ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠮᠢᠨᠥ ᠰᠡᠳᠬᠢᠯ ᠳᠠᠬᠢ ᠫᠠᠨ ᡁᠢ ᠷᠥᠩ ᠤᠨ ᠳᠥᠷᠢ

2016-06-02 11:33:57
ᠵᠣᠬᠢᠶᠠᠭᠴᠢ
ᠸᠠᠩ ᠴᠦᠨ ᠰᠢᠶᠠ ︵ ᠰᠡᠴᠡᠩᠬᠤᠸᠠᠷ ᠤᠷᠴᠢᠭᠤᠯᠪᠠ︶

ᠠᠵᠢᠯ ᠤᠨ ᠳᠤᠮᠳᠠ  ᠮᠢᠨᠢ ᠰᠠᠯᠠᠭᠠᠨ ᠳᠠᠷᠤᠭ᠎ᠠ ᠪᠠᠶᠢᠵᠤ

ᠠᠮᠢᠳᠤᠷᠠᠯ ᠤᠨ ᠳᠤᠮᠳᠠ ᠮᠢᠨᠢ ᠠᠬ᠎ᠠ ᠪᠤᠯᠤᠭᠰᠠᠨ

ᠲᠥᠪ ᠴᠢᠩᠭ᠎ᠠ ᠨᠡᠷᠢᠨ ᠬᠢᠨᠠᠮᠠᠭᠠᠢ ᠨᠢ ᠳᠡᠬᠦᠨ ᠤ ᠭᠡᠪ ᠤᠨ ᠪᠠᠶᠢᠳᠠᠯ ᠶᠤᠮ

ᠲᠡᠷᠡ ᠭᠡᠷᠡᠭ ᠤᠨ ᠴᠢᠨᠠᠷ ᠴᠢᠨᠰᠠᠭ᠎ᠠ ᠶᠢ ᠪᠠᠭ᠎ᠠ ᠤᠴᠢᠷ ᠪᠢᠰᠢ ᠭᠡᠳᠡᠭ

ᠲᠤᠬᠠᠢ ᠶᠢᠨ ᠬᠥᠮᠥᠨ ᠤ ᠬᠠᠤᠯᠢ ᠶᠤᠰᠤᠨ ᠤ ᠡᠷᠭᠡ ᠠᠰᠢᠭ ᠪᠠᠭ᠎ᠠ ᠤᠴᠢᠷ ᠪᠢᠰᠢ ᠭᠡᠳᠡᠭ

ᠪᠠᠶᠢᠴᠠᠭᠠᠬᠤ ᠤᠶᠢᠯᠡᠰ ᠨᠢ ᠲᠡᠬᠦᠨ ᠤ ᠬᠥᠭᠡᠭᠡᠴᠡᠯᠳᠤᠯ ᠪᠠᠶᠢᠵᠤ

ᠰᠢᠨᠲᠠᠷᠠᠰᠢ ᠦᠬᠡᠢ ᠴᠢᠷᠮᠠᠶᠢᠯᠭ᠎ᠠ ᠨᠢ ᠲᠡᠬᠦᠨ ᠤ ᠭᠡᠪ ᠤᠨ ᠪᠠᠶᠢᠳᠠᠯ ᠪᠠᠶᠢᠵᠤ

ᠮᠠᠯᠵᠢᠬᠤ ᠤᠷᠤᠨ ᠢᠶᠠᠷ  ᠮᠤᠩᠭᠠᠨᠢᠵᠤ ᠶᠠᠪᠤᠭ᠎ᠠ ᠡᠴᠡᠩᠬᠡᠢ ᠪᠠᠭᠤᠷᠠᠢ ᠪᠡᠶ᠎ᠡ ᠪᠢᠯᠳᠠᠷ

ᠬᠠᠯᠠᠭᠤᠮᠰᠤᠭ ᠪᠠᠶᠢᠳᠠᠭ ᠨᠢ ᠲᠡᠬᠦᠨ ᠤ ᠭᠡᠪ ᠤᠨ ᠪᠠᠶᠢᠳᠠᠯ

ᠬᠠᠮᠳᠤ ᠠᠵᠢᠯᠳᠠᠨ ᠪᠥᠷ ᠲᠡᠬᠦᠨ ᠢ ︽ᠫᠠᠨ  ᠠᠬ᠎ᠠ︾ ᠭᠡᠵᠤ ᠳᠠᠭᠤᠳᠠᠨ

ᠠᠯᠢᠪᠠ  ᠤᠴᠢᠷ ᠢᠶᠠᠨ ᠳᠡᠬᠦᠨ ᠲᠠᠢ ᠬᠤᠪᠢᠶᠠᠯᠴᠠᠵᠤ

ᠮᠠᠯᠴᠢᠳ ᠰᠡᠳᠬᠢᠯ ᠤᠨ ᠤᠭ ᠠᠴᠠ ᠪᠠᠨ ᠠᠨᠳᠠ ᠮᠢᠨᠢ ᠭᠡᠵᠤ ᠳᠤᠳᠤᠨᠤᠴᠢᠯᠠᠳᠠᠭ

ᠳᠤᠬᠢᠶᠠᠯᠳᠤᠭᠰᠠᠨ ᠤᠴᠢᠷ ᠢᠶᠠᠨ ᠳᠡᠬᠦᠨ ᠢ  ᠡᠷᠢᠵᠦ  ᠬᠠᠪᠰᠤᠷᠤᠭᠤᠯᠳᠠᠭ

ᠬᠠᠮᠤᠭ ᠠᠴᠠ ᠮᠠᠷᠲᠠᠭᠳᠠᠰᠢ ᠦᠬᠡᠢ ᠨᠢ ᠳᠡᠬᠦᠨ ᠤ ᠤᠶᠠᠨ ᠳᠤᠯᠠᠭᠠᠨ ᠢᠨᠢᠶᠡᠮᠰᠦᠭᠯᠡᠯ

ᠬᠠᠮᠤᠭ ᠠᠴᠠ ᠡᠶᠡᠯᠰᠡᠭ ᠨᠢ ᠲᠡᠬᠦᠨ ᠤ ᠮᠤᠩᠭᠤᠯ ᠬᠢᠲᠠᠳ ᠬᠤᠤᠰ ᠬᠡᠯᠡᠨ ᠳᠤ ᠴᠠᠭᠠᠷᠠᠭᠰᠠᠨ

ᠬᠠᠮᠤᠭ ᠠᠴᠠ ᠨᠠᠨᠳᠢᠨ ᠨᠢ ᠳᠡᠬᠦᠨ ᠤ ᠤᠯᠠᠨ ᠲᠥᠮᠡᠨ ᠢ ᠡᠯᠢᠬᠡᠨ ᠰᠠᠳᠤᠨ ᠢᠶᠠᠨ ᠰᠢᠭ᠋ ᠪᠤᠳᠤᠳᠠᠭ  

ᠡᠨᠡ ᠪᠤᠯ ᠮᠢᠨᠥ ᠰᠡᠳᠬᠢᠯ ᠳᠠᠬᠢ ᠫᠠᠨ ᠠᠬ᠎ᠠ

ᠨᠢᠭᠡᠨ ᠵᠢᠱᠢᠶᠡᠴᠢ ᠪᠠᠶᠢᠴᠠᠭᠠᠬᠤ ᠲᠤᠰᠢᠶᠠᠯᠳᠠᠨ ᠤ  ᠲᠥᠷᠢ ᠪᠢᠯᠡ᠃










ᠢᠷᠡᠯᠲᠡ
ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠶᠢᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro