ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠦᠴᠦᠭᠡᠨ ᠠᠰᠢᠭ ᠲᠤ ᠭᠤᠷᠢᠯᠠᠭᠰᠠᠭᠠᠷ ᠡᠷᠡᠭᠦᠦ ᠶᠢᠨ ᠶᠠᠯ᠎ᠠ ᠪᠠᠷ ᠰᠢᠢᠳᠭᠡᠭᠳᠡᠪᠡ

2025-04-11 16:05:38
ᠵᠣᠬᠢᠶᠠᠭᠴᠢ
ᠬᠦᠰᠡᠯᠡᠷᠳᠡᠨᠢ

 ᠬᠡᠷᠡᠭ ᠤᠨ ᠵᠢᠱᠢᠶ᠎ᠡ
    ᠬᠡᠷᠡᠭ ᠤᠨ ᠰᠡᠵᠢᠭᠲᠡᠨ ᠮᠧᠩ ᠠᠪᠤᠭᠠᠢ 2023 ᠤᠨ ᠤ 4 ᠰᠠᠷ᠎ᠠ ᠶᠢᠨ ᠦᠶᠡᠰ ᠢᠶᠠᠷ᠂ ᠸᠢᠴᠠᠲ ᠤᠨ ᠨᠠᠶᠢᠵᠠ ᠶᠢᠨ ᠴᠤᠮᠤᠷᠯᠢᠭ ᠠᠴᠠ ᠪᠠᠨ ᠨᠢᠭᠡᠨ ᠨᠠᠶᠢᠵᠠ ᠶᠢᠨ ᠢᠶᠠᠨ ᠲᠠᠮᠵᠢᠭᠤᠯᠤᠭᠰᠠᠨ ᠰᠦᠯᠵᠢᠶᠡᠨ ᠵᠢᠬᠡᠯᠡᠯᠭᠡ ᠶᠢᠨ ᠵᠠᠷ ᠢ ᠤᠯᠵᠦ ᠦᠵᠡᠭᠡᠳ ᠲᠡᠭᠦᠨ ᠲᠠᠢ ᠬᠠᠷᠢᠯᠴᠠᠭᠰᠠᠨ ᠳᠤ ᠨᠠᠶᠢᠵᠠ ᠨᠢ ᠲᠡᠭᠦᠨ ᠳᠤ ︽ᠰᠢᠶᠤᠤ ᠮᠸᠢ︾ ᠭᠡᠰᠡᠨ ᠨᠡᠷ᠎ᠡ ᠲᠠᠢ ᠨᠢᠭᠡᠨ ᠦᠯᠦ ᠲᠠᠨᠢᠬᠤ ᠬᠦᠮᠦᠨ ᠤ ᠸᠢᠴᠠᠲ ᠢ ᠲᠡᠭᠦᠨ ᠳᠤ ᠲᠠᠨᠢᠯᠴᠠᠭᠤᠯᠵᠤ ᠦᠭᠪᠡ᠃ ᠬᠡᠷᠡᠭᠳᠡᠨ ᠲᠤᠰ ᠸᠢᠴᠠᠲ ᠢ ᠬᠤᠯᠪᠤᠵᠦ ᠠᠪᠤᠭᠠᠳ ᠲᠡᠭᠦᠨ ᠳᠤ ᠰᠠᠨᠠᠭ᠎ᠠ ᠪᠠᠨ ᠢᠯᠡᠷᠬᠡᠶᠢᠯᠡᠭᠰᠡᠨ ᠳᠤ ᠲᠡᠷᠡ ᠪᠠᠷ ᠰᠦᠯᠵᠢᠶᠡᠨ ᠲᠡᠭᠡᠷ᠎ᠡ ᠶᠡᠭᠡ ᠲᠤᠭᠠᠨ ᠤ ᠵᠢᠬᠡᠯᠡᠯᠬᠡ ᠠᠪᠬᠤ ᠳᠤ ᠵᠠᠪᠠᠯ ᠠᠯᠪᠠᠨ ᠤ ᠨᠡᠶᠢᠲᠡ ᠶᠢᠨ ᠲᠠᠩᠰᠠᠨ ᠳ᠋ᠤᠭᠠᠷ ᠤᠯᠵᠤ ᠠᠪᠬᠤ ᠬᠡᠷᠡᠭᠳᠡᠢ ᠮᠦᠷᠲᠡᠭᠡᠨ ᠲᠡᠭᠦᠨ ᠢᠶᠠᠷ ᠢᠶᠠᠨ ᠶᠡᠭᠡ ᠲᠤᠭᠠᠨ ᠤ ᠵᠤᠭᠤᠰ ᠳᠠᠮᠵᠢᠭᠤᠯᠵᠤ᠂ ᠬᠦᠢᠯᠭᠡᠭᠡᠨ ᠤ ᠤᠷᠤᠮ ᠭᠠᠷᠭᠠᠬᠤ ᠴᠢᠬᠤᠯᠠᠳᠠᠢ ᠭᠡᠪᠡ᠃ ᠬᠡᠷᠡᠭᠳᠡᠨ ᠦᠪᠡᠷ ᠢᠶᠠᠨ ᠶᠡᠭᠡ ᠰᠤᠷᠭᠠᠭᠤᠯᠢ ᠲᠡᠭᠦᠰᠦᠭᠰᠡᠨ ᠦᠨᠳᠦᠷ ᠪᠤᠯᠪᠠᠰᠤᠷᠠᠯ ᠲᠠᠢ ᠨᠢᠭᠡᠨ ᠰᠢᠨ᠎ᠡ ᠴᠠᠭ ᠤᠨ ᠵᠠᠯᠠᠭᠤ ᠪᠤᠯᠤᠭᠰᠠᠨ ᠤ ᠬᠤᠪᠢ ᠳᠤ ᠨᠦᠬᠦᠭᠡ ᠡᠳᠡᠭᠡᠳ ᠤᠨ ᠢᠶᠠᠨ ᠡᠨᠡᠬᠦ ᠱᠠᠭᠠᠷᠳᠠᠯᠭ᠎ᠠ ᠳᠤ ᠪᠠᠷᠢᠨ ᠰᠡᠵᠢᠭ ᠲᠦᠷᠦᠪᠡ᠃ ᠭᠡᠪᠡᠴᠦ ᠦᠴᠦᠭᠡᠨ ᠠᠰᠢᠭ ᠲᠤ ᠭᠤᠷᠢᠯᠠᠭᠰᠠᠭᠠᠷ ᠪᠠᠶᠢᠭᠠᠳ ᠭᠡᠷ ᠤᠨ ᠢᠶᠠᠨ ᠬᠦᠮᠦᠰ ᠤᠨ ᠢᠳᠬᠠᠯ ᠰᠠᠨᠠᠭᠤᠯᠭ᠎ᠠ ᠶᠢ ᠴᠦ ᠦᠯᠦ ᠬᠠᠶᠢᠬᠤᠷᠤᠨ ᠡᠴᠦᠰ ᠲᠡᠭᠡᠨ ᠬᠠᠰᠢᠯᠠ ︽ᠰᠢᠶᠤᠤ ᠮᠸᠢ︾ ᠶᠢᠨ ᠰᠠᠨᠠᠭ᠎ᠠ ᠪᠠᠷ ᠪᠠᠩᠬᠢ ᠳᠤ ᠬᠦᠷᠴᠦ᠂ ᠠᠯᠪᠠᠨ ᠤ ᠲᠠᠩᠰᠠᠨ ᠳ᠋ᠤᠭᠠᠷ ᠲᠠᠩᠰᠠᠯᠠᠵᠤ ᠠᠪᠤᠪᠠ᠃ ᠠᠯᠪᠠᠨ ᠤ ᠳᠠᠩᠰᠠᠨ ᠳ᠋ᠤᠭᠠᠷ ᠲᠠᠩᠰᠠᠯᠠᠬᠤ ᠦᠶᠡᠰ ᠪᠠᠩᠬᠢ ᠶᠢᠨ ᠠᠵᠢᠯᠲᠠᠨ ᠠᠴᠠ ᠬᠡᠷᠡᠭᠳᠡᠨ ᠮᠧᠩ ᠳᠤ ᠲᠠᠩᠰᠠᠯᠠᠭᠰᠠᠨ ᠳᠠᠩᠰᠠᠨ ᠳ᠋ᠤᠭᠠᠷ ᠢᠶᠠᠨ ᠲᠤᠷ᠎ᠠ ᠪᠠᠷ ᠢᠶᠠᠨ ᠪᠤᠰᠤᠳ ᠲᠤ ᠲᠦᠷᠢᠶᠡᠰᠦᠯᠡᠵᠦ ᠦᠭᠬᠦ᠂ ᠬᠤᠳᠠᠯᠳᠤᠵᠤ ᠦᠭᠭᠦ ᠪᠤᠶᠤ ᠵᠢᠬᠡᠯᠡᠬᠦᠯᠥᠨ ᠵᠠᠷᠤᠭᠤᠯᠵᠤ ᠦᠯᠦ ᠪᠤᠯᠬᠤ ᠲᠠᠯ᠎ᠠ ᠪᠠᠷ ᠤᠨᠴᠠᠯᠠᠨ ᠰᠠᠨᠠᠭᠤᠯᠤᠭᠰᠠᠨ ᠤ ᠬᠠᠮᠳᠤ ᠠᠮᠠᠯᠠᠯᠲᠠ ᠶᠢᠨ ᠪᠢᠴᠢᠭ ᠪᠢᠴᠢᠬᠦᠯᠵᠦ ᠭᠠᠷ ᠤᠨ ᠦᠰᠦᠭ ᠵᠢᠷᠤᠭᠤᠯᠤᠭᠰᠠᠨ ᠪᠠᠶᠢᠪᠠ᠃ ᠭᠡᠪᠡᠴᠦ ᠬᠡᠷᠡᠭᠳᠡᠨ ᠮᠧᠩ ᠡᠨᠡ ᠪᠦᠬᠦᠨ ᠢ ᠲᠤᠳᠤᠷ᠎ᠠ ᠪᠠᠨ ᠲᠤᠳᠤᠷᠬᠠᠢ ᠮᠡᠳᠡᠵᠦ ᠪᠠᠶᠢᠳᠠᠯ᠎ᠠ ᠪᠠᠨ ᠨᠦᠬᠦᠬᠡ ᠠᠯᠪᠠᠨ ᠤ ᠳᠠᠩᠰᠠᠨ ᠳ᠋ᠣᠭᠠᠷ ᠢᠶᠠᠨ ᠰᠢᠭᠤᠳ ︽ᠰᠢᠶᠤᠤ ᠮᠸᠢ︾ ᠶᠢᠨ ᠰᠠᠨᠠᠭ᠎ᠠ ᠪᠠᠷ ᠰᠢᠤᠳᠠᠨ ᠢᠶᠠᠷ ᠲᠡᠭᠦᠨ ᠳᠤ ᠭᠤᠪᠢᠭᠤᠯᠵᠤ ᠦᠭᠴᠦ᠂ 2023 ᠤᠨ ᠤ 5 ᠰᠠᠷ᠎ᠠ ᠶᠢᠨ1 ᠪᠤᠯᠳᠠᠯ᠎ᠠ ᠲᠤᠰ ᠠᠯᠪᠠᠨ ᠤ ᠲᠠᠩᠰᠠᠨ ᠳ᠋ᠣᠭᠠᠷ ᠢᠶᠠᠷ ᠨᠡᠶᠢᠲᠡ 240 ᠢᠯᠡᠬᠦᠦ ᠲᠦᠮᠡᠨ ᠲᠦᠭᠦᠷᠢᠭ ᠲᠠᠮᠵᠢᠭᠳᠠᠵᠤ᠂ ᠬᠡᠷᠡᠭ ᠲᠤ ᠬᠤᠯᠪᠤᠭᠳᠠᠭᠰᠠᠨ ᠵᠤᠭᠤᠰ ᠨᠢ 7 ᠲᠦᠮᠡ ᠭᠠᠷᠤᠢ ᠲᠦᠭᠦᠷᠢᠭ ᠬᠦᠷᠴᠠᠢ᠃
    ᠬᠡᠷᠡᠭ ᠤᠨ ᠲᠠᠰᠤᠯᠤᠯᠳᠠ ᠶᠢᠨ ᠪᠠᠶᠢᠳᠠᠯ᠄ ᠠᠷᠤ ᠬᠤᠷᠴᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠬᠡᠷᠡᠭᠳᠡᠨ ᠮᠧᠩ ᠢ ᠮᠡᠳᠡᠭᠡ ᠵᠠᠩᠬᠢ ᠶᠢᠨ ᠰᠦᠯᠵᠢᠶᠡᠨ ᠶᠠᠯᠠᠳᠤ ᠠᠵᠢᠯᠯᠠᠭ᠎ᠠ ᠶᠢ ᠬᠠᠪᠰᠤᠷᠤᠭᠰᠠᠨ ᠶᠠᠯ᠎ᠠ ᠪᠠᠷ ᠬᠤᠶᠠᠷ ᠰᠠᠷ᠎ᠠ ᠶᠢᠨ ᠬᠤᠭᠤᠴᠠᠭ᠎ᠠ ᠲᠠᠢ ᠬᠤᠷᠢᠵᠤ᠂ ᠬᠠᠮᠳᠤ ᠳᠤ ᠨᠢ ᠠᠷᠠᠳ ᠤᠨ ᠵᠤᠭᠤᠰ ᠭᠤᠷᠪᠠᠨ ᠮᠢᠩᠭᠠᠨ ᠲᠦᠭᠦᠷᠢᠭ ᠢᠶᠠᠷ ᠶᠠᠯᠠᠳᠠᠪᠠ᠃
    ᠬᠡᠷᠡᠭ ᠤᠨ ᠲᠦᠭᠦᠮ ᠲᠠᠶᠢᠯᠪᠤᠷᠢ᠄ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠬᠦᠦ ᠶᠢᠨ ᠬᠠᠤᠯᠢ︾ ᠶᠢᠨ287 ᠵᠦᠢᠯ ᠤᠨ ᠬᠤᠶᠠᠷ ᠤᠨ ᠲᠤᠭᠳᠠᠭᠠᠯ ᠢ ᠦᠨᠳᠦᠰᠦᠯᠡᠪᠡᠯ᠂ ᠪᠤᠰᠤᠳ ᠤᠨ ᠲᠤᠤᠷ ᠰᠦᠯᠵᠢᠶ᠎ᠡ ᠮᠡᠳᠡᠭᠡ ᠵᠠᠩᠬᠢ ᠶᠢ ᠠᠰᠢᠭᠯᠠᠨ ᠶᠠᠯ᠎ᠠ ᠬᠢᠵᠦ ᠪᠠᠶᠢᠭ᠎ᠠ ᠶᠢ ᠲᠤᠳᠤᠷᠬᠠᠢ ᠮᠡᠳᠡᠵᠦ ᠪᠠᠶᠢᠭᠠᠳ ᠲᠡᠭᠦᠨ ᠳᠤ ᠬᠠᠪᠰᠤᠷᠤᠨ ᠵᠤᠭᠤᠰ ᠵᠤᠭ᠎ᠠ ᠰᠢᠯᠵᠢᠬᠦᠯᠵᠦ ᠦᠭᠬᠦᠭᠡᠳ ᠦᠢᠯᠡ ᠪᠠᠶᠢᠳᠠᠯ ᠨᠢ ᠬᠦᠨᠳᠦ ᠨᠤᠴᠢᠲᠠᠢ ᠪᠠᠶᠢᠪᠠᠯ ᠭᠤᠷᠪᠠᠨ ᠵᠢᠯ ᠠᠴᠠ ᠲᠤᠭᠤᠭᠰᠢ ᠬᠤᠭᠤᠴᠠᠭ᠎ᠠ ᠲᠠᠢ ᠬᠤᠷᠢᠬᠤ ᠪᠤᠶᠤ ᠬᠤᠷᠢᠵᠦ ᠬᠦᠳᠡᠯᠮᠦᠷᠢᠯᠡᠬᠦᠯᠵᠦ᠂ ᠬᠠᠮᠳᠤ ᠳᠤ ᠨᠢ ᠪᠤᠶᠤ ᠲᠤᠰ ᠳᠤ ᠨᠢ ᠵᠤᠭᠤᠰ ᠢᠶᠠᠷ ᠶᠠᠯᠠᠳᠠᠬᠤ ᠡᠷᠡᠭᠦᠦ ᠰᠢᠢᠳᠭᠡᠯ ᠢᠶᠠᠷ ᠰᠢᠢᠳᠭᠡᠭᠳᠡᠬᠦ ᠪᠤᠯᠤᠨ᠎ᠠ᠃
    ᠬᠡᠷᠡᠭ ᠤᠨ ᠲᠦᠭᠦᠮ ᠰᠠᠨᠠᠭᠤᠯᠤᠮᠵᠢ᠄ ᠲᠤᠤᠷ ᠰᠦᠯᠵᠢᠶ᠎ᠡ ᠮᠡᠳᠡᠭᠡ ᠵᠠᠩᠬᠢᠵᠢᠯᠳᠠ ᠶᠢᠨ ᠬᠦᠭᠵᠢᠯᠳᠡ ᠶᠢ ᠲᠠᠭᠠᠯᠳᠤᠨ ᠮᠡᠳᠡᠭᠡ ᠵᠠᠩᠬᠢ ᠲᠤᠤᠷ ᠰᠦᠯᠵᠢᠶ᠎ᠡ ᠶᠢ ᠠᠰᠢᠭᠯᠠᠨ ᠶᠠᠯ᠎ᠠ ᠬᠢᠭᠰᠡᠳ ᠵᠢᠯ ᠲᠤᠳᠤᠮ ᠤᠯᠠᠰᠢᠷᠠᠵᠦ ᠪᠤᠢ᠃ ᠬᠠᠮᠤᠭ ᠲᠡᠭᠡᠳᠦ ᠪᠠᠶᠢᠴᠠᠭᠠᠬᠤ ᠬᠤᠷᠢᠶᠠᠨ ᠤ ᠪᠦᠷᠢᠳᠬᠡᠯ ᠢ ᠦᠨᠳᠦᠰᠦᠯᠡᠪᠡᠯ᠂ 2024 ᠤᠨ ᠳᠤ ᠮᠡᠳᠡᠭᠡ ᠵᠠᠩᠬᠢ ᠶᠢᠨ ᠰᠦᠯᠵᠢᠶᠡᠨ ᠶᠠᠯᠠᠳᠤ ᠠᠵᠢᠯᠯᠠᠭ᠎ᠠ ᠶᠢ ᠬᠠᠪᠰᠤᠷᠤᠭᠰᠠᠨ ᠶᠠᠯ᠎ᠠ ᠪᠠᠷ ᠠᠯᠪᠠᠨ ᠵᠠᠭᠠᠳᠤᠯᠭ᠎ᠠ ᠭᠠᠷᠭᠠᠭᠰᠠᠨ ᠬᠡᠷᠡᠭ ᠤᠨ ᠲᠤᠭ᠎ᠠ ᠨᠢᠭᠡᠨᠲᠡ ᠮᠠᠨ ᠤ ᠤᠯᠤᠰ ᠤᠨ ᠪᠦᠬᠦ ᠡᠷᠡᠬᠦᠦ ᠶᠢᠨ ᠶᠠᠯ᠎ᠠ ᠪᠠᠷ ᠠᠯᠪᠠᠨ ᠵᠠᠭᠠᠳᠤᠯᠭ᠎ᠠ ᠭᠠᠷᠭᠠᠭᠰᠠᠨ ᠶᠠᠯ᠎ᠠ ᠶᠢᠨ ᠲᠤᠮᠳᠠ ᠲᠠᠪᠤᠳᠤᠭᠠᠷ ᠲᠤ ᠵᠢᠭᠰᠠᠭᠠᠭᠳᠠᠭᠰᠠᠨ ᠪᠠᠶᠢᠨ᠎ᠠ᠃ ᠡᠶᠢᠮᠦ ᠠᠴᠠ ᠦᠷᠭᠡᠨ ᠤᠯᠠᠨ ᠮᠠᠯᠴᠢᠨ ᠲᠠᠷᠢᠶᠠᠴᠢᠳ ᠡᠨᠡ ᠲᠠᠯ᠎ᠠ ᠪᠠᠷ ᠶᠠᠭᠠᠬᠢᠭᠰᠠᠨ ᠴᠦ ᠰᠤᠨᠤᠷ ᠰᠡᠷᠡᠮᠵᠢ ᠪᠠᠨ ᠰᠤᠯᠠᠷᠠᠭᠤᠯᠵᠦ ᠦᠯᠦ ᠪᠤᠯᠤᠨ᠎ᠠ᠃ ᠢᠯᠠᠩᠭᠤᠶ᠎ᠠ ᠶᠠᠮᠠᠷ ᠨᠢᠭᠡᠨ ᠬᠦᠮᠦᠨ ᠲᠠᠨ ᠳᠤ ᠬᠠᠪᠰᠤᠷᠴᠤ ᠵᠢᠭᠡᠯᠡᠯᠭᠡ ᠤᠯᠵᠤ ᠦᠭᠬᠦ ᠨᠡᠷ᠎ᠡ ᠪᠠᠷ ᠪᠠᠩᠬᠢ ᠶᠢᠨ ᠺᠠᠷᠲ ᠢ ᠴᠢᠨᠢ ᠠᠪᠬᠤ᠂ ᠪᠠᠩᠬᠢ ᠶᠢᠨ ᠺᠠᠷᠲ ᠢᠶᠠᠷ ᠴᠢᠨᠢ ᠵᠤᠭᠤᠰ ᠵᠤᠭ᠎ᠠ ᠲᠠᠮᠵᠢᠭᠤᠯᠵᠤ ᠠᠰᠢᠭ ᠬᠤᠪᠢᠶᠠᠷᠢᠯᠠᠬᠤ ᠮᠡᠳᠦ ᠶᠢᠨ ᠤᠴᠢᠷ ᠲᠤᠬᠢᠶᠠᠯᠳᠤᠪᠠᠯ ᠲᠡᠷᠡ ᠲᠠᠷᠤᠢ ᠳᠤ ᠨᠢ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠳᠤ ᠬᠡᠷᠡᠭ ᠮᠡᠳᠡᠬᠦᠯᠬᠦ ᠬᠡᠷᠡᠭᠳᠡᠢ᠃ ᠬᠡᠷᠪᠡ ᠨᠠᠷᠢᠨ ᠤᠴᠢᠷ ᠢ ᠨᠢ ᠲᠤᠳᠤᠷᠬᠠᠢ ᠮᠡᠳᠡᠵᠦ ᠪᠠᠶᠢᠭᠠᠳ ᠦᠴᠦᠭᠡᠨ ᠠᠰᠢᠭ ᠲᠤ ᠬᠠᠭᠤᠷᠳᠠᠨ ᠬᠦᠩᠭᠡᠨ ᠬᠠᠭᠤᠳᠠᠮ ᠢᠶᠠᠷ ᠪᠠᠩᠬᠢ ᠶᠢᠨ ᠺᠠᠷᠲ ᠢᠶᠠᠨ ᠪᠤᠰᠤᠳ ᠲᠤ ᠵᠠᠷᠤᠭᠤᠯᠬᠤ ᠳᠤ ᠬᠦᠷᠪᠡᠯ ᠲᠡᠳᠡᠭᠡᠷ ᠶᠠᠯ᠎ᠠ ᠬᠢᠭᠰᠡᠳ ᠢ ᠬᠠᠪᠰᠤᠷᠤᠭᠰᠠᠨ ᠳᠤ ᠲᠤᠭᠠᠴᠠᠭᠳᠠᠵᠤ ᠶᠠᠯ᠎ᠠ ᠵᠦᠷᠢᠴᠡᠨ ᠡᠷᠡᠬᠦᠦ ᠰᠢᠢᠳᠭᠡᠯ ᠡᠳ᠋ᠯᠡᠬᠦ ᠪᠤᠯᠤᠨ᠎ᠠ᠃
    ᠮᠡᠳᠡᠭᠡᠯᠡᠭᠴᠢ᠄ ᠬᠦᠰᠡᠯᠡᠷᠳᠡᠨᠢ

ᠢᠷᠡᠯᠲᠡ
ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ ᠶᠢᠨ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro