ᠲᠠᠷᠢᠶᠠᠯᠠᠩ ᠤᠨ ᠬᠡᠷᠡᠭᠰᠡᠯ ᠦᠨ ᠪᠦᠲᠦᠭᠡᠭᠳᠡᠬᠦᠨ ᠢ ᠬᠤᠳᠠᠯᠳᠤᠨ ᠠᠪᠬᠤ ᠡᠳᠡᠭᠡᠷ ᠨᠦᠬᠡ ᠶᠢ ᠶᠠᠭᠠᠬᠢᠭᠰᠠᠨ ᠴᠦ ᠭᠢᠰᠭᠢᠵᠦ ᠪᠣᠯᠬᠤ ᠦᠭᠡᠢ
ᠬᠠᠪᠤᠷ ᠪᠤᠯᠤᠯ᠎ᠠ᠂ ᠲᠠᠷᠢᠶᠠᠯᠠᠭ᠎ᠠ ᠶᠠᠭ ᠶᠠᠭᠠᠷᠠᠯᠳᠤᠵᠤ ᠪᠠᠶᠢᠨ᠎ᠠ︕ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠪᠣᠯ ᠲᠠᠷᠢᠶᠠᠯᠠᠩ ᠤᠨ ᠦᠢᠯᠡᠳᠪᠦᠷᠢᠯᠡᠯ ᠤᠨ ︽ᠠᠮᠢᠨ ᠰᠤᠳᠠᠰᠤ︾ ᠮᠥᠨ᠂ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ ᠤᠨ ᠶᠠᠰᠤ ᠴᠢᠨᠠᠷ ᠨᠢ ᠲᠠᠷᠢᠶᠠᠴᠢᠨ ᠡᠷᠦᠬᠡ ᠶᠢᠨ ᠨᠢᠭᠡ ᠵᠢᠯ ᠤᠨ ᠬᠤᠷᠢᠶᠠᠯᠲᠠ ᠪᠠ ᠠᠰᠢᠭ ᠣᠷᠣᠯᠭ᠎ᠠ ᠲᠠᠢ ᠰᠢᠭᠤᠳ ᠬᠤᠯᠪᠣᠭᠳᠠᠵᠤ ᠪᠠᠶᠢᠳᠠᠭ᠃ ᠬᠠᠪᠤᠷ ᠤᠨ ᠲᠠᠷᠢᠶᠠᠯᠠᠭ᠎ᠠ ᠶᠢᠨ ᠦᠢᠯᠡᠳᠪᠦᠷᠢᠯᠡᠯ ᠢ ᠰᠠᠬᠢᠨ ᠬᠠᠮᠠᠭᠠᠯᠠᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠡᠷᠡᠭᠯᠡᠭᠡᠨ ᠤ ᠤᠨᠠᠭᠤᠯᠢ ᠶᠢ ᠰᠡᠷᠭᠡᠶᠢᠯᠡᠬᠦ ᠶᠢᠨ ᠲᠥᠯᠥᠭᠡ᠂ ᠲᠣᠭᠲᠠᠬᠤ ᠰᠢᠶᠠᠨ ᠤ ᠪᠠᠶᠢᠴᠠᠭᠠᠬᠤ ᠬᠤᠷᠢᠶ᠎ᠠ ᠠᠴᠠ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠡᠷᠡᠭᠯᠡᠭᠡᠨ ᠤ ᠨᠦᠬᠡ ᠠᠴᠠ ᠵᠠᠶᠢᠯᠠᠬᠤ ᠵᠦᠭᠯᠡᠭᠦᠷ ᠭᠠᠷᠭᠠᠵᠤ᠂ ᠲᠠᠷᠢᠶᠠᠴᠢᠨ ᠡᠷᠦᠬᠡ ᠶᠢ ᠬᠠᠮᠠᠭᠠᠯᠠᠨ᠂ ᠤᠯᠠᠨ ᠢ ᠰᠠᠨᠠᠭ᠎ᠠ ᠠᠮᠤᠷ ᠬᠤᠳᠠᠯᠳᠤᠨ ᠠᠪᠴᠤ᠂ ᠰᠠᠨᠠᠭ᠎ᠠ ᠠᠮᠤᠷ ᠬᠡᠷᠡᠭᠯᠡᠭᠦᠯᠵᠡᠢ︕
ᠣᠳᠣᠬᠠᠨ ᠳᠤ ᠶᠠᠭ ᠰᠠᠶᠢᠬᠠᠨ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠵᠠᠩᠭᠢᠯᠠᠭ᠎ᠠ ᠶᠢᠨ ᠬᠤᠭᠤᠴᠠᠭᠠᠨ ᠳᠤ ᠪᠠᠶᠢᠵᠤ᠂ ᠲᠠᠷᠢᠶᠠᠴᠢᠨ ᠡᠷᠦᠬᠡ ᠶᠢᠨ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ ᠬᠤᠳᠠᠯᠳᠤᠨ ᠠᠪᠬᠤ ᠬᠡᠷᠡᠭᠴᠡᠭᠡ ᠶᠡᠭᠡ ᠪᠠᠷ ᠨᠡᠮᠡᠭᠳᠡᠵᠦ ᠪᠠᠶᠢᠨ᠎ᠠ᠂ ᠭᠡᠪᠡᠴᠦ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠵᠠᠬ᠎ᠠ ᠳᠡᠯᠭᠡᠭᠦᠷ ᠲᠤ ᠡᠯᠳᠡᠪ ᠵᠦᠢᠯ ᠤᠨ ᠶᠠᠭᠤᠮ᠎ᠠ ᠬᠤᠯᠢᠯᠳᠤᠵᠤ᠂ ᠬᠡᠰᠡᠭ ᠬᠠᠤᠯᠢ ᠪᠤᠰᠤ ᠬᠤᠳᠠᠯᠳᠤᠭᠠᠴᠢᠳ ᠵᠠᠪᠰᠢᠶᠠᠨ ᠢ ᠳᠠᠯᠢᠮᠳᠠᠭᠤᠯᠤᠨ ᠵᠠᠪᠰᠢᠨ ᠳᠠᠯᠢᠮᠳᠠᠭᠤᠯᠵᠤ᠂ ᠦᠷᠭᠦᠯᠵᠢ ᠲᠣᠬᠢᠶᠠᠯᠳᠤᠳᠠᠭ ᠤᠨᠠᠭᠤᠯᠢ ᠳᠤ ᠭᠤᠣᠯᠳᠠᠭᠤ ᠭᠤᠷᠪᠠᠨ ᠲᠥᠷᠥᠯ ᠪᠣᠶ᠄
ᠮᠠᠭᠤ ᠶᠠᠭᠤᠮ᠎ᠠ ᠪᠠᠷ ᠰᠠᠶᠢᠨ ᠶᠠᠭᠤᠮ᠎ᠠ ᠶᠢ ᠣᠷᠣᠯᠠᠭᠤᠯᠬᠤ᠂ ᠬᠤᠭᠤᠴᠠᠭ᠎ᠠ ᠨᠢ ᠥᠩᠭᠡᠷᠡᠭᠰᠡᠨ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢᠶᠠᠷ ᠬᠢᠷᠢ ᠲᠡᠩᠴᠡᠭᠰᠡᠨ ᠦᠢᠯᠡᠳᠬᠦᠨ ᠢ ᠣᠷᠣᠯᠠᠭᠤᠯᠬᠤ᠂ ᠵᠢᠱᠢᠶᠡᠯᠡᠪᠡᠯ ᠡᠩ ᠤᠨ ᠦᠷ᠎ᠡ ᠪᠠᠷ ᠴᠢᠨᠠᠷ ᠰᠠᠶᠢᠲᠠᠢ ᠰᠠᠶᠢᠨ ᠦᠷ᠎ᠡ ᠶᠢ ᠣᠷᠣᠯᠠᠭᠤᠯᠬᠤ᠂ ᠪᠠᠭ᠎ᠠ ᠠᠭᠤᠯᠤᠭᠳᠠᠴᠠ ᠲᠠᠢ ᠬᠢᠮᠢ ᠶᠢᠨ ᠪᠣᠷᠳᠣᠭᠤᠷ ᠢᠶᠠᠷ ᠥᠨᠳᠥᠷ ᠥᠳᠬᠡᠴᠡ ᠲᠠᠢ ᠬᠢᠮᠢ ᠶᠢᠨ ᠪᠣᠷᠳᠣᠭᠤᠷ ᠢ ᠣᠷᠣᠯᠠᠭᠤᠯᠬᠤ᠃
ᠬᠤᠳᠠᠯ ᠬᠠᠭᠤᠷᠮᠠᠭ ᠢᠶᠠᠷ ᠤᠬᠠᠭᠤᠯᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠦᠢᠯᠡᠳᠦᠯ ᠢ ᠶᠡᠬᠡᠰᠬᠡᠵᠦ᠂ ︽ᠥᠨᠳᠥᠷ ᠲᠣᠭᠲᠠᠭᠤᠨ ᠬᠤᠷᠢᠶᠠᠯᠲᠠ︾᠂︽ᠡᠪᠡᠳᠴᠢᠨ ᠦᠭᠡᠢ ᠬᠤᠣᠷ ᠬᠥᠨᠥᠭᠡᠯ ᠦᠭᠡᠢ︾᠂︽ᠣᠷᠣᠯᠭ᠎ᠠ ᠶᠢ ᠲᠦᠷᠭᠡᠨ ᠨᠡᠮᠡᠭᠳᠡᠭᠦᠯᠦᠨ᠎ᠡ︾ ᠭᠡᠵᠦ ᠬᠤᠳᠠᠯ ᠢᠶᠠᠷ ᠬᠡᠯᠡᠵᠦ᠂ ᠲᠠᠷᠢᠶᠠᠴᠢᠨ ᠡᠷᠦᠬᠡ ᠶᠢᠨ ᠬᠤᠳᠠᠯᠳᠤᠨ ᠠᠪᠬᠤ ᠶᠢ ᠪᠤᠷᠤᠭᠤ ᠪᠠᠷ ᠬᠦᠲᠦᠯᠬᠦ᠃
ᠵᠢᠩ ᠯᠠᠩ ᠳᠤᠲᠠᠭᠳᠠᠪᠠᠯ ᠬᠦᠨᠳᠦ ᠶᠢᠨ ᠬᠡᠮᠵᠢᠶ᠎ᠡ ᠶᠢ ᠬᠠᠰᠤᠬᠤ᠂ ᠠᠭᠤᠯᠤᠭᠳᠠᠴᠠ ᠶᠢ ᠬᠠᠭᠤᠷᠮᠠᠭ ᠢᠶᠠᠷ ᠲᠡᠮᠳᠡᠭᠯᠡᠬᠦ ᠵᠡᠷᠭᠡ ᠠᠷᠭ᠎ᠠ ᠮᠠᠶ᠋ᠢᠭ ᠢᠶᠠᠷ ᠲᠠᠷᠢᠶᠠᠴᠢᠨ ᠡᠷᠦᠬᠡ ᠶᠢᠨ ᠠᠮᠢ ᠪᠡᠶ᠎ᠡ ᠶᠢᠨ ᠠᠰᠢᠭ ᠲᠤᠰᠠ ᠶᠢ ᠬᠤᠬᠢᠷᠠᠭᠤᠯᠬᠤ᠃
ᠳᠡᠭᠡᠷ᠎ᠡ ᠳᠤᠷᠠᠳᠤᠭᠰᠠᠨ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠡᠷᠡᠭᠯᠡᠭᠡᠨ ᠤ ᠤᠨᠠᠭᠤᠯᠢ ᠳᠤ ᠴᠢᠭᠯᠡᠭᠦᠯᠦᠨ᠂ ᠮᠠᠨ ᠤ ᠤᠯᠤᠰ ᠤᠨ ᠬᠠᠤᠯᠢ ᠴᠠᠭᠠᠵᠠ ᠳᠤ ᠲᠠᠷᠢᠶᠠᠴᠢᠨ ᠡᠷᠦᠬᠡ ᠶᠢᠨ ᠡᠷᠬᠡ ᠪᠠᠨ ᠬᠠᠮᠠᠭᠠᠯᠠᠬᠤ ᠳᠤ ᠪᠠᠲᠤ ᠪᠠᠬᠢ ᠬᠠᠤᠯᠢ ᠴᠠᠭᠠᠵᠠ ᠶᠢᠨ ᠲᠤᠯᠭᠠᠭᠤᠷᠢᠯᠠᠯ ᠬᠠᠩᠭᠠᠨ᠎ᠠ ᠭᠡᠵᠦ ᠲᠣᠳᠣᠷᠬᠠᠢ ᠲᠣᠭᠲᠠᠭᠠᠵᠠᠢ᠄
1.︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ︾ ᠶᠢᠨ ᠲᠠᠪᠢᠨ ᠲᠠᠪᠤᠳᠤᠭᠠᠷ ᠵᠦᠢᠯ
ᠡᠵᠡᠩᠨᠡᠭᠴᠢᠳ ᠲᠠᠸᠠᠷ ᠪᠤᠶᠤ ᠦᠢᠯᠡᠴᠢᠯᠡᠭᠡ ᠬᠠᠩᠭᠠᠬᠤ ᠳᠠᠭᠠᠨ ᠮᠡᠬᠡᠯᠡᠭᠰᠡᠨ ᠦᠢᠯᠡ ᠠᠵᠢᠯᠯᠠᠭ᠎ᠠ ᠲᠠᠢ ᠪᠠᠶᠢᠪᠠᠯ᠂ ᠬᠡᠷᠡᠭᠯᠡᠭᠴᠢᠳ ᠤᠨ ᠱᠠᠭᠠᠷᠳᠠᠯᠭ᠎ᠠ ᠶᠣᠰᠣᠭᠠᠷ ᠬᠤᠬᠢᠷᠠᠯ ᠠᠮᠰᠠᠭᠰᠠᠨ ᠬᠡᠮᠵᠢᠶ᠎ᠡ ᠠᠴᠠ ᠢᠯᠡᠭᠦᠦ ᠲᠥᠯᠥᠵᠦ ᠥᠭᠬᠦ ᠬᠡᠷᠡᠭᠲᠡᠢ᠂ ᠢᠯᠡᠭᠦᠦ ᠲᠥᠯᠥᠵᠦ ᠥᠭᠬᠦ ᠵᠣᠭᠤᠰ ᠤᠨ ᠲᠤᠭ᠎ᠠ ᠨᠢ ᠬᠡᠷᠡᠭᠯᠡᠭᠴᠢᠳ ᠤᠨ ᠲᠠᠸᠠᠷ ᠬᠤᠳᠠᠯᠳᠤᠨ ᠠᠪᠤᠭᠰᠠᠨ ᠦᠨ᠎ᠡ ᠶᠢᠨ ᠵᠣᠭᠤᠰ ᠪᠤᠶᠤ ᠦᠢᠯᠡᠴᠢᠯᠡᠭᠡ ᠬᠦᠯᠢᠶᠡᠭᠰᠡᠨ ᠰᠦᠢᠳᠬᠡᠯ ᠤᠨ ᠭᠤᠷᠪᠠᠨ ᠳᠠᠬᠢᠨ ᠪᠣᠯᠣᠨ᠎ᠠ ᠂ ᠨᠡᠮᠡᠵᠦ ᠲᠥᠯᠥᠭᠰᠡᠨ ᠲᠥᠯᠥᠪᠦᠷᠢ ᠶᠢᠨ ᠵᠣᠭᠤᠰ ᠤᠨ ᠲᠤᠭ᠎ᠠ ᠨᠢ ᠲᠠᠪᠤᠨ ᠵᠠᠭᠤᠨ ᠲᠥᠭᠦᠷᠢᠭ ᠲᠤ ᠬᠦᠷᠬᠦ ᠦᠭᠡᠢ ᠪᠠᠶᠢᠪᠠᠯ ᠲᠠᠪᠤᠨ ᠵᠠᠭᠤᠨ ᠲᠥᠭᠦᠷᠢᠭ ᠢᠶᠠᠷ ᠪᠤᠳᠤᠨ᠎ᠠ᠃ ᠬᠠᠤᠯᠢ ᠴᠠᠭᠠᠵᠠ ᠳᠤ ᠠᠰᠲᠠᠭᠠᠨ ᠲᠣᠭᠲᠠᠭᠠᠯ ᠲᠠᠢ ᠪᠠᠶᠢᠪᠠᠯ᠂ ᠲᠡᠷᠡ ᠲᠣᠭᠲᠠᠭᠠᠯ ᠢ ᠵᠢᠷᠤᠮᠯᠠᠨ᠎ᠠ᠃
2.︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠬᠠᠤᠯᠢ ᠶᠢᠨ ᠪᠢᠴᠢᠭ︾ ᠤᠨ ᠵᠠᠭᠤ ᠬᠤᠶᠠᠷ ᠵᠠᠭᠤ ᠭᠤᠷᠪᠠᠳᠤᠭᠠᠷ ᠵᠦᠢᠯ
ᠦᠢᠯᠡᠳᠬᠦᠨ ᠤ ᠵᠡᠷᠡᠮᠳᠡᠭ ᠠᠴᠠ ᠪᠣᠯᠵᠤ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠡᠷᠬᠡ ᠪᠠᠨ ᠬᠠᠯᠳᠠᠭᠤᠯᠤᠭᠰᠠᠨ ᠬᠥᠮᠥᠨ ᠦᠢᠯᠡᠳᠬᠦᠨ ᠤ ᠦᠢᠯᠡᠳᠪᠦᠷᠢᠯᠡᠭᠴᠢ ᠠᠴᠠ ᠲᠥᠯᠥᠭᠦᠯᠬᠦ ᠪᠠᠷ ᠭᠤᠶᠤᠴᠢᠯᠠᠵᠤ ᠪᠣᠯᠣᠨ᠎ᠠ᠂ ᠦᠢᠯᠡᠳᠬᠦᠨ ᠤ ᠪᠣᠷᠣᠯᠠᠭᠤᠯᠤᠭᠴᠢ ᠠᠴᠠ ᠲᠥᠯᠥᠭᠦᠯᠬᠦ ᠪᠠᠷ ᠭᠤᠶᠤᠴᠢᠯᠠᠭᠰᠠᠨ ᠴᠤ ᠪᠣᠯᠣᠨ᠎ᠠ᠃ ᠦᠢᠯᠡᠳᠬᠦᠨ ᠤ ᠵᠡᠷᠡᠮᠳᠡᠭ ᠢ ᠦᠢᠯᠡᠳᠪᠦᠷᠢᠯᠡᠭᠴᠢ ᠪᠤᠶ ᠪᠣᠯᠭᠠᠭᠰᠠᠨ ᠪᠠᠶᠢᠪᠠᠯ᠂ ᠪᠣᠷᠣᠯᠠᠭᠤᠯᠤᠭᠴᠢ ᠲᠥᠯᠥᠭᠰᠡᠨ ᠤ ᠳᠠᠷᠠᠭ᠎ᠠ ᠦᠢᠯᠡᠳᠪᠦᠷᠢᠯᠡᠭᠴᠢ ᠠᠴᠠ ᠨᠡᠬᠡᠨ ᠲᠥᠯᠥᠵᠦ ᠠᠪᠬᠤ ᠡᠷᠬᠡ ᠲᠠᠢ᠃ ᠪᠣᠷᠣᠯᠠᠭᠤᠯᠤᠭᠴᠢ ᠶᠢᠨ ᠠᠯᠳᠠᠭ᠎ᠠ ᠠᠴᠠ ᠪᠣᠯᠵᠤ ᠦᠢᠯᠡᠳᠬᠦᠨ ᠢ ᠵᠡᠷᠡᠮᠳᠡᠭ ᠲᠠᠢ ᠪᠣᠯᠭᠠᠭᠰᠠᠨ ᠪᠠᠶᠢᠪᠠᠯ᠂ ᠦᠢᠯᠡᠳᠪᠦᠷᠢᠯᠡᠭᠴᠢ ᠲᠥᠯᠥᠭᠰᠡᠨ ᠤ ᠳᠠᠷᠠᠭ᠎ᠠ ᠪᠣᠷᠣᠯᠠᠭᠤᠯᠤᠭᠴᠢ ᠠᠴᠠ ᠨᠡᠬᠡᠨ ᠲᠥᠯᠥᠵᠦ ᠠᠪᠬᠤ ᠡᠷᠬᠡ ᠲᠠᠢ᠃
ᠲᠥᠷᠥᠯ ᠵᠦᠢᠯ ᠣᠯᠠᠨᠲᠠᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠪᠦᠲᠦᠭᠡᠭᠳᠡᠬᠦᠨ ᠤ ᠡᠮᠦᠨ᠎ᠡ᠂ ᠲᠠᠷᠢᠶᠠᠴᠢᠨ ᠡᠷᠦᠬᠡ ᠵᠥᠪᠬᠡᠨ ᠲᠥᠬᠦᠮ ᠠᠷᠭ᠎ᠠ ᠮᠡᠷᠭᠡᠵᠢᠯ ᠢ ᠡᠵᠡᠮᠰᠢᠪᠡᠯ ᠳᠠᠷᠤᠢ ᠬᠢᠷᠢ ᠲᠡᠩᠴᠡᠭᠰᠡᠨ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠪᠦᠲᠦᠮᠵᠢᠲᠡᠶ ᠪᠠᠷ ᠢᠯᠭᠠᠨ ᠲᠠᠨᠢᠵᠤ᠂ ᠬᠡᠷᠡᠭᠯᠡᠭᠡᠨ ᠤ ᠤᠨᠠᠭᠤᠯᠢ ᠠᠴᠠ ᠵᠠᠶᠢᠯᠠᠵᠤ ᠴᠢᠳᠠᠨ᠎ᠠ᠄ ᠦᠷ᠎ᠡ ᠶᠢ ᠢᠯᠭᠠᠨ ᠲᠠᠨᠢᠵᠤ ᠴᠢᠳᠠᠨ᠎ᠠ
ᠨᠢᠭᠡ ᠳᠤ᠂ ᠪᠣᠭᠤᠳᠠᠯ ᠤᠨ ᠵᠢᠷᠤᠮᠵᠢᠯ ᠢ ᠦᠵᠡᠨ᠎ᠡ᠄ ᠦᠷ᠎ᠡ ᠶᠢᠨ ᠲᠦᠷᠦᠯ ᠢᠯᠭᠠᠯ᠂ ᠡᠭᠦᠯᠳᠡᠷ ᠤᠨ ᠨᠡᠷᠡᠶᠢᠳᠦᠯ᠂ ᠬᠢᠨᠠᠨ ᠲᠣᠭᠲᠠᠭᠠᠭᠰᠠᠨ ᠳ᠋ᠤᠭᠠᠷ᠂ ᠦᠢᠯᠡᠳᠪᠦᠷᠢᠯᠡᠨ ᠡᠵᠡᠩᠨᠡᠭᠴᠢ ᠶᠢᠨ ᠮᠡᠳᠡᠭᠡ ᠵᠠᠩᠭᠢ᠂ ᠶᠠᠰᠤ ᠴᠢᠨᠠᠷ ᠤᠨ ᠭᠦᠢᠴᠡᠳᠬᠡᠯ ᠲᠤᠭ᠎ᠠ᠂ ᠬᠢᠵᠢᠭ ᠤᠨ ᠪᠠᠶᠢᠴᠠᠭᠠᠯᠲᠠ ᠶᠢᠨ ᠭᠡᠷᠡᠴᠢᠯᠡᠯ ᠵᠡᠷᠭᠡ ᠶᠢ ᠲᠣᠳᠣᠷᠬᠠᠶᠢᠯᠠᠭᠰᠠᠨ ᠡᠰᠡᠬᠦ ᠶᠢ ᠦᠵᠡᠨ᠎ᠡ᠃
ᠬᠤᠶᠠᠷ ᠲᠤ᠂ ᠦᠷ᠎ᠡ ᠶᠢᠨ ᠰᠢᠨᠵᠢ ᠪᠠᠶᠢᠳᠠᠯ ᠢ ᠦᠵᠡᠨ᠎ᠡ᠄ ᠮᠥᠬᠦᠯᠢᠭ ᠤᠨ ᠶᠡᠭᠡ ᠪᠠᠭ᠎ᠠ᠂ ᠥᠩᠭᠡ ᠪᠤᠳᠤᠭ᠂ ᠮᠥᠬᠦᠯᠢᠭ ᠤᠨ ᠬᠡᠯᠪᠡᠷᠢ ᠨᠢ ᠵᠢᠭᠳᠡ ᠡᠰᠡᠬᠦ᠂ ᠸᠠᠯᠠᠬᠤ ᠦᠭᠡᠢ᠂ ᠬᠤᠷᠣᠬᠠᠶᠢᠲᠤᠬᠤ᠂ ᠥᠩᠭᠡ ᠨᠢ ᠪᠦᠳᠡᠭᠢᠷᠡᠬᠦ ᠵᠡᠷᠭᠡ ᠴᠢᠨᠠᠷ ᠬᠤᠪᠢᠷᠠᠬᠤ ᠦᠵᠡᠭᠳᠡᠯ ᠦᠭᠡᠢ᠃
ᠭᠤᠷᠪᠠ ᠳᠤ ᠱᠣᠰᠢᠭ᠎ᠠ ᠶᠢᠨ ᠬᠤᠶᠠᠷ ᠬᠡᠮᠵᠢᠯ ᠲᠡᠮᠳᠡᠭ ᠢ ᠦᠵᠡᠨ᠎ᠡ᠄ ᠮᠡᠳᠡᠭᠡ ᠵᠠᠩᠭᠢ ᠪᠣᠯᠣᠨ ᠪᠣᠭᠤᠳᠠᠯ ᠤᠨ ᠵᠡᠭᠦᠯᠲᠡ ᠨᠢ ᠠᠳᠠᠯᠢ ᠡᠰᠡᠬᠦ ᠶᠢ ᠬᠠᠷᠭᠠᠭᠤᠯᠤᠨ ᠲᠣᠳᠣᠯᠠᠨ᠎ᠠ᠃
ᠬᠢᠮᠢ ᠶᠢᠨ ᠪᠣᠷᠳᠣᠭᠤᠷ ᠤᠨ ᠢᠯᠭᠠᠯᠲᠠ
ᠨᠢᠭᠡ ᠳᠤ᠂ᠪᠣᠭᠤᠳᠠᠯ ᠪᠠᠭᠯᠠᠭ᠎ᠠ ᠶᠢ ᠦᠵᠡᠨ᠎ᠡ᠄ ᠵᠢᠩᠬᠢᠨᠢ ᠬᠢᠮᠢ ᠶᠢᠨ ᠪᠣᠷᠳᠣᠭᠤᠷ ᠤᠨ ᠪᠣᠭᠤᠳᠠᠯ ᠤᠨ ᠮᠠᠲ᠋ᠧᠷᠢᠶᠠᠯ ᠤᠨ ᠴᠢᠨᠠᠷ ᠨᠢ ᠪᠦᠷᠢᠨ ᠪᠦᠲᠦᠨ᠂ ᠳᠣᠲᠣᠷ᠎ᠠ ᠨᠢ ᠤᠰᠤ ᠰᠡᠷᠭᠡᠶᠢᠯᠡᠬᠦ ᠪᠦᠷᠬᠦᠭᠦᠯ ᠲᠠᠢ᠂ ᠰᠢᠮ᠎ᠡ ᠲᠡᠵᠢᠭᠡᠯ ᠤᠨ ᠠᠭᠤᠯᠤᠭᠳᠠᠴᠠ᠂ ᠦᠢᠯᠡᠳᠪᠦᠷᠢᠯᠡᠯ ᠤᠨ ᠵᠥᠪᠰᠢᠶᠡᠷᠡᠯ ᠤᠨ ᠦᠨᠡᠮᠯᠡᠯ᠂ ᠬᠢᠷᠢ ᠲᠡᠩᠴᠡᠭᠰᠡᠨ ᠦᠨᠡᠮᠯᠡᠯ᠂ ᠦᠢᠯᠡᠳᠪᠦᠷᠢ ᠶᠢᠨ ᠮᠡᠳᠡᠭᠡ ᠵᠠᠩᠭᠢ ᠵᠡᠷᠭᠡ ᠶᠢ ᠲᠣᠳᠣᠷᠬᠠᠶᠢᠯᠠᠨ᠎ᠠ᠃
ᠬᠤᠶᠠᠷ ᠲᠤ ᠭᠠᠳᠠᠷ ᠪᠠᠶᠢᠳᠠᠯ ᠢ ᠨᠢ ᠦᠵᠡᠨ᠎ᠡ᠄ ᠠᠽᠣᠲ ᠪᠣᠷᠳᠣᠭᠤᠷ ᠤᠨ ᠣᠯᠠᠩᠬᠢ ᠨᠢ ᠴᠠᠭᠠᠨ ᠥᠩᠭᠡᠲᠡᠢ ᠲᠠᠯᠠᠰᠲᠤ ᠪᠡᠶ᠎ᠡ ᠪᠠᠶᠢᠵᠤ᠂ ᠹᠣᠰᠹᠣᠷ ᠪᠣᠷᠳᠣᠭᠤᠷ ᠤᠨ ᠣᠯᠠᠩᠬᠢ ᠨᠢ ᠬᠦᠷᠡᠩ ᠥᠩᠭᠡᠲᠡᠢ ᠮᠥᠬᠦᠯᠢᠭ ᠪᠠᠶᠢᠵᠤ᠂ ᠨᠡᠶᠢᠯᠡᠮᠡᠯ ᠪᠣᠷᠳᠣᠭᠤᠷ ᠤᠨ ᠮᠥᠬᠦᠯᠢᠭ ᠨᠢ ᠵᠢᠭᠳᠡ᠂ ᠥᠩᠭᠡ ᠨᠢ ᠨᠢᠭᠡᠳᠦᠯᠲᠡᠢ᠂ ᠬᠡᠰᠡᠭᠯᠡᠬᠦ ᠦᠭᠡᠢ᠂ ᠨᠠᠭᠠᠯᠳᠤᠬᠤ ᠦᠭᠡᠢ ᠪᠠᠶᠢᠳᠠᠭ᠃
ᠭᠤᠷᠪᠠ ᠳᠤ᠂ᠦᠨ᠎ᠡ ᠬᠠᠩᠰᠢ ᠶᠢ ᠬᠠᠷᠢᠴᠠᠨ᠎ᠠ᠄ ᠬᠡᠷᠪᠡ ᠦᠨ᠎ᠡ ᠬᠠᠩᠰᠢ ᠨᠢ ᠠᠳᠠᠯᠢ ᠲᠥᠷᠥᠯ ᠤᠨ ᠦᠢᠯᠡᠳᠬᠦᠨ ᠠᠴᠠ ᠢᠯᠡᠷᠬᠡᠢ ᠳᠣᠣᠷ᠎ᠠ ᠪᠠᠶᠢᠪᠠᠯ᠂ ᠶᠠᠰᠤ ᠴᠢᠨᠠᠷ ᠤᠨ ᠠᠰᠠᠭᠤᠳᠠᠯ ᠢ ᠰᠡᠷᠡᠮᠵᠢᠯᠡᠬᠦ ᠬᠡᠷᠡᠭᠲᠡᠢ᠃
ᠲᠠᠷᠢᠶᠠᠨ ᠡᠮ ᠢ ᠢᠯᠭᠠᠨ ᠲᠠᠨᠢᠬᠤ
ᠨᠢᠭᠡ ᠳᠦ᠂ᠭᠠᠳᠠᠷ ᠪᠠᠶᠢᠳᠠᠯ ᠢ ᠨᠢ ᠦᠵᠡᠨ᠎ᠡ᠄ᠰᠢᠩᠭᠡᠨ ᠪᠡᠶᠡᠲᠦ ᠲᠠᠷᠢᠶᠠᠨ ᠡᠮ ᠳᠤ ᠪᠤᠯᠠᠩᠭᠢᠷ ᠦᠭᠡᠢ᠂ ᠳᠠᠪᠬᠤᠷᠭᠠᠯᠠᠭᠰᠠᠨ᠂ ᠲᠤᠨᠤᠭᠰᠠᠨ ᠪᠣᠳᠠᠰ᠂ ᠨᠤᠨᠳᠠᠭ ᠬᠡᠯᠪᠡᠷᠢ ᠶᠢᠨ ᠲᠠᠷᠢᠶᠠᠨ ᠡᠮ ᠳᠤ ᠪᠠᠷᠢᠯᠳᠤᠭᠰᠠᠨ ᠬᠡᠰᠡᠭ ᠦᠭᠡᠢ᠃
ᠬᠤᠶᠠᠷ ᠲᠤ᠂ ︽ᠭᠤᠷᠪᠠᠨ ᠦᠨᠡᠮᠯᠡᠯ︾ ᠢ ᠦᠵᠡᠨ᠎ᠡ᠄ ᠪᠣᠭᠤᠳᠠᠯᠯᠠᠬᠤ ᠳᠤ ᠲᠠᠷᠢᠶᠠᠨ ᠡᠮ ᠢ ᠳᠠᠩᠰᠠᠯᠠᠭᠰᠠᠨ ᠦᠨᠡᠮᠯᠡᠯ᠂ ᠦᠢᠯᠡᠳᠪᠦᠷᠢᠯᠡᠬᠦ ᠵᠥᠪᠰᠢᠶᠡᠷᠡᠯ ᠤᠨ ᠦᠨᠡᠮᠯᠡᠯ᠂ ᠪᠦᠲᠦᠭᠡᠭᠳᠡᠬᠦᠨ ᠤ ᠪᠠᠷᠢᠮᠵᠢᠶᠠᠲᠤ ᠦᠨᠡᠮᠯᠡᠯ ᠢ ᠬᠠᠳᠠᠬᠤ ᠬᠡᠷᠡᠭᠲᠡᠢ᠂ ᠭᠤᠷᠪᠠᠨ ᠦᠨᠡᠮᠯᠡᠯ ᠪᠦᠷᠢᠨ ᠪᠤᠰᠤ ᠪᠣᠯ ᠳᠠᠷᠤᠢ ᠬᠢᠷᠢ ᠲᠡᠩᠴᠡᠭᠰᠡᠨ ᠦᠭᠡᠢ ᠳᠤ ᠲᠣᠭᠠᠴᠠᠭᠳᠠᠨ᠎ᠠ᠃
ᠭᠤᠷᠪᠠ ᠳᠤ᠂ᠦᠨ᠎ᠡ ᠬᠠᠩᠰᠢ ᠶᠢ ᠬᠠᠷᠢᠴᠠᠨ᠎ᠠ᠄ ᠦᠨ᠎ᠡ ᠬᠠᠩᠰᠢ ᠨᠢ ᠶᠡᠷᠦ ᠪᠤᠰᠤ ᠶᠢᠨ ᠳᠣᠣᠷ᠎ᠠ ᠰᠢᠭ᠋ ᠲᠠᠷᠢᠶᠠᠨ ᠡᠮ ᠤᠨ ᠶᠡᠭᠡ ᠲᠣᠬᠢᠶᠠᠯᠳᠤᠮᠵᠢ ᠨᠢ ᠬᠠᠭᠤᠷᠮᠠᠭ ᠦᠢᠯᠡᠳᠬᠦᠨ ᠪᠣᠯᠣᠨ᠎ᠠ᠃
ᠬᠡᠷᠪᠡ ᠪᠣᠯᠭᠤᠮᠵᠢ ᠦᠭᠡᠢ ᠪᠠᠷ ᠬᠠᠭᠤᠷᠮᠠᠭ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ᠂ ᠴᠢᠨᠠᠷ ᠮᠠᠭᠤᠲᠠᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠬᠤᠳᠠᠯᠳᠤᠨ ᠠᠪᠬᠤ ᠳᠤ ᠬᠦᠷᠪᠡᠯ᠂ ᠰᠠᠨᠳᠤᠷᠤᠭᠰᠠᠨ ᠤ ᠬᠡᠷᠡᠭ ᠦᠭᠡᠢ᠂ ᠡᠷᠬᠡ ᠪᠠᠨ ᠬᠠᠮᠠᠭᠠᠯᠠᠬᠤ ᠳᠣᠣᠷᠠᠬᠢ ᠠᠯᠬᠤᠮ ᠳᠠᠷᠠᠭ᠎ᠠ ᠶᠢ ᠪᠠᠲᠤ ᠴᠡᠭᠡᠵᠢᠯᠡᠵᠦ᠂ ᠬᠠᠤᠯᠢ ᠶᠣᠰᠣᠭᠠᠷ ︽ᠨᠢᠭᠡ ᠶᠢ ᠨᠢ ᠪᠤᠴᠠᠭᠠᠵᠤ ᠭᠤᠷᠪᠠ ᠶᠢ ᠨᠢ ᠲᠥᠯᠥᠬᠦ︾ ᠶᠢ ᠨᠡᠬᠡᠨ ᠠᠪᠴᠤ᠂ ᠬᠤᠬᠢᠷᠠᠯ ᠢ ᠬᠠᠮᠤᠭ ᠤᠨ ᠶᠡᠭᠡ ᠬᠡᠮᠵᠢᠶ᠎ᠡ ᠪᠠᠷ ᠪᠠᠭᠠᠰᠬᠠᠬᠤ ᠬᠡᠷᠡᠭᠲᠡᠢ᠄
ᠭᠡᠷᠡᠴᠢ ᠪᠠᠷᠢᠮᠲᠠ ᠶᠢ ᠦᠯᠡᠳᠡᠭᠡᠨ ᠬᠠᠳᠠᠭᠠᠯᠠᠵᠤ᠂ ᠬᠤᠳᠠᠯᠳᠤᠨ ᠠᠪᠤᠭᠰᠠᠨ ᠭᠡᠷᠡᠴᠢ ᠪᠠᠷᠢᠮᠲᠠ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠦᠯᠢᠭᠡᠷ ᠡᠳ᠋᠂ ᠭᠠᠳᠠᠷ ᠪᠣᠭᠤᠳᠠᠯ ᠪᠠᠭᠯᠠᠭ᠎ᠠ᠂ ᠪᠠᠶᠢᠴᠠᠭᠠᠨ ᠰᠢᠯᠭᠠᠭᠰᠠᠨ ᠮᠡᠳᠡᠭᠦᠯᠦᠯᠲᠡ ᠵᠡᠷᠭᠡ ᠶᠢ ᠰᠠᠶᠢᠲᠤᠷ ᠬᠠᠳᠠᠭᠠᠯᠠᠨ ᠬᠠᠮᠢᠶᠠᠷᠴᠤ᠂ ᠴᠢᠬᠤᠯᠠᠲᠠᠢ ᠦᠶ᠎ᠡ ᠳᠤ ᠠᠯᠪᠠᠨ ᠭᠡᠷᠡᠴᠢᠯᠡᠭᠡ ᠶᠢᠨ ᠰᠠᠯᠠᠭ᠎ᠠ ᠮᠥᠴᠢᠷ ᠲᠤ ᠭᠡᠷᠡᠴᠢ ᠪᠠᠷᠢᠮᠲᠠ ᠶᠢ ᠬᠠᠮᠠᠭᠠᠯᠠᠨ ᠬᠠᠳᠠᠭᠠᠯᠠᠭᠤᠯᠬᠤ ᠪᠠᠷ ᠭᠤᠶᠤᠴᠢᠯᠠᠵᠤ᠂ ᠭᠡᠷᠡᠴᠢ ᠪᠠᠷᠢᠮᠲᠠ ᠶᠢᠨ ᠤᠰᠠᠳᠴᠤ ᠭᠡᠭᠡᠭᠳᠡᠬᠦ ᠠᠴᠠ ᠵᠠᠶᠢᠯᠠᠰᠬᠢᠬᠦ ᠬᠡᠷᠡᠭᠲᠡᠢ᠃
ᠬᠢᠨᠠᠨ ᠲᠣᠭᠲᠠᠭᠠᠯᠭᠠᠬᠤ ᠪᠠᠷ ᠭᠤᠶᠤᠴᠢᠯᠠᠬᠤ ᠳᠠᠭᠠᠨ ᠲᠤᠬᠠᠢ ᠶᠢᠨ ᠭᠠᠵᠠᠷ ᠤᠨ ᠲᠠᠷᠢᠶᠠᠯᠠᠩ ᠬᠥᠳᠡᠭᠡ ᠲᠣᠰᠬᠤᠨ ᠤ ᠰᠠᠯᠠᠭ᠎ᠠ ᠮᠥᠴᠢᠷ ᠲᠤ ᠴᠠᠭ ᠲᠤᠬᠠᠢ ᠳᠤᠨᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠶᠠᠰᠤ ᠴᠢᠨᠠᠷ ᠤᠨ ᠮᠡᠷᠭᠡᠵᠢᠯ ᠤᠨ ᠬᠢᠨᠠᠨ ᠲᠣᠭᠲᠠᠭᠠᠯᠲᠠ ᠬᠢᠯᠭᠡᠬᠦ ᠪᠠᠷ ᠭᠤᠶᠤᠴᠢᠯᠠᠵᠤ᠂ ᠬᠢᠨᠠᠨ ᠲᠣᠭᠲᠠᠭᠠᠭᠰᠠᠨ ᠳ᠋ᠦᠩᠨᠡᠯᠲᠡ ᠭᠠᠷᠭᠠᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠶᠠᠰᠤ ᠴᠢᠨᠠᠷ ᠤᠨ ᠠᠰᠠᠭᠤᠳᠠᠯ ᠵᠢᠴᠢ ᠵᠥᠪᠳᠡᠯᠴᠡᠭᠡᠳ ᠭᠡᠷᠡᠴᠢ ᠪᠠᠷᠢᠮᠲᠠ ᠠᠪᠴᠤ ᠬᠤᠳᠠᠯᠳᠤᠭᠴᠢᠳ ᠲᠠᠢ ᠵᠥᠪᠳᠡᠯᠴᠡᠵᠦ᠂ ᠪᠠᠷᠠᠭᠠᠨ ᠤ ᠵᠣᠭᠤᠰ ᠢᠶᠠᠨ ᠪᠤᠴᠠᠭᠠᠵᠤ ᠠᠪᠬᠤ ᠪᠠᠷ ᠱᠠᠭᠠᠷᠳᠠᠬᠤ ᠶᠢᠨ ᠬᠠᠮᠲᠤ ︽ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ︾ ᠶᠢᠨ ᠲᠣᠭᠲᠠᠭᠠᠯ ᠶᠣᠰᠣᠭᠠᠷ ᠭᠤᠷᠪᠠᠨ ᠳᠠᠬᠢᠨ ᠤ ᠲᠥᠯᠥᠪᠦᠷᠢ ᠶᠢᠨ ᠮᠥᠩᠭᠦ ᠥᠭᠭᠦᠨ᠎ᠡ᠂ ᠵᠥᠪᠳᠡᠯᠴᠡᠭᠡᠳ ᠪᠦᠲᠦᠬᠦ ᠦᠭᠡᠢ ᠪᠣᠯ ᠲᠤᠬᠠᠢ ᠶᠢᠨ ᠭᠠᠵᠠᠷ ᠤᠨ ᠬᠡᠷᠡᠭᠯᠡᠭᠴᠢᠳ ᠤᠨ ᠨᠡᠶᠢᠭᠡᠮᠯᠢᠭ ᠢ ᠡᠶᠡᠳᠡᠭᠦᠯᠭᠡ ᠳᠤ ᠣᠷᠣᠯᠴᠠᠭᠤᠯᠬᠤ ᠪᠠᠷ ᠱᠠᠭᠠᠷᠳᠠᠵᠤ ᠪᠣᠯᠣᠨ᠎ᠠ᠃
ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ ᠶᠢ ᠵᠥᠪᠳᠡᠯᠴᠡᠵᠦ᠂ ᠡᠶᠡᠳᠡᠭᠦᠯᠦᠭᠡᠳ ᠦᠷ᠎ᠡ ᠳ᠋ᠦᠩ ᠭᠠᠷᠤᠭᠰᠠᠨ ᠦᠭᠡᠢ ᠪᠠᠶᠢᠪᠠᠯ᠂ 12315 ︵ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠵᠠᠭᠠᠯᠳᠤᠯᠭ᠎ᠠ︶᠂ 12316 ︵ᠲᠠᠷᠢᠶᠠᠯᠠᠩ ᠤᠨ ᠦᠢᠯᠡᠴᠢᠯᠡᠭᠡᠨ ᠤ ᠬᠠᠯᠠᠭᠤᠨ ᠤᠲᠠᠰᠤ︶ ᠪᠠᠷ ᠵᠠᠭᠠᠯᠳᠤᠵᠤ ᠪᠣᠯᠣᠨ᠎ᠠ᠂ ᠡᠰᠡᠬᠦᠯ᠎ᠡ ᠬᠤᠯᠪᠣᠭᠳᠠᠯ ᠪᠦᠬᠦᠢ ᠵᠠᠰᠠᠭ ᠵᠠᠬᠢᠷᠭᠠᠨ ᠤ ᠰᠠᠯᠠᠭ᠎ᠠ ᠮᠥᠴᠢᠷ ᠲᠤ ᠢᠯᠡᠴᠢᠯᠡᠨ ᠮᠡᠳᠡᠭᠦᠯᠵᠦ ᠪᠣᠯᠣᠨ᠎ᠠ᠂ ᠶᠠᠯ᠎ᠠ ᠬᠢᠭᠰᠡᠨ ᠰᠡᠵᠢᠭᠯᠡᠯᠲᠡᠢ ᠪᠠᠶᠢᠪᠠᠯ᠂ ᠪᠠᠶᠢᠴᠠᠭᠠᠬᠤ ᠪᠠᠶᠢᠭᠤᠯᠭ᠎ᠠ ᠠᠴᠠ ᠬᠠᠤᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠷᠢᠶᠠᠯᠠᠩ ᠤᠨ ᠰᠠᠯᠠᠭ᠎ᠠ ᠮᠥᠴᠢᠷ ᠤᠨ ᠵᠢᠯᠣᠭᠤᠳᠤᠯᠭ᠎ᠠ ᠶᠢᠨ ᠳᠣᠣᠷ᠎ᠠ᠂ ᠨᠥᠬᠦᠨ ᠲᠠᠷᠢᠬᠤ᠂ ᠪᠣᠷᠳᠣᠭᠤᠷ ᠰᠣᠯᠢᠬᠤ ᠵᠡᠷᠭᠡ ᠨᠥᠬᠦᠨ ᠠᠪᠤᠷᠠᠬᠤ ᠠᠷᠭ᠎ᠠ ᠬᠡᠮᠵᠢᠶ᠎ᠡ ᠶᠢ ᠴᠠᠭ ᠲᠤᠬᠠᠢ ᠳᠤᠨᠢ ᠠᠪᠴᠤ᠂ ᠲᠠᠷᠢᠮᠠᠯ ᠤᠨ ᠤᠨᠠᠯᠲᠠ ᠬᠠᠰᠤᠭᠳᠠᠭᠰᠠᠨ ᠬᠤᠬᠢᠷᠠᠯ ᠢ ᠪᠠᠭᠠᠰᠬᠠᠬᠤ ᠬᠡᠷᠡᠭᠲᠡᠢ᠃