ᠱᠠᠮᠰᠢᠬᠤ ᠶᠢ ᠡᠰᠡᠷᠭᠦᠴᠡᠬᠦ ᠪᠠᠶᠢᠴᠠᠭᠠᠬᠤ ᠲᠤᠰᠢᠶᠠᠯᠲᠠᠨ ᠳ᠋ᠦ᠋ ᠷᠦᠩ ᠴᠢᠩ
ᠳ᠋ᠦ᠋ ᠷᠦᠩ ᠴᠢᠩ ᠪᠤᠯ ᠨᠢᠭᠡᠨ ᠱᠠᠮᠰᠢᠬᠤ ᠶᠢ ᠡᠰᠡᠷᠭᠦᠴᠡᠬᠦ ᠠᠵᠢᠯ ᠢ ᠤᠯᠠᠨ ᠵᠢᠯ ᠬᠢᠭᠰᠡᠨ ᠡᠮᠡᠭᠲᠡᠢ ᠪᠠᠶᠢᠴᠠᠭᠠᠬᠤ ᠲᠤᠰᠢᠶᠠᠯᠲᠠᠨ ᠪᠣᠯᠤᠨ᠎ᠠ ᠃ 2015 ᠤᠨ ᠤ ᠲᠠᠪᠤᠨ ᠰᠠᠷ᠎ᠠ ᠳᠤ ᠲᠤᠰᠢᠶᠠᠯ ᠢᠶᠠᠨ ᠭᠤᠲᠤᠭᠠᠨ ᠡᠷᠬᠡᠨ ᠳᠦ ᠬᠠᠯᠳᠠᠬᠤ ᠶᠢ ᠡᠰᠡᠷᠭᠦᠴᠡᠬᠦ ᠠᠵᠢᠯ ᠤᠨ ᠹᠷᠤᠨᠲ ᠳᠤ ᠰᠢᠯᠵᠢᠨ ᠢᠷᠡᠵᠤ ᠂ ᠣᠳᠣ ᠦᠬᠠᠢ ᠬᠤᠲᠠ ᠶᠢᠨ ᠠᠷᠠᠳ ᠤᠨ ᠪᠠᠶᠢᠴᠠᠭᠠᠬᠤ ᠬᠤᠷᠢᠶ᠎ᠠ ᠶᠢᠨ ᠲᠤᠰᠢᠶᠠᠯ ᠢᠶᠠᠨ ᠭᠤᠲᠤᠭᠠᠵᠤ ᠡᠷᠬᠡ ᠳᠦ ᠬᠠᠯᠳᠠᠭᠰᠠᠨ ᠬᠡᠷᠡᠭ ᠢ ᠡᠰᠡᠷᠭᠦᠴᠡᠬᠦ ᠲᠤᠪᠴᠢᠶᠠᠨ ᠤ ᠲᠤᠪᠴᠢᠶᠠᠨ ᠳᠠᠷᠤᠭ᠎ᠠ ᠶᠢᠨ ᠠᠵᠢᠯ ᠢ ᠡᠭᠦᠷᠭᠡᠯᠡᠵᠦ ᠪᠤᠢ ᠃ ᠳ᠋ᠦ᠋ ᠷᠦᠩ ᠴᠢᠩ ᠢᠯᠵᠠᠷᠠᠬᠤ ᠶᠢ ᠡᠰᠡᠷᠭᠦᠴᠡᠬᠦ ᠠᠵᠢᠯ ᠢ ᠬᠢᠭᠰᠡᠨ16 ᠵᠢᠯ ᠦᠨ ᠲᠤᠷᠰᠢ ᠂ ᠳᠠᠭᠠᠭᠠᠨ ᠰᠢᠳᠬᠡᠵᠦ ᠂ ᠬᠠᠪᠰᠤᠷᠤᠨ ᠰᠢᠳᠬᠡᠭᠰᠡᠨ ᠬᠡᠷᠡᠭ ᠵᠠᠭᠤ ᠭᠠᠷᠤᠢ ᠪᠠᠶᠢᠵᠤ ᠂ ᠪᠤᠷᠤᠭᠤ ᠬᠡᠷᠡᠭ ᠂ ᠪᠤᠴᠠᠭᠠᠭᠰᠠᠨ ᠬᠡᠷᠡᠭ ᠂ ᠰᠡᠵᠢᠭᠯᠡᠯᠲᠦ ᠦᠯᠦ ᠵᠠᠭᠠᠯᠳᠤᠬᠤ ᠂ ᠶᠠᠯ᠎ᠠ ᠦᠭᠡᠢ ᠪᠡᠷ ᠰᠢᠭᠦᠨ ᠲᠠᠰᠤᠯᠤᠭᠰᠠᠨ ᠵᠡᠷᠭᠡ ᠪᠠᠶᠢᠳᠠᠯ ᠨᠢᠭᠡ ᠤᠳᠠᠭ᠎ᠠ ᠴᠦ ᠭᠠᠷᠤᠭᠰᠠᠨ ᠦᠭᠡᠢ ᠃
2010 ᠤᠨ ᠳᠤ ᠱᠠᠮᠰᠢᠵᠤ ᠬᠡᠬᠡᠯᠢ ᠳᠦᠯᠬᠢᠵᠤ ᠬᠠᠬᠤᠤᠯᠢ ᠢᠳᠡᠬᠦ ᠶᠢ ᠡᠰᠡᠷᠭᠦᠴᠡᠬᠦ ᠲᠤᠪᠴᠢᠶ᠎ᠠ ᠶᠢᠨ ᠳᠡᠳ᠋ ᠲᠤᠪᠴᠢᠶᠠᠨ ᠳᠠᠷᠤᠭ᠎ᠠ ᠪᠤᠯᠤᠭᠰᠠᠨ ᠤ ᠳᠠᠷᠠᠭ᠎ᠠ ᠂ ᠲᠡᠷᠡ ᠦᠬᠠᠢ ᠬᠤᠲᠠ ᠶᠢᠨ ᠬᠠᠩᠭᠠᠨ ᠪᠤᠷᠤᠯᠠᠭᠤᠯᠬᠤ ᠬᠤᠷᠰᠢᠶ᠎ᠠ ᠶᠢᠨ ᠤᠤᠯ ᠤᠨ ᠡᠷᠬᠢᠯᠡᠭᠴᠢ ᠵᠠᠩ ᠤᠪᠤᠭᠲᠤ ᠂ ᠰᠠᠬᠢᠯᠭ᠎ᠠ ᠪᠠᠲᠦ ᠪᠠᠶᠢᠴᠠᠭᠠᠬᠤ ᠱᠦᠵᠢ ᠸᠠᠩ ᠤᠪᠤᠭᠲᠤ ᠶᠢᠨ ᠬᠠᠮᠲᠤ ᠪᠠᠷ ᠱᠠᠮᠰᠢᠭᠰᠠᠨ ᠬᠡᠷᠡᠭ ᠢ ᠳᠠᠭᠠᠭᠠᠨ ᠰᠢᠳᠬᠡᠵᠦ ᠂ ᠳᠠᠩᠰᠠᠨ ᠡᠴᠡ ᠭᠠᠳᠠᠭᠤᠷᠬᠢ ᠪᠡᠯᠡ ᠮᠦᠩᠭᠦ ᠬᠡᠷᠡᠭᠯᠡᠭᠰᠡᠨ ᠵᠠᠷᠤᠮᠲᠠ ᠳᠦ ᠰᠢᠯᠭᠠᠨ ᠳᠤᠭᠲᠠᠭᠠᠯᠲᠠ ᠬᠢᠬᠦ ᠪᠠᠷ ᠳᠠᠮᠵᠢᠨ ᠂ ᠨᠢᠭᠡ ᠬᠠᠭᠤᠳᠠᠰᠤ 467800 ᠲᠦᠭᠦᠷᠢᠭ ᠦᠨ ᠬᠦᠯᠢᠶᠡᠨ ᠠᠪᠤᠭᠰᠠᠨ ᠪᠠᠷᠢᠮᠲᠠ ᠶᠢᠨ ᠰᠡᠵᠢᠭᠲᠡᠢ ᠪᠠᠶᠢᠳᠠᠯ ᠢ ᠢᠯᠡᠷᠡᠭᠦᠯᠵᠦ ᠂ ᠲᠤᠰ ᠬᠠᠭᠤᠳᠠᠰᠤ ᠬᠦᠯᠢᠶᠡᠨ ᠠᠪᠬᠤ ᠪᠠᠷᠢᠮᠲᠠ ᠶᠢ ᠪᠠᠶᠢᠴᠠᠭᠠᠯᠲᠠ ᠶᠢᠨ ᠴᠢᠬᠤᠯᠠ ᠰᠦᠪᠡᠭᠴᠢ ᠪᠣᠯᠭᠠᠪᠠ ᠃ ᠬᠠᠮᠢᠶ᠎ᠠ ᠪᠦᠬᠦᠢ ᠪᠠᠶᠢᠭᠤᠯᠭ᠎ᠠ ᠪᠠ ᠡᠯ᠎ᠡ ᠪᠠᠩᠬᠢ ᠶᠢᠨ ᠳᠠᠩᠰᠨ ᠂ ᠭᠡᠷᠡᠴᠢ ᠪᠠᠷᠢᠮᠲᠠ ᠶᠢᠨ ᠬᠢᠨᠠᠨ ᠪᠠᠶᠢᠴᠠᠭᠠᠯᠲᠠ ᠪᠠᠷ ᠳᠠᠮᠵᠢᠭᠠᠳ ᠂ ᠲᠡᠭᠦᠨ ᠦ ᠮᠠᠭᠠᠳᠯᠠᠯ ᠵᠥᠪ ᠭᠡᠳᠡᠭ ᠢ ᠪᠠᠲᠤᠯᠠᠵᠠᠢ ᠃ ᠶᠠᠭ ᠡᠨᠡᠬᠦ ᠴᠢᠬᠤᠯᠠ ᠭᠡᠷᠡᠴᠢ ᠪᠠᠷᠢᠮᠲᠠ ᠶᠢ ᠤᠯᠤᠭᠰᠠᠨ ᠨᠢ ᠬᠡᠷᠡᠭ ᠦᠨ ᠲᠤᠷᠰᠢᠨ ᠪᠠᠶᠢᠴᠠᠭᠠᠬᠤ ᠠᠵᠢᠯ ᠤᠨ ᠤᠷᠤᠭᠰᠢᠲᠠᠢ ᠶᠠᠪᠤᠭᠳᠠᠬᠤ ᠶᠢ ᠪᠠᠲᠤᠯᠠᠵᠤ ᠂ 8 ᠡᠳᠦᠷ ᠦᠨ ᠴᠠᠭ ᠬᠡᠷᠡᠭᠯᠡᠵᠦ ᠲᠤᠰ ᠬᠡᠷᠡᠭ ᠦᠨ ᠲᠤᠷᠰᠢᠨ ᠪᠠᠶᠢᠴᠠᠭᠠᠯᠲᠠ ᠶᠢ ᠳᠠᠭᠤᠰᠬᠠᠪᠠ ᠃
ᠤᠯᠠᠨ ᠵᠢᠯ ᠦᠨ ᠲᠤᠷᠰᠢ ᠳ᠋ᠦ᠋ ᠷᠦᠩ ᠴᠢᠩ ᠨᠢᠭᠡ ᠰᠡᠳᠬᠢᠯ ᠢᠶᠡᠷ ᠠᠵᠢᠯ ᠳᠤ ᠪᠠᠨ ᠰᠢᠮᠳᠠᠵᠤ ᠂ ᠬᠠᠮᠲᠤ ᠠᠵᠢᠯᠲᠠᠳ ᠤᠨ ᠳᠤᠮᠳᠠ 《 ᠡᠮᠡᠭᠲᠡᠢ ᠲᠡᠮᠦᠷ ᠬᠦᠮᠦᠨ》 ᠬᠡᠮᠡᠨ ᠨᠡᠷᠡᠯᠡᠭᠳᠡᠵᠡᠢ ᠃ ᠲᠡᠷᠡ ᠣᠳᠠᠭᠠᠨ ᠵᠢᠯ ᠦᠨ ᠲᠤᠷᠰᠢ ᠬᠡᠷᠡᠭ ᠰᠢᠳᠬᠡᠬᠦ ᠨᠢᠭᠡᠳᠦᠭᠡᠷ ᠹᠠᠷᠤᠨᠲ ᠳᠤ ᠲᠡᠮᠡᠴᠡᠵᠤ ᠂ ᠪᠡᠶ᠎ᠡ ᠶᠢᠨ ᠬᠦᠴᠦ ᠪᠠ ᠤᠶᠤᠨ ᠤ ᠬᠦᠴᠦ ᠪᠡᠨ ᠬᠡᠳᠦᠷᠡᠲᠡᠯ᠎ᠡ ᠵᠠᠷᠤᠴᠠᠭᠤᠯᠤᠭᠰᠠᠨ ᠤ ᠳᠡᠭᠡᠷ᠎ᠡ ᠢᠳᠡᠵᠦ ᠤᠤᠭᠤᠬᠤ ᠵᠢᠮ᠎ᠡ ᠶᠤᠰᠤ ᠦᠭᠡᠢ ᠡᠴᠡ ᠪᠤᠯᠵᠤ ᠂ ᠠᠮᠢᠰᠬᠤᠯ ᠤᠨ ᠵᠠᠮ ᠤᠨ ᠬᠠᠯᠳᠠᠪᠤᠷᠢᠲᠦ ᠡᠪᠡᠳᠴᠢᠨ ᠳᠦ ᠨᠡᠷᠪᠡᠭᠳᠡᠨ᠂ ᠬᠣᠭᠤᠯᠠᠢ ᠨᠢ ᠡᠪᠡᠳᠴᠦ ᠲᠡᠰᠪᠦᠷᠢᠯᠡᠬᠤ ᠶᠢᠨ ᠠᠷᠭ᠎ᠠ ᠦᠭᠡᠢ ᠪᠤᠯᠤᠭᠰᠠᠨ ᠪᠠᠶᠢᠳᠠᠯ ᠳᠤᠤᠷ᠎ᠠ ᠴᠦ ᠂ ᠬᠡᠷᠡᠭ ᠰᠢᠳᠬᠡᠬᠦ ᠶᠢᠨ ᠲᠦᠯᠦᠭᠡ ᠬᠡᠳᠦᠨ ᠦᠷᠢᠯ ᠡᠮ ᠢᠶᠡᠷ ᠠᠷᠭᠠᠯᠠᠵᠤ ᠂ ᠬᠠᠮᠲᠤ ᠠᠵᠢᠯᠲᠠᠳ ᠨᠢ ᠡᠮ ᠶᠡᠭᠦᠯᠡᠬᠦ ᠶᠢ ᠰᠠᠨᠠᠭᠤᠯᠤᠭᠰᠠᠨ ᠴᠦ ᠂ ᠲᠡᠷᠡ ᠵᠥᠪᠬᠡᠨ ᠴᠠᠭ ᠢ ᠵᠠᠪᠳᠤᠨ ᠪᠠᠶᠢᠴᠠᠭᠠᠨ ᠰᠢᠭᠦᠵᠤ ᠡᠷᠲᠡ ᠨᠢᠭᠡ ᠡᠳᠦᠷ ᠳᠠᠭᠤᠰᠬᠠᠶ᠎ᠠ ᠭᠡᠵᠦ ᠯᠡ ᠬᠡᠯᠡᠳᠡᠭ ᠃ 2012 ᠤᠨ ᠳᠤ ᠂ ᠥᠪᠦᠷ ᠮᠤᠩᠭᠤᠯ ᠤᠨ ᠠᠷᠠᠳ ᠤᠨ ᠵᠠᠰᠠᠭ ᠤᠨ ᠣᠷᠳᠣᠨ ᠤ ᠱᠠᠩᠬᠠᠢ ᠬᠤᠲᠠ ᠳᠤ ᠪᠠᠶᠢᠭ᠎ᠠ ᠬᠡᠷᠡᠭ ᠡᠷᠬᠢᠯᠡᠬᠦ ᠭᠠᠵᠠᠷ ᠤᠨ ᠤᠤᠯ ᠤᠨ ᠡᠷᠬᠢᠯᠡᠭᠴᠢ ᠬᠤ᠋ ᠤᠪᠤᠭᠲᠤ ᠂ ᠠᠵᠢᠯ ᠤᠨ ᠰᠠᠯᠭᠠᠨ ᠤ ᠤᠤᠯ ᠤᠨ ᠰᠠᠯᠭᠠᠨ ᠳᠠᠷᠤᠭ᠎ᠠ ᠰᠢᠦᠢ ᠤᠪᠤᠭᠲᠤ ᠶᠢᠨ ᠱᠠᠮᠰᠢᠵᠤ ᠂ ᠤᠯᠤᠰ ᠤᠨ ᠦᠮᠴᠢᠯᠡᠯ ᠦᠨ ᠪᠡᠯᠡ ᠬᠦᠷᠦᠩᠭᠡ ᠶᠢ ᠠᠮᠢᠨ ᠳᠤ ᠪᠠᠨ ᠬᠤᠪᠢᠶᠠᠭᠰᠠᠨ ᠬᠡᠷᠡᠭ ᠦᠨ ᠳᠤᠮᠳᠠ ᠂ ᠬᠡᠷᠡᠭ ᠦᠨ ᠬᠡᠪᠴᠢᠶ᠎ᠠ ᠶᠡᠭᠡ ᠂ ᠴᠠᠭ ᠣᠷᠲᠣ ᠂ ᠭᠡᠷᠡᠴᠢ ᠪᠠᠷᠢᠮᠲᠠ ᠠᠪᠬᠤ ᠳᠤ ᠬᠦᠴᠢᠷ ᠡᠴᠡ ᠪᠤᠯᠵᠤ ᠲᠡᠷᠡ ᠲᠤᠰᠬᠠᠢ ᠬᠡᠷᠡᠭ ᠦᠨ ᠳᠤᠭᠤᠶᠢᠯᠠᠩ ᠢ ᠳᠠᠭᠠᠭᠤᠯᠤᠨ ᠬᠠᠭᠠᠰ ᠵᠢᠯ ᠰᠢᠬᠠᠭᠤ ᠠᠵᠢᠯ ᠢᠶᠠᠷ ᠭᠠᠳᠠᠭᠰᠢ ᠭᠠᠷᠤᠵᠠᠢ ᠃ ᠣᠷᠲᠣ ᠬᠤᠭᠤᠴᠠᠭ᠎ᠠ ᠠᠵᠢᠯ ᠢᠶᠠᠷ ᠭᠠᠳᠠᠭᠰᠢ ᠭᠠᠷᠤᠵᠤ ᠨᠡᠮᠡᠵᠤ ᠠᠵᠢᠯᠯᠠᠵᠤ ᠶᠠᠳᠠᠷᠠᠭᠰᠠᠨ ᠠᠴᠠ ᠂ ᠳ᠋ᠦ᠋ ᠷᠦᠩ ᠴᠢᠩ ᠨᠥᠬᠦᠷ ᠦᠨ ᠤᠳᠠᠭᠠᠨ ᠴᠢᠨᠠᠷᠲᠠᠢ ᠪᠦᠭᠡᠷ᠎ᠡ ᠶᠢᠨ ᠦᠷᠪᠢᠰᠦᠯ ᠨᠢ ᠬᠦᠨᠳᠦᠷᠡᠵᠦ ᠂ ᠬᠥᠬᠡᠪᠦᠷ ᠲᠠᠢ ᠪᠡᠶ᠎ᠡ ᠨᠢ ᠶᠠᠭ ᠯᠠ ᠮᠢᠩᠭᠠᠨ ᠵᠢᠩ ᠦᠨ ᠬᠦᠨᠳᠦ ᠶᠠᠭᠤᠮ᠎ᠠ ᠡᠭᠦᠷᠦᠭᠰᠡᠨ ᠮᠡᠲᠦ ᠪᠠᠶᠢᠵᠤ ᠂ ᠬᠦᠳᠡᠯᠵᠦ ᠪᠠᠷᠢᠬᠤ ᠳᠤ ᠴᠦ ᠬᠦᠴᠢᠷᠳᠠᠵᠦ ᠪᠠᠶᠢᠭᠰᠠᠨ ᠴᠦ ᠲᠡᠷᠡ ᠵᠢᠭᠠᠬᠠᠨ ᠡᠮ ᠠᠪᠴᠦ ᠤᠤᠭᠤᠭᠠᠳ ᠂ ᠳᠡᠰᠪᠦᠷᠢᠯᠡᠵᠦ ᠪᠠᠶᠢᠭᠠᠳ ᠦᠷᠭᠦᠯᠵᠢᠯᠡᠨ ᠠᠵᠢᠯᠯᠠᠵᠠᠢ ᠃ ᠬᠡᠷᠡᠭ ᠢ ᠰᠢᠪᠲᠤᠯᠬᠤ ᠶᠢᠨ ᠲᠥᠯᠦᠭᠡ ᠂ ᠲᠡᠷᠡ ᠬᠡᠷᠡᠭ ᠲᠦ ᠬᠤᠯᠪᠤᠭᠳᠠᠭᠰᠠᠨ ᠪᠠᠶᠢᠭᠤᠯᠭ᠎ᠠ ᠶᠢᠨ17 ᠵᠢᠯ ᠦᠨ ᠡᠳ᠋ ᠦᠨ ᠶᠠᠪᠤᠳᠠᠯ ᠤᠨ ᠲᠠᠩᠰᠠ ᠂ ᠭᠡᠷᠡᠴᠢ ᠪᠠᠷᠢᠮᠲᠠ ᠶᠢ ᠦᠵᠡᠵᠦ ᠂ ᠳᠠᠩᠰᠠ ᠶᠢᠨ ᠪᠦᠷᠢᠳᠬᠡᠯ ᠬᠦᠰᠦᠨᠦᠭ ᠢ ᠵᠤᠬᠢᠶᠠᠵᠤ ᠂ ᠬᠠᠮᠤᠭ ᠰᠡᠭᠦᠯ ᠳᠦ ᠬᠤ᠋ ᠤᠪᠤᠭᠲᠤ ᠂ ᠰᠢᠦᠢ ᠤᠪᠤᠭᠲᠤ ᠶᠢᠨ ᠤᠯᠤᠰ ᠤᠨ ᠦᠮᠴᠢᠯᠡᠯ ᠦᠨ ᠪᠡᠯᠡ ᠬᠦᠷᠦᠩᠭᠡ ᠶᠢ ᠠᠮᠢᠨ ᠳᠤ ᠪᠠᠨ ᠬᠤᠪᠢᠶᠠᠭᠰᠠᠨ ᠬᠡᠷᠡᠭ ᠦᠨ ᠴᠢᠬᠤᠯᠠ ᠭᠡᠷᠡᠴᠢ ᠪᠠᠷᠢᠮᠲᠠ ᠶᠢ ᠢᠯᠡᠷᠡᠭᠦᠯᠵᠦ ᠳᠤᠭᠲᠠᠪᠤᠷᠢᠵᠢᠭᠤᠯᠵᠠᠢ ᠃
ᠤᠶᠢᠷ᠎ᠠ ᠶᠢᠨ ᠬᠠᠭᠠᠰ ᠵᠢᠯ ᠳᠦ ᠂ ᠳ᠋ᠦ᠋ ᠷᠦᠩ ᠴᠢᠩ ᠤᠨ ᠬᠤᠶᠠᠷ ᠬᠦᠬᠦ ᠦᠷᠭᠦᠯᠵᠢ ᠡᠪᠡᠳᠬᠦ ᠪᠠᠶᠢᠳᠠᠯ ᠢᠯᠡᠷᠡᠵᠦ ᠂ ᠭᠡᠷ ᠦᠨ ᠬᠦᠮᠦᠨ ᠨᠢ ᠲᠡᠭᠦᠨ ᠢ ᠳᠠᠷᠤᠢ ᠲᠦᠷᠭᠡᠨ ᠡᠮᠨᠡᠯᠭᠡ ᠳᠦ ᠬᠦᠷᠴᠦ ᠪᠠᠶᠢᠴᠠᠭᠠᠯᠭᠠᠬᠤ ᠶᠢ ᠰᠠᠨᠠᠭᠤᠯᠤᠭᠰᠠᠨ ᠴᠦ ᠲᠡᠷᠡ ᠠᠵᠢᠯ ᠶᠠᠭᠠᠷᠠᠤ ᠭᠡᠳ ᠬᠤᠶᠢᠰᠢᠯᠠᠭᠤᠯᠵᠤ ᠂ ᠬᠡᠷᠡᠭ ᠳᠠᠭᠤᠰᠤᠭᠰᠠᠨ ᠤ ᠳᠠᠷᠠᠭ᠎ᠠ ᠰᠠᠶ᠋ᠢ ᠲᠢᠶᠠᠨᠵᠢᠨ ᠬᠤᠲᠠ ᠶᠢᠨ ᠪᠤᠯᠴᠢᠷᠬᠠᠢ ᠶᠢᠨ ᠡᠮᠨᠡᠯᠭᠡ ᠶᠢᠨ ᠬᠤᠷᠢᠶᠠᠨ ᠳᠤ ᠬᠦᠷᠴᠦ ᠪᠠᠶᠢᠴᠠᠭᠠᠯᠭᠠᠬᠤ ᠳᠤ ᠂ ᠡᠮᠴᠢ ᠡᠴᠡ ᠲᠡᠭᠦᠨ` ᠳᠦ ᠄ 《 ᠬᠦᠬᠦᠨ ᠪᠣᠯᠴᠢᠷᠬᠠᠢ ᠪᠡᠨ ᠳᠠᠷᠤᠢ ᠲᠦᠷᠭᠡᠨ ᠮᠡᠰᠡ ᠵᠠᠰᠠᠯ ᠬᠢᠯᠭᠡᠬᠦ ᠬᠡᠷᠩᠲᠠᠢ》 ᠭᠡᠵᠦ ᠂ ᠮᠡᠰᠡ ᠵᠠᠰᠠᠯ ᠳᠠᠭᠤᠰᠤᠭᠰᠠᠨ ᠤ ᠳᠠᠷᠠᠭ᠎ᠠ ᠲᠡᠷᠡ ᠨᠢᠭᠡ ᠰᠠᠷ᠎ᠠ ᠪᠤᠯᠤᠯ ᠦᠭᠡᠢ ᠪᠡᠷ ᠠᠵᠢᠯ ᠳᠤ ᠪᠠᠨ ᠭᠠᠷᠴᠦ ᠂ ᠵᠠᠷᠢᠮ ᠳᠤ ᠪᠠᠨ ᠡᠮ ᠦᠨ ᠬᠦᠴᠦ ᠬᠡᠲᠦᠷᠭᠡᠢ ᠶᠡᠬᠡ ᠪᠣᠯᠵᠤ ᠪᠦᠬᠦ ᠪᠡᠶ᠎ᠡ ᠨᠢ ᠵᠥᠭᠡᠯᠡᠷᠡᠬᠦ ᠳᠦ ᠂ ᠲᠡᠷᠡ ᠵᠦᠪᠭᠡᠨ ᠠᠯᠪᠠᠨ ᠭᠡᠷ ᠲᠦ ᠪᠡᠨ ᠪᠠᠭ᠎ᠠ ᠯᠠ ᠠᠮᠠᠷᠠᠵᠤ ᠂ ᠡᠮ ᠦᠨ ᠰᠦᠷᠭᠡᠦ ᠦᠢᠯᠡᠳᠦᠯ ᠪᠠᠭᠤᠷᠤᠭᠰᠠᠨ ᠤ ᠳᠠᠷᠠᠭ᠎ᠠ ᠲᠤᠤᠷ᠎ᠠ ᠨᠢ ᠠᠵᠢᠯ ᠳᠤ ᠪᠠᠨ ᠤᠷᠤᠵᠤ ᠂ ᠪᠠᠶᠢᠭᠤᠯᠭ᠎ᠠ ᠶᠢᠨ ᠬᠠᠮᠲᠤ ᠠᠵᠢᠯᠲᠠᠨ ᠨᠢ ᠲᠡᠭᠦᠨ ᠢ ᠭᠡᠷ ᠲᠦ ᠪᠡᠨ ᠬᠠᠷᠢᠵᠤ ᠪᠡᠶ᠎ᠡ ᠪᠡᠨ ᠰᠤᠪᠢᠯᠠᠬᠤ ᠶᠢ ᠰᠠᠨᠠᠭᠤᠯᠬᠤ ᠪᠠᠷ ᠲᠡᠷᠡ ᠵᠦᠪᠬᠡᠨ ᠄ 《 ᠪᠠᠶᠢᠭᠤᠯᠭ᠎ᠠ ᠨᠠᠳᠠ ᠶᠢ ᠭᠡᠷᠭᠯᠡᠨᠡ ᠂ ᠮᠢᠨᠦ ᠤᠶᠤᠨ ᠴᠢᠳᠠᠯ ᠪᠠᠶᠢᠳᠠᠭ ᠯᠠ ᠪᠤᠯ ᠯᠠᠪ ᠳᠡᠰᠪᠦᠷᠢᠯᠡᠨᠡ》 ᠭᠡᠳᠡᠭ ᠪᠠᠶᠢᠯ᠎ᠠ ︔ ᠡᠰᠡᠭᠦᠯ᠎ᠡ ᠳᠠᠩᠰᠠ ᠶᠢᠨ ᠳᠡᠪᠲᠡᠷ ᠢ ᠭᠡᠷ ᠲᠦ ᠪᠡᠨ ᠠᠪᠠᠴᠢᠵᠤ ᠂ ᠨᠢᠭᠡ ᠲᠠᠯ᠎ᠠ ᠪᠠᠷ ᠡᠮ ᠶᠡᠭᠦᠯᠡᠵᠤ ᠂ ᠨᠥᠭᠦᠭᠡ ᠲᠠᠯ᠎ᠠ ᠪᠠᠷ ᠳᠠᠩᠰᠠ ᠪᠠᠶᠢᠴᠠᠭᠠᠳᠠᠭ ᠃
ᠲᠡᠷᠡ ᠤᠷᠢᠳ ᠬᠤᠵᠢᠳ 《 ᠰᠢᠯᠢᠳᠡᠭ ᠡᠪ ᠬᠠᠮᠲᠤ ᠨᠠᠮ ᠤᠨ ᠭᠡᠰᠢᠭᠦᠨ》 ᠂ 《 ᠪᠠᠶᠢᠴᠠᠭᠠᠬᠤ ᠠᠵᠢᠯ ᠤᠨ ᠬᠡᠷᠡᠭ ᠰᠢᠳᠬᠡᠬᠦ ᠴᠢᠳᠠᠪᠤᠷᠢᠲᠠᠨ》 ᠂ 《 ᠦᠬᠠᠢ ᠬᠤᠲᠠ ᠶᠢᠨ ᠲᠡᠷᠢᠭᠦᠨ ᠦ ᠠᠵᠢᠯᠲᠠᠨ》 ᠂ ᠪᠦᠬᠦ ᠤᠷᠤᠨ ᠤ ᠵᠠᠰᠠᠭ ᠵᠠᠬᠢᠷᠭᠠᠨ ᠬᠠᠤᠯᠢ ᠴᠠᠭᠠᠵᠠ ᠶᠢᠨ ᠰᠢᠰᠲ᠋ᠧᠮ ᠦᠨ 《 ᠰᠢᠯᠢᠳᠡᠭ ᠨᠠᠮ ᠤᠨ ᠭᠡᠰᠢᠭᠦᠨ ᠺᠠᠳ᠋ᠷ ᠴᠠᠭᠳᠠᠭ᠎ᠠ》 ᠂ ᠪᠦᠬᠦ ᠤᠷᠤᠨ ᠤ ᠪᠠᠶᠢᠴᠠᠭᠠᠬᠤ ᠪᠠᠶᠢᠭᠤᠯᠭ᠎ᠠ ᠶᠢᠨ 《 ᠰᠢᠯᠢᠳᠡᠭ ᠲᠤᠷᠰᠢᠨ ᠪᠠᠶᠢᠴᠠᠭᠠᠬᠤ ᠴᠢᠳᠠᠪᠤᠷᠢᠲᠠᠨ》 ᠂ 《 ᠥᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠲᠡᠷᠢᠭᠦᠨ ᠦ ᠠᠵᠢᠯᠲᠠᠨ》 ᠭᠡᠬᠦ ᠢᠷᠠᠭᠤ ᠠᠯᠳᠠᠷ ᠤᠨ ᠴᠤᠯᠠ ᠬᠦᠷᠲᠡᠪᠡ ᠃