ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠬᠠᠤᠯᠢᠴᠢ ᠶᠢᠨ ᠬᠡᠷᠡᠭ ᠤᠨ ᠡᠪᠬᠡᠮᠡᠯ ᠥᠵᠡᠬᠦ ᠳᠤ ᠮᠡᠳᠡᠬᠦ ᠴᠢᠬᠤᠯᠠᠲᠡᠢ ᠵᠣᠶᠢᠯ

2016-06-03 14:37:21
ᠵᠣᠬᠢᠶᠠᠭᠴᠢ

ᠨᠢᠭᠡ᠂ ᠬᠡᠷᠡᠭ ᠤᠨ ᠡᠪᠬᠡᠮᠡᠯ ᠢ ᠦᠵᠡᠬᠦ ᠳᠡᠭᠡᠨ ᠤᠯᠤᠰ ᠬᠥᠷᠥᠨ ᠤ ᠨᠢᠭᠤᠴᠠ᠂ ᠬᠤᠳᠠᠯᠳᠤᠭᠠᠨ ᠤ ᠨᠢᠭᠤᠴᠠ ᠬᠢᠭᠡᠳ ᠲᠣᠬᠠᠢ ᠶᠢᠨ ᠬᠥᠮᠥᠨ ᠤ  ᠨᠢᠭᠤᠴᠠ ᠶᠢ ᠬᠠᠮᠠᠭᠠᠯᠠᠬᠤ ᠬᠡᠷᠡᠭᠲᠡᠢ᠃


ᠬᠤᠶᠠᠷ᠂ ᠬᠡᠷᠡᠭ ᠤᠨ ᠡᠪᠬᠡᠮᠡᠯ ᠢ ᠦᠵᠡᠬᠦ ᠳᠡᠭᠡᠨ ᠡᠪᠬᠡᠮᠡᠯ ᠤᠨ ᠠᠮᠤᠷ ᠲᠦᠪᠰᠢᠨ ᠬᠢᠭᠡᠳ ᠪᠦᠷᠢᠨ ᠪᠦᠲᠦᠨ ᠢ ᠪᠠᠳᠤᠯᠠᠨ᠂ ᠡᠪᠬᠡᠮᠡᠯ ᠮᠠᠲ᠋ᠧᠷᠢᠶᠠᠯ ᠳᠡᠭᠡᠷ᠎ᠡ ᠵᠢᠷᠦᠬᠤ᠂ ᠲᠡᠮᠳᠡᠭᠯᠡᠬᠦ᠂ ᠪᠠᠯᠠᠯᠬᠤ ᠶᠢ ᠴᠡᠭᠡᠷᠯᠡᠵᠦ᠂ ᠵᠠᠳᠠᠯᠬᠤ ᠪᠣᠶᠣ ᠡᠪᠬᠡᠮᠡᠯ ᠮᠠᠲ᠋ᠧᠷᠢᠶᠠᠯ ᠢ ᠪᠡᠶ᠎ᠡ ᠳᠡᠭᠡᠨ ᠠᠪᠴᠤ ᠶᠠᠪᠤᠵᠦ ᠪᠣᠯᠬᠤ ᠦᠭᠡᠢ᠃


ᠭᠤᠷᠪᠠ᠂ ᠬᠡᠷᠡᠭ ᠤᠨ ᠡᠪᠬᠡᠮᠡᠯ ᠢ ᠦᠵᠡᠬᠦ ᠶᠠᠪᠦᠴᠠ ᠳᠤ  ᠰᠡᠵᠢᠭ ᠲᠠᠢ ᠪᠣᠶᠣ ᠠᠰᠠᠭᠤᠬᠤ ᠴᠢᠬᠤᠯᠠᠲᠡᠢ᠂ ᠡᠰᠡᠭᠦᠯ᠎ᠡ ᠳᠠᠷᠤᠮᠠᠯᠯᠠᠬᠤ ᠴᠢᠬᠤᠯᠠᠲᠡᠢ ᠮᠠᠲ᠋ᠧᠷᠢᠶᠠᠯ ᠪᠠᠶᠢᠪᠠᠯ ᠬᠦᠯᠢᠶᠠᠨ ᠠᠪᠤᠭᠴᠢ ᠳᠤ ᠮᠡᠳᠡᠭᠳᠡᠬᠦ ᠪᠣᠶᠣ ᠡᠰᠡᠭᠦᠯ᠎ᠡ ᠪᠢᠴᠢᠭ ᠢᠶᠠᠷ ᠰᠠᠨᠠᠯ ᠢᠶᠠᠨ ᠲᠤᠰᠢᠶᠠᠵᠤ  ᠰᠢᠢᠳᠪᠦᠷᠢᠯᠡᠭᠦᠯᠬᠦ ᠭᠡᠷᠡᠭᠳᠡᠢ᠃


ᠲᠥᠷᠪᠡ᠂ ᠬᠡᠷᠡᠭ ᠤᠨ ᠡᠪᠬᠡᠮᠡᠯ ᠢ ᠦᠵᠡᠬᠦ ᠳᠡᠭᠡᠨ ᠵᠦᠪᠬᠡᠨ ᠡᠪᠬᠡᠮᠡᠯ ᠦᠵᠡᠬᠦ ᠦᠷᠦᠭᠡᠨ ᠳᠤ ᠦᠵᠡᠵᠦ ᠪᠤᠯᠤᠨ᠎ᠠ᠃ ᠬᠠᠷᠢᠨ ᠶᠠᠭᠠᠬᠢᠭᠰᠠᠨ ᠴᠦ ᠡᠪᠬᠡᠮᠡᠯ ᠮᠠᠲ᠋ᠧᠷᠢᠶᠠᠯ ᠢ ᠪᠡᠶ᠎ᠡ ᠳᠡᠭᠡᠨ ᠠᠪᠴᠤ ᠭᠠᠷᠴᠤ ᠪᠣᠯᠬᠤ ᠦᠭᠡᠢ᠃


ᠲᠠᠪᠤ᠂ ᠬᠡᠷᠡᠭ ᠤᠨ ᠡᠪᠬᠡᠮᠡᠯ ᠢ ᠥᠵᠡᠬᠦ ᠳᠡᠭᠡᠨ ᠭᠡᠷ ᠳᠣᠲᠤᠷᠠᠬᠢ ᠡᠳ᠋ᠯᠡᠯ ᠭᠡᠷᠡᠭᠰᠡᠯ ᠢ ᠡᠪᠳᠡᠨ ᠰᠥᠢᠳᠭᠡᠵᠥ ᠪᠣᠯᠬᠤ ᠦᠭᠡᠢ᠃


ᠵᠢᠷᠭᠤᠭ᠎ᠠ᠂ ᠬᠡᠷᠡᠭ ᠤᠨ ᠡᠪᠬᠡᠮᠡᠯ ᠢ ᠥᠵᠡᠵᠥ ᠳᠠᠭᠤᠰᠤᠭᠰᠠᠨ ᠤ ᠳᠠᠷᠠᠭ᠎ᠠ᠂ ᠡᠷᠭᠡᠪᠰᠢ ᠡᠪᠭᠡᠮᠡᠯ ᠮᠠᠲ᠋ᠧᠷᠢᠶᠠᠯ ᠢ ᠳᠡᠷᠢ ᠲᠡᠭᠰᠢ ᠲᠢᠭᠯᠡᠵᠥ ᠬᠠᠮᠢᠶ᠎ᠠ ᠪᠦᠬᠦᠢ  ᠭᠠᠷ ᠭᠦᠢᠴᠡᠳᠭᠡᠯ ᠢ ᠭᠦᠢᠴᠡᠳᠭᠡᠭᠰᠡᠨ ᠤ ᠳᠠᠷᠠᠭ᠎ᠠ ᠰᠠᠶ᠋ᠢ ᠰᠠᠯᠬᠤ ᠶᠤᠰᠤᠲᠡᠢ᠃
















ᠢᠷᠡᠯᠲᠡ
ᠥᠪᠦᠷ ᠮᠤᠩᠭᠤᠯ ᠤᠨ ᠪᠠᠶᠢᠴᠠᠭᠠᠬᠤ ᠬᠤᠷᠢᠶᠠᠨ ᠤ ᠤᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro