ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠬᠠᠤᠯᠢ ᠪᠠᠷ ᠵᠠᠰᠠᠬᠤ ᠬᠦᠴᠦᠨ ᠢᠶᠡᠷ  ᠡᠮᠡᠭᠳᠡᠢᠴᠦᠳ  ᠦᠨ ᠡᠷᠬᠡ ᠠᠰᠢᠭ ᠢ ᠬᠠᠮᠠᠭᠠᠯᠠᠨ᠎ᠠ

2025-04-02 10:34:03
ᠵᠣᠬᠢᠶᠠᠭᠴᠢ
ᠶᠢᠷᠲᠢᠨᠴᠦ

     ᠣᠶᠢᠷ᠎ᠠ ᠶᠢᠨ ᠵᠢᠯ ᠦᠳ ᠲᠦ ᠂ ᠳᠠᠯᠠᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ ᠪᠠᠶᠢᠴᠠᠭᠠᠬᠤ ᠡᠭᠦᠷᠭᠡ ᠴᠢᠳᠠᠪᠤᠷᠢ ᠪᠠᠨ ᠭᠦᠶᠴᠡᠳ ᠪᠠᠳᠠᠷᠠᠭᠤᠯᠵᠤ ᠂ ᠡᠮᠡᠭᠲᠡᠶᠢᠴᠦᠳ ᠦᠨ ᠡᠷᠬᠡ ᠠᠰᠢᠭ ᠤᠨ ᠬᠠᠮᠠᠭᠠᠯᠠᠯᠲᠠ ᠶᠢ ᠦᠷᠭᠦᠯᠵᠢᠯᠡᠨ ᠴᠢᠩᠭᠠᠳᠬᠠᠵᠤ ᠂ ᠪᠠᠶᠢᠴᠠᠭᠠᠬᠤ ᠬᠦᠴᠦᠨ ᠢᠶᠡᠷ ᠡᠮᠡᠭᠲᠡᠶᠢᠴᠦᠳ ᠦᠨ  ᠡᠷᠬᠡ ᠠᠰᠢᠭ ᠢ ᠦᠨᠡᠨ ᠬᠦ ᠰᠠᠬᠢᠨ ᠬᠠᠮᠠᠭᠠᠯᠠᠪᠠ᠃

      ᠡᠷᠬᠡ ᠪᠡᠨ ᠬᠠᠮᠠᠭᠠᠯᠠᠵᠤ ᠬᠠᠤᠯᠢ ᠴᠠᠭᠠᠵᠠ ᠶᠢ ᠲᠦᠭᠡᠮᠡᠯᠵᠢᠭᠦᠯᠵᠦ ᠡᠮᠡᠭᠲᠡᠶᠢᠴᠦᠳ ᠤᠨ ᠣᠷᠣᠭᠰᠢᠯᠠᠬᠣ ᠵᠠᠮ ᠢ ᠰᠠᠬᠢᠨ ᠬᠠᠮᠠᠭᠠᠯᠠᠨ᠎ᠠ

   ᠪᠠᠶᠢᠴᠠᠭᠠᠬᠤ ᠪᠠᠶᠢᠭᠤᠯᠤᠯᠭ᠎ᠠ ᠶᠢᠨ ᠡᠮᠡᠭᠲᠡᠶᠢᠴᠦᠳ ᠦᠨ ᠡᠷᠬᠡ ᠠᠰᠢᠭ ᠢ ᠬᠠᠮᠠᠭᠠᠯᠠᠬᠤ ᠠᠵᠢᠯ ᠢ ᠭᠦᠨᠵᠡᠭᠡᠶᠢᠷᠡᠭᠦᠯᠬᠦ ᠡᠭᠦᠷᠭᠡ ᠴᠢᠳᠠᠪᠤᠷᠢ ᠶᠢᠨ ᠳᠠᠪᠠᠭᠤᠯᠢᠭ ᠢ ᠤᠯᠠᠮ ᠨᠢᠭᠡ ᠠᠯᠬᠤᠮ ᠪᠠᠳᠠᠷᠠᠭᠤᠯᠵᠤ ᠂ ᠡᠮᠡᠭᠲᠡᠶᠢᠴᠦᠳ ᠦᠨ ᠡᠷᠬᠡ ᠪᠡᠨ ᠬᠠᠮᠠᠭᠠᠯᠠᠬᠤ ᠤᠬᠠᠮᠰᠠᠷ ᠪᠠ ᠥᠪᠡᠷ ᠢ ᠪᠡᠨ ᠬᠠᠮᠠᠭᠠᠯᠠᠬᠤ ᠤᠬᠠᠮᠰᠠᠷ ᠢ ᠴᠢᠩᠭᠠᠳᠬᠠᠬᠤ ᠶᠢᠨ ᠲᠥᠯᠥᠭᠡ ᠂ ᠳᠠᠯᠠᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ ᠡᠮᠡᠭᠲᠡᠶᠢᠴᠦᠳ ᠦᠨ ᠬᠣᠯᠪᠣᠭ᠎ᠠ ᠂ ᠠᠵᠢᠯ ᠣᠯᠭᠣᠬᠤ ᠲᠣᠪᠴᠢᠶ᠎ᠠ ᠲᠠᠶ ᠬᠠᠮᠲᠤᠷᠠᠨ ︽ ᠬᠠᠪᠤᠷ ᠤᠨ ᠰᠠᠯᠬᠢᠨ ᠠᠵᠢᠯ ᠤᠨ ᠪᠠᠶᠢᠷᠢ ᠬᠦᠷᠭᠡᠨ ᠠᠵᠢᠯ ᠣᠯᠭᠣᠯᠲᠠ ᠶᠢ ᠠᠬᠢᠭᠣᠯᠵᠣ ᠨᠠᠷᠢᠯᠢᠭ ᠣᠨᠣᠴᠠᠲᠠᠶ ᠪᠠᠷ ᠦᠢᠯᠡᠴᠢᠯᠡᠨ ᠠᠷᠠᠳ ᠤᠨ ᠰᠡᠳᠬᠢᠯ ᠢ ᠳᠤᠯᠠᠭᠠᠴᠠᠭᠤᠯᠬᠤ ︾ ᠭᠣᠸᠯ ᠰᠡᠳᠦᠪᠲᠦ ᠠᠵᠢᠯ ᠣᠯᠭᠣᠯᠲᠠ ᠶᠢᠨ  ᠬᠦᠳᠡᠯᠭᠡᠭᠡᠨ ᠥᠷᠨᠢᠭᠦᠯᠵᠦ ᠂ ᠥᠷᠭᠡᠨ ᠣᠯᠠᠨ ᠡᠮᠡᠭᠲᠡᠶᠢᠴᠦᠳ ᠲᠦ 260 ︽ ᠡᠵᠢ  ᠬᠦᠮᠦᠨ ᠦ ᠠᠵᠢᠯ ᠤᠨ ᠪᠠᠶᠢᠷᠢ ︾ ᠬᠠᠩᠭᠠᠭᠰᠠᠨ ᠪᠠᠶᠢᠨ᠎ᠠ ᠃  ᠬᠥᠳᠡᠯᠭᠡᠭᠡᠨ ᠦ ᠲᠤᠬᠠᠶ ᠶᠢᠨ ᠲᠠᠯᠠᠪᠤᠷ ᠲᠤ᠂ ᠪᠠᠶᠢᠴᠠᠭᠠᠬᠤ ᠠᠵᠢᠯᠳᠠᠨ  ᠠᠰᠠᠭᠣᠨ  ᠬᠠᠷᠢᠭᠣᠯᠬᠣ ᠪᠠᠷ ᠳᠠᠮᠵᠢᠨ ᠬᠦᠲᠡᠯᠣᠯᠴᠡᠵᠦ᠂ ᠬᠡᠷᠡᠭ ᠢᠶᠡᠷ ᠬᠠᠤᠯᠢ ᠶᠢ ᠲᠠᠶᠢᠯᠪᠤᠷᠢᠯᠠᠬᠤ ᠬᠡᠯᠪᠡᠷᠢ ᠪᠡᠷ ᠵᠠᠭᠠᠯᠳᠤᠯᠭ᠎ᠠ ᠶᠢ ᠳᠡᠮᠵᠢᠬᠦ᠂ ᠪᠠᠶᠢᠴᠠᠭᠠᠬᠤ ᠪᠠᠶᠢᠭᠤᠯᠭ᠎ᠠ ᠶᠢᠨ ᠵᠠᠭᠠᠯᠳᠤᠯᠭ᠎ᠠ ᠶᠢ ᠳᠡᠮᠵᠢᠬᠦ ᠬᠦᠷᠢᠶ᠎ᠡ ᠬᠡᠪᠴᠢᠶ᠎ᠡ ᠪᠠ ᠬᠦᠯᠢᠶᠡᠨ ᠠᠪᠴᠤ ᠰᠢᠶᠳᠪᠦᠷᠢᠯᠡᠬᠦ ᠨᠥᠬᠥᠴᠡᠯ ᠢ ᠤᠯᠠᠨ ᠲᠦᠮᠡᠨ ᠳᠦ ᠲᠠᠨᠢᠯᠴᠠᠭᠤᠯᠤᠭᠰᠠᠨ ᠪᠥᠭᠡᠳ ᠬᠣᠯᠪᠣᠭᠳᠠᠯ ᠪᠦᠬᠦᠢ ᠬᠡᠷᠡᠭ ᠦᠨ ᠵᠢᠱᠢᠶ᠎ᠡ ᠲᠡᠶ ᠤᠶᠠᠯᠳᠤᠭᠤᠯᠤᠨ ᠬᠡᠷᠡᠭ ᠢᠶᠡᠷ ᠬᠠᠤᠯᠢ ᠶᠢ ᠲᠠᠶᠢᠯᠪᠤᠷᠢᠯᠠᠵᠤ᠂ ᠡᠮᠡᠭᠲᠡᠶᠢᠴᠦᠳ ᠦᠨ ᠪᠡᠶ᠎ᠡ ᠶᠢᠨ ᠠᠮᠤᠷ ᠲᠦᠪᠰᠢᠨ᠂ ᠡᠳ᠋ ᠬᠦᠷᠦᠨᠭᠭᠡ ᠶᠢᠨ ᠡᠷᠬᠡ ᠶᠢ ᠬᠡᠷᠬᠢᠨ ᠪᠠᠲᠤᠯᠠᠬᠤ ᠵᠡᠷᠭᠡ ᠡᠮᠡᠭᠲᠡᠶᠢᠴᠦᠳ ᠦᠨ ᠠᠮᠢᠳᠤᠷᠠᠯ ᠲᠠᠶ ᠨᠢᠭᠲᠠ ᠬᠣᠯᠪᠣᠭ᠎ᠠ ᠲᠠᠶ ᠬᠠᠤᠯᠢ ᠴᠠᠭᠠᠵᠠ ᠶᠢᠨ ᠮᠡᠳᠡᠯᠭᠡ ᠶᠢ  ᠢᠳᠡᠪᠬᠢᠲᠡᠶ ᠪᠡᠷ ᠡᠮᠡᠭᠲᠡᠶᠢᠴᠦᠳ  ᠲᠤ ᠨᠠᠷᠢᠨ ᠲᠠᠶᠢᠯᠪᠤᠷᠢᠯᠠᠵᠤ ᠥᠭᠪᠡ᠃ ᠡᠮᠡᠭᠲᠡᠶᠢᠴᠦᠳ ᠦᠨ ᠤᠷᠤᠭ ᠤᠨ ᠶᠠᠪᠤᠳᠠᠯ᠂ ᠭᠡᠷ ᠪᠦᠯᠢ᠂ ᠠᠵᠢᠯ ᠪᠠ ᠠᠮᠢᠳᠤᠷᠠᠯ ᠤᠨ ᠳᠤᠮᠳᠠ ᠲᠣᠬᠢᠶᠠᠯᠳᠤᠭᠰᠠᠨ ᠡᠳ᠋ ᠬᠦᠷᠦᠩᠭᠡ ᠶᠢᠨ ᠵᠢᠭᠤᠷᠠᠯᠳᠤᠭᠠᠨ᠂ ᠭᠡᠷ ᠪᠦᠯᠢ ᠶᠢᠨ ᠬᠦᠴᠦᠷᠬᠡᠭᠯᠡᠯ ᠵᠡᠷᠭᠡ ᠬᠣᠯᠪᠣᠭᠳᠠᠯ ᠪᠦᠬᠦᠢ ᠬᠠᠤᠯᠢ ᠴᠠᠭᠠᠵᠠ ᠶᠢᠨ ᠠᠰᠠᠭᠤᠳᠠᠯ ᠳᠤ ᠴᠢᠭᠯᠡᠭᠦᠯᠦᠨ ᠬᠠᠤᠯᠢ ᠴᠠᠭᠠᠵᠠ ᠶᠢᠨ ᠤᠬᠠᠮᠰᠠᠷ ᠢᠶᠠᠨ ᠳᠡᠭᠡᠭᠰᠢᠯᠡᠭᠦᠯᠵᠦ᠂ ᠥᠪᠡᠷ ᠦᠨ ᠬᠠᠤᠯᠢ ᠶᠣᠰᠣᠨ ᠤ ᠡᠷᠬᠡ ᠠᠰᠢᠭ ᠢᠶᠠᠨ ᠵᠣᠷᠢᠭᠲᠠᠶ ᠪᠠᠷ ᠬᠠᠮᠠᠭᠠᠯᠠᠬᠤ ᠬᠡᠷᠡᠭᠲᠡᠶ ᠬᠡᠮᠡᠨ ᠰᠠᠨᠠᠭᠣᠯᠪᠠ ᠃ ᠴᠢᠨᠠᠷ ᠰᠠᠢᠲᠠᠢ ᠤᠬᠠᠭᠤᠯᠭ᠎ᠠ᠂ ᠲᠦᠭᠦᠮ ᠣᠶᠢᠯᠠᠭᠠᠮᠵᠢᠲᠠᠶ ᠲᠠᠶᠢᠯᠪᠤᠷᠢᠯᠠᠯᠲᠠ ᠨᠢ ᠤᠯᠠᠨ ᠤ ᠠᠩᠬᠠᠷᠤᠯ ᠢ ᠲᠠᠲᠠᠵᠤ᠂ ᠢᠳᠡᠪᠬᠢᠲᠡᠶ ᠪᠠᠷ ᠬᠦᠳᠡᠯᠭᠡᠭᠡᠨ ᠳᠦ ᠣᠷᠣᠯᠴᠠᠵᠠᠶ᠃

      ᠵᠠᠭᠠᠯᠳᠤᠯᠭ᠎ᠠ ᠶᠢ ᠳᠡᠮᠵᠢᠵᠦ ᠬᠦᠴᠢᠷᠳᠡᠯ ᠲᠡᠶ ᠡᠮᠡᠭᠲᠡᠶᠢᠴᠦᠳ ᠦᠨ ᠡᠷᠬᠡ ᠪᠡᠨ ᠬᠠᠮᠠᠭᠠᠯᠠᠬᠤ ᠶᠢ ᠨᠠᠩ ᠢᠳᠡ ᠬᠦᠴᠦᠨ ᠲᠡᠶ ᠪᠣᠯᠭᠠᠨ᠎ᠠ

    ᠳᠠᠯᠠᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ ᠪᠠᠶᠢᠴᠠᠭᠠᠬᠤ ᠪᠠᠶᠢᠭᠤᠯᠤᠯᠭ᠎ᠠ ᠶᠢᠨ ᠵᠠᠭᠠᠯᠳᠤᠯᠭ᠎ᠠ ᠶᠢ ᠳᠡᠮᠵᠢᠬᠦ ᠡᠭᠦᠷᠭᠡ ᠴᠢᠳᠠᠪᠤᠷᠢ ᠳᠤ ᠰᠠᠭᠤᠷᠢᠯᠠᠨ ᠂ ᠰᠢᠨ᠎ᠡ ᠴᠠᠭ ᠦᠶ᠎ᠡ ᠶᠢᠨ ᠡᠮᠡᠭᠲᠡᠶᠢᠴᠦᠳ ᠦᠨ ᠡᠷᠬᠡ ᠠᠰᠢᠭ ᠤᠨ ᠪᠠᠲᠤᠯᠠᠭ᠎ᠠ ᠶᠢ ᠴᠢᠩᠭᠠᠳᠬᠠᠬᠤ ᠬᠠᠷᠠᠯᠲᠠ ᠲᠠᠶ ᠨᠢᠭᠲᠠ ᠤᠶᠠᠯᠳᠤᠭᠤᠯᠤᠨ ᠂ ᠡᠮᠡᠭᠲᠡᠶᠢᠴᠦᠳ ᠲᠦ ᠬᠣᠯᠪᠣᠭᠳᠠᠭᠰᠠᠨ ᠵᠥᠷᠢᠴᠡᠯ ᠵᠢᠭᠤᠷᠠᠯᠳᠤᠭᠠᠨ ᠤ ᠬᠡᠷᠡᠭ ᠢ ᠴᠢᠩᠭ᠎ᠠ ᠠᠩᠬᠠᠷᠴᠤ ᠂ ᠵᠥᠷᠢᠴᠡᠯ ᠢ ᠡᠶᠡᠳᠡᠭᠦᠯᠬᠦ ᠲᠥᠪ ᠲᠡᠶ ᠬᠠᠷᠢᠯᠴᠠᠬᠣ ᠪᠠᠷ ᠳᠡᠮᠵᠢᠨ ᠂ ᠬᠡᠷᠡᠭ ᠦᠨ ᠰᠦᠪᠡᠭᠴᠢ ᠶᠢ ᠵᠢᠭᠰᠠᠭᠠᠨ ᠪᠠᠶᠢᠴᠠᠭᠠᠵᠤ ᠂ ᠵᠠᠭᠠᠯᠳᠤᠯᠭ᠎ᠠ ᠶᠢ ᠳᠡᠮᠵᠢᠬᠦ ᠬᠡᠷᠡᠭ ᠢ ᠰᠢᠶᠳᠪᠦᠷᠢᠯᠡᠵᠦ ᠂ ᠡᠮᠡᠭᠲᠡᠶᠢᠴᠦᠳ ᠦᠨ ᠣᠷᠣᠭ ᠤᠨ ᠵᠥᠷᠢᠴᠡᠯ ᠵᠢᠭᠤᠷᠠᠯᠳᠤᠭᠠᠨ ᠳᠤ ᠬᠠᠸᠯᠢ ᠴᠠᠭᠠᠵᠠ ᠶᠢᠨ ᠲᠤᠰᠠᠯᠠᠮᠵᠢ ᠬᠠᠩᠭᠠᠵᠤ ᠂ ᠬᠣᠬᠢᠷᠠᠯ ᠠᠮᠰᠠᠭᠰᠠᠨ ᠡᠮᠡᠭᠲᠡᠶᠢᠴᠦᠳ ᠦᠨ ᠡᠷᠬᠡ ᠠᠰᠢᠭ ᠢ ᠬᠠᠮᠠᠭᠠᠯᠠᠪᠠ ᠃ ᠭᠣᠣ ᠣᠪᠣᠭᠲᠤ  ︵ᠡᠮᠡᠭᠲᠡᠶ︶ ᠶᠤᠸᠠᠨ ᠣᠪᠣᠭᠲᠤ ︵ᠡᠷᠡᠭᠲᠡᠶ︶  ᠲᠠᠶ ᠤᠷᠤᠭᠯᠠᠭᠰᠠᠨ ᠤ ᠳᠠᠷᠠᠭ᠎ᠠ ᠦᠷᠭᠦᠯᠵᠢ ᠠᠮᠢᠳᠤᠷᠠᠯ ᠤᠨ ᠠᠷᠰᠠᠷ ᠶᠠᠪᠤᠳᠠᠯ ᠠᠴᠠ ᠪᠣᠯᠵᠤ ᠬᠡᠷᠡᠭᠦᠯ ᠴᠤᠤᠭᠢᠶᠠᠨ ᠪᠣᠯᠵᠤ ᠂ ᠤᠷᠤᠭ ᠤᠨ ᠬᠠᠷᠢᠴᠠᠭ᠎ᠠ ᠨᠢ ᠨᠡᠷ᠎ᠡ ᠶᠢᠨ ᠲᠡᠳᠦᠶ ᠪᠣᠯᠪᠠ᠂ ᠬᠠᠶᠢᠷ᠎ᠠ ᠰᠡᠳᠬᠢᠯᠭᠡ ᠨᠢ ᠨᠢᠭᠡᠮᠦᠰᠦᠨ ᠡᠪᠳᠡᠷᠡᠭᠰᠡᠨ ᠪᠣᠯᠪᠠᠴᠤ ᠬᠣᠶᠠᠷ ᠡᠲᠡᠭᠡᠳ ᠢᠶᠡᠷ ᠢᠶᠡᠨ ᠤᠷᠤᠭ ᠰᠠᠯᠬᠤ ᠬᠡᠯᠡᠯᠴᠡᠭᠡᠷ ᠦᠨ ᠠᠭᠤᠯᠭ᠎ᠠ ᠶᠢᠨ ᠲᠤᠬᠠᠶ ᠰᠠᠨᠠᠯ ᠨᠢᠭᠡᠳᠦᠭᠰᠡᠨ ᠦᠭᠡᠶ ᠂ ᠡᠴᠦᠰ ᠲᠡᠬᠡᠨ ᠪᠠᠶᠢᠴᠠᠭᠠᠬᠤ ᠪᠠᠶᠢᠭᠤᠯᠭ᠎ᠠ ᠳᠤ ᠢᠷᠡᠵᠦ ᠬᠠᠪᠰᠤᠷᠤᠯᠭ᠎ᠠ ᠭᠤᠶᠤᠵᠠᠶ ᠃ ᠬᠡᠷᠡᠭ ᠦᠨ ᠰᠦᠪᠡᠭᠴᠢ ᠶᠢ ᠭᠥᠯᠢᠶᠡᠨ ᠠᠪᠤᠭᠰᠠᠨ ᠤ ᠳᠠᠷᠠᠭ᠎ᠠ ᠂ ᠪᠢᠳᠡ ᠵᠥᠷᠢᠴᠡᠯ ᠢ ᠡᠶᠡᠳᠡᠭᠦᠯᠬᠦ ᠲᠥᠪ ᠲᠦ ᠣᠯᠠᠨᠲᠠ ᠬᠦᠷᠴᠦ ᠬᠣᠶᠠᠷ ᠡᠲᠡᠭᠡᠳ ᠦᠨ ᠣᠷᠣᠭ ᠬᠡᠷ ᠪᠦᠯᠢ ᠶᠢᠨ ᠪᠠᠶᠢᠳᠠᠯ ᠢ ᠨᠠᠷᠢᠨ ᠣᠶᠢᠯᠠᠭᠠᠵᠤ ᠂ ᠬᠣᠶᠠᠷ ᠡᠲᠡᠭᠡᠳ ᠦᠨ ᠬᠦᠰᠡᠯ ᠱᠠᠭᠠᠷᠳᠠᠯᠭ᠎ᠠ ᠶᠢ ᠨᠠᠷᠢᠨ ᠬᠢᠨᠠᠮᠠᠭᠠᠶ ᠰᠣᠨᠣᠰᠴᠤ ᠂ ᠬᠣᠶᠠᠷ ᠡᠲᠡᠭᠡᠳ ᠦᠨ ᠲᠤᠬᠠᠶ ᠶᠢᠨ ᠬᠥᠮᠦᠨ ᠲᠡᠶ ᠲᠣᠰ ᠲᠣᠰ ᠲᠠᠭᠠᠨ ᠶᠠᠷᠢᠯᠴᠠᠬᠤ ᠂ ᠬᠠᠸᠯᠢ ᠴᠠᠭᠠᠵᠠ ᠶᠢ ᠲᠠᠶᠢᠯᠪᠤᠷᠢᠯᠠᠨ ᠶᠣᠰᠣ ᠶᠠᠷᠢᠬᠤ ᠵᠡᠷᠭᠡ ᠬᠡᠯᠪᠡᠷᠢ ᠪᠡᠷ ᠳᠠᠮᠵᠢᠭᠤᠯᠤᠨ ᠂ ᠣᠷᠣᠭ ᠤᠨ ᠬᠠᠸᠯᠢ ᠴᠠᠭᠠᠵᠠ ᠶᠢᠨ ᠠᠰᠠᠭᠤᠳᠠᠯ ᠢ ᠬᠠᠷᠢᠭᠤᠯᠵᠤ ᠂ ᠲᠤᠬᠠᠶ ᠶᠢᠨ ᠬᠥᠮᠦᠨ ᠢ ᠬᠥᠲᠥᠯᠦᠨ ᠵᠢᠯᠣᠭᠣᠳᠴᠤ ᠪᠠᠶᠢᠭᠠᠳ ᠡᠶᠡᠳᠡᠭᠦᠯᠬᠦ ᠪᠡᠷ ᠳᠠᠮᠵᠢᠭᠤᠯᠤᠨ ᠵᠥᠷᠢᠴᠡᠯ ᠢ ᠰᠢᠶᠳᠪᠦᠷᠢᠯᠡᠵᠦ ᠂ ᠴᠠᠭ  ᠬᠢᠭᠡᠳ ᠣᠶᠤᠨ ᠴᠢᠳᠠᠯ ᠢ ᠠᠷᠪᠢᠯᠠᠨ᠂ ᠤᠷᠤᠭ ᠰᠠᠯᠬᠤ ᠵᠢᠭᠤᠷᠤᠯᠳᠠᠭᠠᠨ ᠤ ᠬᠣᠶᠠᠷ ᠡᠲᠡᠭᠡᠳ ᠦᠨ ᠡᠳᠦᠷ ᠲᠤᠲᠤᠮ ᠤᠨ ᠠᠮᠢᠳᠤᠷᠠᠯ ᠳᠤ ᠦᠵᠡᠭᠦᠯᠬᠦ ᠨᠥᠯᠥᠭᠡ ᠶᠢ  ᠪᠠᠭᠠᠰᠬᠠᠪᠠ᠃ ᠪᠠᠶᠢᠴᠠᠭᠠᠬᠤ ᠠᠵᠢᠯᠳᠠᠨ ᠵᠢᠴᠢ ᠡᠶᠡᠳᠡᠭᠦᠯᠦᠭᠴᠢ ᠶᠢᠨ ᠢᠳᠬᠠᠯᠭ᠎ᠠ ᠪᠠᠷ᠂ ᠲᠤᠬᠠᠶ ᠶᠢᠨ ᠬᠥᠮᠦᠨ ᠨᠢ ᠡᠳ᠋ ᠬᠥᠷᠤᠨᠭᠭᠡ ᠶᠢ ᠬᠤᠪᠢᠳᠠᠨ ᠬᠤᠪᠢᠶᠠᠬᠤ ᠪᠠ ᠦᠷ᠎ᠡ ᠬᠡᠦᠬᠡᠳ ᠢ ᠠᠰᠠᠷᠠᠨ ᠲᠡᠵᠢᠭᠡᠬᠦ ᠡᠷᠬᠡ ᠵᠡᠷᠭᠡ ᠤᠴᠢᠷ ᠶᠠᠪᠤᠳᠠᠯ ᠤᠨ ᠲᠤᠬᠠᠶ ᠰᠠᠨᠠᠯ ᠨᠢᠭᠡᠲᠡᠶ ᠪᠣᠯᠪᠠ᠃

    ᠲᠠᠷᠠᠭᠠᠴᠢ ᠶᠢᠨ ᠠᠵᠢᠯ  ᠳᠦ ᠂ ᠳᠠᠯᠠᠳ ᠬᠣᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ ︽ᠠᠷᠠᠳ ᠲᠦᠮᠡᠨ  ᠢᠶᠠᠷ ᠭᠣᠸᠯ ᠪᠣᠯᠭᠠᠬᠤ︾ ᠣᠶᠢᠯᠠᠭᠠᠭᠳᠠᠬᠤᠨ ᠢ ᠦᠷᠭᠦᠯᠵᠢᠯᠡᠨ ᠲᠤᠸᠱᠯᠠᠭᠤᠯᠵᠤ ᠂ ᠣᠨᠴᠠᠭᠠᠶ ᠪᠥᠯᠦᠭᠲᠡᠨ ᠦ ᠡᠷᠬᠡ ᠠᠰᠢᠭ ᠤᠨ ᠪᠠᠲᠤᠯᠠᠭ᠎ᠠ ᠶᠢ ᠲᠠᠰᠤᠷᠠᠯᠲᠠ ᠥᠬᠡᠶ ᠭᠦᠨᠵᠡᠭᠡᠶᠢᠷᠡᠭᠦᠯᠦᠨ ᠂ ᠢᠷᠭᠡᠨ ᠤ ᠬᠡᠷᠡᠭ ᠤᠨ ᠵᠠᠭᠠᠯᠳᠤᠯᠭ᠎ᠠ ᠶᠢ ᠳᠡᠮᠵᠢᠬᠦ ᠠᠵᠢᠯ ᠢ ᠢᠳᠡᠪᠬᠢᠲᠡᠶ ᠪᠥᠭᠡᠳ ᠯᠠᠪᠳᠠᠭᠤᠨ ᠢᠶᠠᠷ ᠥᠷᠨᠢᠭᠦᠯᠵᠦ ᠂ ᠡᠮᠡᠭᠲᠡᠶᠢᠴᠦᠳ ᠂ ᠬᠡᠸᠬᠡᠳ ᠵᠡᠷᠭᠡ ᠣᠨᠴᠠᠭᠠᠶ ᠪᠥᠯᠦᠭᠲᠡᠨ ᠢ ᠬᠦᠴᠦᠯᠡᠨ ᠠᠩᠬᠠᠷᠴᠤ ᠂ ᠨᠡᠶᠢᠭᠡᠮ ᠤᠨ ᠲᠥᠪ ᠭᠣᠸᠯᠴᠢ ᠰᠢᠳᠤᠷᠭᠤ ᠶᠣᠰᠣ  ᠶᠢ ᠬᠠᠮᠠᠭᠠᠯᠠᠬᠤ ᠳᠤᠮᠳᠠ ᠬᠠᠸᠯᠢ ᠪᠠᠷᠢᠬᠤ ᠬᠠᠯᠠᠭᠤᠨ ᠳᠣᠯᠠᠭᠠᠴᠠ ᠪᠠ ᠬᠥᠮᠦᠯᠢᠭ ᠬᠠᠯᠠᠮᠵᠢᠯᠠᠯ  ᠢ ᠢᠯᠡᠷᠡᠭᠦᠯᠦᠨ᠎ᠡ

 

ᠶᠢᠷᠲᠢᠨᠴᠦ ᠣᠷᠴᠢᠭᠣᠯᠪᠠ

ᠢᠷᠡᠯᠲᠡ
ᠤᠷᠳᠤᠰ ᠬᠤᠲᠠ  ᠲᠠᠯᠠᠳ ᠬᠤᠰᠢᠭᠤ  ᠠᠷᠠᠳ  ᠦᠨ ᠪᠠᠢᠴᠠᠭᠠᠬᠤ 
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro