ᠲᠡᠷᠢᠭᠦᠨ ᠨᠢᠭᠤᠷ  -  ᠪᠠᠶᠢᠴᠠᠭᠠᠬᠤ ᠬᠤᠰᠢᠭᠤᠴᠢ

ᠫᠠᠨ ᡁᠢ ᠷᠥᠩ ᠪᠠᠶᠢᠴᠠᠭᠠᠬᠤ ᠲᠠᠰᠤᠭ ᠲᠠᠢ ᠪᠠᠨ

2016-06-02 11:08:23
ᠵᠣᠬᠢᠶᠠᠭᠴᠢ
ᠰᠡᠴᠡᠩᠬᠤᠸᠠᠷ

    ᠡᠳᠦᠭᠡ  ᠫᠠᠨ ᡁᠢ  ᠷᠥᠩ ᠭᠡᠳᠡᠭ ᠨᠡᠷ᠎ᠡ ᠶᠢ ᠰᠣᠨᠤᠰᠣᠭᠰᠠᠨ  ᠪᠦᠬᠦᠨ ᠂ ᠬᠡᠯᠡᠭᠰᠡᠨ  ᠪᠦᠬᠦᠨ  ᠥᠪᠡᠷ ᠤᠨ ᠡᠷᠬᠡ ᠦᠭᠡᠢ ᠤᠴᠢᠷᠯᠠᠨ ᠱᠠᠭᠰᠢᠬᠤ ᠪᠤᠯᠤᠭᠰᠠᠨ ᠶᠤᠮ᠃  ᠪᠦᠬᠦ ᠤᠯᠤᠰ ᠤᠨ ᠰᠣᠳᠣᠨ ᠪᠠᠶᠢᠴᠠᠭᠠᠬᠤ  ᠲᠤᠰᠢᠶᠠᠯᠲᠠᠨ᠂  ᠥᠪᠦᠷ ᠮᠤᠩᠭᠤᠯ ᠤᠨ  ᠰᠢᠯᠢᠳᠡᠭ  ᠨᠠᠮ ᠤᠨ  ᠭᠡᠰᠢᠭᠦᠨ  ᠭᠡᠬᠦᠴᠢᠯᠡᠨ  ᠥᠨᠳᠥᠷ ᠴᠣᠯᠠ ᠶᠢ  ᠡᠩᠭᠡᠷ ᠲᠤ ᠪᠠᠨ  ᠭᠢᠯᠠᠯᠵᠠᠭᠤᠯᠵᠤ ᠶᠠᠪᠤᠭ᠎ᠠ  ᠲᠡᠭᠦᠨ ᠤ  ᠶᠡᠷᠦ ᠶᠢᠨ ᠴᠠᠭ ᠤᠨ  ᠠᠵᠢᠯ ᠤᠨ ᠪᠠᠶᠢᠳᠠᠯ  ᠴᠣᠬᠤᠮ ᠶᠠᠮᠠᠷᠬᠠᠨ  ᠰᠢᠭ᠋ ᠪᠠᠶᠢᠳᠠᠭ  ᠪᠤᠯ ᠭᠡᠵᠤ ᠰᠣᠨᠢᠭᠤᠴᠢᠯᠠᠨ ᠠᠰᠠᠭᠤᠬᠤ  ᠬᠦᠮᠦᠰ  ᠴᠦ  ᠮᠠᠰᠢ  ᠣᠯᠠᠨ  ᠪᠠᠶᠢᠭ᠎ᠠ ᠶᠤᠮ᠃ ᠲᠡᠭᠦᠨ ᠤ  ᠠᠵᠢᠯ  ᠭᠡᠬᠦ  ᠪᠠᠷ  ᠪᠠᠶᠢᠴᠠᠭᠠᠬᠤ  ᠲᠠᠰᠤᠭ ᠢ  ᠵᠠᠪᠠᠯ  ᠭᠤᠣᠯᠴᠢᠯᠠᠨ ᠳᠤᠷᠠᠳᠬᠤ  ᠴᠢᠬᠤᠯᠠ  ᠲᠠᠢ  ᠃  ᠤᠴᠢᠷ  ᠨᠢ  ᠪᠠᠶᠢᠴᠠᠭᠠᠬᠤ  ᠲᠠᠰᠤᠭ ᠲᠤ ᠲᠡᠭᠦᠨ ᠤ  ᠠᠵᠢᠯ  ᠠᠮᠢᠳᠤᠷᠠᠯ᠂  ᠵᠠᠩ ᠠᠷᠠᠨᠰᠢᠨ ᠪᠦᠬᠦᠶᠢᠯᠡ  ᠵᠦᠢᠯ ᠨᠢ ᠠᠭᠤᠰᠤᠨ  ᠰᠢᠩᠭᠡᠭᠰᠡᠨ ᠪᠠᠶᠢᠳᠠᠭ᠃ 

    ᠰᠢᠷᠠᠮᠦ᠋ᠷᠡᠨ ᠤ ᠪᠠᠶᠢᠴᠠᠭᠠᠬᠤ ᠲᠠᠰᠤᠭ ᠪᠣᠯ ᠮᠠᠨ ᠤ  ᠬᠤᠷᠢᠶᠠᠨ ᠤ  ᠮᠠᠯᠴᠢᠨ ᠲᠦᠮᠡᠨ ᠳᠤ ᠦᠢᠯᠡᠴᠢᠯᠡᠭᠦᠯᠬᠦ ᠪᠠᠷ ᠬᠦᠴᠦᠯᠡᠨ ᠪᠠᠶᠢᠭᠤᠯᠤᠭᠰᠠᠨ ᠴᠢᠳᠠᠮᠵᠢ ᠪᠠᠷ ᠪᠦᠷᠢᠨ ᠪᠠᠶᠢᠴᠠᠭᠠᠬᠤ  ᠲᠠᠰᠤᠭ ᠪᠣᠯᠣᠨ᠎ᠠ᠃  ᠮᠦᠨ ᠴᠦ  ᠫᠠᠨ ᡁᠢ ᠷᠥᠩ ᠨᠥᠬᠦᠷ ᠤᠨ ᠡᠷᠬᠢᠯᠡᠨ ᠬᠠᠮᠢᠶᠠᠷᠴᠦ  ᠪᠠᠶᠢᠭ᠎ᠠ ᠠᠵᠢᠯ ᠤᠨ ᠹᠷᠤᠨᠲ  ᠪᠣᠯᠬᠤ ᠶᠤᠮ᠃ ᠪᠠᠷᠢᠯᠭ᠎ᠠ ᠶᠢᠨ  ᠭᠠᠳᠠᠷ  ᠪᠠᠶᠢᠳᠠᠯ ᠂  ᠳᠣᠲᠣᠭᠠᠳᠣ  ᠵᠢᠷᠤᠭ  ᠲᠥᠰᠥᠪᠯᠡᠯ  ᠨᠢ ᠴᠦᠮ  ᠮᠣᠩᠭᠤᠯ ᠥᠩᠭᠡ  ᠪᠤᠳᠤᠭ  ᠪᠦᠷᠢᠲᠦᠭᠰᠡᠨ  ᠪᠠᠶᠢᠵᠤ᠂  ᠴᠣᠬᠤᠮ ᠴᠦ ᠬᠥᠳᠡᠭᠡ ᠶᠢᠨ ᠰᠢᠷᠤᠢ ᠦᠨᠦᠷᠲᠦᠭᠰᠡᠨ ᠭᠠᠵᠠᠷ ᠭᠡᠮᠡᠷ  ᠶᠤᠮ ᠃  ᠡᠶᠢᠨ ᠬᠦ ᠵᠢᠷᠤᠭᠯᠠᠵᠤ ᠲᠦᠰᠦᠪᠯᠡᠭᠰᠡᠨ ᠤ ᠤᠴᠢᠷ ᠭᠡᠪᠡᠯ᠂  ᠰᠠᠨᠠᠯ ᠵᠥᠪᠯᠡᠯᠭᠡ ᠣᠯᠬᠤ ᠪᠠᠷ ᠢᠷᠡᠭᠰᠡᠨ ᠮᠠᠯᠴᠢᠨ ᠲᠦᠮᠡᠨ ᠳᠤ ᠬᠠᠯᠠᠭᠤᠨ  ᠳᠤᠲᠤᠨᠤ ᠠᠭᠤᠷ ᠠᠮᠢᠰᠬᠤᠯ ᠢ ᠣᠯᠭᠤᠵᠤ᠂ ᠥᠪᠡᠷ ᠤᠨ ᠭᠡᠷ ᠤᠷᠤᠨ ᠳᠤ ᠪᠠᠨ ᠪᠠᠶᠢᠭ᠎ᠠ ᠴᠦ ᠶᠤᠮ ᠰᠢᠭ᠋ ᠂ ᠡᠷᠡᠭᠡ ᠵᠢᠷᠤᠭ᠎ᠠ ᠦᠭᠡᠢ ᠪᠠᠶᠢᠬᠤ ᠶᠢ  ᠬᠦᠰᠡᠵᠤ᠂  ᠪᠠᠶᠢᠴᠠᠭᠠᠬᠤ ᠬᠤᠷᠢᠶᠠᠨ ᠤ ᠬᠠᠮᠤᠭ ᠤᠨ ᠰᠠᠶᠢᠨ ᠰᠠᠶᠢᠬᠠᠨ ᠳᠦᠷᠢ  ᠳᠥᠷᠬᠦ ᠪᠠᠷ ᠣᠯᠠᠨ ᠲᠦᠮᠡᠨ ᠢ ᠬᠦᠯᠢᠶᠡᠨ ᠠᠪᠬᠤ ᠶᠢ ᠵᠤᠷᠢᠭᠰᠠᠨ ᠳᠤ ᠪᠤᠢ᠃  ᠢᠩᠭᠢᠬᠦᠯᠡᠷ ᠪᠠᠶᠢᠴᠠᠭᠠᠬᠤ ᠲᠠᠰᠤᠭ ᠨᠢ ᠫᠠᠨ ᡁᠢ ᠷᠥᠩ ᠨᠥᠬᠦᠷ ᠬᠢᠭᠡᠳ‌ ᠮᠠᠯᠴᠢᠨ ᠲᠦᠮᠡᠨ ᠤ ᠬᠤᠭᠤᠷᠤᠨᠳᠤᠬᠢ ᠬᠡᠯᠬᠢᠶᠡᠰᠦ ᠪᠠᠶᠢᠵᠤ᠂ ᠨᠡᠩ ᠴᠦ ᠪᠠᠶᠢᠴᠠᠭᠠᠬᠤ ᠬᠤᠷᠢᠶ᠎ᠠ ᠪᠤᠯᠤᠨ ᠤᠯᠠᠨ ᠲᠥᠮᠡᠨ ᠤ ᠳᠤᠮᠳᠠᠬᠢ ᠬᠦᠭᠦᠷᠭᠡ  ᠪᠢᠯᠡ᠃

    ᠫᠠᠨ ᡁᠢ ᠷᠥᠩ ᠨᠥᠬᠦᠷ ᠤᠨ ᠠᠵᠢᠯ ᠬᠡᠵᠢᠶᠡᠳᠡ ᠮᠤᠩᠭᠤᠯ ᠬᠢᠲᠠᠳ ᠬᠤᠤᠰ ᠬᠡᠯᠡ ᠪᠠᠷ ᠶᠠᠪᠤᠭᠳᠠᠵᠤ ᠪᠠᠶᠢᠳᠠᠭ᠃ ᠮᠠᠯᠴᠢᠳ ᠤᠨ ᠨᠥᠬᠦᠪᠥᠷᠢ ᠶᠢᠨ ᠮᠥᠩᠭᠦ ᠪᠠᠨ ᠤᠯᠤᠭᠰᠠᠨ ᠡᠰᠡᠬᠦ ᠠᠴᠠ ᠡᠬᠢᠯᠡᠨ ᠠᠮᠢᠳᠤᠷᠠᠯ ᠤᠨ ᠠᠷᠰᠠᠷ ᠶᠠᠪᠤᠳᠠᠯ ᠬᠥᠷᠲᠡᠯ᠎ᠡ ᠲᠡᠬᠦᠨ ᠤ ᠲᠡᠮᠳᠡᠭᠯᠡᠯ ᠤᠨ ᠳᠡᠪᠳᠡᠷ ᠲᠤ ᠪᠢᠴᠢᠭᠳᠡᠭᠰᠡᠨ ᠪᠠᠶᠢᠳᠠᠭ᠃ ᠳᠠᠬᠢᠪᠠᠯ ᠲᠡᠷᠡ ᠬᠤᠤᠰ ᠬᠡᠯᠡᠨ ᠤ ᠲᠤᠰᠢᠶᠠᠯ ᠤᠨ ᠶᠠᠯ᠎ᠠ ᠶᠢᠨ ᠰᠡᠷᠬᠡᠶᠢᠯᠡᠯᠲᠡ ᠶᠢᠨ ᠬᠢᠴᠢᠶᠡᠯ ᠤᠷᠤᠵᠤ᠂  ᠬᠠᠤᠯᠢ ᠴᠠᠭᠠᠵᠠ ᠶᠢᠨ ᠮᠡᠳᠡᠯᠭᠡ ᠶᠢᠨ ᠤᠬᠠᠭᠤᠯᠭ᠎ᠠ ᠶᠢᠨ ᠳᠡᠪᠲᠡᠷ ᠲᠠᠷᠬᠠᠭᠠᠵᠤ᠂ ᠦᠨᠳᠦᠰᠦᠨ ᠱᠠᠲᠤᠨ ᠤ ᠺᠠᠳ᠋ᠷ ᠠᠵᠢᠯᠳᠠᠨ ᠳᠤ ᠰᠡᠷᠡᠮᠵᠢ ᠶᠢᠨ ᠬᠤᠩᠬᠤᠨ ᠤ ᠥᠢᠯᠡᠳᠤᠯ ᠥᠵᠡᠬᠦᠯᠥᠭᠰᠡᠨ ᠶᠤᠮ᠃ ᠬᠤᠤᠰ ᠬᠡᠯᠡ ᠪᠠᠷ ᠬᠡᠷᠡᠭ ᠰᠢᠢᠳᠪᠦᠷᠢᠯᠡᠬᠦ ᠶᠢ ᠨᠡᠩ ᠴᠦ ᠬᠡᠯᠡᠬᠦ ᠶᠠᠭᠤ ᠪᠠᠶᠢᠬᠤ ᠪᠤᠢ᠃ ᠶᠠᠯ᠎ᠠ ᠬᠢᠭᠰᠡᠨ ᠰᠡᠵᠢᠭᠲᠡᠨ ᠳᠤ ᠡᠬᠡ ᠬᠡᠯᠡ ᠪᠠᠷ ᠨᠢ ᠶᠠᠷᠢᠵᠤ ᠲᠠᠶᠢᠯᠪᠤᠷᠢᠯᠠᠬᠤ ᠨᠢ ᠲᠡᠳᠡᠨ ᠤ ᠰᠡᠳᠬᠢᠯ ᠳᠤ ᠤᠯᠠᠮ ᠤᠶᠢᠷᠠᠳᠴᠤ ᠭᠡᠮᠰᠢᠨ ᠤᠬᠠᠭᠠᠷᠠᠭᠤᠯᠳᠠᠭ᠃

    ᠮᠡᠳᠡᠭᠡᠵᠢ ᠮᠠᠯᠴᠢᠨ ᠲᠦᠮᠡᠨ ᠡᠳᠡᠭᠡᠷ ᠲᠠᠨᠢᠯ ᠪᠤᠰᠤ ᠬᠠᠤᠯᠢ ᠶᠢᠨ ᠨᠡᠷᠡᠰ ᠦᠭᠡᠰ ᠢ ᠬᠠᠷᠠᠭᠠᠳ ᠲᠤᠯᠤᠭᠠᠢ ᠨᠢ ᠡᠷᠭᠢᠵᠤ ᠭᠠᠴᠢᠭᠳᠠᠬᠤ ᠨᠢ ᠳᠠᠮᠵᠢᠭ ᠦᠭᠡᠢ᠃ ᠶᠠᠭ ᠡᠶᠢᠮᠤ ᠤᠴᠢᠷ ᠠᠴᠠ ᠫᠠᠨ ᡁᠢ ᠷᠦᠩ ᠨᠥᠬᠦᠷ ᠤᠨ ᠡᠳᠡᠭᠡᠷ ᠵᠢᠯ ᠤᠨ ᠬᠢᠭᠰᠡᠨ ᠵᠦᠢᠯ ᠨᠢ ᠬᠠᠮᠤᠭ ᠤᠨ ᠶᠡᠭᠡ ᠦᠨ᠎ᠡ ᠦᠷᠲᠡᠭ ᠢᠶᠠᠨ ᠤᠯᠤᠭᠰᠠᠨ ᠪᠠᠶᠢᠳᠠᠭ ᠃ ᠲᠡᠷᠡ ᠭᠤᠴᠢᠨ ᠵᠢᠯ ᠤᠨ ᠲᠤᠷᠰᠢ ᠶᠡᠬᠡᠩᠬᠢ ᠴᠠᠭ ᠢᠶᠠᠷ ᠢᠶᠠᠨ ᠬᠥᠳᠡᠭᠡ ᠪᠠᠭᠤᠵᠤ ᠮᠠᠯᠴᠢᠳ ᠤᠨ ᠳᠤᠮᠳᠠ ᠬᠦᠷᠴᠦ᠂  ᠲᠡᠳᠡᠨ ᠤ ᠬᠡᠷᠡᠭ ᠵᠠᠷᠭᠤ᠂ ᠠᠳᠠᠯ ᠠᠮᠢᠳᠤᠷᠠᠯ ᠤᠨ ᠬᠦᠴᠢᠷ ᠲᠦᠪᠡᠭᠲᠦ ᠵᠦᠢᠯ ᠤᠳ ᠢ ᠰᠢᠢᠳᠪᠦᠷᠢᠯᠡᠭᠰᠡᠭᠡᠷ  ᠢᠷᠡᠭᠰᠡᠨ ᠶᠤᠮ᠃  ᠲᠡᠳᠡᠭᠡᠷ ᠮᠠᠯᠴᠢᠳ ᠤᠨ ᠰᠡᠳᠬᠢᠯ ᠳᠤ ᠡᠭᠡᠳᠡᠷᠡᠵᠤ ᠪᠠᠶᠢᠭ᠎ᠠ ᠬᠠᠤᠯᠢ ᠴᠠᠭᠠᠵᠠ ᠶᠢᠨ ᠨᠠᠷᠢᠨ ᠵᠠᠩᠭᠢᠯᠠᠭ᠎ᠠ ᠨᠢ ᠫᠠᠨ ᡁᠢ ᠷᠥᠩ ᠨᠥᠬᠦᠷ ᠤᠨ ᠰᠢᠷᠭᠠᠭᠤ ᠬᠦᠳᠡᠯᠮᠦᠷᠢ ᠶᠢᠨ ᠬᠠᠷᠢᠭᠤ ᠳᠤ ᠲᠠᠯᠪᠢᠭᠳᠠᠵᠤ ᠡᠬᠢᠯᠡᠭᠰᠡᠨ ᠶᠤᠮ᠃  ᠪᠠᠶᠢᠴᠠᠭᠠᠬᠤ ᠲᠠᠰᠤᠭ ᠤᠨ ᠦᠢᠯᠡᠳᠦᠯ ᠬᠡᠷᠡᠭᠴᠡᠭᠡ ᠨᠢ ᠮᠦᠨ ᠡᠭᠦᠨ ᠳᠡᠭᠡᠷ᠎ᠡ ᠪᠠᠶᠢᠭ᠎ᠠ ᠪᠢᠯᠡ᠃ ᠬᠠᠤᠯᠢ ᠴᠠᠭᠠᠵᠠ ᠶᠢᠨ ᠡᠷᠬᠡ ᠰᠦᠷ ᠢ ᠬᠠᠮᠠᠭᠠᠯᠠᠵᠤ᠂  ᠤᠯᠠᠨ ᠲᠦᠮᠡᠨ ᠳᠤ ᠦᠢᠯᠡᠴᠢᠯᠡᠬᠦ  ᠪᠣᠯ  ᠮᠠᠨ ᠤ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠶᠢᠴᠠᠭᠠᠬᠤ  ᠬᠤᠷᠢᠶᠠᠨ ᠤ  ᠴᠢᠷᠮᠠᠶᠢᠨ  ᠪᠡᠶᠡᠯᠡᠭᠦᠯᠵᠤ  ᠪᠠᠶᠢᠭ᠎ᠠ ᠵᠦᠢᠯ ᠪᠤᠯᠬᠤ ᠶᠤᠮ᠃


       


ᠢᠷᠡᠯᠲᠡ
ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠶᠢᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro