ᠵᠦᠪᠰᠢᠶᠡᠷᠡᠯ ᠤᠨ ᠲᠡᠮᠳᠡᠭ ᠦᠭᠡᠢ ᠪᠠᠷ ᠣᠢ ᠮᠣᠳᠣ ᠣᠭᠲᠣᠯᠵᠣ ᠶᠠᠯ᠎ᠠ ᠬᠢᠭᠰᠡᠨ ᠢᠶᠠᠷ ᠰᠡᠵᠢᠭᠯᠡᠭᠳᠡᠨ ᠪᠠᠷᠢᠪᠴᠢᠯᠠᠭᠳᠠᠪᠠ
ᠣᠶᠢᠷ᠎ᠠ ᠳᠤ᠂ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠣᠢ ᠮᠣᠳᠣ ᠶᠢ ᠳᠣᠷ᠎ᠠ ᠪᠠᠷ ᠢᠶᠠᠨ ᠣᠭᠲᠣᠯᠣᠭᠰᠠᠨ ᠶᠠᠯ᠎ᠠ ᠳᠤ ᠰᠡᠵᠢᠭᠯᠡᠭᠳᠡᠭᠰᠡᠨ ᠶᠠᠩ ᠣᠪᠣᠭᠲᠣ ᠪᠣᠯᠣᠨ ᠼᠣᠣ ᠣᠪᠣᠭᠲᠣ ᠶᠢ ᠪᠠᠷᠢᠪᠴᠢᠯᠠᠬᠤ ᠶᠢ ᠵᠦᠪᠰᠢᠶᠡᠷᠡᠪᠡ᠃
ᠯᠢᠶᠣᠣᠨᠢᠩ ᠮᠣᠵᠢ ᠶᠢᠨ ᠯᠢᠦ ᠣᠪᠣᠭᠲᠣ᠂ ᠶᠠᠩ ᠣᠪᠣᠭᠲᠣ ᠪᠣᠯᠣᠨ ᠼᠣᠣ ᠣᠪᠣᠭᠲᠣ 2015 ᠣᠨ ᠤ 11 ᠰᠠᠷ᠎ᠠ ᠶᠢᠨ ᠦᠶ᠎ᠡ ᠳᠤ ᠵᠢᠲ᠋ᠦ᠋ᠩ ᠲᠡᠮᠦᠷ ᠵᠠᠮ ᠤᠨ ᠪᠠᠭᠠᠷᠢᠨ ᠪᠠᠷᠠᠭᠤᠨ ᠬᠤᠰᠢᠭᠤᠨ ᠤ ᠪᠠᠶᠠᠨᠲᠠᠯ᠎ᠠ ᠰᠣᠮᠣᠨ ᠤ ᠯᠣᠳᠣᠣᠪᠠᠨ ᠭᠠᠴᠠᠭᠠᠨ ᠤ ᠳᠣᠯᠣᠭᠠᠨᠪᠠᠨ ᠳᠣᠭᠤᠶᠢᠯᠠᠩ ᠤᠨ ᠬᠡᠰᠡᠭ ᠲᠠᠬᠢ ᠲᠡᠮᠦᠷ ᠵᠠᠮ ᠤᠨ ᠨᠢᠭᠡ ᠲᠠᠯ᠎ᠠ ᠶᠢᠨ ᠣᠯᠢᠶᠠᠰᠣᠨ ᠮᠣᠳᠣ ᠶᠢ 10 ᠲᠦᠮᠡᠨ ᠲᠦᠭᠦᠷᠢᠭ ᠢᠶᠠᠷ ᠳᠦᠷᠢᠶᠡᠰᠦᠯᠡᠨ ᠠᠪᠴᠠᠢ᠃ ᠯᠢᠦ ᠣᠪᠣᠭᠲᠣ᠂ ᠶᠠᠩ ᠣᠪᠣᠭᠲᠣ ᠪᠣᠯᠣᠨ ᠼᠣᠣ ᠣᠪᠣᠭᠲᠣ ᠭᠤᠷᠪᠠᠭᠤᠯᠠ ᠵᠦᠪᠳᠡᠯᠴᠡᠨ᠂ ᠯᠢᠦ ᠣᠪᠣᠭᠲᠣ ᠪᠠᠷ ᠣᠭᠲᠣᠯᠣᠭᠰᠠᠨ ᠮᠣᠳᠣᠨ ᠮᠠᠲ᠋ᠧᠷᠢᠶᠠᠯ ᠢᠶᠠᠨ ᠾᠧᠪᠸᠢ ᠮᠣᠵᠢ ᠳᠤ ᠬᠦᠷᠭᠡᠭᠦᠯᠬᠦ ᠪᠠᠷ ᠲᠣᠭᠲᠠᠪᠠ᠃ ᠯᠢᠦ ᠣᠪᠣᠭᠲᠣ ᠾᠧᠪᠸᠢ ᠮᠣᠵᠢ ᠳᠤ ᠶᠠᠪᠣᠭᠰᠠᠨ ᠤ ᠬᠤᠶᠢᠨ᠎ᠠ᠂ ᠶᠠᠩ ᠣᠪᠣᠭᠲᠣ ᠪᠣᠯᠣᠨ ᠼᠣᠣ ᠣᠪᠣᠭᠲᠣ ᠣᠢ ᠰᠢᠭᠤᠢ ᠶᠢᠨ ᠵᠠᠰᠠᠭ ᠵᠠᠬᠢᠷᠭᠠᠨ ᠤ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠣᠯᠣᠨ ᠬᠠᠣᠯᠢ ᠠᠴᠠ ᠳᠣᠭᠲᠠᠭᠠᠭᠰᠠᠨ ᠪᠣᠰᠣᠳ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠢᠶᠠᠷ ᠵᠦᠪᠰᠢᠶᠡᠷᠡᠭᠦᠯᠦᠨ᠂ ᠣᠢ ᠮᠣᠳᠣ ᠣᠭᠳᠣᠯᠬᠤ ᠵᠦᠪᠰᠢᠶᠡᠷᠡᠯ ᠤᠨ ᠲᠡᠮᠳᠡᠭ ᠬᠢᠨᠠᠨ ᠤᠯᠭᠤᠭᠤᠯᠤᠭᠰᠠᠨ ᠦᠭᠡᠢ ᠪᠠᠷ ᠳᠦᠷᠢᠶᠡᠰᠦᠯᠡᠨ ᠠᠪᠣᠭᠰᠠᠨ ᠣᠯᠢᠶᠠᠰᠣᠨ ᠮᠣᠳᠣᠨ ᠠᠴᠠ ᠪᠠᠨ 3570 ᠰᠠᠭᠤᠷᠢ ᠶᠢ ᠨᠢ ᠣᠭᠲᠣᠯᠣᠨ᠂ ᠣᠭᠲᠣᠯᠣᠭᠰᠠᠨ ᠮᠣᠳᠣᠨ ᠤ ᠬᠢᠨᠢ ᠬᠤᠷᠠᠮᠳᠣᠯᠠᠯ ᠬᠡᠮᠵᠢᠶ᠎ᠡ ᠨᠢ 476 ᠺᠦᠪ ᠮᠧᠲᠷ ᠳᠤ ᠬᠦᠷᠴᠠᠢ᠃ ᠬᠠᠮᠢᠶ᠎ᠠ ᠪᠦᠬᠦᠢ ᠬᠠᠣᠯᠢ ᠳᠣᠭᠲᠠᠭᠠᠯ ᠢ ᠦᠨᠳᠦᠰᠦᠯᠡᠪᠡᠯ᠂ ᠣᠢ ᠮᠣᠳᠣ ᠶᠢ ᠳᠣᠷ᠎ᠠ ᠪᠠᠷ ᠢᠶᠠᠨ ᠣᠭᠲᠣᠯᠣᠭᠰᠠᠨ ᠬᠤᠷᠠᠮᠳᠣᠯᠠᠯ ᠬᠡᠮᠵᠢᠶ᠎ᠡ ᠨᠢ 20 ᠺᠦᠪ ᠮᠧᠲᠷ ᠳᠤ ᠬᠦᠷᠪᠡᠯ ᠳᠠᠷᠣᠢ ᠬᠡᠷᠡᠭ ᠪᠣᠯᠭᠠᠨ ᠨᠡᠬᠡᠮᠵᠢᠯᠡᠨ ᠵᠠᠭᠠᠯᠳᠣᠵᠣ᠂ ᠬᠤᠷᠠᠮᠳᠣᠯᠠᠯ ᠬᠡᠮᠵᠢᠶ᠎ᠡ ᠨᠢ 70 ᠺᠦᠪ ᠮᠧᠲᠷ ᠳᠤ ᠬᠦᠷᠪᠡᠯ ᠣᠭᠲᠣᠯᠣᠭᠰᠠᠨ ᠲᠤᠭ᠎ᠠ ᠨᠢ ᠯᠣᠲᠣ ᠶᠡᠭᠡ ᠳᠤ ᠲᠣᠭᠠᠴᠠᠭᠳᠠᠨ᠂ ᠭᠤᠷᠪᠠᠨ ᠵᠢᠯ ᠠᠴᠠ ᠳᠡᠭᠡᠭᠰᠢ ᠳᠣᠯᠣᠭᠠᠨ ᠵᠢᠯ ᠠᠴᠠ ᠳᠣᠭᠤᠭᠰᠢ ᠬᠤᠭᠤᠴᠠᠭ᠎ᠠ ᠲᠠᠢ ᠬᠤᠷᠢᠭᠳᠠᠬᠤ ᠪᠠᠷ ᠰᠢᠳᠬᠡᠭᠳᠡᠨ᠎ᠡ᠃ ᠶᠠᠩ ᠣᠪᠣᠭᠲᠣ ᠪᠣᠯᠣᠨ ᠼᠣᠣ ᠣᠪᠣᠭᠲᠣ ᠶᠢᠨ ᠳᠣᠷ᠎ᠠ ᠪᠠᠷ 3570 ᠰᠠᠭᠤᠷᠢ ᠣᠯᠢᠶᠠᠰᠣᠨ ᠮᠣᠳᠣ ᠣᠭᠲᠣᠯᠣᠭᠰᠠᠨ ᠦᠢᠯᠡ ᠠᠵᠢᠯᠯᠠᠭ᠎ᠠ ᠨᠢ ᠣᠢ ᠮᠣᠳᠣ ᠶᠢ ᠳᠣᠷ᠎ᠠ ᠪᠠᠷ ᠢᠶᠠᠨ ᠣᠭᠲᠣᠯᠣᠭᠰᠠᠨ ᠶᠠᠯ᠎ᠠ ᠳᠤ ᠰᠡᠵᠢᠭᠯᠡᠭᠳᠡᠭᠰᠡᠨ ᠮᠦᠷᠲᠡᠭᠡᠨ ᠦᠴᠢᠭ ᠨᠡᠪᠲᠡᠷᠡᠯᠴᠡᠬᠦ ᠪᠣᠯᠣᠯᠴᠠᠭ᠎ᠠ ᠲᠠᠢ ᠪᠠᠶᠢᠵᠣ᠂ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠶᠠᠩ ᠣᠪᠣᠭᠲᠣ ᠪᠣᠯᠣᠨ ᠼᠣᠣ ᠣᠪᠣᠭᠲᠣ ᠶᠢ ᠪᠠᠷᠢᠪᠴᠢᠯᠠᠬᠤ ᠶᠢ ᠵᠦᠪᠰᠢᠶᠡᠷᠡᠪᠡ᠃ ᠶᠠᠩ ᠣᠪᠣᠭᠲᠣ ᠪᠣᠯᠣᠨ ᠼᠣᠣ ᠣᠪᠣᠭᠲᠣ ᠡᠳᠦᠭᠡ ᠶᠠᠭ ᠬᠠᠣᠯᠢ ᠶᠢᠨ ᠬᠠᠲᠠᠭᠤ ᠰᠢᠳᠬᠡᠯ ᠢ ᠬᠦᠯᠢᠶᠡᠵᠦ ᠪᠣᠢ᠃