ᠶᠠᠳᠠᠭᠤ ᠡᠷᠦᠬᠡ ᠳᠤ ᠲᠠᠯᠪᠢᠭᠰᠠᠨ ᠬᠦᠰᠡᠯ
ᠲᠡᠭᠷᠢ ᠶᠢ ᠪᠣᠤ ᠬᠠᠷ᠎ᠠ
ᠲᠡᠳᠭᠦᠮᠵᠢ ᠪᠢᠲᠡᠭᠡᠢ ᠬᠦᠯᠢᠶᠡ
ᠲᠠᠷᠢᠬᠢ ᠪᠠᠨ ᠢᠯᠡᠭᠦᠦ ᠬᠦᠳᠡᠯᠭᠡ
ᠲᠦᠯᠦᠪᠯᠡᠭᠡ ᠰᠠᠶᠢᠬᠠᠨ ᠲᠣᠭᠲᠠᠭ᠎ᠠ
ᠲᠦᠷᠭᠡᠨ ᠪᠠᠶᠠᠵᠢᠵᠦ ᠶᠠᠪᠤ︕
ᠰᠢᠳᠣ ᠪᠠᠨ ᠵᠠᠭᠤ
ᠰᠢᠷᠪᠤᠰᠤ ᠪᠠᠨ ᠴᠢᠩᠭᠠᠯᠠ
ᠰᠢᠮᠳᠠᠨ ᠰᠤᠷᠤᠯᠴᠠ
ᠰᠢᠷᠭᠠᠭᠤ ᠬᠦᠳᠡᠯᠮᠦᠷᠢᠯᠡ
ᠰᠢᠨᠵᠢᠯᠡᠬᠦ ᠤᠬᠠᠭᠠᠨ ᠢ ᠡᠵᠡᠮᠰᠢ︕
ᠬᠦᠴᠦ ᠪᠠᠨ ᠭᠠᠷᠭ᠎ᠠ
ᠬᠦᠯᠦᠰᠦ ᠪᠠᠨ ᠰᠢᠪᠬᠠ
ᠬᠦᠳᠡᠯᠮᠦᠷᠢ ᠳᠤ ᠭᠠᠪᠰᠢᠭᠠᠶᠢᠯᠠ
ᠬᠦᠰᠡᠯᠡᠩ ᠲᠠᠢ ᠪᠠᠷ
ᠬᠦᠮᠦᠰ ᠠᠴᠠ ᠪᠣᠤ ᠬᠤᠴᠤᠷᠠ︕
ᠠᠷᠪᠢᠯᠠᠨ ᠭᠠᠮᠨᠠ
ᠤᠯᠠᠨ ᠲᠦᠷᠦᠯ ᠢ ᠡᠵᠡᠩᠨᠡ
ᠤᠷᠤᠯᠭ᠎ᠠ ᠪᠠᠨ ᠨᠡᠮᠡᠭᠳᠡᠬᠦᠯ
ᠦᠷ᠎ᠡ ᠪᠠᠨ ᠰᠤᠶᠤᠯᠵᠢᠭᠤᠯ
ᠠᠳᠠᠯ ᠢᠶᠠᠨ ᠪᠤᠰᠬ᠎ᠠ︕
ᠴᠠᠭ ᠠᠴᠠ ᠡᠷᠲᠡᠯᠡ
ᠴᠢᠳᠠᠯ ᠢᠶᠠᠷ ᠢᠶᠠᠨ ᠲᠡᠮᠡᠴᠡ
ᠴᠢᠷᠮᠠᠶᠢᠨ ᠠᠵᠢᠯᠯᠠ
ᠴᠠᠬᠢᠯᠭᠠᠨ ᠢ ᠬᠡᠷᠡᠭᠯᠡ
ᠴᠢᠨᠡᠭᠡᠯᠢᠭᠵᠢᠵᠦ ᠶᠠᠪᠤ︕
ᠪᠤᠷᠬᠠᠨ ᠳᠤ ᠪᠣᠤ ᠵᠠᠯᠪᠠᠷᠢ
ᠪᠣᠯᠪᠠᠰᠤᠨ ᠢ ᠡᠷᠬᠢᠮᠯᠡ
ᠪᠢᠯᠢᠭ ᠢᠶᠠᠨ ᠨᠡᠭᠡᠭᠡ
ᠪᠠᠶ᠎ᠡ ᠳᠡᠭᠡᠨ ᠲᠦᠰᠢᠭᠯᠡ
ᠪᠠᠶᠠᠵᠢᠯ ᠢᠶᠠᠷ ᠵᠠᠮᠨᠠ︕
ᠠᠷᠢᠬᠢᠨ ᠳᠤ ᠪᠢᠲᠡᠭᠡᠢ ᠰᠢᠨᠤᠬᠠᠶᠢᠷᠠ
ᠠᠯᠵᠠᠭᠤ ᠵᠠᠩ ᠢᠶᠠᠨ ᠬᠠᠯᠠ
ᠠᠵᠢᠯ ᠳᠤ ᠢᠳᠡᠪᠬᠢᠲᠡᠢ ᠤᠷᠤᠯᠴᠠ
ᠠᠰᠤᠷᠤ ᠬᠤᠪᠢᠷᠠᠯᠲᠠ ᠲᠠᠢ ᠪᠣᠯ
ᠠᠳᠠᠯ ᠦᠢᠯᠡᠰ ᠢᠶᠠᠨ ᠴᠢᠨᠡᠭᠡᠯᠢᠭᠵᠢᠭᠦᠯ︕
ᠶᠠᠳᠠᠭᠤ ᠨᠠᠷ᠎ᠡ ᠪᠠᠨ ᠦᠭᠡᠷᠡᠴᠢᠯᠡ
ᠨᠠᠮ ᠳᠠᠭᠠᠨ ᠭᠦᠨ ᠲᠠᠯᠠᠷᠬ᠎ᠠ
ᠨᠠᠰᠤᠨ ᠳᠠᠭᠠᠨ ᠰᠠᠶᠢᠲᠤᠷ ᠴᠢᠷᠮᠠᠢ
ᠨᠡᠶᠢᠭᠡᠮ ᠳᠤ ᠲᠤᠰᠠ ᠦᠵᠡᠭᠦᠯ
ᠨᠢᠭᠤᠷ ᠲᠡᠭᠡᠨ ᠭᠡᠷᠡᠯᠲᠡᠢ ᠶᠠᠪᠤ︕