ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠬᠠᠭᠤᠷᠮᠠᠭ ᠭᠡᠷᠡᠴᠢ  ᠲᠡᠮᠳᠡᠭ ᠢᠶᠡᠷ ᠵᠢᠭᠡᠯᠡᠯᠭᠡ ᠠᠪᠬᠤ ᠨᠢ ᠦᠨᠡᠨ ᠶᠠᠯ᠎ᠠ ᠬᠢᠬᠦ ᠵᠣᠪᠠᠯᠠᠩ ᠠᠮᠰᠠᠬᠤ ᠪᠣᠯᠤᠨ᠎ᠠ

2025-02-14 16:12:03
ᠵᠣᠬᠢᠶᠠᠭᠴᠢ
ᠶᠢᠷᠲᠢᠨᠴᠦ

 

ᠵᠠᠩ ᠣᠪᠣᠭᠲᠤ ᠄ ᠰᠢᠶᠣᠤ ᠯᠢ ᠂ ᠡᠨᠡ ᠭᠡᠷ ᠣᠪᠣᠭ᠎ᠠ ᠵᠦᠭᠡᠷ ᠂ ᠭᠡᠪᠡᠴᠦ ᠨᠠᠳᠠ ᠳᠤ ᠲᠡᠢ᠌ᠮᠦ ᠠᠷᠪᠢᠨ ᠵᠣᠭᠣᠰ  ᠪᠠᠶᠢᠬᠤ ᠦᠭᠡᠢ ᠂ ᠪᠢᠳᠡ ᠵᠢᠭᠡᠯᠡᠯᠭᠡ ᠠᠪᠴᠤ ᠭᠡᠷ ᠬᠤᠳᠠᠯᠳᠤᠨ ᠠᠪᠬᠤ ᠰᠠᠨᠠᠭ᠎ᠠ ᠲᠠᠶ ᠂ ᠭᠡᠪᠡᠴᠦ ᠮᠢᠨᠦ ᠨᠥᠬᠥᠷ ᠤᠨ ᠬᠣᠪᠢ ᠬᠦᠮᠦᠨ ᠦ ᠢᠲᠡᠭᠡᠮᠵᠢ ᠶᠢᠨ ᠮᠡᠳᠡᠭᠡ ᠵᠠᠩᠭᠢ ᠨᠢ ᠠᠰᠠᠭᠤᠳᠠᠯ ᠲᠠᠶ ᠂ ᠵᠢᠭᠡᠯᠡᠯᠭᠡ ᠠᠪᠴᠤ ᠳᠡᠢ᠌ᠯᠬᠦ ᠦᠭᠡᠢ ᠂ ᠣᠳᠣ ᠶᠠᠭᠠᠬᠢᠳᠠᠭ ᠪᠢᠯᠡ︖ 
      ᠪᠣᠷᠣᠯᠠᠭᠤᠯᠤᠭᠴᠢ ᠰᠢᠶᠣᠤ ᠯᠢ ᠄ ᠡᠭᠦᠨ ᠢ ᠰᠢᠶᠳᠪᠦᠷᠢᠯᠡᠬᠦ  ᠳᠤ ᠳᠥᠭᠦᠮ ᠂  ᠪᠢ ᠬᠠᠭᠤᠷᠮᠠᠭ  ᠭᠡᠷᠡᠴᠢ  ᠲᠡᠮᠳᠡᠭ ᠦᠢᠯᠡᠳᠬᠦ ᠲᠠᠨᠢᠯᠲᠠ ᠬᠥᠮᠦᠨ ᠲᠠᠢ᠂  ᠪᠢᠳᠠᠨ ᠨᠢᠭᠡ ᠤᠷᠤᠭ ᠰᠠᠯᠬᠤ ᠦᠨᠡᠮᠯᠡᠯ ᠣᠯᠴᠢᠬᠠᠪᠠᠯ ᠪᠣᠯᠴᠢᠬᠠᠬᠤ ᠪᠢᠰᠢ ᠦᠦ᠂ ᠲᠠ ᠬᠤᠪᠢ ᠶᠢᠨ ᠨᠡᠷ᠎ᠡ ᠪᠡᠷ ᠢᠶᠡᠨ ᠵᠣᠭᠣᠰ ᠵᠢᠭᠡᠯᠡᠴᠢᠬᠡᠪᠡᠯ ᠂ ᠭᠡᠷ ᠬᠤᠳᠠᠯᠳᠤᠨ ᠠᠪᠬᠤ ᠶᠢ ᠨᠢ ᠰᠠᠭᠠᠲᠠᠭᠠᠬᠤ ᠦᠭᠡᠢ᠃ 
2023 ᠣᠨ ᠳᠤ᠂ ᠵᠠᠩ ᠣᠪᠣᠭᠲᠤ ᠡᠷ᠎ᠡ ᠡᠮ᠎ᠡ ᠬᠣᠶᠠᠭᠤᠯᠠ ᠨᠢᠭᠡᠨ ᠵᠢᠵᠢᠭ ᠲᠣᠭᠣᠷᠢᠭ ᠤᠨ ᠭᠡᠷ ᠬᠥᠷᠤᠨᠭᠭᠡ ᠶᠢ ᠬᠤᠳᠠᠯᠳᠤᠨ ᠠᠪᠬᠤ ᠦᠶ᠎ᠡ ᠳᠦ᠂ ᠵᠠᠩ ᠣᠪᠣᠭᠲᠤ ᠶᠢᠨ ᠡᠷ᠎ᠡ ᠨᠥᠬᠥᠷ ᠦᠨ ᠬᠤᠪᠢ ᠬᠥᠮᠦᠨ ᠦ ᠢᠲᠡᠭᠡᠮᠵᠢ ᠶᠢᠨ ᠮᠡᠳᠡᠭᠡ ᠵᠠᠩᠭᠢ ᠨᠢ ᠠᠰᠠᠭᠤᠳᠠᠯ ᠣᠷᠣᠰᠢᠵᠤ ᠪᠠᠶᠢᠭᠰᠠᠨ ᠠᠴᠠ ᠬᠣᠶᠠᠭᠤᠯᠠ ᠪᠠᠩᠬᠢ ᠶᠢᠨ ᠪᠠᠷᠢᠴᠠᠭᠠᠳᠦ ᠵᠢᠭᠡᠯᠡᠯᠭᠡ ᠶᠢᠨ ᠭᠠᠷ ᠭᠦᠢᠴᠡᠳᠬᠡᠯ ᠢ ᠤᠷᠤᠭᠰᠢᠲᠠᠶ ᠬᠢᠵᠦ  ᠳᠡᠢᠯᠦᠭᠰᠡᠨ ᠦᠭᠡᠢ ᠪᠠᠢᠪᠠ᠃ ᠵᠢᠭᠡᠯᠡᠯᠭᠡ ᠪᠡᠷ ᠭᠡᠷ ᠬᠤᠳᠠᠯᠳᠤᠨ ᠠᠪᠬᠤ ᠵᠣᠷᠢᠯᠭ᠎ᠠ ᠳᠠᠭᠠᠨ ᠬᠦᠷᠬᠦ ᠶᠢᠨ ᠲᠥᠯᠥᠭᠡ ᠂ ᠬᠣᠶᠠᠭᠤᠯᠠ ᠭᠡᠷ ᠬᠥᠷᠥᠩᠭᠡ ᠶᠢᠨ ᠵᠠᠭᠤᠴᠢ ᠯᠢ ᠣᠪᠣᠭᠲᠤ ᠶᠢᠨ ᠰᠡᠮᠡᠭᠡᠷ ᠲᠣᠬᠢᠶᠠᠯᠠᠬᠣ  ᠪᠠᠷ ᠳᠠᠮᠵᠢᠨ ︽ᠬᠠᠭᠤᠷᠮᠠᠭ ᠢᠶᠠᠷ ᠤᠷᠤᠭ ᠰᠠᠯᠬᠤ︾ ᠠᠷᠭ᠎ᠠ  ᠶᠢ ᠪᠣᠳᠣᠵᠤ ᠣᠯᠤᠭᠠᠳ ᠂ ᠵᠠᠩ ᠣᠪᠣᠭᠲᠤ ᠠᠴᠠ 500 ᠲᠥᠭᠥᠷᠢᠭ ᠦᠨ ᠪᠡᠯᠡ ᠭᠠᠷᠭᠠᠨ ᠬᠤᠪᠢ ᠬᠥᠮᠦᠨ ᠦ ᠮᠡᠳᠡᠭᠡ ᠵᠠᠩᠭᠢ ᠪᠡᠨ ᠬᠠᠩᠭᠠᠵᠣ᠂ ᠭᠡᠷ ᠬᠥᠷᠥᠩᠭᠡ ᠶᠢᠨ ᠵᠠᠭᠤᠴᠢ ᠰᠢᠶᠣᠤ ᠯᠢ  ᠪᠠᠷ ᠳᠠᠮᠵᠢᠭᠤᠯᠤᠨ ᠰᠦᠯᠵᠢᠶᠡᠨ  ᠡᠴᠡ ᠬᠠᠭᠤᠷᠮᠠᠭ ︽ᠠᠷᠠᠳ ᠤᠨ ᠶᠠᠪᠤᠳᠠᠯ ᠤᠨ ᠲᠣᠪᠴᠢᠶᠠᠨ ᠤ ᠤᠷᠤᠭ ᠤᠨ ᠪᠦᠷᠢᠳᠬᠡᠯ ᠦᠨ ᠲᠤᠰᠬᠠᠶ ᠲᠠᠮᠠᠭ᠎ᠠ ︾ ᠳᠠᠷᠤᠭᠰᠠᠨ ᠤᠷᠤᠭ ᠰᠠᠯᠬᠤ ᠦᠨᠡᠮᠯᠡᠯ ᠢ ᠬᠤᠳᠠᠯᠳᠤᠨ ᠠᠪᠴᠣ ᠂ ᠰᠡᠭᠦᠯᠡᠷ ᠨᠢ ᠡᠷ᠎ᠡ ᠡᠮ᠎ᠡ ᠬᠣᠶᠠᠭᠤᠯᠠ ᠵᠠᠩ ᠣᠪᠣᠭᠲᠤ ᠶᠢᠨ ᠨᠡᠷ᠎ᠡ ᠪᠡᠷ ᠭᠡᠷ ᠬᠤᠳᠠᠯᠳᠤᠨ ᠠᠪᠬᠤ ᠪᠠᠩᠬᠢ ᠶᠢᠨ ᠪᠠᠷᠢᠴᠠᠭᠠᠳᠦ ᠵᠢᠭᠡᠯᠡᠯᠭᠡ  ᠶᠢ ᠤᠷᠤᠭᠰᠢᠲᠠᠶ ᠪᠠᠷ  ᠭᠦᠢᠴᠡᠳᠬᠡᠵᠡᠢ᠃ ᠬᠡᠷᠡᠭ ᠡᠭᠦᠰᠦᠭᠰᠡᠨ ᠤ ᠳᠠᠷᠠᠭ᠎ᠠ ᠯᠢ ᠣᠪᠣᠭᠲᠤ ᠳᠡᠭᠡᠷ᠎ᠡ ᠳᠤᠷᠠᠳᠤᠭᠰᠠᠨ ᠠᠷᠭ᠎ᠠ ᠪᠠᠷ ᠪᠤᠰᠤᠳ ᠢ ᠬᠠᠪᠰᠤᠷᠤᠨ ᠣᠯᠠᠨ ᠳᠡᠪᠲᠡᠷ ᠤᠷᠤᠭ ᠰᠠᠯᠤᠭᠰᠠᠨ ᠦᠨᠡᠮᠯᠡᠯ ᠢ ᠬᠤᠳᠠᠯᠳᠤᠨ ᠠᠪᠤᠭᠰᠠᠨ ᠢ ᠪᠠᠶᠢᠴᠠᠭᠠᠨ ᠳᠣᠲᠣᠯᠠᠵᠠᠶ ᠂ ᠲᠡᠭᠦᠨ ᠦ ᠦᠢᠯᠡ ᠠᠵᠢᠯᠯᠠᠭ᠎ᠠ ᠨᠢ ᠲᠥᠷᠥ ᠶᠢᠨ ᠪᠠᠶᠢᠭᠤᠯᠭ᠎ᠠ ᠶᠢᠨ ᠦᠨᠡᠮᠯᠡᠯ ᠢ ᠠᠷᠠᠯᠵᠢᠶᠠᠯᠠᠭᠰᠠᠨ  ᠶᠠᠯ᠎ᠠ ᠪᠣᠯᠵᠤ ᠪᠦᠷᠢᠯᠳᠦᠵᠡᠶ ᠃ 
       ᠪᠠᠶᠢᠴᠠᠭᠠᠬᠤ ᠲᠤᠰᠢᠶᠠᠯᠲᠠᠨ ᠬᠠᠤᠯᠢ ᠴᠠᠭᠠᠵᠠ ᠶᠢ ᠲᠦᠭᠡᠮᠡᠯᠵᠢᠭᠦᠯᠬᠦ ᠨᠢ᠄ ︽ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ ︾ ᠶᠢᠨ ᠬᠣᠶᠠᠷ ᠵᠠᠭᠤ ᠨᠠᠶᠠᠳᠤᠭᠠᠷ ᠵᠦᠢᠯ ᠦᠨ ᠨᠢᠭᠡᠳᠦᠭᠡᠷ ᠪᠠᠳᠠᠭ ᠲᠤ᠄ ︽ᠲᠤᠢᠷᠦ ᠶᠢᠨ ᠪᠠᠶᠢᠭᠤᠯᠭ᠎ᠠ ᠶᠢᠨ ᠠᠯᠪᠠᠨ ᠪᠢᠴᠢᠭ᠂ ᠭᠡᠷᠡᠴᠢ ᠲᠡᠮᠲᠡᠭ᠂ ᠲᠠᠮᠠᠭ᠎ᠠ ᠶᠢ ᠬᠠᠭᠤᠷᠮᠠᠭᠯᠠᠨ ᠵᠣᠬᠢᠶᠠᠭᠰᠠᠨ᠂ ᠬᠤᠪᠢᠷᠠᠭᠤᠯᠤᠨ ᠵᠣᠬᠢᠶᠠᠭᠰᠠᠨ᠂  ᠠᠷᠠᠯᠵᠢᠶᠠᠯᠠᠭᠰᠠᠨ ᠪᠤᠶᠤ ᠬᠤᠯᠠᠭᠠᠶᠢᠯᠠᠭᠰᠠᠨ᠂ ᠪᠤᠯᠢᠶᠠᠭᠰᠠᠨ᠂ ᠦᠭᠡᠢᠬᠢᠭᠰᠡᠨ ᠪᠠᠶᠢᠪᠠᠯ᠂ ᠭᠤᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ᠂ ᠬᠣᠷᠢᠵᠤ ᠬᠥᠳᠡᠯᠮᠦᠷᠢᠯᠡᠭᠦᠯᠬᠦ᠂ ᠵᠠᠬᠢᠷᠤᠨ ᠬᠠᠮᠢᠶᠠᠷᠬᠤ ᠪᠤᠶᠤ ᠤᠯᠤᠰ ᠲᠤᠢᠷᠦ ᠶᠢᠨ ᠡᠷᠬᠡ ᠶᠢ ᠨᠢ ᠬᠠᠰᠤᠬᠤ ᠪᠠᠷ ᠰᠢᠳᠬᠡᠵᠦ᠂ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠳᠬᠡᠨ᠎ᠡ᠃ ᠤᠢᠢᠯᠠ ᠪᠠᠶᠢᠳᠠᠯ ᠨᠢ ᠬᠦᠨᠳᠦ ᠨᠣᠴᠢᠲᠠᠶ ᠪᠠᠶᠢᠪᠠᠯ᠂ ᠭᠤᠷᠪᠠᠨ ᠵᠢᠯ ᠡᠴᠡ ᠳᠡᠭᠡᠭᠰᠢ ᠠᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠳᠬᠡᠨ᠎ᠡ︾  ᠬᠡᠮᠡᠨ ᠳᠣᠭᠲᠠᠭᠠᠪᠠ᠃
        ᠪᠠᠶᠢᠴᠠᠭᠠᠬᠤ ᠪᠠᠶᠢᠭᠤᠯᠭ᠎ᠠ ᠠᠴᠠ ᠠᠷᠠᠳ ᠣᠯᠠᠨ ᠳᠤ ᠰᠠᠨᠠᠭᠣᠯᠬᠣ ᠨᠢ᠄ ᠬᠠᠭᠤᠷᠮᠠᠭ ᠭᠡᠷᠡᠴᠢ  ᠲᠡᠮᠳᠡᠭ ᠢᠶᠡᠷ ᠵᠢᠭᠡᠯᠡᠯᠭᠡ ᠠᠪᠬᠤ ᠨᠢ ᠥᠪᠡᠷ ᠦᠨ ᠪᠡᠶ᠎ᠡ ᠬᠢᠭᠡᠳ ᠬᠡᠷ ᠪᠦᠯᠢ ᠳᠡᠭᠡᠨ ᠡᠭᠡᠭᠦᠯᠵᠦ ᠳᠡᠶᠢᠯᠦᠰᠢ ᠥᠬᠡᠶ  ᠬᠣᠣᠷ ᠬᠥᠨᠦᠭᠡᠯ ᠠᠪᠴᠢᠷᠠᠬᠤ ᠪᠠᠷ ᠪᠠᠷᠠᠬᠤ ᠥᠬᠡᠶ ᠪᠠᠰᠠ ᠵᠣᠬᠢᠴᠠᠩᠭᠤᠶ ᠬᠠᠸᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠵᠦ ᠮᠡᠳᠡᠨ᠎ᠡ᠃ ᠡᠳᠦᠷ ᠲᠤᠲᠤᠮ ᠤᠨ ᠠᠮᠢᠳᠤᠷᠠᠯ ᠳᠤᠮᠳᠠ ᠂ ᠮᠠᠰᠢ ᠣᠯᠠᠨ ᠬᠥᠮᠦᠨ ᠦ ᠬᠠᠸᠯᠢ ᠴᠠᠭᠠᠵᠠ ᠶᠢᠨ ᠤᠬᠠᠮᠰᠠᠷ ᠨᠢ ᠪᠠᠭᠤᠷᠠᠶ ᠪᠠᠶᠢᠵᠤ ᠂ ᠴᠡᠷᠢᠭ ᠲᠦ ᠣᠷᠣᠬᠤ ᠂ ᠠᠵᠢᠯ ᠤᠯᠬᠤ ᠂ ᠲᠤᠰᠢᠶᠠᠯ ᠳᠡᠪᠰᠢᠬᠦ ᠵᠡᠷᠭᠡ ᠲᠠᠯ᠎ᠠ ᠶᠢᠨ ᠬᠡᠷᠡᠭᠴᠡᠭᠡ ᠡᠴᠡ ᠪᠣᠯᠵᠣ ᠬᠠᠭᠤᠷᠮᠠᠭ ᠭᠡᠷᠡᠴᠢ ᠲᠡᠮᠳᠡᠭ ᠢ ᠬᠠᠭᠤᠷᠮᠠᠭᠯᠠᠨ  ᠵᠣᠬᠢᠶᠠᠵᠣ᠂ ᠥᠭᠡᠷᠡᠲᠦᠭᠦᠯᠦᠨ ᠵᠣᠬᠢᠶᠠᠵᠣ ᠂ ᠮᠠᠢᠮᠠᠢᠯᠠᠵᠣ᠂ ᠡᠨᠡ ᠨᠢ ᠬᠠᠸᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠮᠥᠨ ᠭᠡᠳᠡᠭ ᠢ ᠮᠡᠳᠡᠬᠦ ᠥᠬᠡᠶ ᠪᠠᠢᠪᠠ ᠃ ᠥᠷᠭᠡᠨ ᠤᠯᠠᠨ ᠠᠷᠠᠳ ᠲᠦᠮᠡᠨ ᠡᠷᠬᠡᠪᠰᠢ ᠬᠠᠤᠯᠢ ᠴᠠᠭᠠᠵᠠ ᠶᠢᠨ ᠤᠯᠠᠭᠠᠨ ᠱᠤᠭᠤᠮ ᠢ ᠴᠢᠩᠭ᠎ᠠ ᠰᠠᠬᠢᠵᠤ᠂ ᠲᠦᠷᠦ ᠶᠢᠨ ᠪᠠᠶᠢᠭᠤᠯᠭ᠎ᠠ ᠶᠢᠨ ᠠᠯᠪᠠᠨ ᠪᠢᠴᠢᠭ ᠦᠨ ᠭᠡᠷᠡᠴᠢ ᠦᠨᠡᠮᠯᠡᠯ ᠢ ᠬᠠᠭᠤᠷᠮᠠᠭᠯᠠᠨ ᠵᠣᠬᠢᠶᠠᠵᠤ᠂ ᠬᠤᠳᠠᠯᠳᠤᠭᠠᠯᠠᠵᠤ ᠶᠠᠭᠠᠬᠢᠭᠰᠠᠨ ᠴᠤ ᠪᠣᠯᠬᠤ ᠦᠭᠡᠢ᠂ ᠡᠰᠡ ᠲᠡᠭᠡᠪᠡᠯ ᠬᠠᠤᠯᠢ ᠴᠠᠭᠠᠵᠠ ᠶᠢᠨ ᠴᠢᠩᠭ᠎ᠠ ᠰᠢᠳᠬᠡᠯ ᠳᠦ ᠲᠤᠯᠭᠠᠷᠠᠬᠤ ᠪᠣᠯᠤᠨ᠎ᠠ᠃

 

 

ᠢᠷᠡᠯᠲᠡ
ᠤᠷᠳᠤᠰ ᠬᠣᠲᠠ ᠵᠢᠨ ᠳᠠᠯᠠᠳ ᠬᠤᠰᠢᠭᠤᠨ ᠤ ᠪᠠᠶᠢᠴᠭᠠᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro