ᠲᠡᠷᠢᠭᠦᠨ ᠨᠢᠭᠤᠷ  -  ᠪᠠᠶᠢᠴᠠᠭᠠᠬᠤ ᠬᠤᠰᠢᠭᠤᠴᠢ

ᠪᠦᠬᠦ ᠤᠯᠤᠰ ᠤᠨ ᠵᠢᠱᠢᠶᠡᠴᠢ ᠪᠠᠶᠢᠴᠠᠭᠠᠬᠤ ᠲᠤᠰᠢᠶᠠᠯᠳᠠᠨ — ᠫᠠᠨ ᡁᠢ ᠷᠦᠩ

2016-06-02 16:44:58
ᠵᠣᠬᠢᠶᠠᠭᠴᠢ

    3 ᠰᠠᠷ᠎ᠠ ᠶᠢᠨ 31᠎ ᠤ ᠡᠳᠦᠷ᠂ ᠠᠷᠠᠳ ᠤᠨ ᠲᠡᠭᠡᠳᠦ ᠪᠠᠶᠢᠴᠠᠭᠠᠬᠤ ᠬᠤᠷᠢᠶ᠎ᠠ ᠪᠤᠯᠤᠨ ᠦᠪᠡᠷᠳᠡᠬᠡᠨ ᠵᠠᠰᠠᠬᠤ ᠤᠷᠤᠨ ᠤ  ᠨᠠᠮ ᠤᠨ ᠬᠤᠷᠢᠶ᠎ᠠ ᠶᠡᠭᠡ ᠬᠤᠷᠠᠯ ᠬᠤᠷᠠᠯᠳᠤᠭᠤᠯᠵᠤ᠂ ᠫᠠᠨ ᡁᠢ ᠷᠦᠩ ᠨᠦᠬᠦᠷ ᠲᠤ ︽ᠪᠦᠬᠦ ᠤᠯᠤᠰ ᠤᠨ ᠵᠢᠱᠢᠶᠡᠴᠢ ᠪᠠᠶᠢᠴᠠᠭᠠᠬᠤ  ᠲᠤᠰᠢᠶᠠᠯᠳᠠᠨ︾ ᠪᠤᠯᠤᠨ ︽ᠪᠦᠬᠦ ᠤᠷᠤᠨ ᠤ ᠰᠢᠯᠢᠳᠡᠭ ᠨᠠᠮ ᠤᠨ ᠬᠡᠰᠢᠬᠦᠨ︾᠎ ᠤ ᠢᠷᠠᠭᠤ ᠠᠯᠳᠠᠷ ᠤᠨ ᠴᠤᠯᠠ ᠤᠯᠭᠤᠬᠰᠠᠨ ᠶᠤᠮ᠃  ᠲᠤᠮᠳᠠ ᠶᠢᠨ ᠪᠡᠶ᠎ᠡ ᠲᠠᠢ᠂ ᠲᠤᠷᠠᠩᠬᠠᠢ ᠴᠢᠷᠠᠢ ᠲᠠᠢ ᠫᠠᠨ ᡁᠢ ᠷᠦᠩ ᠲᠠᠶᠢᠰᠠᠨ ᠳᠤ ᠭᠠᠷᠴᠤ᠂ ᠠᠷᠠᠳ ᠤᠨ ᠲᠡᠭᠡᠳᠦ ᠪᠠᠶᠢᠴᠠᠭᠠᠬᠤ  ᠬᠤᠷᠢᠶ᠎ᠠ ᠶᠢᠨ ᠨᠠᠮ ᠤᠨ ᠤᠳᠤᠷᠢᠳᠬᠤ ᠲᠤᠭᠤᠢᠢᠯᠠᠩ ᠤᠨ ᠱᠦᠵᠢ᠂ ᠪᠠᠶᠢᠴᠠᠭᠠᠬᠤ ᠲᠠᠷᠤᠭ᠎ᠠ ᠼᠤᠤ ᠵᠢᠶᠠᠨ ᠮᠢᠩ ᠤᠨ ᠭᠠᠷ ᠠᠴᠠ ︽ ᠪᠦᠬᠦ ᠤᠯᠤᠰ ᠤᠨ ᠵᠢᠱᠢᠶᠡᠴᠢ ᠪᠠᠶᠢᠴᠠᠭᠠᠬᠤ ᠲᠤᠰᠢᠶᠠᠯᠳᠠᠨ︾᠎ ᠤ ᠢᠷᠠᠭᠤ ᠠᠯᠳᠠᠷ ᠤᠨ ᠦᠨᠡᠮᠯᠡᠯ᠂ ᠱᠠᠩᠨᠠᠯ ᠤᠨ ᠲᠡᠮᠳᠡᠭ ᠢ ᠲᠤᠰᠤᠨ  ᠠᠪᠤᠬᠰᠠᠨ ᠶᠠᠪᠤᠳᠠᠯ ᠪᠤᠯ ᠠᠷᠢᠭᠤᠨ ᠲᠠᠷᠬᠠᠨ᠂ ᠳᠤᠷᠠᠳᠬᠠᠯ ᠲᠠᠢ ᠮᠦᠴᠡ ᠪᠤᠯᠬᠤ ᠶᠤᠮ᠃ ᠡᠨᠡ ᠪᠤᠯ ᠲᠠᠷᠬᠠᠨ ᠮᠤᠤᠮᠢᠩᠭᠠᠨ ᠤ  ᠬᠠᠯᠠᠭᠤᠨ ᠬᠦᠷᠦᠰᠦᠨ ᠳᠤ 30 ᠬᠠᠪᠤᠷ ᠨᠠᠮᠤᠷ ᠢ ᠡᠯᠡᠭᠡᠭᠰᠡᠨ ᠡᠬᠡᠯ ᠵᠢᠷ ᠤᠨ ᠪᠠᠶᠢᠴᠠᠭᠠᠬᠤ ᠲᠤᠰᠢᠶᠠᠯᠳᠠᠨ ᠤ ᠬᠠᠮᠤᠬ ᠤᠨ ᠲᠡᠭᠡᠳᠦ  ᠢᠷᠠᠭᠤ ᠠᠯᠳᠠᠷ ᠪᠤᠯᠤᠨ᠎ᠠ᠃      
    

    ᠮᠠᠯᠵᠢᠬᠤ ᠤᠷᠤᠨ ᠳᠤ ᠦᠰᠦᠭᠰᠡᠨ ᠬᠢᠳᠠᠳ ᠬᠡᠦᠬᠡᠳ      
    ᠫᠠᠨ ᡁᠢ ᠷᠦᠩ ᠬᠡᠳᠦ᠋ᠢᠪᠡᠷ ᠬᠢᠳᠠᠳ ᠬᠦᠮᠦᠨ ᠪᠤᠯᠪᠠᠴᠦ ᠪᠠᠯᠴᠢᠷ ᠪᠠᠭ᠎ᠠ ᠨᠠᠰᠤ ᠪᠠᠨ ᠬᠠᠷᠢᠨ ᠮᠠᠯᠵᠢᠬᠤ ᠤᠷᠤᠨ ᠳᠤ  ᠦᠩᠬᠡᠷᠡᠬᠦᠯᠦᠭᠰᠡᠨ ᠪᠠᠶᠢᠵᠠᠢ᠃ ᠲᠡᠷᠡ ᠮᠤᠩᠭᠤᠯ ᠬᠡᠤᠬᠡᠳ ᠤᠳ ᠲᠠᠢ ᠬᠠᠮᠳᠤ ᠪᠤᠷᠭᠠᠰᠤᠨ ᠮᠤᠷᠢ ᠵᠠᠶᠢᠳᠠᠯᠠᠨ ᠪᠠᠭ᠎ᠠ ᠨᠠᠰᠤᠨ ᠤ ᠬᠠᠪᠤ  ᠴᠡᠩᠬᠡᠯ ᠢᠶᠠᠨ ᠬᠠᠨᠤᠳᠠᠯ᠎ᠠ ᠡᠳ᠋ᠯᠡᠵᠦ ᠶᠠᠪᠤᠵᠠᠢ᠃ ᠤᠳᠠᠯ ᠦᠬᠡᠢ ᠫᠠᠨ ᡁᠢ ᠷᠦᠩ ᠪᠠᠭ᠎ᠠ ᠰᠤᠷᠭᠠᠭᠤᠯᠢ ᠳᠤ ᠤᠷᠤᠪᠠ᠂ ᠬᠡᠪᠡᠴᠦ  ᠲᠡᠬᠦᠨ ᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠳᠤ ᠤᠷᠤᠬᠤ ᠳᠤ ᠡᠵᠢ ᠨᠢ ᠬᠦᠨᠳᠦ ᠡᠪᠡᠳᠴᠢᠯᠡᠬᠡᠳ ᠬᠡᠪᠳᠡᠷᠢ ᠳᠤ ᠤᠷᠤᠪᠠ᠃  ᠫᠠᠨ ᡁᠢ ᠷᠦᠩ ᠠᠬ᠎ᠠ ᠡᠬᠡᠴᠢ ᠲᠡᠬᠦᠦ ᠵᠢᠷᠭᠤᠭᠤᠯᠠ ᠲᠡᠭᠡᠷ᠎ᠡ ᠪᠠᠨ ᠠᠮᠢᠳᠤᠷᠠᠯ ᠤᠨ ᠭᠠᠭᠴᠠ ᠲᠦᠰᠢᠭ ᠲᠤᠯᠭᠠᠭᠤᠷᠢ  ᠪᠤᠯᠤᠬᠰᠠᠨ  ᠡᠵᠢ ᠨᠢ ᠡᠪᠡᠳᠴᠢᠯᠡᠭᠰᠡᠨ ᠠᠴᠠ ᠰᠤᠷᠤᠯᠭ᠎ᠠ ᠶᠢᠨ ᠰᠦᠢᠳᠬᠡᠯ ᠢᠶᠠᠨ ᠦᠭᠴᠦ ᠲᠡᠶᠢᠯᠬᠦ ᠦᠬᠡᠢ ᠪᠤᠯᠪᠠ᠃ ᠫᠠᠨ ᡁᠢ ᠷᠦᠩ ᠠᠷᠭ᠎ᠠ  ᠦᠬᠡᠢ ᠬᠡᠷ ᠲᠡᠭᠡᠨ ᠬᠠᠷᠢᠵᠤ ᠰᠢᠯᠪᠢᠬᠦᠷ ᠪᠠᠷᠢᠨ ᠵᠢᠭᠠᠯ ᠬᠤᠨᠢᠴᠢᠨ ᠪᠤᠯᠤᠯ᠎ᠠ᠃ ᠫᠠᠨ ᡁᠢ ᠷᠦᠩ ᠤᠳᠠᠭ᠎ᠠ ᠪᠤᠯᠭᠠᠨ ᠰᠤᠷᠭᠠᠭᠤᠯᠢ ᠶᠢᠨ  ᠡᠬᠦᠳᠡ ᠪᠠᠷ ᠭᠠᠷᠬᠤ ᠳᠠᠭᠠᠨ ᠬᠡᠦᠬᠡᠳ ᠤᠳ ᠤᠨ ᠤᠷᠠᠨ ᠲᠤᠳᠤ ᠤᠩᠰᠢᠯᠭ᠎ᠠ ᠶᠢᠨ ᠲᠠᠭᠤᠨ ᠳᠤᠨᠢ ᠰᠤᠬᠳᠤᠭᠤᠷᠠᠨ ᠰᠡᠳᠬᠢᠯ ᠵᠤᠪᠠᠨ᠎ᠠ᠃  ᠲᠠᠷᠠᠭ᠎ᠠ ᠵᠢᠯ ᠨᠢ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠤᠯᠬᠤ ᠳᠤ᠂ ᠤᠢᠢᠷ᠎ᠠ ᠬᠠᠪᠢ ᠶᠢᠨ ᠬᠢᠨᠢ ᠮᠠᠯᠴᠢᠳ ᠨᠢᠬᠡ ᠬᠤᠶᠠᠷ  ᠮᠦᠩᠬᠦ ᠲᠤᠰᠠᠯᠠᠬᠰᠠᠭᠠᠷ ᠪᠠᠶᠢᠵᠦ ᠬᠠᠷᠢᠨ ᠲᠡᠭᠦᠨ ᠤ ᠰᠤᠷᠤᠯᠭ᠎ᠠ ᠶᠢᠨ ᠰᠦᠢᠳᠬᠡᠯ ᠢ ᠨᠢ ᠪᠦᠷᠢᠯᠳᠦᠬᠦᠯᠵᠦ ᠦᠭᠴᠡᠢ᠃ ᠮᠤᠩᠭᠤᠯ  ᠬᠦᠮᠦᠨ ᠤ ᠥᠷᠦᠪᠴᠢ ᠴᠠᠶᠢᠯᠭᠠᠨ ᠰᠡᠳᠬᠢᠯ ᠫᠠᠨ ᡁᠢ ᠷᠦᠩ ᠤᠨ ᠨᠢᠬᠡ ᠬᠡᠷ ᠤᠨ ᠬᠢᠨ ᠢ ᠶᠠᠭᠤ ᠬᠡᠯᠡᠬᠦ ᠪᠠᠨ ᠤᠯᠬᠤ ᠦᠬᠡᠢ  ᠪᠤᠯᠳᠠᠯ᠎ᠠ ᠲᠤᠬᠳᠤᠯᠤᠭᠤᠯᠵᠤ ᠤᠷᠬᠢᠵᠠᠢ᠃ ᠨᠢᠬᠡᠨ ᠮᠤᠩᠭᠤᠯ ᠠᠪᠤ ᠫᠠᠨ ᡁᠢ ᠷᠦᠩ ᠤᠨ ᠲᠤᠯᠤᠭᠠᠢ ᠶᠢ ᠢᠯᠪᠢᠬᠡᠳ᠄ ︽ᠮᠢᠨᠤ ᠬᠦᠦ᠂  ᠰᠠᠶᠢᠨ ᠰᠤᠷᠤᠭᠠᠷᠠᠢ︾ ᠬᠡᠵᠠᠢ᠃ ᠫᠠᠨ ᡁᠢ ᠷᠦᠩ ᠬᠤᠵᠢᠮ ᠨᠢ ᠡᠨᠡ ᠲᠤᠬᠠᠢ ᠲᠤᠷᠠᠳᠬᠠᠬᠤ ᠳᠠᠭᠠᠨ᠄ ︽ᠪᠢ ᠲᠡᠳᠡᠬᠡᠷ ᠬᠦᠳᠦᠰᠦᠨ  ᠲᠡᠪᠡᠯ ᠲᠠᠢ ᠬᠦᠳᠡᠭᠡ ᠶᠢᠨ ᠬᠦᠮᠦᠰ ᠤᠨ ᠠᠪᠴᠢᠷᠠᠵᠤ ᠦᠭᠬᠦᠭᠰᠡᠨ ᠨᠢᠬᠡ ᠬᠤᠶᠠᠷ ᠮᠦᠩᠬᠦ ᠶᠢᠨ ᠠᠴᠢ ᠪᠠᠷ ᠦᠨᠦᠳᠦᠷ ᠬᠦᠷᠦᠭᠰᠡᠨ᠂  ᠪᠢ ᠲᠡᠳᠡᠨ ᠤ ᠠᠴᠢ ᠶᠢ ᠬᠡᠵᠢᠶ᠎ᠡ ᠴᠤ ᠮᠠᠷᠳᠠᠬᠤ ᠦᠬᠡᠢ︾ ᠬᠡᠰᠡᠨ ᠪᠠᠶᠢᠳᠠᠬ᠃ ᠫᠠᠨ ᡁᠢ ᠷᠦᠩ ᠤᠨ ᠡᠵᠢ ᠨᠢ ᠪᠠᠰᠠ ᠲᠡᠬᠦᠨ ᠳᠤ ︽ ᠡᠳᠡᠬᠡᠷ ᠬᠦᠮᠦᠰ ᠤᠨ ᠠᠴᠢ ᠶᠢ ᠬᠡᠵᠢᠶ᠎ᠡ ᠴᠤ ᠪᠢᠳᠡᠬᠡᠢ ᠮᠠᠷᠳᠠ᠂ ᠲᠤᠮᠤ ᠪᠤᠯᠤᠭᠠᠳ ᠡᠳᠡᠬᠡᠷ ᠰᠠᠶᠢᠬᠠᠨ ᠰᠡᠳᠬᠢᠯᠳᠡᠨ ᠤ ᠠᠴᠢ ᠶᠢ ᠨᠢ  ᠬᠠᠷᠢᠭᠤᠯᠤᠭᠠᠷᠠᠢ︾ ᠬᠡᠵᠦ ᠰᠤᠷᠭᠠᠵᠠᠢ᠃ ᠡᠶᠢᠨᠬᠦ ᠮᠤᠩᠭᠤᠯ ᠮᠠᠯᠴᠢᠳ ᠤᠨ ᠠᠴᠢ ᠪᠠᠷ ᠪᠢᠴᠢᠭ ᠡᠷᠳᠡᠮ ᠰᠤᠷᠬᠤ ᠲᠤᠬᠢᠶᠠᠯ ᠤᠯᠤᠬᠰᠠᠨ  ᠫᠠᠨ ᡁᠢ ᠷᠦᠩ ᠲᠡᠷᠡ ᠦᠶ᠎ᠡ ᠠᠴᠠ ᠠᠷᠠᠳ ᠤᠨ ᠲᠦᠯᠦᠬᠡ ᠰᠠᠶᠢᠨ ᠶᠠᠪᠤᠳᠠᠯ ᠬᠢᠨ᠎ᠡ ᠬᠡᠵᠦ ᠲᠤᠳᠤᠷ᠎ᠡ ᠪᠠᠨ ᠰᠡᠮᠡᠬᠡᠨ ᠵᠤᠷᠢᠬ  ᠰᠢᠭᠤᠳᠴᠦ ᠶᠠᠪᠤᠬᠰᠠᠠ ᠪᠠᠶᠢᠵᠠᠢ᠃ ᠪᠠᠭ᠎ᠠ ᠶᠢᠨ ᠦᠶ᠎ᠡ ᠶᠢᠨ ᠬᠢᠨᠢ ᠦᠩᠬᠡᠷᠡᠯᠳᠡ ᠫᠠᠨ ᡁᠢ ᠷᠦᠩ ᠳᠤ ᠲᠠᠯ᠎ᠠ ᠨᠤᠳᠤᠬ᠂ ᠠᠷᠠᠳ  ᠲᠦᠮᠡᠨ ᠤ ᠲᠦᠯᠦᠬᠡ ᠠᠯᠢᠪᠠ ᠪᠠᠨ ᠵᠤᠷᠢᠭᠤᠯᠬᠤ ᠬᠦᠰᠡᠯ ᠤᠷᠭᠤᠭᠤᠯᠵᠠᠢ᠃ ᠲᠡᠭᠡᠭᠡᠳ ᠲᠡᠭᠦᠨ ᠤ ᠡᠨᠡᠬᠦ ᠬᠦᠰᠡᠯ ᠲᠡᠮᠡᠤᠯᠤᠯ  ᠪᠤᠭᠤᠳᠤ ᠶᠢᠨ ᠬᠤᠶᠢᠳᠤ ᠪᠡᠶ᠎ᠠ ᠳᠤ ᠤᠷᠤᠰᠢᠵᠦ ᠪᠦᠬᠦᠢ ᠲᠠᠷᠬᠠᠨ ᠮᠤᠤᠮᠢᠩᠭᠠᠨ ᠤ ᠬᠠᠯᠠᠭᠤᠨ ᠬᠦᠷᠦᠰᠦᠨ᠎ᠡ ᠪᠡᠶᠡᠯᠡᠭᠳᠡᠭᠰᠡᠨ ᠶᠤᠮ᠃       
    

    ᠮᠤᠩᠭᠤᠯ ᠬᠢᠳᠠᠳ ᠬᠡᠯᠡᠨ ᠳᠤ ᠲᠡᠭᠰᠢ ᠪᠠᠶᠢᠴᠠᠭᠠᠬᠤ ᠲᠤᠰᠢᠶᠠᠯᠳᠠᠨ       
    ᠰᠤᠷᠪᠤᠯᠵᠢᠯᠠᠬᠴᠢ 3 ᠰᠠᠷ᠎ᠠ ᠶᠢᠨ 30᠎ ᠤ ᠡᠳᠦᠷ᠂ ᠦᠪᠡᠷᠳᠡᠬᠡᠨ ᠵᠠᠰᠠᠬᠤ ᠤᠷᠤᠨ ᠤ ᠠᠷᠠᠳ ᠤᠨ ᠪᠠᠶᠢᠴᠠᠭᠠᠬᠤ ᠬᠤᠷᠢᠶᠠᠨ ᠳᠤ  ᠫᠠᠨ ᡁᠢ ᠷᠦᠩ ᠲᠠᠢ ᠠᠭᠤᠯᠵᠠᠨ ᠮᠤᠩᠭᠤᠯ ᠢᠶᠠᠷ ᠶᠠᠷᠢᠯᠴᠠᠵᠦ ᠪᠢᠯᠠ᠃ ᠦᠨᠡᠨ ᠢ ᠬᠡᠯᠡᠪᠡᠯ ᠮᠤᠩᠭᠤᠯ ᠬᠡᠯᠡ ᠨᠢ ᠮᠠᠯᠵᠢᠬᠤ ᠤᠷᠤᠨ ᠳᠤ  ᠲᠦᠷᠦᠵᠦ ᠦᠰᠦᠭᠰᠡᠨ ᠫᠠᠨ ᡁᠢ ᠷᠦᠩ ᠳᠤ ᠲᠡᠶᠢᠮᠦ ᠯᠡ ᠲᠠᠨᠢᠯ ᠪᠤᠰᠤ ᠵᠦᠢᠯ ᠪᠢᠰᠢ᠂ ᠲᠡᠷᠡ ᠶᠡᠷᠦᠨᠢ ᠮᠤᠩᠭᠤᠯ ᠢᠶᠠᠷ ᠶᠠᠷᠢᠵᠤ  ᠴᠢᠳᠠᠳᠠᠬ᠃ ᠬᠡᠪᠡᠴᠦ ᠪᠠᠶᠢᠴᠠᠭᠠᠬᠤ ᠬᠤᠷᠢᠶᠠᠨ ᠳᠤ ᠬᠦᠷᠴᠦ ᠠᠵᠢᠯᠯᠠᠬᠰᠠᠨ ᠤ ᠬᠤᠶᠢᠨ᠎ᠠ᠂ ᠫᠠᠨ ᡁᠢ ᠷᠦᠩ ᠤᠨ ᠮᠡᠳᠡᠳᠡᠭ ᠮᠤᠩᠭᠤᠯ  ᠬᠡᠯᠡ ᠨᠢ ᠪᠠᠶᠢᠴᠠᠭᠠᠬᠤ ᠠᠵᠢᠯ ᠬᠢᠬᠦ ᠳᠤ ᠪᠡᠷᠬᠡᠳᠡᠵᠡᠢ᠃ ᠫᠠᠨ ᡁᠢ ᠷᠦᠩ ᠮᠠᠯᠴᠢᠳ ᠲᠤ ᠮᠤᠩᠭᠤᠯ ᠬᠡᠯᠡ ᠪᠠᠷ ᠬᠠᠤᠯᠢ ᠴᠠᠭᠠᠵᠠ ᠶᠢᠨ  ᠲᠤᠬᠠᠢ ᠮᠡᠳᠡᠯᠬᠡ ᠶᠢ ᠶᠠᠷᠢᠵᠤ ᠲᠠᠶᠢᠯᠪᠤᠷᠢᠯᠠᠬᠤ ᠳᠤ ᠲᠡᠳᠡ ᠶᠡᠷᠦᠨᠢ ᠤᠢᠢᠯᠠᠭᠠᠬᠤ ᠦᠬᠡᠢ᠃ ︽ᠬᠡᠯᠡ ᠲᠠᠢ ᠪᠤᠯ ᠬᠦᠯ ᠲᠠᠢ︾ ᠬᠡᠳᠡᠭ᠃  ᠫᠠᠨ ᡁᠢ ᠷᠦᠩ ᠴᠤ ᠪᠠᠶᠢᠴᠠᠭᠠᠬᠤ ᠠᠵᠢᠯ ᠳᠤ ᠮᠤᠩᠭᠤᠯ ᠬᠡᠯᠡ ᠨᠢ ᠤᠮᠳᠤᠭᠠᠢᠢᠯᠠᠵᠤ ᠪᠤᠯᠤᠰᠢ ᠦᠬᠡᠢ ᠴᠢᠬᠤᠯᠠ ᠦᠢᠯᠡᠳᠦᠯ ᠲᠠᠢ  ᠬᠡᠳᠡᠭ ᠢ ᠵᠢᠷᠦᠬᠡ ᠰᠡᠳᠬᠢᠯ ᠢᠶᠠᠷ ᠢᠶᠠᠨ ᠮᠡᠳᠡᠷᠡᠯ᠎ᠡ᠃ ᠲᠡᠷᠡ ᠨᠢᠬᠡᠨ ᠨᠠᠶᠢᠵᠢ ᠠᠴᠠ ᠪᠠᠨ ︽ᠮᠤᠩᠭᠤᠯ ᠬᠢᠳᠠᠳ ᠲᠤᠯᠢ︾ ᠵᠢᠬᠡᠯᠡᠨ  ᠠᠪᠴᠢᠷᠠᠭᠠᠳ ᠮᠠᠰᠢ ᠤᠯᠠᠨ ᠮᠤᠩᠭᠤᠯ ᠬᠢᠳᠠᠳ ᠬᠠᠤᠯᠢ ᠴᠠᠭᠠᠵᠠ ᠶᠢᠨ ᠨᠤᠮ ᠪᠢᠴᠢᠭ ᠢ ᠦᠪᠡᠷ ᠲᠡᠭᠡᠨ ᠤᠩᠰᠢᠨ ᠰᠤᠷᠤᠯᠴᠠᠵᠤ᠂  ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠶᠢᠴᠠᠭᠠᠬᠤ ᠬᠤᠷᠢᠶᠠᠨ ᠳᠤ ᠨᠢᠬᠡᠨ ᠮᠤᠩᠭᠤᠯ ᠬᠢᠳᠠᠳ ᠬᠡᠯᠡᠨ ᠳᠡᠭᠡᠨ ᠲᠡᠭᠰᠢ  ᠪᠠᠶᠢᠴᠠᠭᠠᠬᠤ ᠲᠤᠰᠢᠶᠠᠯᠳᠠᠨ ᠨᠡᠮᠡᠭᠳᠡᠵᠡᠢ᠃ ᠫᠠᠨ ᡁᠢ ᠷᠦᠩ ᠦᠪᠡᠷ ᠲᠡᠭᠡᠨ ᠮᠤᠩᠭᠤᠯ ᠬᠢᠳᠠᠳ ᠬᠡᠯᠡᠨ ᠳᠤ ᠴᠠᠭᠠᠷᠠᠬᠰᠠᠨ ᠢᠶᠠᠷ ᠪᠠᠷᠠᠬᠤ  ᠦᠬᠡᠢ ᠪᠠᠰᠠ ᠪᠦᠬᠦ ᠤᠷᠤᠨ ᠤ ᠪᠠᠶᠢᠴᠠᠭᠠᠬᠤ ᠰᠢᠰᠲᠧᠮ ᠤᠨ ᠮᠤᠩᠭᠤᠯ ᠬᠢᠳᠠᠳ ᠬᠡᠯᠡᠨ ᠳᠤ ᠴᠠᠭᠠᠷᠠᠬᠰᠠᠨ ᠪᠠᠶᠢᠴᠠᠭᠠᠬᠤ ᠠᠵᠢᠯ ᠤᠨ  ᠲᠤᠰᠬᠠᠢ ᠮᠡᠷᠬᠡᠵᠢᠯᠳᠡᠨ ᠪᠤᠯᠤᠯ᠎ᠠ᠃ ᠲᠡᠷᠡ 2015 ᠤᠨ ᠳᠤ ᠤᠯᠤᠰ ᠤᠨ ᠪᠠᠶᠢᠴᠠᠭᠠᠬᠤ ᠲᠤᠰᠢᠶᠠᠯᠳᠠᠨ ᠤ ᠲᠡᠭᠡᠳᠦ ᠰᠤᠷᠭᠠᠭᠤᠯᠢ ᠶᠢᠨ  ᠦᠪᠦᠷ ᠮᠤᠩᠭᠤᠯ ᠤᠨ ᠬᠤᠪᠢᠶᠠᠷᠢ ᠰᠤᠷᠭᠠᠭᠤᠯᠢ᠂ ᠰᠢᠨᠵᠢᠶᠠᠩ ᠤᠨ ᠬᠤᠪᠢᠶᠠᠷᠢ ᠰᠤᠷᠭᠠᠭᠤᠯᠢ ᠶᠢᠨ ᠤᠷᠢᠯᠭ᠎ᠠ ᠪᠠᠷ ᠬᠠᠮᠢᠶ᠎ᠠ ᠪᠦᠬᠦᠢ  ᠮᠤᠵᠢ ᠤᠷᠤᠨ ᠤ ᠪᠠᠶᠢᠴᠠᠭᠠᠬᠤ ᠲᠤᠰᠢᠶᠠᠯᠳᠠᠨ ᠳᠤ ᠬᠢᠴᠢᠶᠡᠯ ᠤᠷᠤᠵᠤ᠂ ᠮᠤᠩᠭᠤᠯ ᠬᠢᠳᠠᠳ ᠬᠡᠯᠡ ᠪᠠᠷ ᠪᠠᠶᠢᠴᠠᠭᠠᠬᠤ ᠠᠵᠢᠯ ᠬᠢᠭᠰᠡᠨ  ᠲᠤᠷᠰᠢᠯᠭ᠎ᠠ ᠰᠤᠷᠭᠠᠮᠵᠢ ᠪᠤᠯᠤᠨ ᠤᠯᠤᠯᠳᠠ ᠪᠠᠨ ᠰᠤᠯᠢᠯᠴᠠᠨ᠂ ᠤᠯᠠᠨ ᠤ ᠨᠡᠶᠢᠳᠡᠮ ᠤᠨ ᠰᠠᠶᠢᠨ ᠦᠨᠡᠯᠡᠯᠳᠡ ᠶᠢ ᠤᠯᠤᠬᠰᠠᠨ ᠪᠠᠶᠢᠯ᠎ᠠ᠃  ᠫᠠᠨ ᡁᠢ ᠷᠦᠩ ᠪᠠᠶᠢᠴᠠᠭᠠᠬᠤ ᠠᠵᠢᠯ ᠢᠶᠠᠷ ᠬᠦᠳᠡᠭᠡ ᠨᠤᠳᠤᠬ ᠢᠶᠠᠷ ᠶᠠᠪᠤᠬᠤ ᠳᠠᠭᠠᠨ᠂ ᠮᠠᠯᠴᠢᠳ ᠤᠨ ᠬᠠᠤᠯᠢ ᠮᠡᠳᠡᠬᠦ ᠦᠬᠡᠢ ᠠᠴᠠ  ᠪᠤᠯᠵᠤ ᠪᠡᠯᠴᠢᠬᠡᠷ ᠢᠶᠠᠨ ᠡᠪᠳᠡᠵᠦ ᠪᠠᠶᠢᠭ᠎ᠠ ᠶᠢ ᠦᠵᠡᠬᠡᠳ ᠰᠡᠳᠬᠢᠯ ᠰᠢᠨᠠᠯᠵᠠᠢ᠃ ᠡᠬᠦᠨ ᠳᠤ ᠲᠡᠷᠡ ᠲᠤᠰᠬᠠᠢᠢᠯᠠᠨ ᠮᠤᠩᠭᠤᠯ ᠬᠢᠳᠠᠳ  ᠬᠡᠯᠡᠨ ᠤ ᠬᠠᠤᠯᠢ ᠲᠦᠬᠡᠮᠡᠯᠵᠢᠬᠦᠯᠬᠦ ᠲᠡᠪᠳᠡᠷ ᠬᠢᠵᠦ ᠠᠪᠤᠭᠠᠳ᠂ ᠮᠠᠯᠴᠢᠳ ᠲᠠᠢ ᠤᠴᠠᠷᠠᠬᠤ ᠪᠤᠯᠭᠠᠨ ᠳᠡᠳᠡᠨ ᠳᠤ ᠲᠠᠷᠬᠠᠭᠠᠨ ᠦᠭᠴᠦ᠂  ᠲᠡᠳᠡᠨ ᠳᠤ ᠬᠠᠤᠯᠢ ᠴᠠᠭᠠᠵᠠ ᠶᠢᠨ ᠮᠡᠳᠡᠯᠬᠡ ᠶᠢ ᠶᠠᠷᠢᠵᠤ ᠲᠠᠶᠢᠯᠪᠤᠷᠢᠯᠠᠳᠠᠬ ᠪᠠᠶᠢᠪᠠ᠃ ᠶᠠᠬ ᠨᠢᠬᠡᠨ ᠵᠠᠭᠤᠴᠢᠯᠠᠭᠤᠷ ᠤᠨ  ᠰᠤᠷᠪᠤᠯᠵᠢᠯᠠᠬᠴᠢ ᠶᠢᠨ ᠬᠡᠯᠡᠭᠰᠡᠨ ᠮᠡᠳᠦ ᠪᠠᠷ ︽ᠮᠤᠩᠭᠤᠯ ᠬᠡᠯᠡ ᠨᠢ ᠫᠠᠨ ᡁᠢ ᠷᠦᠩ ᠤᠨ ᠮᠠᠯᠴᠢᠳ ᠲᠠᠢ ᠤᠢᠢᠯᠠᠭᠠᠯᠴᠠᠬᠤ ᠬᠦᠬᠦᠷᠬᠡ  ᠪᠤᠯᠵᠠᠢ︾᠃

1462784141858484.png

    ᠫᠠᠨ ᡁᠢ ᠷᠦᠩ 2014 ᠤᠨ ᠳᠤ ᠬᠠᠤᠯᠢ ᠪᠤᠰᠤ ᠪᠠᠷ ᠪᠡᠯᠴᠢᠬᠡᠷ ᠢ ᠡᠪᠳᠡᠭᠰᠡᠨ ᠬᠡᠷᠡᠭ ᠢ ᠲᠤᠰᠴᠠᠢ᠃ ᠬᠤᠶᠠᠷ ᠮᠠᠯᠴᠢᠨ  ᠲᠤᠷ᠎ᠠ ᠪᠠᠷ ᠢᠶᠠᠨ ᠦᠪᠡᠷ ᠤᠨ ᠲᠠᠭᠠᠭᠠᠴᠢᠯᠠᠬᠰᠠᠨ 150 ᠭᠠᠷᠤᠢ ᠮᠦ ᠪᠡᠯᠴᠢᠬᠡᠷ ᠲᠡᠭᠡᠨ ᠨᠠᠷᠠᠨ ᠬᠤᠸᠠᠷ ᠪᠤᠯᠤᠨ ᠡᠷᠳᠡᠨᠢ ᠰᠢᠰᠢ  ᠲᠠᠷᠢᠬᠰᠠᠨ ᠪᠠᠶᠢᠵᠠᠢ᠃ ᠫᠠᠨ ᡁᠢ ᠷᠦᠩ ᠲᠤᠬᠠᠢ ᠶᠢᠨ ᠲᠠᠯᠠᠪᠠᠢ ᠳᠤ ᠬᠦᠷᠴᠦ ᠪᠠᠶᠢᠳᠠᠯ ᠢ ᠤᠢᠢᠯᠠᠭᠠᠭᠠᠳ᠂ ᠲᠤᠬᠠᠢ ᠶᠢᠨ ᠭᠠᠵᠠᠷ ᠲᠤᠨᠢ  ᠲᠢᠩᠬᠢᠮ ᠤᠨ ᠰᠢᠬᠦᠯᠳᠡ ᠬᠢᠬᠦ ᠪᠠᠷ ᠪᠤᠯᠪᠠ᠃ 30 ᠭᠠᠷᠤᠢ ᠮᠠᠯᠴᠢᠳ ᠤᠨ ᠲᠦᠯᠦᠬᠡᠯᠡᠭᠴᠢ ᠪᠤᠯᠤᠨ ᠠᠷᠠᠳ ᠤᠨ ᠲᠦᠯᠦᠬᠡᠯᠡᠭᠴᠢ  ᠤᠷᠤᠯᠴᠠᠬᠰᠠᠨ ︽ᠲᠠᠯ᠎ᠠ ᠨᠤᠳᠤᠬ ᠤᠨ ᠰᠢᠬᠦᠬᠦ ᠲᠢᠩᠬᠢᠮ︾ ᠨᠡᠬᠡᠬᠡᠭᠳᠡᠯ᠎ᠡ᠃ ᠮᠠᠯᠴᠢᠳ ᠲᠦᠷᠪᠡᠨ ᠵᠦᠭ ᠠᠴᠠ ᠮᠤᠷᠢ ᠮᠠᠰᠢᠨ ᠢᠶᠠᠷ  ᠬᠦᠷᠦᠯᠴᠡᠨ ᠢᠷᠡᠵᠦ ᠰᠤᠨᠤᠰᠴᠠᠢ᠃ ᠫᠠᠨ ᡁᠢ ᠷᠦᠩ ᠮᠠᠯᠴᠢᠳ ᠲᠤ ᠤᠷᠤᠰᠤᠮ᠎ᠠ ᠰᠠᠶᠢᠬᠠᠨ ᠮᠤᠩᠭᠤᠯ ᠬᠡᠯᠡ ᠪᠠᠷ ᠢᠶᠠᠨ ᠡᠨᠡᠬᠦ ᠬᠡᠷᠡᠭ ᠢ  ᠲᠤᠭᠤᠷᠠᠳᠠᠯ᠎ᠠ ᠶᠠᠷᠢᠵᠤ ᠦᠭᠴᠡᠢ᠃ ᠮᠠᠯᠴᠢᠳ ᠡᠬᠦᠨ ᠢ ᠰᠤᠨᠤᠰᠤᠭᠠᠳ᠄ ︽ᠪᠠᠶᠢᠴᠠᠭᠠᠬᠤ ᠲᠤᠰᠢᠶᠠᠯᠳᠠᠨ ᠤ ᠡᠶᠢᠮᠦ ᠶᠠᠷᠢᠶ᠎ᠠ ᠶᠢ ᠰᠠᠶ᠋ᠢ  ᠰᠤᠨᠤᠰᠴᠤ ᠪᠠᠶᠢᠨ᠎ᠠ᠂ ᠪᠡᠯᠴᠢᠬᠡᠷ ᠢ ᠡᠪᠳᠡᠬᠦ ᠨᠢ ᠪᠠᠰᠠ ᠬᠠᠤᠯᠢ ᠶᠢ ᠵᠦᠷᠢᠴᠡᠨ᠎ᠡ ᠬᠡᠳᠡᠭ ᠢ ᠤᠳᠤ ᠮᠡᠳᠡᠭᠰᠡᠨ︾ ᠬᠡᠵᠡᠬᠡᠵᠦ ᠪᠠᠶᠢᠯ᠎ᠠ᠃      

    ᠫᠠᠨ ᡁᠢ ᠷᠦᠩ 2011 ᠤᠨ ᠳᠤ ᠨᠢᠬᠡᠨ ᠪᠤᠯᠢᠶᠠᠨ ᠲᠡᠭᠡᠷᠡᠮᠳᠡᠭᠰᠡᠨ ᠬᠡᠷᠡᠭ ᠢ ᠰᠢᠢᠳᠪᠦᠷᠢᠯᠡᠵᠡᠢ᠃ ᠨᠠᠰᠤᠨ ᠳᠤ ᠦᠯᠦ  ᠬᠦᠷᠦᠭᠰᠡᠨ ᠭᠤᠷᠪᠠᠨ ᠬᠡᠷᠡᠭ ᠤᠨ ᠰᠡᠵᠢᠭᠳᠡᠨ ᠨᠢ ᠴᠦᠮ ᠮᠤᠩᠭᠤᠯ ᠬᠦᠮᠦᠨ ᠪᠠᠶᠢᠵᠤ ᠬᠢᠳᠠᠳ ᠬᠡᠯᠡᠨ ᠳᠡᠭᠡᠨ ᠠᠨᠠᠢ ᠪᠠᠶᠢᠯ᠎ᠠ᠃ ᠲᠠᠩᠨᠠᠨ  ᠪᠠᠶᠢᠴᠠᠭᠠᠬᠤ ᠶᠠᠪᠤᠴᠠ ᠳᠤ᠂ ᠡᠨᠡ ᠭᠤᠷᠪᠠᠨ ᠬᠦᠮᠦᠨ ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠶᠢᠨ ᠠᠰᠠᠭᠤᠯᠳᠠ ᠶᠢ ᠤᠯᠢᠬᠳᠠᠢ  ᠬᠠᠷᠢᠭᠤᠯᠤᠬᠰᠨᠨ ᠦᠬᠡᠢ᠃ ᠪᠠᠷᠢᠪᠴᠢᠯᠠᠬᠤ ᠶᠢ ᠵᠦᠪᠰᠢᠶᠡᠷᠡᠬᠦ ᠬᠢᠨᠠᠨ ᠪᠠᠶᠢᠴᠠᠭᠠᠯᠳᠠ ᠶᠢᠨ ᠶᠠᠪᠤᠴᠠ ᠬᠦᠷᠬᠦ ᠳᠤ ᠫᠠᠨ ᡁᠢ ᠷᠦᠩ  ᠤᠷᠤᠰᠤᠮ᠎ᠠ ᠰᠠᠶᠢᠬᠠᠨ ᠮᠤᠩᠭᠤᠯ ᠬᠡᠯᠡ ᠪᠠᠷ ᠦᠪᠡᠷ ᠢ ᠪᠠᠨ ᠲᠠᠨᠢᠯᠴᠠᠭᠤᠯᠪᠠ᠃ ᠪᠠᠶᠢᠴᠠᠭᠠᠬᠤ ᠠᠵᠢᠯ ᠤᠨ ᠲᠦᠷᠢᠮᠳᠦ ᠬᠤᠪᠴᠠᠰᠤᠳᠠᠢ  ᠡᠨᠡᠬᠦ ᠪᠠᠶᠢᠴᠠᠭᠠᠬᠤ ᠲᠤᠰᠢᠶᠠᠯᠳᠠᠨ ᠤ ᠮᠤᠩᠭᠤᠯ ᠢᠶᠠᠷ ᠶᠠᠷᠢᠬᠤ ᠶᠢ ᠰᠤᠨᠤᠰᠤᠭᠠᠳ ᠳᠡᠳᠡ ᠭᠤᠷᠪᠠᠭᠤᠯᠠ ᠮᠡᠳᠡᠭᠳᠡᠮ᠎ᠡ ᠲᠠᠶᠢᠪᠤᠰᠢᠷᠠᠵᠠᠢ᠃  ︽ᠬᠡᠷ ᠲᠡᠭᠡᠨ ᠬᠡᠳᠦᠬᠦᠯᠡ ᠪᠤᠢ︖ ᠠᠮᠢᠳᠤᠷᠠᠯ ᠵᠦᠬᠡᠷ ᠦᠦ︖ ᠬᠦᠴᠢᠷ ᠪᠠᠶᠢᠪᠠᠯ ᠶᠠᠷᠢᠵᠤ ᠪᠤᠯᠤᠨ᠎ᠠ᠂ ᠪᠢ ᠴᠢᠳᠠᠯ ᠢᠶᠠᠷ ᠢᠶᠠᠨ  ᠬᠠᠪᠰᠤᠷᠤᠶ᠎ᠠ᠃ ᠲᠠᠨᠠᠷ ᠤᠨ ᠨᠠᠰᠤ ᠴᠢᠨᠢ ᠪᠠᠭ᠎ᠠ ᠪᠠᠶᠢᠬᠰᠠᠭᠠᠷ᠂ ᠵᠦᠪᠬᠡᠨ ᠦᠨᠡᠨ ᠰᠡᠳᠬᠢᠯ ᠠᠴᠠ ᠪᠠᠨ ᠬᠡᠮᠰᠢᠨ ᠬᠠᠯᠠᠬᠤ ᠳᠤ ᠯᠡ  ᠬᠦᠷᠪᠡᠯ ᠵᠠᠮ ᠤᠨ ᠬᠦᠵᠦᠬᠦᠦ ᠴᠢᠨᠢ  ᠤᠷᠳᠤ ᠪᠠᠶᠢᠨ᠎ᠠ︾ ᠬᠡᠵᠦ ᠫᠠᠨ ᡁᠢ ᠷᠦᠩ ᠢ ᠶᠠᠷᠢᠵᠤ ᠲᠠᠭᠤᠰᠬᠤ ᠳᠤ᠂ ᠭᠤᠷᠪᠠᠨ ᠬᠦᠮᠦᠨ ᠪᠦᠬᠦ  ᠬᠡᠷᠡᠭ ᠤᠨ ᠪᠠᠶᠢᠳᠠᠯ ᠢᠶᠠᠨ ᠲᠤᠰᠢᠶᠠᠬᠰᠠᠨ ᠪᠦᠬᠡᠳ ᠪᠠᠰᠠ ᠨᠢᠬᠡᠨ ᠬᠠᠤᠯᠢ ᠴᠠᠭᠠᠵᠠ ᠶᠢᠨ ᠪᠠᠶᠢᠭᠤᠯᠤᠯᠭ᠎ᠠ ᠡᠵᠡᠮᠰᠢᠬᠡᠳᠦᠢ ᠪᠠᠶᠢᠬᠰᠠᠨ  ᠪᠤᠯᠢᠶᠠᠨ ᠲᠡᠭᠡᠷᠡᠮᠳᠡᠭᠰᠡᠨ ᠬᠡᠷᠡᠭ ᠢᠶᠠᠨ ᠲᠤᠰᠢᠶᠠᠬᠰᠠᠨ ᠪᠠᠶᠢᠯ᠎ᠠ᠃ ᠡᠬᠦᠨ ᠠᠴᠠ ᠲᠠᠷᠠᠭ᠎ᠠ ᠶᠠᠯ᠎ᠠ ᠬᠢᠭᠰᠡᠨ ᠭᠤᠷᠪᠠᠨ ᠰᠡᠵᠢᠭᠳᠡᠨ᠄ ︽ᠫᠠᠨ  ᠲᠠᠷᠤᠭ᠎ᠠ ᠶᠢᠨ ᠶᠠᠷᠢᠶ᠎ᠠ ᠶᠢ ᠰᠤᠨᠤᠰᠬᠤ ᠳᠤ ᠲᠤᠩ ᠬᠠᠯᠠᠭᠤᠬᠠᠨ ᠰᠠᠨᠠᠬᠳᠠᠬᠰᠠᠨ᠂ ᠲᠡᠷᠡ ᠪᠢᠳᠡᠨ ᠢ ᠠᠯᠳᠠᠭ᠎ᠠ ᠭᠠᠷᠭᠠᠬᠰᠠᠨ ᠬᠡᠵᠦ  ᠲᠤᠤᠷ᠎ᠠ ᠦᠵᠡᠭᠰᠡᠨ ᠦᠬᠡᠢ᠂ ᠬᠠᠷᠢᠨ ᠮᠠᠨᠤᠰ ᠤᠨ ᠲᠦᠯᠦᠬᠡ ᠪᠤᠳᠤᠵᠤ ᠪᠠᠶᠢᠬᠰᠠᠨ᠂ ᠪᠢᠳᠡ ᠬᠤᠵᠢᠮ ᠰᠠᠶᠢᠨ ᠬᠦᠮᠦᠨ ᠪᠤᠯᠵᠤ ᠳᠠᠬᠢᠵᠤ ᠬᠠᠤᠯᠢ ᠶᠢ ᠵᠦᠷᠢᠴᠡᠬᠦ ᠦᠬᠡᠢ︾ ᠬᠡᠰᠡᠨ ᠪᠠᠶᠢᠯ᠎ᠠ ᠁       


    ᠮᠠᠯᠴᠢᠳ ᠤᠨ ᠰᠠᠶᠢᠨ ᠠᠨᠳᠠ        
    ᠫᠠᠨ ᡁᠢ ᠷᠦᠩ ᠢ ᠠᠬᠠᠮᠠᠳ ᠬᠦᠮᠦᠰ ︽ᠬᠦᠦ ᠮᠢᠨᠢ︾ ᠬᠡᠵᠦ ᠲᠤᠳᠤᠨᠤᠴᠢᠯᠠᠨ ᠲᠠᠭᠤᠳᠠᠬᠤ ᠳᠤ ᠵᠠᠯᠠᠭᠤᠰ ︽ᠫᠠᠨ ᠭᠤᠸᠠᠢ︾  ᠬᠡᠵᠦ ᠬᠦᠨᠳᠦᠳᠬᠡᠨ ᠲᠠᠭᠤᠳᠠᠳᠠᠬ᠃ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠶᠠᠠᠬᠤᠸᠠ ᠪᠠᠯᠭᠠᠰᠤᠨ ᠳᠤ ᠰᠠᠭᠤᠳᠠᠬ  ᠲᠦᠪᠴᠢᠨ ᠪᠤᠯ ᠲᠦᠷᠬᠡᠨ ᠠᠭᠤᠷ ᠲᠠᠢ ᠬᠦᠮᠦᠨ᠂ ᠨᠡᠩ ᠴᠤ ᠬᠡᠳᠦᠨ ᠬᠤᠨᠳᠠᠭ᠎ᠠ ᠪᠠᠯᠭᠤᠴᠢᠬᠠᠪᠠᠯ ᠬᠡᠨ ᠢ ᠴᠤ ᠬᠠᠪᠢᠳᠠᠭᠤᠯᠬᠤ ᠦᠬᠡᠢ᠃  ᠬᠡᠳᠡᠯ᠎ᠡ ᠲᠦᠪᠴᠢᠨ ᠫᠠᠨ ᡁᠢ ᠷᠦᠩ ᠤᠨ ᠦᠬᠡᠨ ᠳᠤ ᠤᠷᠤᠳᠠᠬ᠃ ︽ᠤᠴᠢᠷ ᠨᠢ ᠪᠢᠳᠡ ᠪᠤᠯ ᠠᠨᠳᠠ ᠶᠤᠮ︾ ᠬᠡᠵᠦ ᠲᠦᠪᠴᠢᠨ  ᠦᠪᠡᠷ ᠢᠶᠠᠨ ᠶᠠᠷᠢᠳᠠᠬ ᠪᠠᠶᠢᠵᠠᠢ᠃ ᠲᠦᠪᠴᠢᠨ 1996 ᠤᠨ ᠳᠤ ᠵᠡᠷᠬᠡᠯᠡᠳᠡᠭᠡ ᠬᠡᠷ ᠤᠨ ᠢᠶᠠᠨ ᠡᠷᠳᠡᠨᠢ ᠲᠠᠢ ᠠᠷᠢᠬᠢ ᠤᠤᠭᠤᠵᠤ ᠠᠮᠠ  ᠵᠦᠷᠢᠬᠡᠳ ᠵᠤᠳᠤᠯᠳᠤᠵᠤ ᠡᠷᠳᠡᠨᠢ ᠰᠢᠷᠠᠬᠳᠤᠵᠤ ᠨᠢᠬᠡ ᠴᠠᠬ ᠤᠨ ᠠᠭᠤᠷ ᠢᠶᠠᠷ ᠴᠠᠬᠳᠠᠭ᠎ᠠ ᠳᠤ ᠮᠡᠳᠡᠬᠦᠯᠪᠠ᠃ ᠰᠡᠬᠦᠯ ᠳᠤᠨᠢ ᠲᠤᠰ  ᠬᠡᠷᠡᠭ ᠢ ᠪᠠᠶᠢᠴᠠᠭᠠᠬᠤ ᠬᠤᠷᠢᠶᠠᠨ ᠳᠤ ᠰᠢᠯᠵᠢᠬᠦᠯᠦᠨ ᠦᠭᠴᠦ ᠫᠠᠨ ᡁᠢ ᠷᠦᠩ ᠪᠠᠶᠢᠴᠠᠭᠠᠬᠤ ᠲᠤᠰᠢᠶᠠᠯᠳᠠᠨ ᠪᠤᠯᠤᠬᠰᠠᠨ ᠪᠠᠶᠢᠯ᠎ᠠ᠃  ᠲᠦᠪᠴᠢᠨ ᠠᠷᠢᠬᠢ ᠤᠤᠭᠤᠵᠤ ᠵᠤᠳᠤᠯᠳᠤᠬᠰᠠᠨ ᠵᠢᠭᠠᠬᠠᠨ ᠤᠴᠢᠷ ᠢ ᠶᠡᠬᠡᠰᠬᠡᠨ ᠬᠠᠤᠯᠢ ᠪᠠᠷ ᠬᠡᠯᠡᠯᠴᠡᠬᠦ ᠪᠤᠯᠤᠬᠰᠠᠨ ᠳᠤ ᠮᠠᠰᠢ ᠲᠤᠷ᠎ᠠ  ᠦᠬᠡᠶᠢᠴᠡᠵᠦ ᠪᠠᠶᠢᠪᠡ᠃ ᠫᠠᠨ ᡁᠢ ᠷᠦᠩ ᠲᠡᠭᠦᠨ ᠢ ᠬᠠᠯᠠᠰᠢᠷᠠᠯ ᠦᠬᠡᠢ ᠢᠳᠬᠠᠨ᠄ ︽ᠲᠠ ᠬᠤᠶᠠᠭᠤᠯᠠ ᠪᠤᠯ ᠰᠠᠶᠢᠨ ᠠᠬ᠎ᠠ ᠲᠡᠬᠦᠦ  ᠪᠤᠯᠬᠤᠷ ᠨᠢᠬᠡ ᠴᠠᠬ ᠤᠨ ᠠᠭᠤᠷ ᠢᠶᠠᠷ ᠡᠪ ᠨᠠᠶᠢᠷ ᠢᠶᠠᠨ ᠡᠪᠳᠡᠵᠦ ᠪᠤᠯᠬᠤ ᠦᠬᠡᠢ᠂ ᠶᠠᠭᠤ ᠴᠤ ᠬᠡᠰᠡᠨ ᠲᠠ ᠬᠦᠮᠦᠨ ᠢ  ᠰᠢᠷᠠᠬᠳᠤᠭᠤᠯᠤᠬᠰᠠᠨ ᠶᠤᠮ ᠴᠢᠨᠢ ᠡᠬᠦᠷᠬᠡᠯᠡᠪᠡᠰᠦ ᠵᠤᠬᠢᠬᠤ ᠬᠠᠤᠯᠢ ᠶᠢᠨ ᠬᠠᠷᠢᠭᠤᠴᠠᠯᠭ᠎ᠠ ᠶᠢ ᠡᠬᠦᠷᠬᠡᠯᠡᠪᠡᠯ ᠵᠤᠬᠢᠨ᠎ᠠ︾ ᠬᠡᠰᠡᠨ ᠪᠠᠶᠢᠯ᠎ᠠ  ᠃ ᠬᠠᠮᠤᠬ ᠤᠨ ᠰᠡᠬᠦᠯ ᠳᠤᠨᠢ᠂ ᠲᠦᠪᠴᠢᠨ ᠶᠠᠯ᠎ᠠ ᠪᠠᠨ ᠮᠡᠳᠡᠷᠡᠵᠦ ᠲᠦᠯᠦᠪᠦᠷᠢ ᠶᠢᠨ ᠮᠦᠩᠬᠦ ᠶᠢ ᠲᠦᠯᠦᠭᠰᠡᠨ ᠴᠤ ᠠᠭᠤᠷ ᠨᠢ  ᠲᠠᠶᠢᠳᠬᠤᠷᠠᠬᠰᠠᠨ ᠦᠬᠡᠢ᠂ ᠬᠠᠷᠢᠨ ᠬᠤᠶᠠᠷ ᠬᠡᠷ ᠤᠨ ᠵᠦᠷᠢᠴᠡᠯ ᠤᠯᠠᠮ ᠢᠶᠠᠷ ᠬᠤᠷᠴᠠᠳᠤᠨ ᠴᠢᠨᠠᠬᠰᠢᠯᠠᠨ ᠶᠠᠪᠤᠯᠴᠠᠬᠤ ᠪᠠᠨ ᠪᠤᠯᠢᠵᠠᠢ᠃  ᠡᠳᠡᠬᠡᠷ ᠤᠴᠢᠷ ᠢ ᠭᠠᠳᠠᠷᠯᠠᠬᠰᠠᠨ ᠫᠠᠨ ᡁᠢ ᠷᠦᠩ ᠲᠦᠪᠴᠢᠨ ᠤ ᠬᠡᠷ ᠲᠤ ᠬᠦᠷᠴᠦ᠄ ︽ᠲᠠ ᠴᠢᠨᠢ ᠪᠤᠰᠤᠭ᠎ᠠ ᠡᠷ᠎ᠡ ᠬᠦᠮᠦᠨ  ᠪᠠᠶᠢᠭᠠᠳ ᠡᠨᠡ ᠵᠢᠭᠠᠬᠠᠨ ᠤᠴᠢᠷ ᠲᠤ ᠠᠭᠤᠷᠯᠠᠨ᠎ᠠ ᠬᠡᠵᠢ ᠦᠦ᠂ ᠬᠤᠵᠢᠮ ᠵᠢᠭᠠᠬᠠᠨ ᠤᠴᠢᠷ ᠲᠤ ᠪᠢᠳᠡᠬᠡᠢ ᠵᠤᠳᠤᠯᠳᠤ᠂ ᠰᠠᠶᠢᠬᠠᠨ  ᠠᠮᠢᠳᠤᠷᠠ︾ ᠬᠡᠵᠦ ᠢᠳᠬᠠᠨ ᠰᠠᠨᠠᠭᠤᠯᠵᠠᠢ᠃ ᠫᠠᠨ ᡁᠢ ᠷᠦᠩ ᠡᠷᠳᠡᠨᠢ ᠶᠢᠨ ᠬᠡᠷ ᠲᠤ ᠬᠦᠷᠦᠭᠡᠳ ᠪᠠᠰᠠ ᠡᠪᠳᠡᠢ ᠦᠬᠡ ᠪᠠᠷ  ᠢᠳᠬᠠᠵᠤ᠄ ︽ᠡᠷ᠎ᠡ ᠬᠦᠮᠦᠨ ᠤ ᠴᠡᠬᠡᠵᠢᠨ ᠳᠤ ᠡᠮᠡᠬᠡᠯ ᠬᠠᠵᠠᠭᠠᠷ ᠲᠠᠢ ᠮᠤᠷᠢ ᠡᠷᠬᠢᠯᠳᠦᠨ᠎ᠡ ᠬᠡᠳᠡᠭ᠂ ᠡᠳᠦ᠋ᠢᠴᠢᠨᠡᠬᠡᠨ ᠵᠢᠯ ᠠᠶᠢᠯ  ᠵᠡᠷᠬᠡᠯᠡᠳᠡᠭᠡ ᠰᠠᠭᠤᠴᠢᠬᠠᠭᠠᠳ ᠵᠢᠭᠠᠬᠠᠨ ᠤᠴᠢᠷ ᠠᠴᠠ ᠪᠤᠯᠵᠤ ᠡᠪ ᠨᠠᠶᠢᠷ ᠢᠶᠠᠨ ᠪᠦᠦ ᠬᠡᠮᠳᠦᠬᠡ︾ ᠬᠡᠵᠠᠢ᠃ ᠢᠩᠬᠢᠬᠡᠳ ᠲᠡᠮᠡᠢ ᠤᠳᠠᠯ  ᠦᠬᠡᠢ ᠲᠦᠪᠴᠢᠨ ᠪᠤᠯᠤᠨ ᠡᠷᠳᠡᠨᠢ ᠤᠤᠯ ᠤᠨ ᠰᠢᠬ ᠡᠶ᠎ᠡ ᠡᠪ ᠲᠠᠢ ᠪᠤᠯᠤᠬᠰᠠᠨ ᠪᠠᠶᠢᠯ᠎ᠠ᠃ ᠨᠢᠬᠡᠨ ᠤᠳᠠᠭ᠎ᠠ ᠲᠦᠪᠴᠢᠨ  ᠬᠡᠦᠬᠡᠳ ᠤᠨ ᠢᠶᠠᠨ ᠰᠤᠷᠤᠯᠭ᠎ᠠ ᠶᠢᠨ ᠰᠦᠢᠳᠬᠡᠯ ᠢ ᠦᠭᠴᠦ ᠲᠡᠶᠢᠯᠬᠦ ᠦᠬᠡᠢ ᠪᠤᠯᠵᠤ ᠫᠠᠨ ᡁᠢ ᠷᠦᠩ ᠳᠤ ᠤᠳᠠᠰᠤᠳᠠᠬᠰᠠᠨ ᠳᠤ ᠲᠡᠷᠡ  ᠬᠡᠷ ᠠᠴᠠ ᠪᠠᠨ 3000 ᠲᠦᠬᠦᠷᠢᠭ ᠠᠪᠴᠤ ᠲᠦᠪᠴᠢᠨ ᠤ ᠬᠡᠷ ᠲᠤ ᠬᠦᠷᠴᠦ ᠭᠠᠷᠳᠠᠭᠤᠯᠵᠠᠢ᠃ 2006 ᠤᠨ ᠳᠤ ᠪᠠᠶᠠᠨᠬᠤᠸᠠ  ᠪᠠᠯᠭᠠᠰᠤᠨ ᠳᠤ ᠶᠡᠭᠡ ᠴᠠᠰᠤ ᠤᠷᠤᠵᠤ ᠮᠠᠯᠴᠢᠳ ᠡᠪᠡᠰᠦ ᠪᠤᠷᠳᠤᠭ᠎ᠠ ᠠᠪᠴᠤ ᠬᠤᠨᠢ ᠪᠠᠨ ᠡᠪᠡᠰᠦᠯᠡᠬᠦ ᠬᠡᠷᠡᠭ ᠲᠠᠢ ᠪᠤᠯᠪᠠ᠃  ᠲᠦᠪᠴᠢᠨ ᠤ ᠭᠠᠷ ᠲᠤᠨᠢ ᠮᠦᠩᠬᠦ ᠦᠬᠡᠢ ᠪᠤᠯᠬᠤᠷ ᠭᠠᠷ ᠨᠤᠬᠤᠯᠡᠨ ᠭᠠᠴᠢᠬᠳᠠᠬᠤ ᠳᠠᠭᠠᠨ ᠮᠦᠨ ᠯᠡ ᠫᠠᠨ ᡁᠢ ᠷᠦᠩ ᠢ ᠡᠷᠢᠯ᠎ᠡ᠃  ᠫᠠᠨ ᡁᠢ ᠷᠦᠩ ᠲᠦᠪᠴᠢᠨ ᠢ ᠲᠠᠭᠠᠭᠤᠯᠤᠨ ᠪᠠᠩᠬᠢ ᠠᠴᠠ ᠵᠢᠬᠡᠯᠡᠯᠬᠡ ᠡᠷᠡᠮᠡᠯᠵᠡᠯᠡᠨ ᠦᠪᠡᠷ ᠲᠡᠭᠡᠨ ᠪᠠᠳᠤᠯᠠᠬᠴᠢ ᠬᠦᠮᠦᠨ ᠪᠤᠯᠵᠤ  ᠲᠦᠪᠴᠢᠨ ᠤ ᠬᠦᠴᠢᠷᠳᠡᠯ ᠢ ᠰᠢᠢᠳᠪᠦᠷᠢᠯᠡᠵᠦ ᠦᠭᠴᠡᠢ᠃ ᠡᠨᠡ ᠮᠡᠳᠦ ᠪᠠᠷ ᠫᠠᠨ ᡁᠢ ᠷᠦᠩ ᠲᠦᠪᠴᠢᠨ ᠳᠤ 6 ᠵᠢᠯ ᠪᠠᠳᠤᠯᠠᠬᠴᠢ  ᠪᠤᠯᠤᠬᠰᠠᠨ ᠬᠡᠳᠡᠭ᠃ ᠬᠡᠳᠦᠨ ᠵᠢᠯ ᠲᠠᠷᠠᠭᠠᠯᠠᠨ ᠬᠠᠪᠤᠷ ᠪᠤᠯᠬᠤ ᠪᠦᠷᠢ ᠳᠤ ᠲᠦᠪᠴᠢᠨ ᠤ ᠬᠢ ᠡᠪᠡᠰᠦ ᠪᠤᠷᠳᠤᠭ᠎ᠠ ᠠᠪᠬᠤ ᠪᠤᠯᠬᠤ ᠳᠤ᠂  ᠬᠡᠷ ᠨᠢ ᠪᠠᠯᠭᠠᠰᠤᠨ ᠠᠴᠠ ᠬᠤᠯᠠ ᠪᠤᠯᠬᠤᠷ ᠡᠪᠡᠰᠦ ᠪᠤᠷᠳᠤᠭᠠᠨ ᠤ ᠲᠡᠷᠬᠡ ᠬᠦᠷᠬᠡᠵᠦ ᠦᠭᠳᠡᠭ ᠦᠬᠡᠢ᠃ ᠡᠬᠦᠨ ᠳᠤ ᠫᠠᠨ ᡁᠢ ᠷᠦᠩ  ᠤᠳᠠᠭ᠎ᠠ ᠪᠤᠯᠭᠠᠨ ᠲᠡᠷᠬᠡ ᠬᠠᠷᠢᠯᠴᠠᠵᠦ᠂ ᠲᠦᠪᠴᠢᠨ ᠪᠤᠯᠤᠨ ᠲᠡᠳᠡᠨ ᠤ ᠠᠶᠢᠯ ᠰᠠᠭᠠᠬᠠᠯᠳᠠ ᠶᠢᠨ ᠮᠠᠯᠴᠢᠳ ᠲᠤ ᠡᠪᠡᠰᠦ ᠪᠤᠷᠳᠤᠭ᠎ᠠ  ᠬᠦᠷᠬᠡᠵᠦ ᠦᠭᠳᠡᠭ ᠪᠠᠶᠢᠯ᠎ᠠ᠃ ᠫᠠᠨ ᡁᠢ ᠷᠦᠩ ᠤᠨ ᠬᠠᠪᠰᠤᠷᠤᠯᠭ᠎ᠠ ᠪᠠᠷ᠂ ᠶᠠᠳᠠᠭᠤ ᠵᠦᠳᠡᠬᠦᠦ ᠠᠮᠢᠳᠤᠷᠠᠯ ᠲᠠᠢ ᠪᠠᠶᠢᠬᠰᠠᠨ  ᠲᠦᠪᠴᠢᠨ ᠤ ᠬᠢ ᠪᠠᠶᠠᠵᠢᠨ ᠴᠢᠨᠡᠬᠡᠯᠢᠭᠵᠢᠵᠡᠢ᠃ ᠲᠦᠪᠴᠢᠨ ᠬᠡᠳᠦ᠋ᠢᠪᠡᠷ ᠠᠮᠠᠨ ᠲᠡᠭᠡᠷ᠎ᠡ ᠪᠠᠨ ᠶᠠᠷᠢᠬᠤ ᠦᠬᠡᠢ ᠪᠤᠯᠪᠠᠴᠤ ᠠᠷᠢᠬᠢ  ᠤᠤᠭᠤᠵᠤ ᠬᠠᠯᠠᠰᠤᠮᠠᠬᠴᠠ᠄ ︽ᠠᠷᠪᠠᠨ ᠬᠡᠳᠦᠨ ᠵᠢᠯ ᠪᠤᠯᠴᠢᠬᠠᠯ᠎ᠠ᠂ ᠫᠠᠨ ᡁᠢ ᠷᠦᠩ ᠨᠠᠮᠠᠶᠢ ᠬᠡᠴᠢᠨᠡᠨ ᠬᠠᠪᠰᠤᠷᠴᠤ ᠦᠩᠬᠡᠷᠡᠭᠰᠡᠨ ᠢ  ᠪᠢ ᠨᠢᠬᠡᠨᠳᠡ ᠮᠡᠳᠡᠬᠦ ᠪᠠᠨ ᠪᠠᠶᠢᠬᠰᠨᠨ᠃ ᠦᠨᠡᠨ ᠢ ᠬᠡᠯᠡᠪᠡᠯ ᠲᠡᠷᠡ ᠪᠤᠯ ᠬᠡᠷᠡᠭ ᠰᠢᠢᠳᠪᠦᠷᠢᠯᠡᠳᠡᠭ ᠬᠦᠮᠦᠨ᠃ ᠬᠡᠳᠡᠯ᠎ᠡ ᠲᠡᠷᠡ  ᠬᠡᠷᠡᠭ ᠢᠶᠠᠨ ᠰᠢᠢᠳᠪᠦᠷᠢᠯᠡᠵᠦ ᠪᠠᠷᠠᠭᠠᠳ ᠪᠠᠰᠠ ᠨᠠᠮᠠᠶᠢ ᠬᠠᠪᠰᠤᠷᠤᠬᠰᠠᠨ᠃ ᠫᠠᠨ ᡁᠢ ᠷᠦᠩ ᠪᠤᠯ ᠮᠢᠨᠤ ᠡᠨᠡ ᠨᠠᠰᠤᠨ ᠤ ᠰᠠᠶᠢᠨ ᠠᠨᠳᠠ  ᠰᠢᠦ︕︾ ᠬᠡᠵᠦ ᠦᠨᠡᠨ ᠵᠢᠷᠦᠬᠡᠨ ᠤ ᠦᠬᠡ ᠪᠠᠨ ᠠᠭᠤᠳᠠᠯᠳᠠᠬ᠃ ᠲᠠᠷᠬᠠᠨ ᠮᠤᠤᠮᠢᠩᠭᠠᠨ ᠤ ᠲᠠᠯ᠎ᠠ ᠳᠤ᠂ ᠴᠤᠬᠤᠮ ᠬᠡᠴᠢᠨᠡᠨ  ᠬᠦᠮᠦᠨ ᠲᠦᠪᠴᠢᠨ ᠲᠠᠢ ᠠᠳᠠᠯᠢ ᠪᠠᠷ ᠫᠠᠨ ᡁᠢ ᠷᠦᠩ ᠤᠨ ᠲᠡᠮᠵᠢᠯᠬᠡ ᠶᠢ ᠤᠯᠤᠬᠰᠠᠨ ᠢ ᠪᠦᠦ ᠮᠡᠳᠡ᠃       


    ᠪᠠᠶᠢᠴᠠᠭᠠᠬᠤ ᠲᠠᠰᠤᠬ ᠢᠶᠠᠷ ᠬᠡᠷ ᠢᠶᠠᠨ ᠪᠤᠯᠭᠠᠬᠰᠠᠨ ᠨᠢ       
    ᠫᠠᠨ ᡁᠢ ᠷᠦᠩ ᠪᠡᠶ᠎ᠡ ᠵᠡᠷᠬᠡ ᠳᠤ ᠬᠦᠷᠦᠬᠡᠳ ᠶᠠᠩ ᠱᠦ ᠮᠸᠢ ᠬᠡᠳᠡᠭ ᠬᠡᠤᠬᠡᠨ ᠲᠠᠢ ᠬᠡᠷᠯᠡᠵᠦ ᠠᠮᠢᠳᠤᠷᠠᠵᠠᠢ᠃ ᠫᠠᠨ ᡁᠢ ᠷᠦᠩ  ᠠᠬ᠎ᠠ ᠡᠬᠡᠴᠢ ᠲᠡᠬᠦᠦ ᠵᠢᠷᠭᠤᠭᠤᠯᠠ ᠪᠤᠯᠬᠤᠷ ᠠᠪᠤ ᠡᠵᠢ ᠶᠢᠨ ᠢᠶᠠᠨ ᠲᠠᠷᠤᠭᠠᠰᠤ ᠶᠢ ᠬᠦᠩᠬᠡᠯᠡᠬᠦ ᠶᠢ ᠪᠤᠳᠤᠵᠤ᠂ ᠨᠢᠬᠡᠨ ᠦᠬᠢᠨ  ᠲᠡᠬᠦᠦ ᠪᠠᠨ ᠭᠡᠷ ᠲᠡᠭᠡᠨ ᠠᠪᠴᠢᠷᠠᠨ ᠠᠶᠢᠯ ᠳᠤ ᠮᠤᠷᠳᠠᠬᠤ ᠪᠤᠯᠳᠠᠯ᠎ᠠ ᠨᠢ ᠬᠠᠮᠢᠶᠠᠷᠴᠤ ᠬᠠᠷᠠᠭᠠᠯᠵᠠᠯ᠎ᠠ᠃ ᠫᠠᠨ ᡁᠢ ᠷᠦᠩ ᠤᠨ  ᠠᠬ᠎ᠠ ᠶᠢᠨ ᠬᠢ ᠬᠡᠦᠬᠡᠳ ᠤᠯᠠᠨᠳᠠᠢ ᠪᠠᠶᠢᠵᠤ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠤᠯᠭᠠᠨ ᠫᠠᠨ ᡁᠢ ᠷᠦᠩ  ᠠᠴᠢ ᠶᠢᠨ ᠢᠶᠠᠨ ᠰᠤᠷᠤᠯᠭ᠎ᠠ ᠶᠢᠨ ᠰᠦᠢᠳᠬᠡᠯ ᠢ ᠨᠢ ᠪᠡᠯᠡᠳᠬᠡᠵᠦ ᠦᠭᠳᠡᠭ᠃ ᠫᠠᠨ ᡁᠢ ᠷᠦᠩ ᠶᠠᠩ ᠱᠦ ᠮᠸᠢ ᠬᠤᠶᠠᠭᠤᠯᠠ ᠶᠢᠨ  ᠬᠤᠷᠢᠮᠯᠠᠬᠤ ᠦᠶ᠎ᠡ ᠶᠢᠨ ᠬᠡᠷ ᠨᠢ ᠫᠠᠨ ᡁᠢ ᠷᠦᠩ ᠤᠨ ᠪᠠᠶᠢᠭᠤᠯᠤᠯᠭ᠎ᠠ ᠶᠢᠨ ᠡᠬᠦᠳᠡᠨ ᠬᠡᠷ ᠪᠠᠶᠢᠵᠤ᠂ ᠲᠠᠷᠠᠭ᠎ᠠ ᠨᠢ ᠬᠤᠰᠢᠭᠤᠨ ᠠᠴᠠ  ᠠᠷᠪᠠᠨ ᠬᠡᠳᠦᠨ ᠭᠠᠵᠠᠷ ᠵᠠᠶᠢᠳᠠᠢ ᠨᠢᠬᠡᠨ ᠪᠠᠶᠢᠰᠢᠩ ᠬᠡᠷ ᠠᠪᠴᠤ ᠰᠠᠭᠤᠯ᠎ᠠ᠃ ᠫᠠᠨ ᡁᠢ ᠷᠦᠩ ᠤᠨ ᠬᠡᠷ ᠨᠢ ᠠᠵᠢᠯᠯᠠᠬᠤ ᠭᠠᠵᠠᠷ ᠠᠴᠠ  ᠬᠡᠳᠦᠷᠬᠡᠢ ᠬᠤᠯᠠ ᠪᠤᠯᠬᠤᠷ ᠮᠦᠩᠬᠦ ᠴᠤᠬᠯᠠᠭᠤᠯᠤᠨ ᠮᠤᠲ᠋ᠤᠷ ᠠᠪᠬᠤ ᠪᠠᠷ ᠵᠡᠬᠡᠵᠡᠢ᠃ ᠬᠡᠳᠡᠯ᠎ᠡ ᠫᠠᠨ ᡁᠢ ᠷᠦᠩ ᠵᠢᠭᠠᠬᠠᠨ ᠮᠦᠩᠬᠦ ᠲᠠᠢ  ᠪᠤᠯᠤᠮᠠᠬᠴᠠ ᠬᠦᠳᠡᠭᠡ ᠳᠤ ᠪᠠᠶᠢᠭ᠎ᠠ ᠠᠪᠤ ᠡᠵᠢ ᠪᠠᠨ ᠲᠤᠰᠴᠤ ᠠᠪᠴᠢᠷᠠᠨ᠂ ᠲᠡᠮᠡᠢ ᠤᠳᠠᠯ ᠦᠬᠡᠢ ᠪᠠᠰᠠ ᠠᠬ᠎ᠠ ᠡᠬᠡᠴᠢ  ᠲᠡᠬᠦᠦᠨᠠᠷ ᠢᠶᠠᠨ ᠲᠡᠮᠵᠢᠭᠰᠡᠨ ᠪᠤᠯᠬᠤᠷ ᠮᠦᠩᠬᠦ ᠴᠤᠬᠯᠠᠭᠤᠯᠵᠤ ᠲᠡᠶᠢᠯᠦᠭᠰᠡᠨ ᠦᠬᠡᠢ ᠪᠠᠶᠢᠯ᠎ᠠ᠃ ᠬᠡᠳᠡᠯ᠎ᠡ ᠠᠷᠭᠠᠯᠠᠵᠦ ᠪᠠᠶᠢᠭᠠᠳ ᠮᠤᠲ᠋ᠤᠷ  ᠠᠪᠴᠤ ᠤᠨᠤᠭᠠᠳ ᠬᠡᠷ ᠢᠶᠠᠷ ᠢᠶᠠᠨ ᠬᠠᠭᠠᠷᠠᠳᠠᠯ᠎ᠠ ᠪᠠᠶᠠᠷᠯᠠᠵᠠᠢ᠃ ᠫᠠᠨ ᡁᠢ ᠷᠦᠩ ᠡᠷ᠎ᠡ ᠡᠮ᠎ᠡ ᠬᠤᠶᠠᠭᠤᠯᠠ ᠬᠦᠦ ᠪᠠᠨ ᠮᠤᠲ᠋ᠤᠷ ᠢᠶᠠᠷ  ᠰᠤᠷᠭᠠᠭᠤᠯᠢ ᠳᠤᠨᠢ ᠬᠦᠷᠭᠡᠵᠦ ᠠᠵᠢᠯ ᠳᠠᠭᠠᠨ ᠶᠠᠪᠤᠵᠤ ᠪᠠᠶᠢᠵᠠᠢ᠃ ᠨᠢᠬᠡ ᠮᠡᠳᠡᠬᠦ ᠳᠤ ᠡᠨᠡ ᠮᠤᠲ᠋ᠤᠷ ᠢ ᠤᠨᠤᠭᠠᠳ ᠪᠦᠬᠦᠯᠢ ᠠᠷᠪᠠᠨ  ᠵᠢᠯ ᠤᠨ ᠨᠢᠭᠤᠷ ᠦᠵᠡᠵᠡᠢ᠃ ᠫᠠᠨ ᡁᠢ ᠷᠦᠩ ᠤᠨ ᠬᠠᠵᠠᠭᠤᠳᠡᠬᠢ ᠬᠦᠮᠦᠰ ᠬᠤᠶᠢᠨ᠎ᠠ ᠬᠤᠶᠢᠨ᠎ᠡ ᠠᠴᠠ ᠪᠠᠨ ᠠᠰᠠᠷ ᠲᠤ ᠨᠡᠬᠦᠨ  ᠤᠷᠤᠯ᠎ᠠ᠃ ᠫᠠᠨ ᡁᠢ ᠷᠦᠩ ᠵᠤᠷᠢᠬ ᠭᠠᠷᠭᠠᠨ ᠠᠳᠡ ᠲᠡᠨᠳᠡ ᠠᠴᠠ ᠵᠤᠭᠤᠰ ᠴᠤᠬᠯᠠᠭᠤᠯᠤᠨ ᠵᠢᠬᠡᠯᠡᠯᠬᠡ ᠠᠪᠤᠭᠠᠳ ᠠᠰᠠᠷ ᠤᠨ ᠬᠠᠮᠤᠭ  ᠳᠡᠭᠡᠳᠦ ᠲᠠᠪᠬᠤᠷᠯᠢᠬ ᠠᠴᠠ ᠬᠡᠷ ᠠᠪᠤᠯ᠎ᠠ᠃ ᠡᠳᠡᠬᠡᠷ ᠵᠢᠬᠡᠯᠡᠯᠬᠡ ᠪᠠᠨ ᠪᠤᠴᠠᠭᠠᠬᠤ ᠶᠢᠨ ᠲᠦᠯᠦᠬᠡ ᠫᠠᠨ ᡁᠢ ᠷᠦᠩ ᠤᠨ ᠬᠢ ᠨᠡᠩ  ᠶᠡᠬᠡᠪᠡᠷ ᠠᠷᠪᠢᠯᠠᠨ ᠭᠠᠮᠨᠠᠬᠤ ᠪᠤᠯᠵᠠᠢ᠃ ᠰᠢᠨᠡᠬᠡᠨ ᠠᠪᠤᠬᠰᠠᠨ ᠬᠡᠷ ᠢᠶᠠᠨ ᠲᠦᠬᠦᠮᠬᠡᠨ ᠴᠤᠬᠤᠢᠢᠳᠠᠭᠠᠳ ᠨᠢᠬᠡ ᠪᠦᠯᠦᠭ ᠬᠠᠭᠤᠴᠢᠨ  ᠬᠡᠷ ᠤᠨ ᠡᠳ᠋ᠯᠡᠯ ᠬᠡᠷᠡᠭᠰᠡᠯ ᠠᠪᠴᠠᠢ᠃ ᠲᠡᠳᠡᠨ ᠤ ᠬᠡᠷ ᠲᠤ ᠠᠮᠢᠳᠤᠷᠠᠯ ᠤᠨ ᠵᠠᠪᠠᠯ ᠱᠠᠭᠠᠷᠳᠠᠬᠳᠠᠬᠤ ᠵᠦᠢᠯᠡᠰ ᠠᠴᠠ ᠦᠬᠡᠷ᠎ᠡ ᠤᠨᠴᠠᠭᠠᠢ  ᠶᠠᠭᠤᠮ᠎ᠠ ᠪᠠᠶᠢᠭ᠎ᠠ ᠦᠬᠡᠢ᠃ ᠫᠠᠨ ᡁᠢ ᠷᠦᠩ ᠬᠦᠦ ᠳᠡᠭᠡᠨ ᠱᠠᠬᠠᠢ ᠠᠪᠬᠤ ᠳᠠᠭᠠᠨ ᠢᠯᠡᠬᠦᠦ ᠨᠢᠬᠡ ᠵᠢᠯ ᠡᠮᠦᠰᠬᠦ ᠶᠢ ᠪᠤᠳᠤᠵᠤ ᠢᠯᠡᠬᠦᠦ  ᠨᠢᠬᠡ ᠨᠤᠮᠧᠷ ᠤᠨ ᠱᠠᠬᠠᠢ ᠠᠪᠴᠤ ᠡᠮᠦᠰᠦᠬᠦᠯᠦᠨ᠎ᠡ᠃ ᠬᠦᠦ ᠨᠢ ᠪᠠᠰᠠ ᠬᠡᠳᠦᠨ ᠲᠠᠪᠬᠤᠷ ᠤᠯᠠᠪᠴᠢ ᠲᠡᠪᠢᠰᠦᠬᠡᠳ ᠡᠮᠦᠰᠳᠡᠭ ᠪᠠᠶᠢᠯ᠎ᠠ  ᠃ ᠡᠨᠡ ᠭᠤᠴᠢᠨ ᠵᠢᠯ ᠤᠨ ᠲᠤᠷᠰᠢ᠂ ᠫᠠᠨ ᡁᠢ ᠷᠦᠩ ᠮᠠᠰᠢ ᠤᠯᠠᠨ ᠴᠢᠬᠤᠯᠠ ᠠᠵᠢᠯ ᠤᠨ ᠪᠠᠶᠢᠷᠢᠨ ᠳᠤ ᠠᠵᠢᠯᠯᠠᠨ ᠨᠡᠯᠢᠶᠡᠳ  ᠡᠷᠬᠡ ᠲᠠᠢ ᠪᠤᠯᠤᠬᠰᠠᠨ ᠴᠤ ᠲᠡᠳᠡᠨ ᠤ ᠬᠡᠷ ᠨᠢ ᠮᠦᠨ ᠯᠡ ᠶᠠᠳᠠᠭᠤ ᠪᠠᠶᠢᠯ᠎ᠠ᠃ ᠨᠢᠬᠡᠨ ᠤᠳᠠᠭ᠎ᠠ᠂ ᠬᠡᠷᠡᠭ ᠤᠨ ᠲᠤᠬᠠᠢ ᠶᠢᠨ ᠬᠦᠮᠦᠨ  ᠫᠠᠨ ᡁᠢ ᠷᠦᠩ ᠤᠨ ᠬᠡᠷ ᠲᠤᠨᠢ ᠢᠷᠡᠬᠡᠳ ᠲᠡᠬᠦᠨ ᠳᠤ ᠵᠠᠬᠢᠳᠠᠯ ᠤᠨ ᠤᠭᠤᠳᠠ ᠲᠠᠢ ᠮᠦᠩᠬᠦ ᠠᠪᠴᠢᠷᠠᠵᠤ ᠦᠭᠴᠡᠢ᠃ ᠵᠦᠳᠡᠬᠦᠬᠡᠨ  ᠠᠮᠢᠳᠤᠷᠠᠯ ᠲᠠᠢ ᠪᠠᠶᠢᠭ᠎ᠠ ᠫᠠᠨ ᡁᠢ ᠷᠦᠩ ᠡᠬᠦᠨ ᠳᠤᠨᠢ ᠰᠡᠳᠬᠢᠯ ᠬᠦᠳᠡᠯᠦᠭᠰᠡᠨ ᠦᠬᠡᠢ᠂ ᠬᠠᠷᠢᠨ ᠲᠡᠷᠡ ᠬᠦᠮᠦᠨ ᠢ ᠰᠢᠭᠤᠳ  ᠬᠡᠷ ᠠᠴᠠ ᠪᠠᠨ ᠲᠦᠯᠬᠢᠵᠦ ᠭᠠᠷᠭᠠᠬᠰᠠᠨ ᠬᠡᠳᠡᠭ᠃ ︽ᠲᠡᠬᠦᠨ ᠲᠠᠢ ᠠᠮᠢᠳᠤᠷᠠᠬᠰᠠᠨ 30 ᠵᠢᠯ ᠤᠨ ᠲᠤᠷᠰᠢ ᠲᠡᠷᠡ ᠬᠡᠷ ᠲᠡᠭᠡᠨ ᠲᠡᠮᠡᠢ  ᠰᠠᠭᠤᠬᠰᠠᠨ ᠦᠬᠡᠢ︾ ᠬᠡᠵᠦ ᠬᠡᠷᠬᠡᠢ ᠶᠠᠩ ᠱᠦ ᠮᠸᠢ ᠨᠢ ᠶᠠᠷᠢᠨ᠎ᠠ᠃ ᠨᠡᠬᠡᠷᠡᠨ ᠫᠠᠨ ᡁᠢ ᠷᠦᠩ ᠦᠷᠯᠦᠬᠡ ᠶᠢᠨ ᠲᠠᠪᠤ ᠵᠢᠷᠭᠤᠭᠠᠨ ᠴᠠᠬ  ᠪᠤᠯᠤᠮᠠᠬᠴᠠ ᠪᠠᠶᠢᠭᠤᠯᠤᠯᠭ᠎ᠠ ᠤᠷᠤᠭᠤ ᠪᠠᠨ ᠶᠠᠪᠤᠨ᠎ᠠ᠂ ᠤᠷᠤᠢ ᠬᠡᠷ ᠲᠡᠭᠡᠨ ᠬᠠᠷᠢᠵᠤ ᠢᠷᠡᠬᠡᠳ ᠵᠢᠭᠠᠬᠠᠨ ᠬᠤᠭᠤᠯᠠ ᠢᠳᠡᠮᠡᠭᠴᠡ  ᠲᠠᠬᠢᠭᠠᠳ ᠭᠠᠷᠴᠤ ᠶᠠᠪᠤᠨ᠎ᠠ᠃ ᠨᠡᠩ ᠴᠤ ᠬᠦᠳᠡᠭᠡ ᠪᠠᠭᠤᠪᠠᠯ ᠬᠡᠳᠦᠨ ᠡᠳᠦᠷ ᠢᠶᠠᠷ ᠬᠡᠷ ᠲᠡᠭᠡᠨ ᠬᠠᠷᠢᠳᠠᠬ ᠦᠬᠡᠢ᠃ ᠬᠤᠵᠢᠮ ᠨᠢ ᠫᠠᠨ  ᡁᠢ ᠷᠦᠩ ᠪᠠᠶᠢᠴᠠᠭᠠᠬᠤ ᠲᠠᠰᠤᠬ ᠲᠤ ᠬᠦᠷᠴᠦ ᠠᠵᠢᠯᠯᠠᠯ᠎ᠠ᠃ ᠨᠢᠬᠡᠨ ᠭᠠᠷᠠᠬ ᠤᠨ ᠡᠳᠦᠷ ᠲᠡᠷᠡ ᠬᠡᠷᠬᠡᠢ ᠶᠠᠩ ᠱᠦ ᠮᠸᠢ ᠪᠠᠨ ᠲᠠᠯ᠎ᠠ  ᠨᠤᠳᠤᠬ ᠦᠵᠡᠬᠦᠯᠦᠶ᠎ᠡ ᠬᠡᠵᠦ ᠲᠠᠭᠠᠭᠤᠯᠵᠤ ᠶᠠᠪᠤᠵᠠᠢ᠃ ᠡᠴᠢᠨᠡᠬᠡᠨ ᠵᠢᠯ ᠤᠨ ᠲᠤᠷᠰᠢ ᠶᠡᠷᠦᠨᠢ ᠵᠤᠭᠠᠯᠠᠬᠤ ᠪᠠᠷ ᠭᠠᠷᠤᠬᠰᠠᠨ ᠦᠬᠡᠢ  ᠳᠤᠯᠠ ᠶᠠᠩ ᠱᠦ ᠮᠸᠢ ᠶᠡᠬᠡᠳᠡ ᠭᠠᠶᠢᠬᠠᠨ ᠪᠠᠶᠠᠷᠯᠠᠵᠠᠢ᠃ ᠬᠡᠳᠡᠯ᠎ᠡ ᠫᠠᠨ ᡁᠢ ᠷᠦᠩ ᠬᠠᠷᠢᠨ ᠬᠡᠷᠬᠡᠢ ᠶᠠᠩ ᠱᠦ ᠮᠸᠢ ᠪᠠᠷ ᠢᠶᠠᠨ  ᠪᠠᠶᠢᠴᠠᠭᠠᠬᠤ ᠲᠠᠰᠤᠬ ᠤᠨ ᠢᠶᠠᠨ ᠰᠢᠯ ᠢ ᠵᠦᠯᠬᠦᠬᠦᠯᠬᠦ ᠬᠡᠰᠡᠨ ᠪᠠᠶᠢᠯ᠎ᠠ᠃ ᠶᠠᠩ ᠱᠦ ᠮᠸᠢ ᠪᠠᠰᠠ ᠨᠢᠬᠡᠨ ᠤᠳᠠᠭ᠎ᠠ ᠫᠠᠨ ᡁᠢ ᠷᠦᠩ ᠢ  ᠡᠷᠢᠵᠦ ᠬᠦᠷᠬᠦᠯᠡᠷ ᠲᠡᠷᠡ ᠬᠠᠷᠢᠨ ᠪᠠᠶᠢᠴᠠᠭᠠᠬᠤ ᠲᠠᠰᠤᠬ ᠤᠨ ᠢᠶᠠᠨ ᠴᠤᠩᠬᠤᠨ ᠤ ᠬᠦᠰᠢᠬᠡ ᠪᠤᠯᠤᠨ ᠱᠠᠹᠠ ᠶᠢᠨ ᠪᠦᠳᠡᠬᠡᠯᠬᠡ ᠪᠠᠨ  ᠦᠭᠴᠦ ᠤᠬᠢᠶᠠᠯᠭᠠᠬᠤ ᠬᠡᠰᠡᠨ ᠬᠡᠳᠡᠭ᠃ ᠨᠢᠬᠡᠯᠡ ᠰᠡᠳᠬᠢᠯ ᠢᠶᠠᠷ ᠠᠵᠢᠯ ᠤᠨ ᠢᠶᠠᠨ ᠲᠦᠯᠦᠬᠡ ᠵᠢᠳᠬᠦᠳᠡᠭ ᠫᠠᠨ ᡁᠢ ᠷᠦᠩ ᠳᠤ  ᠠᠪᠴᠤ ᠬᠡᠯᠡᠪᠡᠯ ᠪᠠᠶᠢᠴᠠᠭᠠᠬᠤ ᠲᠠᠰᠤᠬ ᠨᠢ ᠲᠡᠬᠦᠨ ᠤ ᠬᠡᠷ ᠪᠤᠯᠵᠠᠢ ᠭᠡᠵᠦ ᠭᠡᠯᠡᠬᠦ ᠳᠤ ᠢᠯᠡᠬᠦᠳᠡᠬᠦ ᠪᠠᠷ ᠦᠭᠡᠢ᠃
  2.png  

    ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠪᠤᠯ ᠦᠶ᠎ᠡ ᠦᠶ᠎ᠡ ᠶᠢᠨ ᠪᠠᠭᠠᠳᠤᠷ ᠢ ᠲᠦᠷᠦᠬᠦᠯᠳᠡᠭ ᠲᠤᠯᠠᠭᠠᠨ ᠦᠯᠦᠬᠡᠢ  ᠶᠤᠮᠰᠠᠨ᠃ ᠬᠦᠯᠳᠡᠵᠦ ᠪᠡᠬᠡᠷᠡᠬᠦ ᠪᠠᠨ ᠬᠠᠶᠢᠬᠤᠷᠤᠯ ᠦᠬᠡᠢ ᠨᠡᠶᠢᠳᠡ ᠶᠢᠨ ᠬᠤᠨᠢᠨ ᠰᠦᠷᠦᠭ ᠢ ᠬᠠᠮᠠᠭᠠᠯᠠᠬᠰᠠᠨ ᠲᠠᠯ᠎ᠠ ᠨᠤᠳᠤᠬ ᠤᠨ  ᠪᠠᠭᠠᠳᠤᠷ ᠡᠬᠡᠴᠢ ᠦᠬᠢᠨ ᠲᠡᠬᠦᠦ ᠬᠤᠶᠠᠭᠤᠯᠠ ᠪᠤᠯᠤᠨ ᠬᠠᠨᠢ ᠨᠦᠬᠦᠳ ᠢᠶᠠᠨ ᠠᠪᠤᠷᠠᠬᠤ ᠶᠢᠨ ᠲᠦᠯᠦᠬᠡ ᠠᠮᠢ ᠪᠡᠶ᠎ᠡ ᠪᠠᠨ  ᠦᠷᠡᠭᠳᠡᠬᠦᠯᠦᠭᠰᠡᠨ ᠬᠤᠪᠢᠰᠬᠠᠯ ᠤᠨ ᠪᠠᠭᠠᠳᠤᠷ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠳᠤᠬᠠᠭᠠᠯᠭ᠎ᠠ ᠪᠠᠯᠭᠠᠰᠤᠨ ᠤ  ᠠᠷᠠᠳ ᠤᠨ ᠵᠡᠪᠰᠡᠭᠳᠦ ᠬᠦᠴᠦᠨ ᠤ ᠬᠡᠯᠳᠡᠰ ᠤᠨ ᠲᠠᠷᠤᠭ᠎ᠠ ᠠᠬᠰᠠᠨ ᠮᠦᠩᠬᠡᠳᠡᠯᠡᠢ ᠨᠠᠷ ᠬᠡᠳᠦᠨ ᠦᠶ᠎ᠡ ᠶᠢᠨ ᠬᠦᠮᠦᠰ ᠢ  ᠲᠤᠬᠳᠤᠯᠤᠭᠤᠯᠵᠤ ᠵᠤᠷᠢᠬᠵᠢᠭᠤᠯᠵᠦ ᠢᠷᠡᠯ᠎ᠠ᠃ ᠬᠡᠬᠦ ᠳᠤ ᠤᠯᠠᠩᠬᠢ ᠬᠦᠮᠦᠰ ᠬᠡᠰᠡᠭ ᠬᠤᠭᠤᠴᠠᠭ᠎ᠠ ᠠᠵᠢᠯᠯᠠᠬᠰᠠᠨ ᠤ ᠲᠠᠷᠠᠭ᠎ᠠ ᠠᠷᠭ᠎ᠠ  ᠪᠦᠬᠦᠨ ᠢ ᠰᠦᠪᠡᠭᠴᠢᠯᠡᠨ ᠬᠤᠳᠠ ᠳᠤ ᠤᠴᠢᠵᠤ ᠠᠵᠢᠯᠯᠠᠳᠠᠬ᠃ ᠫᠠᠨ ᡁᠢ ᠷᠦᠩ ᠳᠤ ᠴᠤ ᠬᠤᠳᠠ ᠳᠤ ᠤᠴᠢᠵᠤ ᠠᠵᠢᠯᠯᠠᠬᠤ  ᠲᠤᠬᠢᠶᠠᠯ ᠤᠯᠠᠨ ᠤᠳᠠᠭ᠎ᠠ ᠲᠤᠬᠢᠶᠠᠯᠳᠤᠵᠤ ᠪᠠᠶᠢᠬᠰᠠᠨ ᠴᠤ ᠪᠠᠶᠢᠴᠠᠭᠠᠬᠤ ᠠᠵᠢᠯ ᠤᠨ ᠨᠢᠬᠡᠳᠦᠬᠡᠷ ᠹᠠᠷᠤᠨᠲ ᠢᠶᠠᠨ 30 ᠵᠢᠯ ᠰᠠᠬᠢᠵᠠᠢ᠃  ᠡᠨᠡ ᠬᠤᠭᠤᠷᠤᠨᠳᠤ ᠬᠡᠴᠢᠨᠡᠨ ᠰᠡᠳᠬᠢᠯ ᠢ ᠲᠤᠬᠳᠤᠯᠤᠭᠤᠯᠤᠬᠰᠠᠨ ᠤᠴᠢᠷ ᠭᠠᠷᠴᠤ ᠦᠩᠬᠡᠷᠡᠭᠰᠡᠨ ᠢ ᠪᠦᠦ ᠮᠡᠳᠡ᠃      
    2007 ᠤᠨ ᠤ 8 ᠰᠠᠷ᠎ᠠ ᠶᠢᠨ ᠨᠢᠬᠡᠨ ᠡᠳᠦᠷ᠂ ᠪᠠᠳᠤᠬᠠᠭᠠᠯᠭ᠎ᠠ ᠪᠠᠯᠭᠠᠰᠤᠨ ᠤ ᠪᠦᠬᠡᠮ ᠢᠶᠠᠷ ᠬᠤᠳᠠᠯᠳᠤᠬᠤ ᠭᠠᠵᠠᠷ ᠤᠨ ᠸᠠᠩ  ᠭᠤᠸᠠᠢ ᠲᠡᠯᠬᠡᠬᠦᠷ ᠲᠡᠭᠡᠨ ᠰᠠᠭᠤᠵᠤ ᠪᠠᠶᠢᠳᠠᠯ᠎ᠠ ᠬᠡᠨᠡᠳᠳᠡ ᠨᠢᠬᠡᠨ ᠬᠦᠮᠦᠨ ᠡᠬᠦᠳᠡ ᠢᠰᠬᠦᠯᠦᠨ ᠤᠷᠤᠵᠤ ᠢᠷᠡᠵᠡᠢ᠃ ᠡᠨᠡ ᠬᠦᠮᠦᠨ  ᠨᠢᠬᠡ ᠭᠠᠷ ᠲᠠᠭᠠᠨ ᠤᠷᠳᠤ ᠬᠢᠳᠤᠭ᠎ᠠ ᠪᠠᠷᠢᠵᠤ᠂ ᠬᠤᠶᠠᠷ ᠬᠦᠯ ᠳᠡᠭᠡᠨ ᠤᠬᠤᠷ ᠬᠢᠳᠤᠭ᠎ᠠ ᠤᠶᠠᠭᠠᠳ ᠬᠠᠰᠬᠢᠷᠴᠤ ᠪᠠᠷᠬᠢᠷᠠᠬᠰᠠᠭᠠᠷ  ᠲᠡᠯᠬᠡᠬᠦᠷ ᠲᠤ ᠤᠷᠤᠵᠤ ᠢᠷᠡᠵᠡᠢ᠃ ᠲᠡᠷᠡ ᠤᠷᠳᠤ ᠬᠢᠳᠤᠭ᠎ᠠ ᠪᠠᠨ ᠡᠷᠬᠢᠬᠦᠯᠦᠨ ᠸᠠᠩ ᠭᠤᠸᠠᠢ ᠶᠢ ᠠᠶᠤᠯᠭᠠᠵᠤ ᠶᠠᠪᠤᠭᠤᠯᠤᠬᠰᠠᠨ ᠤ  ᠲᠠᠷᠠᠭ᠎ᠠ ᠪᠠᠷᠠᠭ᠎ᠠ ᠶᠢᠨ ᠵᠢᠶᠠᠰᠠᠨ ᠲᠡᠭᠡᠷᠡᠬᠢ ᠶᠠᠭᠤᠮ᠎ᠠ ᠶᠢ ᠠᠪᠴᠤ ᠶᠡᠬᠡᠪᠡᠷ ᠢᠳᠡᠵᠦ ᠤᠤᠭᠤᠵᠤ ᠰᠠᠭᠤᠬᠰᠠᠨ ᠪᠠᠶᠢᠯ᠎ᠠ᠃ ᠸᠠᠩ ᠭᠤᠸᠠᠢ  ᠶᠡᠬᠡᠳᠡ ᠠᠶᠤᠨ ᠬᠡᠯᠮᠡᠭᠳᠡᠵᠦ ᠴᠠᠬᠳᠠᠭ᠎ᠠ ᠳᠤ ᠬᠡᠷᠡᠭ ᠮᠡᠳᠡᠬᠦᠯᠵᠦ᠂ ᠲᠤᠳᠤᠭᠠᠳᠤ ᠶᠢ ᠬᠠᠮᠠᠭᠠᠯᠠᠬᠤ ᠴᠠᠬᠳᠠᠭ᠎ᠠ ᠨᠠᠷ ᠶᠠᠯ᠎ᠠ ᠬᠢᠭᠰᠡᠨ  ᠬᠡᠷᠡᠭ ᠤᠨ ᠰᠡᠵᠢᠭᠳᠡᠨ ᠯᠢ ᠤᠪᠤᠬᠳᠤ ᠶᠢ ᠲᠤᠤᠷ᠎ᠠ ᠨᠢ ᠪᠠᠷᠢᠵᠤ ᠠᠪᠴᠠᠢ᠃ ᠬᠡᠷᠡᠴᠢ ᠪᠠᠷᠢᠮᠳᠠ ᠲᠤᠳᠤᠷᠬᠠᠢ ᠪᠤᠯᠬᠤᠷ ᠲᠤᠳᠤᠭᠠᠳᠤ ᠶᠢ  ᠬᠠᠮᠠᠭᠠᠯᠠᠬᠤ ᠪᠠᠶᠢᠭᠤᠯᠤᠯᠭ᠎ᠠ ᠠᠴᠠ ᠪᠠᠶᠢᠴᠠᠭᠠᠬᠤ ᠬᠤᠷᠢᠶᠠᠨ ᠳᠤ ᠪᠠᠷᠢᠪᠴᠢᠯᠠᠬᠤ ᠶᠢ ᠵᠦᠪᠰᠢᠶᠡᠷᠡᠬᠦᠯᠬᠦ ᠪᠠᠷ ᠭᠤᠶᠤᠴᠢᠯᠠᠯ ᠲᠡᠪᠰᠢᠬᠦᠯᠵᠡᠢ᠃  ᠲᠤᠬᠠᠢ ᠶᠢᠨ ᠦᠶ᠎ᠡ ᠳᠤ ᠪᠠᠷᠢᠪᠴᠢᠯᠠᠬᠤ ᠶᠢ ᠵᠦᠪᠰᠢᠶᠡᠷᠡᠬᠦ ᠰᠠᠯᠠᠭᠠᠨ ᠤ ᠲᠠᠷᠤᠭ᠎ᠠ ᠪᠠᠷ ᠠᠵᠢᠯᠯᠠᠵᠤ ᠪᠠᠶᠢᠬᠰᠠᠨ ᠫᠠᠨ ᡁᠢ ᠷᠦᠩ  ᠲᠤᠤᠷ᠎ᠠ ᠨᠢ ᠬᠢᠨᠠᠨ ᠪᠠᠶᠢᠴᠠᠭᠠᠯᠳᠠ ᠬᠢᠭᠰᠡᠨ ᠪᠠᠶᠢᠯ᠎ᠠ᠃ ᠬᠡᠳᠡᠯ᠎ᠡ ᠫᠠᠨ ᡁᠢ ᠷᠦᠩ ᠯᠢ ᠤᠪᠤᠬᠳᠤ ᠶᠢ ᠰᠢᠬᠦᠨ ᠠᠰᠠᠭᠤᠬᠰᠠᠨ ᠤ ᠲᠠᠷᠠᠭ᠎ᠠ  ᠬᠠᠷᠢᠨ ᠪᠠᠷᠢᠪᠴᠢᠯᠠᠬᠤ ᠶᠢ ᠵᠦᠪᠰᠢᠶᠡᠷᠡᠬᠦ ᠰᠠᠨᠠᠯ ᠢ ᠵᠦᠪᠰᠢᠶᠡᠷᠡᠭᠰᠡᠨ ᠦᠬᠡᠢ᠂ ᠬᠤᠤᠷ ᠠᠮᠰᠠᠬᠴᠢ ᠪᠤᠯᠤᠨ ᠬᠠᠮᠢᠶ᠎ᠠ ᠪᠦᠬᠦᠢ  ᠬᠡᠷᠡᠴᠢᠯᠡᠭᠴᠢ ᠠᠴᠠ ᠲᠠᠬᠢᠨᠳᠠ ᠯᠠᠪᠯᠠᠨ ᠠᠰᠠᠭᠤᠵᠠᠢ᠃ ᠫᠠᠨ ᡁᠢ ᠷᠦᠩ ᠡᠨᠡᠬᠦ ᠬᠡᠷᠡᠭ ᠲᠤ ᠪᠠᠰᠠ ᠨᠢᠬᠡᠨ ᠰᠡᠵᠢᠭ ᠲᠠᠢ ᠠᠰᠠᠭᠤᠳᠠᠯ  ᠪᠠᠶᠢᠬᠤ ᠶᠢ ᠶᠠᠷᠢᠵᠠᠢ᠄ ᠪᠦᠬᠡᠮ ᠢᠶᠠᠷ ᠬᠤᠳᠠᠯᠳᠤᠬᠤ ᠭᠠᠵᠠᠷ ᠢ ᠲᠤᠨᠤᠵᠤ ᠲᠡᠭᠡᠷᠡᠮᠳᠡᠬᠦ ᠭᠠᠵᠠᠷ ᠢᠶᠠᠷ ᠰᠤᠩᠭᠤᠬᠰᠠᠨ ᠠᠳᠠᠯ᠎ᠠ ᠶᠠᠭᠠᠬᠢᠭᠠᠳ  ᠵᠤᠭᠤᠰ ᠮᠦᠩᠬᠦ ᠠᠪᠤᠬᠰᠠᠨ ᠦᠬᠡᠢ ᠬᠠᠷᠢᠨ ᠶᠠᠭᠤᠮ᠎ᠠ ᠢᠳᠡᠭᠰᠡᠨ ᠪᠤᠢ︖ ᠡᠳᠡᠬᠡᠷ ᠨᠢ ᠲᠤᠨᠤᠵᠤ ᠲᠡᠭᠡᠷᠡᠮᠳᠡᠬᠦ ᠬᠡᠪ ᠤᠨ ᠪᠠᠶᠢᠳᠠᠯ ᠲᠠᠢ  ᠨᠡᠶᠢᠴᠡᠬᠦ ᠦᠬᠡᠢ ᠶᠤᠮ᠃ ᠲᠡᠭᠡᠪᠡᠯ ᠬᠡᠷᠡᠭ ᠤᠨ ᠰᠡᠵᠢᠭᠳᠡᠨ ᠤᠶᠤᠨ ᠮᠡᠳᠡᠷᠡᠯ ᠤᠨ ᠡᠪᠡᠳᠴᠢᠨ ᠲᠠᠢ ᠬᠡᠵᠢ ᠦᠦ︖ ᠬᠡᠪᠡᠴᠦ  ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠶᠢᠨ ᠬᠢᠨ ᠫᠠᠨ ᡁᠢ ᠷᠦᠩ ᠤᠨ ᠦᠵᠡᠯᠳᠡ ᠶᠢ ᠵᠦᠪᠰᠢᠶᠡᠷᠡᠭᠰᠡᠨ ᠦᠬᠡᠢ᠃ ᠤᠴᠢᠷ ᠨᠢ  ᠴᠠᠬᠳᠠᠭ᠎ᠠ ᠨᠠᠷ ᠶᠠᠯ᠎ᠠ ᠬᠢᠭᠰᠡᠨ ᠬᠡᠷᠡᠭ ᠤᠨ ᠰᠡᠵᠢᠭᠳᠡᠨ ᠢ ᠪᠠᠷᠢᠪᠴᠢᠯᠠᠬᠤ ᠦᠶᠡᠰ ᠲᠡᠬᠦᠨ ᠤ ᠤᠶᠤᠨ ᠮᠡᠳᠡᠷᠡᠯ ᠨᠢ ᠵᠦᠬᠡᠷ ᠪᠠᠶᠢᠵᠠᠢ᠃  ᠫᠠᠨ ᡁᠢ ᠷᠦᠩ ᠯᠢ ᠤᠪᠤᠬᠳᠤ ᠶᠢ ᠦᠷᠬᠦᠯᠵᠢᠯᠡᠨ ᠰᠢᠬᠦᠨ ᠠᠰᠠᠭᠤᠬᠤ ᠳᠤ ᠲᠡᠬᠦᠨ ᠤ ᠦᠬᠡ ᠨᠢ ᠠᠳᠡ ᠲᠡᠨᠳᠡ ᠲᠤᠰᠴᠤ ᠪᠠᠶᠢᠯ᠎ᠠ᠃  ᠬᠡᠳᠦᠨᠳᠡ ᠰᠢᠬᠦᠨ ᠠᠰᠠᠭᠤᠬᠰᠠᠨ ᠤ ᠬᠤᠶᠢᠨ᠎ᠠ᠂ ᠫᠠᠨ ᡁᠢ ᠷᠦᠩ ᠯᠢ ᠤᠪᠤᠬᠳᠤ ᠶᠢᠨ ᠤᠶᠤᠨ ᠮᠡᠳᠡᠷᠡᠯ ᠤᠨ ᠡᠪᠡᠳᠴᠢᠨ ᠲᠠᠢ ᠶᠢ  ᠪᠠᠷᠤᠬᠯᠠᠵᠤ ᠮᠡᠳᠡᠯ᠎ᠡ᠃ ᠫᠠᠨ ᡁᠢ ᠷᠦᠩ ᠤᠨ ᠪᠠᠷᠢᠮᠳᠠᠯᠠᠯ ᠪᠤᠯᠤᠨ ᠰᠠᠨᠠᠭᠤᠯᠭ᠎ᠠ ᠲᠤᠤᠷ᠎ᠠ᠂ ᠲᠤᠳᠤᠭᠠᠳᠤ ᠶᠢ ᠬᠠᠮᠠᠭᠠᠯᠠᠬᠤ  ᠪᠠᠶᠢᠭᠤᠯᠤᠯᠭ᠎ᠠ ᠬᠠᠮᠤᠬ ᠤᠨ ᠰᠡᠬᠦᠯ ᠳᠤ ᠶᠠᠯ᠎ᠠ ᠬᠢᠭᠰᠡᠨ ᠬᠡᠷᠡᠭ ᠤᠨ ᠰᠡᠵᠢᠭᠳᠡᠨ ᠳᠤ ᠤᠶᠤᠨ ᠮᠡᠳᠡᠷᠡᠯ ᠤᠨ ᠡᠪᠡᠳᠴᠢᠨ ᠤ ᠰᠢᠯᠭᠠᠨ  ᠲᠤᠬᠳᠠᠭᠠᠯᠳᠠ ᠬᠢᠵᠦ᠂ ᠲᠡᠬᠦᠨ ᠤ ᠤᠶᠤᠨ ᠮᠡᠳᠡᠷᠡᠯ ᠤᠨ ᠡᠪᠡᠳᠴᠢᠨ ᠲᠠᠢ ᠪᠠᠶᠢᠬᠤ ᠶᠢ ᠲᠤᠳᠤᠯᠠᠵᠠᠢ᠃ ᠯᠢ ᠤᠪᠤᠬᠳᠤ ᠤᠶᠤᠨ  ᠮᠡᠳᠡᠷᠡᠯ ᠨᠢ ᠬᠦᠭᠰᠡᠬᠦᠦ ᠪᠠᠶᠢᠬᠤ ᠦᠶ᠎ᠡ ᠳᠡᠭᠡᠨ ᠬᠡᠷᠡᠭ ᠬᠢᠭᠰᠡᠨ ᠠᠴᠠ ᠢᠯᠭᠠᠨ ᠲᠠᠨᠢᠬᠤ ᠪᠤᠯᠤᠨ ᠡᠵᠡᠮᠳᠡᠬᠦ ᠴᠢᠳᠠᠪᠤᠷᠢ ᠠᠯᠳᠠᠬᠳᠠᠵᠤ᠂  ᠡᠷᠡᠬᠦᠦ ᠶᠢᠨ ᠬᠡᠷᠡᠭ ᠲᠤ ᠬᠠᠷᠢᠭᠤᠴᠠᠬᠤ ᠴᠢᠳᠠᠪᠤᠷᠢ ᠦᠬᠡᠢ᠃ ᠬᠢᠨᠠᠨ ᠪᠠᠶᠢᠴᠠᠭᠠᠵᠤ ᠪᠠᠷᠠᠬᠰᠠᠨ ᠤ ᠬᠤᠶᠢᠨ᠎ᠠ᠂ ᠫᠠᠨ ᡁᠢ ᠷᠦᠩ ᠬᠦᠨ  ᠨᠢᠬᠡ ᠠᠮᠢᠰᠬᠤᠵᠤ᠂ ᠪᠠᠷᠢᠪᠴᠢᠯᠠᠬᠤ ᠶᠢ ᠦᠯᠦ ᠵᠦᠪᠰᠢᠶᠡᠷᠡᠬᠦ ᠰᠢᠢᠳᠪᠦᠷᠢ ᠶᠢᠨ ᠪᠢᠴᠢᠭ ᠢ ᠲᠤᠤᠷ᠎ᠠ ᠨᠢ ᠲᠤᠳᠤᠭᠠᠳᠤ ᠶᠢ ᠬᠠᠮᠠᠭᠠᠯᠠᠬᠤ  ᠪᠠᠶᠢᠭᠤᠯᠤᠯᠭ᠎ᠠ ᠳᠤ ᠬᠦᠷᠬᠡᠵᠦ ᠦᠭᠬᠦᠭᠰᠡᠨ ᠪᠠᠶᠢᠯ᠎ᠠ᠃

3.png

    2015 ᠤᠨ ᠤ 8 ᠰᠠᠷ᠎ᠠ ᠳᠤ᠂ ᠫᠠᠨ ᡁᠢ ᠷᠦᠩ ᠰᠤᠷᠪᠤᠯᠵᠢᠯᠠᠨ ᠪᠠᠶᠢᠴᠠᠭᠠᠬᠤ ᠲᠤᠮᠳᠠ ᠪᠠᠨ ᠨᠠᠷᠠᠨᠪᠤᠯᠠᠬ ᠭᠠᠴᠠᠭᠠᠨ ᠤ  ᠮᠠᠯᠴᠢᠳ ᠤᠨ ︽ᠭᠠᠴᠠᠭᠠᠨ ᠤ ᠱᠦᠵᠢ ᠲᠤᠷ᠎ᠠ ᠪᠠᠷ ᠢᠶᠠᠨ ᠤᠯᠠᠨ ᠨᠡᠶᠢᠳᠡ ᠶᠢᠨ ᠪᠡᠯᠴᠢᠬᠡᠷ ᠢ ᠦᠪᠡᠷ ᠤᠨ ᠬᠦᠦ ᠶᠢᠨ ᠢᠶᠠᠨ ᠨᠡᠷ᠎ᠡ  ᠲᠡᠭᠡᠷ᠎ᠡ ᠰᠢᠯᠵᠢᠬᠦᠯᠦᠨ᠂ ᠤᠯᠤᠰ ᠤᠨ ᠪᠡᠯᠴᠢᠬᠡᠷᠯᠡᠬᠦᠯᠬᠦ ᠶᠢ ᠵᠤᠬᠰᠤᠭᠠᠬᠤ ᠨᠦᠬᠦᠪᠦᠷᠢ ᠶᠢ ᠠᠪᠤᠬᠰᠠᠨ︾ ᠬᠡᠬᠦ ᠵᠠᠭᠠᠯᠳᠤᠯᠭ᠎ᠠ ᠶᠢ  ᠲᠤᠰᠴᠠᠢ᠃ ᠭᠠᠴᠠᠭᠠᠨ ᠤ ᠱᠦᠵᠢ ᠪᠠᠰᠠ ᠲᠤᠬᠠᠢ ᠶᠢᠨ ᠭᠠᠵᠠᠷ ᠤᠨ ᠠᠮᠢᠨ ᠲᠡᠵᠢᠬᠡᠯ ᠪᠤᠯᠤᠬᠰᠠᠨ ᠤᠰᠤᠨ ᠤ ᠰᠤᠷᠪᠤᠯᠵᠢ ᠶᠢ  ᠪᠡᠯᠴᠢᠬᠡᠷ ᠲᠡᠭᠡᠨ ᠬᠦᠷᠢᠶᠡᠯᠡᠵᠦ ᠠᠪᠤᠭᠠᠳ ᠮᠠᠯᠴᠢᠳ ᠮᠠᠯ ᠢᠶᠠᠨ ᠤᠰᠤᠯᠠᠬᠤ ᠶᠢᠨ ᠠᠷᠭ᠎ᠠ ᠦᠬᠡᠢ ᠪᠤᠯᠤᠬᠰᠠᠨ ᠪᠠᠶᠢᠯ᠎ᠠ᠃ ᠮᠠᠯᠴᠢᠳ  ᠤᠯᠠᠨᠳᠠ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠲᠤᠰᠬᠠᠬᠰᠠᠨ ᠪᠤᠯᠪᠠᠴᠤ ᠰᠢᠢᠳᠪᠦᠷᠢᠯᠡᠵᠦ ᠲᠡᠶᠢᠯᠦᠭᠰᠡᠨ ᠦᠬᠡᠢ᠃ ᠲᠤᠬᠠᠢ ᠶᠢᠨ  ᠦᠶ᠎ᠡ ᠳᠤ ᠮᠠᠯᠴᠢᠳ ᠶᠡᠬᠡᠪᠡᠷ ᠬᠢᠯᠢᠩᠨᠡᠨ ᠲᠡᠭᠡᠭᠰᠢ ᠵᠠᠭᠠᠯᠳᠤᠬᠤ ᠪᠠᠷ ᠪᠤᠯᠵᠠᠢ᠃ ᠫᠠᠨ ᡁᠢ ᠷᠦᠩ ᠡᠨᠡ ᠤᠴᠢᠷ ᠢ ᠮᠡᠳᠡᠬᠡᠳ ᠲᠡᠭᠡᠷ᠎ᠡ  ᠱᠠᠳᠤᠨ ᠳᠤ ᠡᠷᠡᠮᠡᠯᠵᠡᠯᠡᠨ ᠲᠤᠰᠬᠠᠢ ᠬᠡᠷᠡᠭ ᠤᠨ ᠲᠤᠭᠤᠢᠢᠯᠠᠩ ᠪᠠᠶᠢᠭᠤᠯᠤᠨ ᠠᠩᠬᠠᠨ ᠤ ᠪᠠᠶᠢᠴᠠᠭᠠᠯᠳᠠ ᠪᠠᠨ ᠡᠬᠢᠯᠡᠬᠦᠯᠦᠯ᠎ᠡ᠃ ᠲᠡᠷᠡ  ᠲᠠᠪᠤᠨ ᠡᠳᠦᠷ ᠤᠨ ᠲᠤᠳᠤᠷ᠎ᠠ 20 ᠭᠠᠷᠤᠢ ᠮᠠᠯᠴᠢᠨ ᠡᠷᠦᠬᠡ ᠪᠠᠷ ᠤᠷᠤᠵᠤ ᠬᠡᠷᠡᠴᠢ ᠠᠪᠴᠠᠢ᠃ ᠮᠠᠯᠵᠢᠬᠤ ᠤᠷᠤᠨ ᠤ ᠠᠶᠢᠯ  ᠡᠷᠦᠬᠡ ᠨᠦᠭᠦᠳ ᠲᠠᠷᠠᠬᠠᠢ ᠪᠤᠳᠠᠷᠬᠠᠢ ᠰᠠᠭᠤᠷᠢᠰᠢᠵᠤ ᠪᠠᠶᠢᠳᠠᠭ ᠪᠤᠯᠬᠤᠷ᠂ ᠫᠠᠨ ᡁᠢ ᠷᠦᠩ ᠡᠷᠳᠡᠯᠡᠵᠦ ᠤᠷᠦ᠋ᠢᠯᠠᠨ ᠬᠤᠳᠤᠭᠤᠳᠤᠨ  ᠡᠪᠡᠳᠴᠢᠨ ᠤ ᠡᠪᠡᠷᠰᠢᠶᠡᠯ ᠢᠶᠠᠨ ᠲᠡᠰᠪᠦᠷᠢᠯᠡᠨ ᠪᠠᠶᠢᠴᠠᠭᠠᠵᠠᠢ᠃ ᠬᠠᠳᠠᠭᠤᠵᠢᠯᠳᠠᠢ ᠬᠡᠷᠡᠴᠢ ᠠᠪᠬᠤ ᠪᠠᠷ ᠲᠠᠮᠵᠢᠭᠠᠳ᠂ ᠭᠠᠴᠠᠭᠠᠨ ᠤ  ᠱᠦᠵᠢ ᠶᠢᠨ 1800 ᠭᠠᠷᠤᠢ ᠮᠦ ᠪᠡᠯᠴᠢᠬᠡᠷ ᠢᠶᠠᠨ ᠬᠦᠦ ᠶᠢᠨ ᠢᠶᠠᠨ ᠨᠡᠷ᠎ᠡ ᠲᠡᠭᠡᠷ᠎ᠡ ᠭᠠᠷᠭᠠᠵᠤ᠂ ᠤᠯᠤᠰ ᠤᠨ ᠪᠡᠯᠴᠢᠬᠡᠷᠯᠡᠬᠦᠯᠬᠦ ᠶᠢ  ᠵᠤᠬᠰᠤᠭᠠᠬᠤ ᠨᠦᠬᠦᠪᠦᠷᠢ 4 ᠲᠦᠮᠡᠨ ᠲᠦᠬᠦᠷᠢᠭ ᠢ ᠠᠪᠤᠬᠰᠠᠨ ᠢ ᠮᠡᠳᠡᠵᠡᠢ᠃ ᠭᠠᠴᠠᠭᠠᠨ ᠤ ᠱᠦᠵᠢ ᠶᠢᠨ ᠠᠵᠢᠯᠯᠠᠭ᠎ᠠ ᠨᠢ ᠨᠢᠬᠡᠨᠳᠡ  ᠬᠠᠤᠯᠢ ᠶᠢ ᠵᠦᠷᠢᠴᠡᠨ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠬᠡᠷᠡᠭ ᠪᠤᠯᠭᠠᠨ  ᠲᠠᠩᠰᠠᠯᠠᠵᠤ ᠲᠠᠩᠨᠠᠬᠰᠠᠨ ᠪᠦᠬᠡᠳ ᠲᠡᠬᠦᠨ ᠢ ᠡᠷᠡᠬᠦᠦ ᠶᠢᠨ ᠬᠡᠷᠡᠭ ᠢᠶᠠᠷ ᠲᠦᠷ ᠬᠤᠷᠢᠪᠠ᠃ ᠡᠨᠡᠬᠦ ᠴᠢᠮᠡᠭᠡ ᠶᠢ ᠰᠤᠨᠤᠰᠤᠬᠰᠠᠨ  ᠨᠠᠷᠠᠨᠪᠤᠯᠠᠬ ᠭᠠᠴᠠᠭᠠᠨ ᠤ ᠮᠠᠯᠴᠢᠳ ᠶᠡᠬᠡᠪᠡᠷ ᠪᠠᠶᠠᠷᠯᠠᠨ ᠨᠢᠬᠡᠨ ᠮᠠᠯᠴᠢᠨ ᠫᠠᠨ ᡁᠢ ᠷᠦᠩ ᠤᠨ ᠭᠠᠷ ᠢ ᠠᠳᠬᠤᠵᠤ᠄ ︽ᠲᠠᠨᠠᠷ ᠪᠤᠯ  ᠮᠠᠨ ᠤ ᠮᠠᠯᠴᠢᠳ ᠤᠨ ᠲᠦᠰᠢᠭ ᠰᠢᠦ᠂ ᠪᠢᠳᠡ ᠬᠠᠤᠯᠢ ᠴᠠᠭᠠᠵᠠ ᠶᠢ ᠢᠳᠡᠬᠡᠨ᠎ᠡ᠂ ᠪᠢᠳᠡ ᠬᠠᠤᠯᠢ ᠴᠠᠭᠠᠵᠠ ᠶᠢᠨ ᠲᠦᠪ ᠭᠤᠤᠯᠴᠢ  ᠬᠡᠳᠡᠭ ᠢ ᠢᠳᠡᠬᠡᠨ᠎ᠡ︾ ᠬᠡᠰᠡᠨ ᠪᠠᠶᠢᠯ᠎ᠠ᠃      
    2004 ᠤᠨ ᠳᠤ᠂ ᠫᠠᠨ ᡁᠢ ᠷᠦᠩ ᠬᠦᠦ ᠶᠢᠨ ᠢᠶᠠᠨ ᠡᠮᠦᠨ᠎ᠡ ᠠᠴᠠ ᠵᠠᠬᠢᠳᠠᠯ ᠰᠤᠷᠪᠤᠯᠵᠢᠯᠠᠭ᠎ᠠ ᠬᠢᠵᠦ ᠶᠠᠪᠤᠬᠰᠠᠨ ᠡᠵᠢ ᠶᠢ  ᠲᠤᠰᠴᠤ ᠠᠪᠤᠬᠰᠠᠨ ᠪᠠᠶᠢᠯ᠎ᠠ᠃ ᠲᠡᠷᠡ ᠡᠵᠢ᠄ ︽ᠬᠦᠦ ᠮᠢᠨᠢ ᠶᠠᠭᠤᠮ᠎ᠠ ᠬᠤᠯᠠᠭᠠᠢᠢᠯᠠᠭᠠᠳ ᠪᠠᠷᠢᠬᠳᠠᠵᠤ ᠤᠳᠤ ᠡᠷᠡᠬᠦᠦ ᠪᠠᠷ ᠰᠢᠳᠬᠡᠬᠦ  ᠬᠡᠵᠦ ᠪᠤᠢ᠂ ᠬᠦᠦ ᠮᠢᠨᠢ 16 ᠪᠠᠰᠠ ᠬᠦᠷᠦᠬᠡᠳᠦᠢ᠂ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠬᠦᠮᠦᠰ ᠠᠳᠡᠬᠦᠷᠡᠭᠰᠡᠨ︾ ᠬᠡᠵᠦ  ᠤᠬᠢᠯᠠᠨ ᠬᠠᠶᠢᠯᠠᠨ ᠶᠠᠷᠢᠵᠠᠢ᠃ ᠫᠠᠨ ᡁᠢ ᠷᠦᠩ ᠨᠠᠷᠢᠯᠢᠬ ᠤᠢᠢᠯᠠᠭᠠᠬᠤ ᠪᠠᠷ ᠲᠠᠮᠵᠢᠨ ᠬᠡᠷᠡᠭ ᠤᠴᠢᠷ ᠤᠨ ᠪᠦᠬᠦ᠋ᠢᠯᠡ ᠦᠩᠬᠡᠷᠡᠯᠳᠡ ᠶᠢ  ᠮᠡᠳᠡᠯ᠎ᠡ᠃ ᠤᠤᠯ ᠨᠢ ᠡᠨᠡ ᠡᠵᠢ ᠶᠢᠨ ᠬᠦᠦ ᠨᠢ ᠶᠠᠭᠤᠮ᠎ᠠ ᠬᠤᠯᠠᠭᠠᠢᠢᠯᠠᠭᠠᠳ ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠠᠴᠠ  ᠬᠡᠷᠡᠭ ᠪᠤᠯᠭᠠᠨ ᠲᠠᠩᠰᠠᠯᠠᠵᠤ ᠲᠠᠩᠨᠠᠨ ᠪᠠᠶᠢᠴᠠᠭᠠᠭᠠᠳ᠂ ᠡᠷᠦᠬᠡ ᠠᠮᠠ ᠶᠢᠨ ᠬᠡᠷᠡᠴᠢ ᠲᠡᠭᠡᠷ᠎ᠡ ᠨᠢ ᠬᠡᠦᠬᠡᠳ ᠨᠢᠬᠡᠨᠳᠡ 16 ᠪᠦᠬᠦᠯᠢ  ᠨᠠᠰᠤ ᠬᠦᠷᠦᠭᠰᠡᠨ ᠬᠡᠵᠦ ᠪᠠᠶᠢᠵᠡᠢ᠃ ᠲᠡᠷᠡ ᠡᠳᠦᠷ ᠫᠠᠨ ᡁᠢ ᠷᠦᠩ ᠬᠠᠮᠳᠤ ᠠᠵᠢᠯᠯᠠᠬᠴᠢ ᠲᠠᠢ ᠪᠠᠨ ᠪᠠᠶᠢᠴᠠᠭᠠᠯᠳᠠ ᠬᠢᠵᠦ᠂  ᠵᠡᠷᠬᠡᠯᠡᠳᠡᠭᠡ ᠠᠶᠢᠯ᠂ ᠰᠤᠷᠭᠠᠭᠤᠯᠢ ᠶᠢᠨ ᠪᠠᠭᠰᠢ᠂ ᠡᠷᠦᠬᠡ ᠠᠮᠠ ᠶᠢᠨ ᠲᠠᠩᠰᠠ ᠪᠠᠶᠢᠭ᠎ᠠ ᠭᠠᠵᠠᠷ ᠤᠨ ᠶᠡᠭᠡ ᠠᠩᠬᠢ ᠠᠴᠠ ᠨᠠᠷᠢᠨ  ᠬᠢᠨᠠᠮᠠᠭᠠᠢ ᠠᠰᠠᠭᠤᠵᠤ ᠪᠠᠶᠢᠴᠠᠭᠠᠭᠠᠳ᠂ ᠤᠤᠯ ᠤᠨ ᠡᠷᠦᠬᠡ ᠠᠮᠠ ᠶᠢᠨ ᠲᠠᠩᠰᠠ ᠶᠢ ᠨᠢ ᠠᠪᠴᠤ ᠦᠵᠡᠨ᠂ ᠲᠤᠬᠠᠢ ᠶᠢᠨ ᠵᠢᠯ  ᠬᠡᠦᠬᠡᠳ ᠲᠤ ᠡᠷᠦᠬᠡ ᠠᠮᠠ ᠤᠷᠤᠭᠤᠯᠬᠤ ᠦᠶ᠎ᠡ ᠳᠤ ᠠᠵᠢᠯᠳᠠᠳ ᠠᠴᠠ ᠪᠤᠷᠤᠭᠤ ᠲᠠᠬᠯᠠᠬᠰᠠᠨ ᠠᠴᠠ ᠰᠠᠶ᠋ᠢ ᠨᠢᠬᠡ ᠨᠠᠰᠤ ᠶᠡᠭᠡ  ᠪᠤᠯᠤᠬᠰᠠᠨ ᠢ ᠤᠢᠢᠯᠠᠭᠠᠵᠠᠢ᠃ ᠬᠠᠮᠤᠬ ᠤᠨ ᠰᠡᠬᠦᠯ ᠳᠤᠨᠢ ᠡᠨᠡ ᠬᠡᠷᠡᠭ ᠢ ᠪᠤᠴᠠᠭᠠᠬᠤ ᠪᠠᠷ ᠰᠢᠢᠳᠪᠦᠷᠢᠯᠡᠵᠡᠢ᠃ ᠫᠠᠨ ᡁᠢ ᠷᠦᠩ ᠡᠨᠡ  ᠬᠡᠷᠡᠭ ᠲᠠᠭᠤᠰᠤᠬᠰᠠᠨ ᠤ ᠲᠠᠷᠠᠭ᠎ᠠ ᠪᠠᠰᠠ ᠡᠨᠡ ᠬᠡᠷ ᠤᠨ ᠬᠢᠨ ᠲᠠᠢ ᠬᠠᠷᠢᠯᠴᠠᠨ᠂ ᠲᠡᠷᠡ ᠬᠦᠦ ᠶᠢᠨ ᠵᠦᠪ ᠵᠠᠮ ᠢᠶᠠᠷ ᠶᠠᠪᠤᠬᠰᠠᠨ ᠢ  ᠮᠡᠳᠡᠬᠡᠳ ᠰᠠᠶ᠋ᠢ ᠰᠡᠳᠬᠢᠯ ᠨᠢ ᠠᠮᠠᠷᠠᠬᠰᠠᠨ ᠬᠡᠳᠡᠭ᠃


4.png



    ᠫᠠᠨ ᡁᠢ ᠷᠦᠩ ᠪᠤᠯ ᠡᠬᠡ ᠤᠯᠤᠰ ᠤᠨ ᠲᠦᠮᠡ ᠮᠢᠩᠭᠠᠨ ᠪᠠᠶᠢᠴᠠᠭᠠᠬᠤ ᠲᠤᠰᠢᠶᠠᠯᠳᠠᠨ ᠤ ᠲᠤᠳᠤᠷᠠᠬᠢ ᠡᠩ ᠤᠨ ᠨᠢᠬᠡᠨ  ᠬᠡᠰᠢᠬᠦᠨ᠃ ᠲᠡᠷᠡ ᠲᠠᠷᠬᠠᠨ ᠮᠤᠤᠮᠢᠩᠭᠠᠨ ᠤ ᠲᠠᠯ᠎ᠠ ᠳᠤ ᠦᠨᠳᠦᠰᠦ ᠬᠠᠳᠬᠤᠨ᠂ ᠲᠡᠨᠳᠡ ᠠᠴᠠ ᠡᠷᠴᠢ ᠬᠦᠴᠦ ᠠᠪᠴᠤ ᠤᠳᠤ  ᠬᠦᠷᠴᠡᠢ᠃ ᠫᠠᠨ ᡁᠢ ᠷᠦᠩ᠄ ︽ᠪᠢ ᠨᠢᠬᠡ ᠡᠳᠦᠷ ᠠᠵᠢᠯ ᠤᠨ ᠬᠤᠪᠴᠠᠰᠤ ᠪᠠᠨ ᠡᠮᠦᠰᠴᠦ᠂ ᠨᠢᠬᠡ ᠡᠳᠦᠷ ᠠᠷᠢᠭᠤᠨ ᠲᠠᠷᠬᠠᠨ  ᠪᠠᠶᠢᠴᠠᠭᠠᠬᠤ ᠰᠦᠯᠳᠡ ᠪᠠᠨ ᠵᠡᠬᠦᠵᠦ ᠪᠠᠶᠢᠬᠤ ᠳᠤ ᠯᠡ ᠬᠦᠷᠪᠡᠯ᠂ ᠮᠠᠯᠴᠢᠨ ᠲᠦᠮᠡᠨ ᠳᠡᠭᠡᠨ ᠬᠠᠷᠠᠮ ᠦᠬᠡᠢ ᠦᠢᠯᠡᠴᠢᠯᠡᠨ᠎ᠡ︾ ᠬᠡᠵᠦ  ᠵᠤᠷᠢᠬ ᠢᠶᠠᠨ ᠢᠯᠡᠳᠬᠡᠵᠦ ᠪᠠᠶᠢᠯ᠎ᠠ᠃ ᠫᠠᠨ ᡁᠢ ᠷᠦᠩ ᠰᠠᠨᠠᠬᠰᠠᠨ ᠬᠦᠰᠡᠯ ᠵᠤᠷᠢᠭᠰᠠᠨ ᠦᠢᠯᠡᠰ ᠤᠨ ᠢᠶᠠᠨ ᠲᠦᠯᠦᠭᠡ ᠵᠢᠳᠬᠦᠨ  ᠲᠡᠮᠡᠤᠯᠦᠭᠰᠡᠭᠡᠷ ᠁       


    ᠫᠠᠨ ᡁᠢ ᠷᠦᠩ ᠤᠨ ᠲᠤᠪᠴᠢ ᠨᠠᠮᠳᠠᠷ       
    ᠫᠠᠨ ᡁᠢ ᠷᠦᠩ᠂ 1962 ᠤᠨ ᠤ 5 ᠰᠠᠷ᠎ᠠ ᠳᠤ ᠤᠯᠠᠭᠠᠨᠴᠠᠪ ᠬᠤᠳᠠ ᠶᠢᠨ ᠴᠠᠬᠠᠷ ᠪᠠᠷᠠᠭᠤᠨ ᠭᠠᠷᠤᠨ ᠲᠤᠮᠳᠠᠳᠤ  ᠬᠤᠰᠢᠭᠤᠨ ᠳᠤ ᠲᠦᠷᠦᠵᠡᠢ᠃ 1986 ᠤᠨ ᠳᠤ᠂ ᠪᠤᠭᠤᠳᠤ ᠬᠤᠳᠠ ᠶᠢᠨ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ  ᠪᠠᠶᠢᠴᠠᠭᠠᠬᠤ ᠬᠤᠷᠢᠶᠠᠨ ᠳᠤ ᠰᠢᠯᠵᠢᠨ ᠠᠵᠢᠯᠯᠠᠵᠤ᠂ ᠤᠷᠢᠳ ᠬᠤᠵᠢᠳ ᠨᠠᠷᠢᠨ ᠪᠢᠴᠢᠬᠡᠴᠢ᠂ ᠲᠤᠰᠠᠯᠠᠬᠴᠢ ᠪᠠᠶᠢᠴᠠᠭᠠᠬᠴᠢ᠂  ᠪᠠᠶᠢᠴᠠᠭᠠᠬᠴᠢ᠂ ᠪᠠᠷᠢᠪᠴᠢᠯᠠᠬᠤ ᠶᠢ ᠵᠦᠪᠰᠢᠶᠡᠷᠡᠬᠦ ᠰᠠᠯᠠᠭᠠᠨ ᠤ ᠲᠠᠷᠤᠭ᠎ᠠ᠂ ᠬᠤᠷᠢᠭᠤᠯ ᠤᠨ ᠭᠠᠵᠠᠷ ᠤᠨ ᠰᠠᠯᠠᠭᠠᠨ ᠤ ᠲᠠᠷᠤᠭ᠎ᠠ᠂  ᠲᠤᠰᠢᠶᠠᠯ ᠢᠶᠠᠨ ᠭᠤᠳᠤᠭᠠᠨ ᠡᠷᠬᠡ ᠳᠤ ᠬᠠᠯᠳᠠᠬᠤ ᠶᠢ ᠡᠰᠡᠷᠬᠦᠴᠡᠬᠦ ᠲᠤᠪᠴᠢᠶᠠᠨ ᠤ ᠲᠤᠪᠴᠢᠶᠠᠨ ᠲᠠᠷᠤᠭ᠎ᠠ ᠪᠠᠷ ᠠᠵᠢᠯᠯᠠᠨ᠂ ᠤᠳᠤ  ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠪᠠᠶᠢᠴᠠᠭᠠᠬᠤ ᠵᠦᠪᠯᠡᠯ ᠤᠨ ᠲᠤᠰᠬᠠᠢ ᠬᠡᠰᠢᠬᠦᠨ᠂  ᠮᠠᠨᠳᠤᠯ ᠪᠤᠭᠤᠮᠳᠠ ᠳᠤ ᠰᠠᠭᠤᠭ᠎ᠠ ᠪᠠᠶᠢᠴᠠᠭᠠᠬᠤ ᠲᠠᠰᠤᠬ ᠤᠨ ᠡᠷᠬᠢᠯᠡᠭᠴᠢ ᠪᠦᠬᠡᠳ ᠰᠢᠷᠠᠮᠦ᠋ᠷᠡᠨ ᠪᠠᠶᠢᠴᠠᠭᠠᠬᠤ ᠲᠠᠰᠤᠬ ᠤᠨ ᠡᠷᠬᠢᠯᠡᠭᠴᠢ  ᠂ ᠨᠢᠬᠡᠳᠦᠬᠡᠷ ᠲᠡᠰ ᠤᠨ ᠪᠠᠶᠢᠴᠠᠭᠠᠬᠤ ᠲᠤᠰᠢᠶᠠᠯᠳᠠᠨ ᠢᠶᠠᠷ ᠠᠵᠢᠯᠯᠠᠵᠤ ᠪᠤᠢ᠃      
    ᠫᠠᠨ ᡁᠢ ᠷᠦᠩ ᠤᠷᠢᠳ ᠬᠤᠵᠢᠳ ︽ᠠᠵᠢᠯ ᠦᠢᠯᠡᠰ ᠢᠶᠠᠨ ᠲᠡᠭᠡᠳᠦᠯᠡᠨ ᠠᠵᠢᠯ ᠤᠨ ᠪᠠᠶᠢᠷᠢ ᠪᠠᠨ ᠬᠠᠶᠢᠷᠠᠯᠠᠬᠰᠠᠠ ᠤᠳᠤᠨ︾  ᠂ ︽ᠰᠢᠨ᠎ᠡ ᠶᠢ ᠡᠬᠦᠳᠦᠨ ᠰᠢᠯᠢᠳᠡᠭ ᠪᠤᠯᠬᠤ ᠪᠠᠷ ᠴᠢᠷᠮᠠᠶᠢᠬᠰᠠᠨ ᠤᠳᠤᠨ︾᠂ ︽ᠪᠤᠭᠤᠳᠤ ᠬᠤᠳᠠ ᠶᠢᠨ ᠬᠦᠳᠡᠯᠮᠦᠷᠢ ᠶᠢᠨ ᠵᠢᠱᠢᠶᠡᠴᠢ︾ ᠂ ︽ᠪᠤᠭᠤᠳᠦ ᠬᠤᠳᠠ ᠶᠢᠨ ᠰᠢᠯᠢᠳᠡᠭ ᠡᠪ ᠬᠠᠮᠳᠤ ᠨᠠᠮ ᠤᠨ ᠬᠡᠰᠢᠬᠦᠨ︾᠎ ᠢᠶᠠᠷ ᠴᠤᠯᠠᠯᠠᠬᠳᠠᠨ᠂ ᠤᠷᠢᠳ ᠬᠤᠵᠢᠳ ᠬᠤᠶᠠᠳᠤᠭᠠᠷ  ᠲᠡᠰ ᠤᠨ ᠭᠠᠪᠢᠶ᠎ᠠ 3 ᠤᠳᠠᠭ᠎ᠠ᠂ ᠭᠤᠷᠪᠠᠳᠤᠭᠠᠷ ᠲᠡᠰ ᠤᠨ ᠭᠠᠪᠢᠶ᠎ᠠ 2 ᠤᠳᠠᠭ᠎ᠠ ᠲᠡᠮᠳᠡᠭᠯᠡᠬᠦᠯᠦᠨ᠂ ᠦᠪᠡᠷᠳᠡᠬᠡᠨ ᠵᠠᠰᠠᠬᠤ ᠤᠷᠤᠨ ᠤ  ᠨᠠᠮ ᠤᠨ ᠬᠤᠷᠢᠶ᠎ᠠ᠂ ᠵᠠᠰᠠᠬ ᠤᠨ ᠤᠷᠳᠤᠨ ᠠᠴᠠ ᠲᠡᠬᠦᠨ ᠳᠤ ︽ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠡᠷᠢᠬᠦᠨ ᠤ  ᠠᠵᠢᠯᠳᠠᠨ︾᠎ ᠤ ᠢᠷᠠᠭᠤ ᠠᠯᠳᠠᠷ ᠤᠨ ᠴᠤᠯᠠ ᠤᠯᠭᠤᠵᠡᠢ᠃ 2016 ᠤᠨ ᠤ ᠡᠬᠢ ᠪᠠᠷ᠂ ᠦᠪᠡᠷᠳᠡᠬᠡᠨ ᠵᠠᠰᠠᠬᠤ ᠤᠷᠤᠨ ᠤ ᠨᠠᠮ ᠤᠨ  ᠬᠤᠷᠢᠶ᠎ᠠ ᠶᠢᠨ ᠤᠬᠠᠭᠤᠯᠬᠤ ᠬᠡᠯᠳᠡᠰ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶ᠎ᠠ ᠬᠠᠮᠳᠤᠷᠠᠨ ︽ᠫᠠᠨ ᡁᠢ ᠷᠦᠩ ᠨᠦᠬᠦᠷ ᠠᠴᠠ  ᠰᠤᠷᠤᠯᠴᠠᠬᠤ ᠠᠵᠢᠯᠯᠠᠭ᠎ᠠ ᠦᠷᠨᠢᠬᠦᠯᠬᠦ ᠲᠤᠬᠠᠢ ᠮᠡᠳᠡᠭᠳᠡᠯ︾ ᠪᠠᠭᠤᠯᠭᠠᠨ᠂ ᠤᠷᠢᠳ ᠬᠤᠵᠢᠳ ᠫᠠᠨ ᡁᠢ ᠷᠦᠩ ᠨᠦᠬᠦᠷ ᠤᠨ  ᠲᠡᠷᠢᠬᠦᠨ ᠤ ᠦᠢᠯᠡ ᠠᠵᠢᠯᠯᠠᠭ᠎ᠠ ᠶᠢᠨ ᠮᠡᠳᠡᠬᠦᠯᠦᠯᠳᠡ ᠶᠢᠨ ᠬᠤᠷᠠᠯ᠂ ᠨᠡᠶᠢᠳᠡᠯᠡᠬᠦ ᠬᠤᠷᠠᠯ ᠢ ᠡᠷᠬᠢᠯᠡᠨ ᠶᠠᠪᠤᠬᠳᠠᠭᠤᠯᠵᠤ᠂ ᠫᠠᠨ ᡁᠢ  ᠷᠦᠩ ᠢ ︽ᠤᠮᠠᠷᠠᠳᠤ ᠬᠢᠯᠢ ᠶᠢᠨ ᠵᠢᠱᠢᠶᠡᠴᠢ︾᠎ ᠪᠠᠷ ᠴᠤᠯᠠᠯᠠᠵᠠᠢ᠃ ᠲᠦᠷᠦᠬᠦᠬᠡᠨ ᠫᠠᠨ ᡁᠢ ᠷᠦᠩ ᠪᠠᠰᠠ ︽ᠪᠦᠬᠦ ᠤᠯᠤᠰ ᠤᠨ  ᠵᠢᠱᠢᠶᠡᠴᠢ ᠪᠠᠶᠢᠴᠠᠭᠠᠬᠤ ᠲᠤᠰᠢᠶᠠᠯᠳᠠᠨ︾᠎ ᠤ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃

ᠢᠷᠡᠯᠲᠡ
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro