ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠴᠢᠩ ᠱᠦᠢ ᠾᠧ ᠰᠢᠶᠠᠨ ᠤ ᠪᠠᠶᠢᠴᠠᠭᠠᠬᠤ ᠬᠣᠷᠢᠢ᠎ᠠ  ᠶᠢᠨ︽ᠨᠡᠶᠢᠲᠡ ᠶᠢᠨ ᠠᠰᠢᠭᠲᠤ  ᠵᠠᠷᠭᠤ + ᠨᠣᠭᠣᠭᠠᠷᠠᠭᠤᠯᠬᠤ ᠶᠢ ᠨᠦᠬᠦᠵᠦ ᠨᠡᠮᠡᠭᠳᠡᠭᠦᠯᠬᠦ︾ ᠪᠡᠷ 422.22 ᠮᠦ ᠭᠠᠯ ᠠᠯᠳᠠᠭᠰᠠᠨ ᠭᠠᠵᠠᠷ ᠤᠨ ᠤᠷᠭᠤᠮᠠᠯ  ᠤᠨ ᠬᠤᠴᠢᠯᠭ᠎ᠠ  ᠶᠢ ᠰᠡᠷᠭᠦᠭᠡᠬᠦ  ᠶᠢ ᠠᠬᠢᠭᠤᠯᠪᠠ 

2025-02-14 16:01:09
ᠵᠣᠬᠢᠶᠠᠭᠴᠢ
ᠪᠠᠢ ᠴᠢᠩ ᠯᠢᠨ


     2024 ᠣᠨ  ᠡᠴᠡ ᠨᠠᠰᠢ᠂ ᠴᠢᠩ ᠱᠦᠢ  ᠾᠧ ᠰᠢᠶᠠᠨ  ᠤ ᠪᠠᠶᠢᠴᠠᠭᠠᠬᠤ ᠬᠣᠷᠢᠢ᠎ᠠ ᠪᠦᠬᠦ ᠰᠢᠶᠠᠨ  ᠤ︽ᠠᠮᠢ ᠠᠬᠤᠢ ᠪᠠᠷ ᠰᠢᠶᠠᠨ  ᠢ ᠪᠠᠶᠢᠭᠤᠯᠬᠤ᠂ ᠠᠮᠢ ᠠᠬᠤᠢ ᠪᠠᠷ ᠰᠢᠶᠠᠨ  ᠢ ᠬᠦᠴᠦᠷᠬᠡᠭᠵᠢᠭᠦᠯᠬᠦ᠂ ᠠᠮᠢ ᠠᠬᠤᠢ ᠪᠠᠷ ᠰᠢᠶᠠᠨ  ᠢ ᠰᠢᠯᠢᠳᠡᠭᠵᠢᠭᠦᠯᠬᠦ᠂ ᠠᠮᠢ ᠠᠬᠤᠢ ᠪᠠᠷ ᠰᠢᠶᠠᠨ  ᠢ ᠮᠠᠨᠳᠤᠭᠤᠯᠬᠤ᠂ ᠠᠮᠢ ᠠᠬᠤᠢ ᠪᠠᠷ ᠠᠷᠠᠳ  ᠢ ᠪᠠᠶᠠᠵᠢᠭᠤᠯᠬᠤ︾ᠶᠡᠷᠦᠩᠬᠡᠢ ᠬᠠᠷᠠᠯᠲᠠ  ᠶᠢᠨ ᠲᠣᠭᠣᠷᠢᠨ  ᠳ᠋ᠦ᠂ ᠪᠣᠬᠢᠷᠲᠤᠯ ᠦᠭᠡᠢ ᠬᠥᠭᠵᠢᠯᠲᠡ ᠪᠡᠷ ᠨᠡᠶᠢᠲᠡ  ᠶᠢᠨ ᠠᠰᠢᠭᠲᠤ ᠵᠠᠷᠭᠤ  ᠶᠢᠨ ᠪᠠᠶᠢᠴᠠᠭᠠᠬᠤ ᠠᠵᠢᠯ  ᠢ  ᠢᠮᠠᠭᠲᠠ ᠬᠦᠳᠦᠯᠦᠨ ᠳᠠᠭᠠᠭᠤᠯᠬᠤ  ᠶᠢ ᠪᠠᠷᠢᠮᠲᠠᠯᠠᠵᠤ᠂ ︽ᠲᠤᠰᠬᠠᠶᠢᠵᠢᠭᠰᠠᠨ ᠬᠢᠨᠠᠯᠲᠠ ᠲᠠᠯᠪᠢᠬᠤ + ᠰᠡᠷᠭᠦᠭᠡᠯᠲᠡ  ᠶᠢᠨ ᠴᠢᠨᠠᠷᠲᠠᠢ ᠬᠠᠤᠯᠢ  ᠪᠠᠷᠢᠯᠲᠠ+ ᠨᠡᠶᠢᠭᠡᠮᠴᠢᠯᠡᠭᠰᠡᠨ ᠵᠠᠰᠠᠯᠲᠠ + ᠤᠯᠠᠨ ᠡᠰᠢᠴᠢᠯᠡᠭᠰᠡᠨ ᠬᠠᠮᠵᠢᠯᠴᠠᠭ᠎ᠠ︾ ᠶᠢ ᠥᠷᠨᠢᠭᠦᠯᠬᠦ ᠪᠡᠷ ᠳᠠᠮᠵᠢᠭᠤᠯᠵᠤ᠂ ᠴᠢᠩ ᠱᠦᠢ  ᠾᠧ ᠰᠢᠶᠠᠨ  ᠤ ᠤᠢ ᠰᠢᠭᠤᠢ ᠶᠢᠨ ᠡᠬᠢ ᠪᠠᠶᠠᠯᠢᠭ  ᠤᠨ ᠬᠠᠮᠠᠭᠠᠯᠠᠯᠲᠠ ᠪᠠ ᠠᠮᠢ ᠠᠬᠤᠢ  ᠶᠢᠨ ᠪᠣᠯᠪᠠᠰᠤᠨ  ᠤ ᠪᠠᠶᠢᠭᠤᠯᠤᠯᠲᠠ   ᠳᠦ ᠴᠢᠩᠭ᠎ᠠ ᠬᠦᠴᠦᠲᠡᠢ ᠬᠠᠤᠯᠢ ᠴᠠᠭᠠᠵᠠ  ᠶᠢᠨ ᠪᠠᠲᠤᠯᠠᠭ᠎ᠠ ᠬᠠᠩᠭᠠᠵᠠᠢ᠃  ᠰᠢᠳᠭᠡᠭ᠍ᠰᠡᠨ ᠯᠢ ᠶᠦᠨ ᠶᠢᠩ  ᠤᠨ ᠭᠠᠯ ᠠᠯᠳᠠᠭᠰᠠᠨ ᠰᠡᠵᠢᠭᠯᠡᠯᠲᠡᠶ ᠬᠡᠷᠡᠭ ᠲᠦ ᠂ ᠰᠡᠷᠭᠦᠭᠡᠯᠲᠡ  ᠶᠢᠨ ᠴᠢᠨᠠᠷᠲᠠᠶ  ᠬᠠᠤᠯᠢ ᠪᠠᠷᠢᠬᠤ ᠣᠶᠢᠯᠠᠭᠠᠭᠳᠠᠬᠤᠨ  ᠢ ᠭᠦᠨᠵᠡᠭᠡᠶ ᠨᠠᠶᠢᠳᠠᠪᠤᠷᠢᠵᠢᠭᠤᠯᠵᠤ ᠂ ᠠᠮᠢ ᠠᠬᠤᠶ ᠶᠢᠨ ᠣᠷᠴᠢᠨ ᠲᠣᠭᠣᠷᠢᠨ ᠪᠠ ᠡᠬᠢ ᠪᠠᠶᠠᠯᠢᠭ  ᠤᠨ ᠬᠠᠮᠠᠭᠠᠯᠠᠯᠲᠠ  ᠶᠢᠨ ᠮᠥᠨ ᠴᠢᠨᠠᠷ  ᠢ ᠠᠬᠢᠭᠤᠯᠤᠨ ᠂ ᠰᠢᠶᠠᠨ ᠤ ᠣᠶ ᠰᠢᠭᠤᠶ  ᠶᠢᠨ ᠲᠣᠪᠴᠢᠶ᠎ᠠ ᠂ ᠰᠢᠶᠠᠨ  ᠤ ᠰᠢᠭᠦᠬᠦ ᠬᠣᠷᠢᠶ᠎ᠠ ᠲᠠᠶ ᠬᠦᠴᠦ ᠪᠡᠨ ᠬᠠᠮᠲᠤᠳᠬᠠᠨ ᠡᠷᠡᠭᠦᠦ  ᠶᠢᠨ ᠬᠡᠷᠡᠭ  ᠤᠨ ᠳᠠᠭᠠᠯᠳᠤᠭᠰᠠᠨ ᠢᠷᠭᠡᠨ  ᠤ ᠬᠡᠷᠡᠭ  ᠤᠨ ᠨᠡᠶᠢᠲᠡ ᠶᠢᠨ ᠠᠰᠢᠭᠲᠤ  ᠵᠠᠷᠭᠤ  ᠳ᠋ᠦ ᠣᠶ ᠮᠣᠳᠣ ᠨᠥᠬᠥᠵᠦ ᠳᠠᠷᠢᠭᠰᠠᠨ ᠵᠢᠴᠢ ᠤᠷᠭᠤᠮᠠᠯ  ᠤᠨ ᠬᠤᠴᠢᠯᠭ᠎ᠠ ᠶᠢ ᠰᠡᠷᠭᠦᠭᠡᠭᠰᠡᠨ ᠪᠠᠶᠢᠳᠠᠯ  ᠳᠦ ᠴᠢᠭᠯᠡᠭᠦᠯᠦᠨ ᠪᠠᠶᠢᠴᠠᠭᠠᠵᠤ ᠬᠢᠨᠠᠯᠲᠠ ᠲᠠᠯᠪᠢᠬᠤ ᠠᠵᠢᠯ  ᠢ ᠥᠷᠨᠢᠭᠦᠯᠬᠦ ᠪᠡᠷ ᠳᠠᠮᠵᠢᠭᠤᠯᠤᠨ ᠂ ᠣᠶ ᠰᠢᠭᠤᠶ  ᠶᠢᠨ ᠲᠣᠪᠴᠢᠶ᠎ᠠ  ᠶᠢᠨ ᠲᠥᠯᠥᠪᠦᠷᠢ ᠥᠭᠬᠦ ᠡᠭᠦᠷᠭᠡᠲᠦ ᠬᠥᠮᠦᠨ  ᠢ ᠰᠢᠪᠠᠳᠠᠵᠤ ᠪᠠᠶᠢᠭᠠᠳ ᠨᠥᠬᠥᠵᠦ ᠳᠠᠷᠢᠵᠤ ᠨᠣᠭᠣᠭᠠᠷᠠᠭᠤᠯᠬᠤ ᠠᠷᠭ᠎ᠠ ᠮᠠᠶ᠋ᠢᠭ  ᠢᠶᠠᠷ ᠬᠣᠬᠢᠷᠠᠭᠰᠠᠨ ᠣᠷᠴᠢᠨ ᠲᠣᠭᠣᠷᠢᠨ ᠢ ᠰᠡᠷᠭᠦᠭᠡᠬᠦ  ᠶᠢ ᠢᠳᠡᠪᠬᠢᠲᠡᠶ ᠠᠬᠢᠭᠤᠯᠪᠠ ᠃  
     2024 ᠣᠨ  ᠤ 4 ᠰᠠᠷ᠎ᠠ ᠶᠢᠨ 1  ᠤ ᠡᠳᠦᠷ ᠂ ᠵᠠᠭᠠᠯᠳᠤᠭᠳᠠᠭᠴᠢ ᠯᠢ  ᠤᠪᠤᠭᠲᠤ ᠨᠤᠲᠤᠭ ᠲᠠᠭᠠᠨ ᠬᠠᠷᠢᠵᠤ ᠲᠣᠰᠬᠣᠨ  ᠳᠦ ᠳᠠᠬᠢᠯᠭ᠎ᠠ ᠬᠢᠬᠦ ᠳᠡᠭᠡᠨ ᠴᠠᠭᠠᠰᠤ ᠰᠢᠲᠠᠭᠠᠬᠤ ᠶᠠᠪᠤᠴᠠ ᠳᠦ ᠪᠣᠯᠭᠣᠮᠵᠢ ᠥᠬᠡᠶ ᠡᠴᠡ ᠪᠣᠯᠵᠣ ᠡᠷᠬᠢᠨ ᠲᠣᠭᠣᠷᠢᠨ  ᠤ ᠬᠤᠪᠠᠬᠠᠶ ᠡᠪᠡᠰᠦ  ᠶᠢ ᠨᠣᠴᠣᠭᠠᠭᠠᠳ ᠠᠭᠤᠯᠠᠨ ᠲᠦᠢᠮᠡᠷ ᠭᠠᠷᠭᠠᠵᠤ ᠂ ᠶᠡᠷᠦᠩᠬᠡᠶ ᠲᠠᠯᠠᠪᠠᠶ ᠨᠢ 422.22 ᠮᠥ ᠪᠠᠶᠢᠵᠤ ᠂ ᠬᠡᠲᠦ ᠨᠣᠴᠣᠭᠠᠭᠰᠠᠨ ᠭᠠᠵᠠᠷ  ᠤᠨ ᠬᠡᠰᠡᠭ ᠣᠶ ᠮᠣᠳᠣ ᠂ ᠡᠪᠡᠰᠦᠲᠦ ᠭᠠᠵᠠᠷ ᠤᠨ ᠥᠷᠲᠡᠭ ᠨᠢ ᠠᠷᠠᠳ  ᠤᠨ ᠵᠣᠭᠣᠰ  ᠢᠶᠡᠷ 2141624.75 ᠲᠥᠭᠥᠷᠢᠭ ᠪᠠᠶᠢᠵᠤ ᠂ ᠲᠣᠰᠣᠲᠤ ᠨᠠᠷᠠᠰᠤ ᠂ ᠬᠠᠷᠭᠠᠶ ᠵᠡᠷᠭᠡ ᠤᠷᠭᠤᠮᠠᠯ  ᠢ ᠪᠠᠭᠲᠠᠭᠠᠨ᠎ᠠ ᠃ ᠬᠡᠷᠡᠭ ᠭᠠᠷᠤᠭᠰᠠᠨ  ᠤ ᠳᠠᠷᠠᠭ᠎ᠠ ᠵᠠᠭᠠᠯᠳᠤᠭᠳᠠᠭᠴᠢ ᠯᠢ ᠤᠪᠤᠭᠲᠤ ᠰᠠᠨᠠᠭᠠᠴᠢᠯᠠᠭ᠎ᠠ  ᠡᠴᠡ ᠪᠠᠨ ᠭᠠᠯ  ᠤᠨ ᠠᠶᠤᠯ ᠮᠡᠳᠡᠭᠦᠯᠦᠭᠰᠡᠨ ᠪᠥᠭᠡᠳ ᠭᠠᠯ ᠭᠠᠷᠤᠭᠰᠠᠨ ᠲᠤᠬᠠᠶ   ᠶᠢᠨ ᠭᠠᠵᠠᠷ ᠲᠤ ᠶᠡᠬᠡ ᠭᠠᠯ   ᠢ ᠤᠨᠲᠠᠷᠭᠠᠬᠤ ᠪᠣᠯᠲᠠᠯ᠎ᠠ ᠠᠪᠤᠷᠠᠨ ᠲᠤᠰᠠᠯᠠᠬᠤ ᠠᠵᠢᠯ ᠬᠢᠭᠰᠡᠭᠡᠷ ᠢᠷᠡᠵᠡᠶ ᠃ 2024 ᠣᠨ  ᠤ 7 ᠰᠠᠷ᠎ᠠ  ᠶᠢᠨ 4 ᠤ ᠡᠳᠦᠷ ᠂ ᠴᠢᠩ ᠱᠦᠶ ᠾᠧ ᠰᠢᠶᠠᠨ  ᠤ ᠪᠠᠶᠢᠴᠠᠭᠠᠬᠤ ᠬᠣᠷᠢᠶ᠎ᠠ ᠯᠢ  ᠤᠪᠤᠭᠲᠤ ᠵᠢᠨ ᠭᠠᠯ ᠠᠯᠳᠠᠭᠰᠠᠨ ᠬᠡᠷᠡᠭ ᠲᠦ ᠴᠢᠭᠯᠡᠭᠦᠯᠦᠨ ᠴᠢᠩ ᠱᠦᠶ ᠾᠧ ᠰᠢᠶᠠᠨ  ᠤ ᠰᠢᠭᠦᠬᠦ ᠬᠣᠷᠢᠶ᠎ᠠ  ᠳᠦ  ᠡᠷᠡᠭᠦᠦ  ᠶᠢᠨ ᠬᠡᠷᠡᠭ  ᠤᠨ ᠳᠠᠭᠠᠯᠳᠤᠭᠤᠯᠤᠯ ᠢᠷᠭᠡᠨ ᠤ ᠬᠡᠷᠡᠭ  ᠤᠨ ᠨᠡᠶᠢᠲᠡ  ᠶᠢᠨ  ᠠᠰᠢᠭᠲᠤ ᠵᠠᠭᠠᠯᠳᠤᠯᠭ᠎ᠠ ᠭᠠᠷᠭᠠᠵᠤ ᠂ 2024 ᠣᠨ ᠤ 9 ᠰᠠᠷ᠎ᠠ  ᠶᠢᠨ 30  ᠤ ᠡᠳᠦᠷ ᠂ ᠴᠢᠩ ᠱᠦᠶ ᠾᠧ ᠰᠢᠶᠠᠨ  ᠤ ᠰᠢᠭᠦᠬᠦ ᠬᠣᠷᠢᠶ᠎ᠠ ᠵᠠᠭᠠᠯᠳᠤᠭᠳᠠᠭᠴᠢ ᠯᠢ  ᠤᠪᠤᠭᠲᠤ ᠶᠢ ᠭᠠᠯ ᠠᠯᠳᠠᠭᠰᠠᠨ ᠶᠠᠯ᠎ᠠ ᠪᠠᠷ  ᠬᠠᠤᠯᠢ ᠶᠣᠰᠣᠭᠠᠷ ᠰᠢᠳᠬᠡᠵᠦ ᠂ ᠭᠤᠷᠪᠠᠨ ᠵᠢᠯ ᠬᠤᠭᠤᠴᠠᠭ᠎ᠠ ᠲᠠᠶ ᠬᠤᠷᠢᠵᠤ᠂ ᠡᠷᠡᠭᠦᠦ ᠰᠢᠳᠬᠡᠯ  ᠢ ᠳᠥᠷᠪᠡᠨ ᠵᠢᠯ ᠬᠣᠶᠢᠰᠢᠯᠠᠭᠤᠯᠬᠤ ᠪᠠᠷ ᠰᠢᠳᠬᠡᠪᠡ ᠃ ᠰᠢᠭᠦᠨ ᠲᠠᠰᠤᠯᠤᠯᠲᠠ ᠳᠠᠭᠤᠰᠬᠤ ᠦᠶ᠎ᠡ ᠳᠦ ᠂ ᠵᠠᠭᠠᠯᠳᠤᠭᠳᠠᠭᠴᠢ ᠯᠢ  ᠤᠪᠤᠭᠲᠤ ᠭᠠᠯ ᠠᠯᠳᠠᠭᠰᠠᠨ ᠭᠠᠵᠠᠷ  ᠤᠨ ᠤᠷᠭᠤᠮᠠᠯ ᠤᠨ ᠬᠤᠴᠢᠯᠭ᠎ᠠ   ᠶᠢ ᠰᠡᠷᠭᠦᠭᠡᠬᠦ ᠢᠨᠵᠧᠨᠧᠷᠢᠩ  ᠤᠨ ᠵᠦᠢᠯᠡᠰ ᠤᠨ ᠱᠠᠭᠠᠷᠳᠠᠯᠭ᠎ᠠ ᠶᠣᠰᠣᠭᠠᠷ 422.22 ᠮᠥ ᠤᠷᠭᠤᠮᠠᠯ  ᠤᠨ ᠬᠤᠴᠢᠯᠭ᠎ᠠ   ᠶᠢ ᠰᠡᠷᠭᠦᠭᠡᠬᠦ ᠠᠵᠢᠯ   ᠢ ᠪᠡᠶᠡᠯᠡᠭᠦᠯᠵᠡᠶ ᠂ ᠴᠢᠩ ᠱᠦᠶ ᠾᠧ ᠰᠢᠶᠠᠨ  ᠤ ᠠᠷᠠᠳ  ᠤᠨ ᠪᠠᠶᠢᠴᠠᠭᠠᠬᠤ ᠬᠣᠷᠢᠶ᠎ᠠ ᠪᠣᠯᠤᠨ ᠰᠢᠶᠠᠨ  ᠤ ᠰᠢᠭᠦᠬᠦ ᠬᠣᠷᠢᠶ᠎ᠠ ᠂ ᠣᠶ ᠰᠢᠭᠤᠶ   ᠶᠢᠨ ᠲᠣᠪᠴᠢᠶ᠎ᠠ ᠲᠤᠬᠠᠶ   ᠶᠢᠨ ᠭᠠᠵᠠᠷ ᠲᠤᠨᠢ ᠪᠠᠶᠢᠴᠠᠭᠠᠨ ᠦᠵᠡᠭᠰᠡᠨ  ᠤ ᠳᠠᠷᠠᠭ᠎ᠠ ᠂ ᠵᠠᠭᠠᠯᠳᠤᠭᠳᠠᠭᠴᠢ ᠯᠢ ᠤᠪᠤᠭᠲᠤ ᠵᠢᠨ  ᠭᠠᠯ ᠠᠯᠳᠠᠭᠰᠠᠨ ᠭᠠᠵᠠᠷ ᠲᠤ ᠨᠥᠬᠥᠵᠦ ᠤᠷᠭᠤᠭᠤᠯᠤᠨ ᠨᠣᠭᠣᠭᠠᠷᠠᠭᠤᠯᠵᠤ ᠂ ᠨᠡᠶᠢᠲᠡ   ᠶᠢᠨ ᠠᠰᠢᠭᠲᠤ ᠵᠠᠷᠭᠤ   ᠶᠢ ᠪᠦᠬᠦᠨ   ᠢᠶᠡᠷ ᠨᠢ ᠪᠡᠶᠡᠯᠡᠭᠦᠯᠦᠭᠰᠡᠨ   ᠢ ᠨᠤᠲᠠᠯᠠᠭᠠᠳ ᠵᠠᠭᠠᠯᠳᠤᠯᠭ᠎ᠠ ᠪᠠᠨ ᠪᠤᠴᠠᠭᠠᠵᠠᠶ ᠃ 
      ᠣᠳᠣᠬᠠᠨ ᠪᠣᠯᠲᠠᠯ᠎ᠠ ᠂ 107.2 ᠮᠥ ᠲᠤᠷᠤᠭ ᠮᠣᠳᠣᠨ  ᠤ ᠣᠶᠢᠲᠤ ᠭᠠᠵᠠᠷ  ᠤᠨ ᠤᠷᠭᠤᠮᠠᠯ  ᠤᠨ ᠬᠤᠴᠢᠯᠭ᠎ᠠ  ᠶᠢᠨ ᠡᠳᠡᠭᠡᠷᠡᠯᠲᠡ  ᠶᠢᠨ ᠨᠣᠷᠮ᠎ᠠ ᠨᠢᠭᠡᠨᠲᠡ 85% ᠡᠴᠡ ᠳᠡᠭᠡᠭᠰᠢ ᠳ᠋ᠦ ᠬᠦᠷᠴᠦ ᠂ 56.31 ᠮᠥ ᠪᠤᠲᠠ ᠮᠣᠳᠣᠨ  ᠤ ᠣᠶᠢᠲᠤ ᠭᠠᠵᠠᠷ ᠨᠢᠭᠡᠨᠲᠡ 100% ᠪᠠᠷ ᠡᠳᠡᠭᠡᠷᠡᠵᠦ ᠂ 212.92 ᠮᠥ ᠡᠪᠡᠰᠦᠲᠦ ᠭᠠᠵᠠᠷ ᠨᠢᠭᠡᠨᠲᠡ 100% ᠪᠠᠷ ᠡᠳᠡᠭᠡᠷᠡᠵᠡᠶ ᠃ ᠳᠠᠷᠠᠭᠠᠴᠢ  ᠶᠢᠨ ᠠᠯᠬᠤᠮ ᠳᠤ᠂ ᠴᠢᠩ ᠱᠦᠢ  ᠾᠧ ᠰᠢᠶᠠᠨ  ᠤ ᠪᠠᠶᠢᠴᠠᠭᠠᠬᠤ ᠬᠣᠷᠢᠢ᠎ᠠ ᠠᠮᠢ ᠠᠬᠤᠢ ᠶᠢᠨ ᠰᠡᠷᠭᠦᠭᠡᠯᠲᠡ  ᠶᠢᠨ ᠨᠣᠭᠣᠭᠠᠷᠠᠭᠤᠯᠤᠯᠲᠠ ᠶᠢᠨ ᠪᠠᠶᠢᠳᠠᠯ  ᠢ ᠦᠷᠭᠦᠯᠵᠢᠯᠡᠨ ᠰᠢᠯᠭᠠᠨ ᠠᠪᠬᠤ︽ᠡᠷᠬᠢᠨ ᠬᠠᠷᠠᠬᠤ︾ ᠪᠠ ︽ᠰᠡᠷᠭᠦᠭᠡᠬᠦ + ᠨᠥᠬᠥᠪᠦᠷᠢᠯᠡᠨ ᠲᠦᠯᠦᠬᠦ +  ᠨᠦᠬᠦᠪᠦᠷᠢᠯᠡᠨ ᠬᠢᠬᠦ︾ᠪᠦᠬᠦ ᠶᠠᠪᠤᠴᠠ  ᠶᠢᠨ ᠬᠢᠨᠠᠯᠲᠠ ᠲᠠᠯᠪᠢᠬᠤ ᠵᠠᠭᠪᠤᠷ ᠢᠶᠡᠷ ᠳᠠᠮᠵᠢᠭᠤᠯᠵᠤ᠂ ᠠᠮᠢ ᠠᠬᠤᠢ  ᠶᠢᠨ ᠰᠡᠷᠭᠦᠭᠡᠯᠲᠡ  ᠶᠢᠨ ᠪᠣᠳᠠᠲᠠᠢ ᠦᠷ᠎ᠡ ᠪᠦᠲᠦᠮᠵᠢ ᠤᠯᠬᠤ  ᠶᠢ ᠪᠠᠲᠤᠯᠠᠨ᠎ᠠ᠃ 

         ᠡᠬᠡ ᠪᠢᠴᠢᠭ   ᠬᠠᠩᠭᠠᠭᠴᠢ ᠄ ᠸᠠᠩ ᠬᠣᠩ 
         ᠣᠷᠴᠢᠭᠤᠯᠤᠭᠴᠢ᠄ ᠪᠠᠢ ᠴᠢᠩ ᠯᠢᠨ

 

 

 

ᠢᠷᠡᠯᠲᠡ
ᠬᠦᠬᠡᠬᠤᠲᠠ ᠵᠢᠨ ᠴᠢᠩ ᠱᠦᠢ ᠾᠧ ᠰᠢᠶᠠᠨ ᠤ ᠪᠠᠶᠢᠴᠠᠭᠠᠬᠤ ᠬᠣᠷᠢᠢ᠎ᠠ 
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro