠨᠡᠪᠲᠡᠷᠡᠭᠦᠯᠦᠭᠴᠢ ᠨᠢ ᠵᠠᠩ ᠣᠪᠣᠭᠲᠤ ᠳᠤ ᠮᠠᠷᠢᠶ᠎ᠠ ᠰᠢᠭᠤᠷᠠᠭᠤᠯᠬᠤ ᠺᠤᠹᠸ ᠤᠤᠭᠤᠭᠰᠠᠨ ᠢ ᠬᠡᠯᠡᠵᠦ ᠥᠭᠭᠦᠭᠰᠡᠨ ᠮᠦᠷᠳᠡᠭᠡᠨ ᠵᠠᠩ ᠣᠪᠣᠭᠲᠤ ᠳᠤ ᠲᠤᠰ ᠺᠤᠹᠸ ᠶᠢ ᠲᠠᠨᠢᠯᠴᠠᠭᠤᠯᠪᠠ᠃ ᠵᠠᠩ ᠣᠪᠣᠭᠲᠤ ᠺᠤᠹᠸ ᠬᠤᠳᠠᠯᠳᠤᠨ ᠠᠪᠴᠤ ᠤᠤᠭᠤᠭᠰᠠᠨ ᠦ ᠲᠠᠷᠠᠭ᠎ᠠ ᠵᠣᠬᠢᠬᠤ ᠬᠡᠮᠵᠢᠶ᠎ᠡ ᠪᠡᠷ ᠮᠠᠷᠢᠶ᠎ᠠ ᠰᠢᠭᠤᠷᠠᠭᠤᠯᠬᠤ ᠦᠢᠯᠡᠳᠦᠯ ᠭᠠᠷᠪᠠ᠃ 2021 ᠣᠨ ᠤ 11 ᠰᠠᠷ᠎ᠠ ᠠᠴᠠ ᠂ ᠵᠠᠩ ᠣᠪᠣᠭᠲᠤ ᠸᠢᠴᠠᠲ ᠤᠨ ᠨᠠᠶᠢᠵᠠ ᠶᠢᠨ ᠲᠣᠭᠣᠷᠢᠭ ᠢᠶᠡᠷ ᠢᠶᠡᠨ ᠮᠠᠷᠢᠶ᠎ᠠ ᠰᠢᠭᠤᠷᠠᠭᠤᠯᠬᠤ ᠺᠤᠹᠸ ᠬᠤᠳᠠᠯᠳᠤᠵᠤ ᠡᠬᠢᠯᠡᠵᠡᠶ᠃ ᠡᠨᠡ ᠬᠤᠭᠤᠴᠠᠭᠠᠨ ᠳᠦ ᠵᠠᠷᠢᠮ ᠲᠤᠰ ᠺᠤᠹᠸ ᠢ ᠤᠭᠤᠤᠭᠰᠠᠨ ᠬᠦᠮᠦᠨ ᠵᠢᠷᠦᠬᠡ ᠲᠦᠭᠰᠢᠬᠦ ᠂ ᠳᠤᠷ᠎ᠠ ᠪᠤᠯᠭᠢᠬᠤ ᠵᠡᠷᠭᠡ ᠨᠠᠵᠠᠭᠠᠢ ᠦᠶᠯᠡᠳᠦᠯ ᠲᠡᠶ ᠭᠡᠵᠦ ᠲᠡᠭᠦᠨ ᠳᠦ ᠲᠤᠰᠬᠠᠭᠰᠠᠨ ᠪᠣᠯᠪᠠᠴᠤ ᠲᠡᠷᠡ ᠪᠣᠷᠣᠯᠠᠭᠤᠯᠬᠤ ᠪᠠᠨ ᠵᠣᠭᠰᠣᠭᠰᠠᠨ ᠥᠬᠡᠶ ᠃ 2022 ᠣᠨ ᠤ 6 ᠰᠠᠷ᠎ᠠ ᠳᠤ᠂ ᠮᠠ ᠣᠪᠣᠭᠲᠤ ᠨᠢ ᠵᠠᠩ ᠣᠪᠣᠭᠲᠤ ᠶᠢᠨ ᠸᠢᠴᠠᠲ ᠤᠨ ᠨᠠᠶᠢᠵᠠ ᠶᠢᠨ ᠲᠣᠭᠣᠷᠢᠭ ᠢ ᠣᠯᠵᠤ ᠦᠵᠡᠭᠡᠳ ᠵᠠᠩ ᠣᠪᠣᠭᠲᠤ ᠶᠢᠨ ᠺᠤᠹᠸ ᠶᠢ ᠬᠤᠳᠠᠯᠳᠤᠨ ᠠᠪᠴᠤ ᠤᠭᠤᠤᠵᠠᠢ᠃ ᠲᠡᠷᠡ ᠲᠤᠰ ᠺᠤᠹᠸ ᠶᠢ ᠤᠭᠤᠤᠭᠰᠠᠨ ᠤ ᠳᠠᠷᠠᠭ᠎ᠠ ᠵᠣᠬᠢᠬᠤ ᠬᠡᠮᠵᠢᠶ᠎ᠡ ᠪᠡᠷ ᠮᠠᠷᠢᠶ᠎ᠠ ᠰᠢᠭᠤᠷᠠᠭᠤᠯᠬᠤ ᠦᠶᠯᠡᠳᠦᠯ ᠲᠡᠶ ᠶᠢ ᠮᠡᠳᠡᠭᠰᠡᠨ ᠤ ᠳᠠᠷᠠᠭ᠎ᠠ ᠪᠠᠰᠠ ᠸᠢᠴᠠᠲ ᠤᠨ ᠨᠠᠶᠢᠵᠠ ᠶᠢᠨ ᠲᠣᠭᠣᠷᠢᠭ ᠢᠶᠡᠷ ᠢᠶᠡᠨ ᠳᠠᠮᠵᠢᠭᠤᠯᠤᠨ ᠬᠤᠳᠠᠯᠳᠤᠵᠤ ᠡᠬᠢᠯᠡᠵᠡᠶ ᠃ 2023 ᠣᠨ ᠤ 10 ᠰᠠᠷ᠎ᠠ ᠳᠤ᠂ ᠯᠢ ᠣᠪᠣᠭᠲᠤ ᠮᠠ ᠣᠪᠣᠭᠲᠤ ᠠᠴᠠ ᠺᠤᠹᠸ ᠬᠤᠳᠠᠯᠳᠤᠨ ᠠᠪᠴᠤ ᠬᠤᠳᠠᠯᠳᠤᠪᠠ᠃ 2023 ᠣᠨ ᠤ 11 ᠰᠠᠷ᠎ᠠ ᠳᠦ᠂ ᠯᠢ ᠣᠪᠣᠭᠲᠤ ᠡᠴᠡ ᠺᠤᠹᠸ ᠬᠤᠳᠠᠯᠳᠤᠨ ᠠᠪᠤᠭᠰᠠᠨ ᠬᠥᠮᠦᠨ ᠤ ᠵᠢᠷᠦᠬᠡ ᠨᠢ ᠲᠦᠭᠰᠢᠵᠦ ᠂ ᠬᠣᠷᠭᠣᠰᠣᠯᠠᠬᠤ ᠦᠢᠯᠡᠳᠦᠯ ᠭᠠᠷᠴᠠᠢ᠃ ᠲᠡᠭᠡᠭᠡᠳ ᠪᠠᠶᠢᠴᠠᠭᠠᠨ ᠰᠢᠯᠭᠠᠬᠤ ᠪᠠᠶᠢᠭᠤᠯᠤᠮᠵᠢ ᠳᠦ ᠨᠠᠶᠢᠳᠠᠵᠤ ᠺᠤᠹᠸ ᠶᠢ ᠪᠠᠶᠢᠴᠠᠭᠠᠨ ᠰᠢᠯᠭᠠᠭᠤᠯᠤᠭᠰᠠᠨ ᠳᠦ ᠂ ᠺᠤᠹᠸ ᠳᠣᠲᠣᠷ᠎ᠠ ᠤᠯᠤᠰ ᠡᠴᠡ ᠢᠳᠡᠭᠡᠨ ᠤ ᠵᠦᠢᠯ ᠳᠦ ᠴᠠᠭᠠᠵᠠᠯᠠᠭᠰᠠᠨ 《ᠰᠢ ᠪᠦ᠋ ᠴᠢᠦᠶ ᠮᠢᠩ》 ᠤᠨ ᠪᠦᠷᠢᠯᠳᠦᠬᠦᠨ ᠠᠭᠤᠯᠤᠭᠳᠠᠵᠤ ᠪᠠᠢᠨ᠎ᠠ ᠭᠡᠵᠦ ᠲᠤᠳᠤᠯᠠᠪᠠ᠃ ᠲᠤᠰ ᠬᠡᠷᠡᠭᠯᠡᠭᠴᠢ ᠪᠠᠶᠢᠴᠠᠭᠠᠨ ᠰᠢᠯᠭᠠᠭᠰᠠᠨ ᠳ᠋ᠦᠩ ᠢᠶᠠᠨ ᠯᠢ ᠣᠪᠣᠭᠲᠤ ᠳᠦ ᠮᠡᠳᠡᠭᠳᠡᠪᠡ᠃ ᠯᠢ ᠣᠪᠣᠭᠲᠤ ᠳᠠᠬᠢᠨ ᠮᠠ ᠣᠪᠣᠭᠲᠤ ᠪᠣᠯᠤᠨ ᠵᠠᠩ ᠣᠪᠣᠭᠲᠤ ᠳᠦ ᠮᠡᠳᠡᠭᠳᠡᠪᠡ᠃ ᠭᠡᠪᠡᠴᠦ ᠮᠠ ᠣᠪᠣᠭᠲᠤ ᠂ ᠵᠠᠩ ᠣᠪᠣᠭᠲᠤ ᠬᠣᠶᠠᠭᠤᠯᠠ ᠠᠰᠢᠭ ᠲᠤᠰᠠ ᠤᠯᠬᠤ ᠶᠢᠨ ᠲᠥᠯᠥᠭᠡ ᠮᠥᠨ ᠯᠡ ᠪᠣᠷᠣᠯᠠᠭᠤᠯᠬᠤ ᠪᠠᠨ ᠵᠣᠭᠰᠣᠭᠰᠠᠨ ᠦᠭᠡᠶ ᠂ ᠬᠡᠷᠡᠭ ᠭᠠᠷᠳᠠᠯ᠎ᠠ ᠪᠣᠷᠣᠯᠠᠭᠤᠯᠵᠠᠶ ᠃
ᠰᠢ ᠪᠦ᠋ ᠴᠢᠦᠶ ᠮᠢᠩ ᠪᠣᠯ ᠨᠢᠭᠡ ᠵᠦᠢᠯ ᠦᠨ ᠢᠳᠡᠭᠡᠨ ᠦ ᠳᠤᠷᠠᠰᠢᠯ ᠢ ᠬᠣᠷᠢᠭᠯᠠᠬᠤ ᠡᠮ ᠮᠥᠨ᠃ ᠲᠥᠪ ᠮᠡᠳᠡᠷᠡᠯ ᠦᠨ ᠰᠢᠰᠲ᠋ᠧᠮ ᠢ ᠬᠣᠷᠢᠭᠯᠠᠬᠤ ᠪᠠᠷ ᠳᠡᠮᠵᠢᠨ ᠢᠳᠡᠭᠡᠨ ᠤ ᠳᠤᠷᠠᠰᠢᠯ ᠢ ᠪᠠᠭᠤᠷᠠᠭᠤᠯᠵᠤ ᠂ ᠭᠡᠳᠡᠰᠦ ᠴᠠᠳᠬᠤᠯᠠᠩ ᠲᠥᠷᠥᠭᠳᠡᠯ ᠢ ᠨᠡᠮᠡᠭᠳᠡᠭᠦᠯᠦᠨ ᠂ ᠡᠨᠧᠷᠭᠢ ᠶᠢᠨ ᠬᠣᠷᠣᠭᠳᠠᠯ ᠢ ᠲᠦᠷᠭᠡᠳᠬᠡᠵᠦ ᠂ ᠵᠢᠷᠦᠬᠡ ᠲᠦᠭᠰᠢᠬᠦ ᠂ ᠬᠣᠷᠭᠣᠰᠣᠯᠠᠬᠤ ᠂ ᠠᠮᠠ ᠬᠠᠲᠠᠬᠤ ᠂ ᠨᠣᠶᠢᠷ ᠠᠯᠳᠠᠬᠤ ᠂ ᠲᠣᠯᠣᠭᠠᠶ ᠡᠷᠭᠢᠬᠦ ᠵᠡᠷᠭᠡ ᠨᠠᠵᠠᠭᠠᠢ ᠲᠤᠰᠬᠠᠯ ᠢ ᠡᠭᠦᠰᠭᠡᠵᠦ ᠂ ᠵᠢᠷᠦᠬᠡ ᠴᠢᠰᠤᠨ ᠰᠤᠳᠠᠯ ᠤᠨ ᠡᠪᠡᠳᠴᠢᠨ ᠳᠦ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠳᠡᠭ ᠃ 2010 ᠣᠨ ᠠᠴᠠ ᠡᠬᠢᠯᠡᠨ ᠤᠯᠤᠰ ᠤᠨ ᠢᠳᠡᠭᠡᠨ ᠤ ᠵᠦᠢᠯ ᠂ ᠡᠮ ᠦᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠴᠠ ᠮᠠᠨ ᠤ ᠤᠯᠤᠰ ᠲᠤ ᠰᠢ ᠪᠦ᠋ ᠴᠢᠦᠶ ᠮᠢᠩ ᠲᠠᠢ ᠡᠮ ᠤᠨ ᠨᠠᠶᠢᠷᠠᠯᠲᠠ ᠪᠠ ᠲᠦᠭᠦᠬᠡᠶ ᠮᠠᠲ᠋ᠧᠷᠢᠶᠠᠯ ᠤᠨ ᠡᠮ ᠢ ᠦᠢᠯᠡᠳᠪᠦᠷᠢᠯᠡᠬᠦ᠂ ᠪᠣᠷᠣᠯᠠᠭᠤᠯᠬᠤ ᠪᠠ ᠬᠡᠷᠡᠭᠯᠡᠬᠦ ᠶᠢ ᠵᠤᠭᠰᠤᠭᠠᠪᠠ ᠃
ᠪᠠᠶᠢᠴᠠᠭᠠᠬᠤ ᠲᠤᠰᠢᠶᠠᠯᠲᠠᠨ ᠤ ᠰᠠᠨᠠᠭᠤᠯᠭ᠎ᠠ᠄
︽ᠡᠴᠡᠩᠬᠡᠶ ᠶᠢ ᠭᠤᠸ᠎ᠠ ᠰᠠᠢᠬᠠᠨ ᠢᠶᠠᠷ ᠦᠵᠡᠬᠦ︾ ᠨᠢ ᠮᠠᠰᠢ ᠣᠯᠠᠨ ᠬᠥᠮᠦᠨ ᠤ ᠬᠥᠭᠡᠭᠡᠴᠡᠯᠳᠦᠯ ᠶᠤᠮ ᠃ ᠡᠷᠡᠭᠦᠯ ᠠᠷᠭ᠎ᠠ ᠪᠡᠷ ᠮᠠᠷᠢᠶ᠎ᠠ ᠰᠢᠭᠤᠷᠠᠭᠤᠯᠬᠤ ᠨᠢ ᠺᠠᠯᠣᠷᠢ ᠶᠢ ᠰᠢᠲᠠᠭᠠᠵᠤ᠂ ᠭᠤᠸ᠎ᠠ ᠰᠠᠶᠢᠬᠠᠨ ᠢ ᠡᠷᠬᠢᠮᠯᠡᠳᠡᠭ ᠬᠥᠮᠦᠰ ᠦᠨ ᠬᠦᠰᠡᠯ ᠪᠤᠯᠤᠨ᠎ᠠ᠃ ᠭᠡᠪᠡᠴᠦ ᠮᠠᠷᠢᠶ᠎ᠠ ᠰᠢᠭᠤᠷᠠᠭᠤᠯᠬᠤ ᠬᠦᠰᠡᠯ ᠡᠴᠡ ᠪᠣᠯᠵᠤ᠂ ᠰᠣᠬᠣᠷ ᠪᠠᠯᠠᠶ ᠪᠡᠷ ᠣᠨᠴᠠ ᠦᠢᠯᠡᠳᠦᠯ ᠲᠡᠶ ᠮᠠᠷᠢᠶ᠎ᠠ ᠰᠢᠭᠤᠷᠠᠭᠤᠯᠬᠤ ᠢᠳᠡᠭᠡᠨ︵ᠡᠮ︶ ᠢ ᠢᠳᠡᠪᠡᠯ ᠂ ᠡᠴᠡᠩᠬᠡᠶ ᠪᠣᠯᠬᠤ ᠬᠥᠭᠡᠭᠡᠴᠡᠯᠳᠦᠯ ᠢ ᠦᠨᠡᠰᠦᠨ ᠲᠣᠪᠷᠠᠭ ᠪᠣᠯᠭᠠᠬᠤ ᠪᠠᠷ ᠪᠠᠷᠠᠬᠤ ᠦᠭᠡᠢ᠂ ᠪᠡᠶ᠎ᠡ ᠶᠢᠨ ᠡᠷᠡᠭᠦᠯ ᠴᠢᠭᠢᠷᠠᠭ ᠲᠤ ᠬᠣᠬᠢᠷᠠᠯ ᠤᠴᠠᠷᠠᠭᠤᠯᠵᠤ᠂ ᠰᠥᠷᠴᠦ ᠪᠣᠯᠤᠰᠢ ᠦᠭᠡᠢ ᠬᠣᠣᠷ ᠬᠥᠨᠥᠭᠡᠯ ᠤᠴᠠᠷᠠᠭᠤᠯᠬᠤ ᠪᠤᠯᠤᠨ᠎ᠠ᠃
ᠨᠠᠢᠷᠠᠭᠤᠯᠤᠭᠴᠢ᠄ ᠰᠤᠶᠤᠯ
ᠤᠷᠴᠢᠭᠤᠯᠤᠭᠴᠢ᠄ ᠳᠤᠷᠠᠨ