ᠬᠤᠷᠢᠮ ᠤᠨ ᠢᠷᠦᠭᠡᠯ
ᠵᠧ︕
ᠬᠦᠯᠢᠶᠡᠭᠰᠡᠭᠡᠷ ᠪᠠᠶᠢᠭᠠᠳ
ᠬᠤᠪᠢ ᠲᠠᠢ ᠬᠦᠷᠭᠡᠨ ᠲᠠᠭᠠᠷᠠᠯ᠎ᠠ
ᠰᠤᠩᠭᠤᠭᠰᠠᠭᠠᠷ ᠪᠠᠶᠢᠭᠠᠳ
ᠰᠣᠳᠤᠨ ᠪᠠᠷᠢ ᠤᠯᠳᠠᠯ᠎ᠠ︕
ᠬᠤᠣᠰ ᠰᠠᠷ᠎ᠠ ᠶᠢᠨ ᠬᠤᠣᠰ ᠡᠳᠦᠷ
ᠬᠤᠪᠣᠷ ᠰᠠᠶᠢᠨ ᠮᠣᠷᠢᠨ ᠴᠠᠭ ︵ᠪᠠᠰᠠ ᠲᠠᠤᠯᠠᠢ ᠴᠠᠭ ᠭᠡᠳᠡᠭ︶
ᠣᠯᠳᠠᠰᠢ ᠦᠭᠡᠢ ᠦᠯᠵᠠᠶᠢᠲᠤ ᠴᠠᠭ
ᠤᠴᠠᠷᠠᠭᠰᠠᠨ ᠬᠤᠶᠠᠭᠤᠯᠠ ᠶᠢᠨ ᠪᠡᠯᠭᠡᠲᠦ ᠴᠠᠭ
ᠵᠠᠶᠠᠭᠠᠲᠤ ᠬᠤᠶᠠᠭᠤᠯᠠ ᠶᠢᠨ ᠵᠢᠷᠭᠠᠯᠲᠤ ᠴᠠᠭ
ᠵᠢᠷᠭᠠᠵᠤ ᠠᠮᠢᠳᠤᠷᠠᠬᠤ ᠡᠬᠢᠯᠡᠯᠲᠡ ᠶᠢᠨ ᠴᠠᠭ ᠡ︕
ᠵᠧ︕
ᠪᠠᠯᠵᠢᠨᠢᠮ᠎ᠠ ᠪᠠᠯᠪᠠ ᠲᠠᠭᠠᠷᠢᠭᠰᠠᠨ
ᠪᠠᠶᠠᠷ ᠵᠢᠷᠭᠠᠯᠲᠤ ᠡᠨᠡ ᠴᠠᠭ ᠲᠤ
ᠬᠠᠷ᠎ᠠ ᠦᠰᠦ ᠪᠠᠨ ᠬᠠᠭᠠᠯᠵᠤ
ᠬᠠᠭᠠᠨ ᠲᠡᠭᠷᠢ ᠳᠡᠭᠡᠨ ᠮᠦᠷᠭᠦᠭᠰᠡᠨ
ᠬᠠᠶᠢᠷᠠᠲᠡᠢ ᠦᠷᠡᠰ ᠢᠶᠠᠨ ᠢᠷᠦᠭᠡᠶ᠎ᠡ︕
ᠭᠠᠷ ᠭᠠᠷ ᠢᠶᠠᠨ ᠬᠤᠯᠪᠤᠵᠦ
ᠭᠠᠯ ᠪᠤᠷᠬᠠᠨ ᠳᠠᠭᠠᠨ ᠰᠦᠭᠦᠳᠦᠭᠰᠡᠨ
ᠭᠠᠯ ᠲᠠᠢ ᠴᠤᠭ ᠲᠠᠢ ᠦᠷᠡᠰ ᠢᠶᠠᠨ ᠢᠷᠦᠭᠡᠶ᠎ᠡ︕
ᠵᠧ︕
ᠤᠮ ᠰᠠᠶᠢᠨ ᠠᠮᠤᠭᠤᠯᠠᠩ ᠲᠠᠨ ᠪᠤᠯᠲᠤᠭᠠᠢ
ᠤᠷᠲᠤ ᠨᠠᠰᠤᠯᠠᠵᠤ ᠤᠳᠠᠭᠠᠨ ᠵᠢᠷᠭᠠᠲᠤᠭᠠᠢ
ᠬᠦᠦ ᠬᠡᠥᠬᠡᠨ ᠲᠡᠭᠰᠢ ᠵᠠᠶᠠᠭᠠᠵᠤ
ᠬᠦᠷᠦᠩᠭᠡ ᠡᠳ᠋ ᠵᠤᠵᠠᠭᠠᠷᠠᠵᠤ
ᠪᠠᠶᠠᠨ ᠶᠠᠪᠤ᠂ ᠪᠠᠭᠠᠲᠤᠷ ᠶᠠᠪᠤ︕
ᠣᠯᠵᠠ ᠲᠠᠢ ᠶᠠᠪᠤ᠂ ᠣᠮᠤᠭ ᠲᠠᠢ ᠶᠠᠪᠤ︕
ᠪᠠᠷᠠᠭᠤᠨ ᠳᠠᠯᠠᠢ ᠶᠢᠨ ᠤᠰᠤᠨ ᠳᠤ ᠠᠳᠠᠯᠢ
ᠡᠯᠪᠡᠭ ᠳᠡᠯᠪᠡᠭ ᠪᠤᠶᠠᠨ ᠲᠠᠢ ᠶᠠᠪᠤ︕
ᠪᠠᠵᠠᠮᠠᠨ ᠮᠣᠳᠤᠨ ᠤ ᠨᠠᠪᠴᠢᠨ ᠳᠤ ᠠᠳᠠᠯᠢ
ᠵᠦᠭᠡᠯᠡᠬᠡᠨ ᠢᠨᠠᠭ ᠬᠠᠶᠢᠷ᠎ᠠ ᠲᠠᠢ ᠶᠠᠪᠤ︕
ᠵᠡᠭᠦᠨ ᠳᠠᠯᠠᠢ ᠶᠢᠨ ᠤᠰᠤᠨ ᠳᠤ ᠠᠳᠠᠯᠢ
ᠡᠯᠪᠡᠭ ᠵᠣᠵᠠᠭᠠᠨ ᠠᠰᠢᠭ ᠲᠠᠢ ᠶᠠᠪᠤ︕
ᠵᠢᠮᠢᠰ ᠤᠨ ᠮᠣᠳᠤᠨ ᠤ ᠨᠠᠪᠴᠢᠨ ᠳᠤ ᠠᠳᠠᠯᠢ
ᠵᠦᠭᠡᠯᠡᠬᠡᠨ ᠲᠦᠷᠦᠯ ᠰᠠᠲᠤᠨ ᠲᠠᠢ ᠶᠠᠪᠤ︕
ᠬᠠᠰ ᠴᠠᠭᠠᠨ ᠭᠡᠷ ᠢᠶᠠᠨ
ᠬᠠᠨᠢ ᠨᠦᠭᠦᠳ ᠢᠶᠠᠷ ᠳᠦᠭᠦᠷᠭᠡᠵᠦ ᠶᠠᠪᠤ︕
ᠬᠠᠮᠤᠭ ᠣᠯᠠᠨ ᠤ ᠪᠠᠨ ᠳᠤᠮᠳᠠ
ᠬᠠᠶᠢᠲᠠᠩ ᠴᠡᠴᠡᠭ ᠰᠢᠭ ᠳᠡᠯᠭᠡᠷᠡᠵᠦ ᠶᠠᠪᠤ︕
ᠠᠪᠤ ᠡᠵᠢ ᠪᠠᠨ ᠬᠦᠨᠳᠦᠯᠡᠵᠦ ᠶᠠᠪᠤ
ᠠᠬ᠎ᠠ ᠳᠡᠭᠦᠦᠨᠠᠷ ᠢᠶᠠᠨ ᠲᠤᠰᠠᠯᠠᠵᠤ ᠶᠠᠪᠤ
ᠠᠯᠳᠠᠷ ᠨᠡᠷ᠎ᠡ ᠪᠠᠨ ᠮᠠᠨᠳᠤᠭᠤᠯᠵᠤ ᠶᠠᠪᠤ
ᠠᠪᠳᠠᠷ᠎ᠠ ᠳᠦᠭᠦᠷᠡᠩ ᠵᠣᠭᠤᠰ ᠲᠠᠢ ᠶᠠᠪᠤ ᠡ︕
ᠠᠳᠤᠭᠤ ᠮᠠᠯ ᠢᠶᠠᠨ ᠦᠷᠡᠵᠢᠭᠦᠯᠵᠦ ᠶᠠᠪᠤ
ᠠᠩᠭ᠎ᠠ ᠬᠡᠦᠬᠡᠳ ᠢᠶᠠᠨ ᠰᠣᠶᠤᠯᠵᠢᠭᠤᠯᠵᠦ ᠶᠠᠪᠤ
ᠠᠵᠢᠯᠴᠢ ᠬᠦᠳᠡᠯᠮᠦᠷᠢᠴᠢ ᠪᠣᠷᠤᠭᠵᠢᠭᠤᠨ ᠶᠠᠪᠤ
ᠠᠳᠠᠯ ᠭᠡᠷ ᠲᠡᠭᠡᠨ ᠥᠭᠡᠳᠡ ᠲᠠᠢ ᠶᠠᠪᠤ ᠡ︕
ᠦᠷᠦᠮ᠎ᠡ ᠲᠣᠰᠤᠨ ᠳᠤ ᠪᠢᠯᠠᠭᠤᠷᠠᠵᠤ ᠶᠠᠪᠤ
ᠦᠨᠢ ᠡᠭᠦᠷᠢᠳᠡ ᠬᠦᠨᠡᠰᠦ ᠲᠠᠢ ᠶᠠᠪᠤ
ᠦᠨᠳᠦᠰᠦᠲᠡᠨ ᠤᠭᠰᠠᠭᠠᠲᠠᠨ ᠢᠶᠠᠨ ᠮᠠᠨᠳᠤᠭᠤᠯᠵᠤ ᠶᠠᠪᠤ
ᠦᠯᠵᠡᠢ ᠮᠦᠷ ᠲᠠᠢ ᠲᠠᠶᠢᠪᠣᠩ ᠶᠠᠪᠤ ᠡ︕
ᠨᠠᠷᠠᠨ ᠳᠤ ᠠᠳᠠᠯᠢ ᠮᠠᠨᠳᠤᠵᠦ ᠶᠠᠪᠤ
ᠨᠠᠷᠠᠰᠤᠨ ᠳᠤ ᠠᠳᠠᠯᠢ ᠬᠦᠭᠡᠷᠡᠵᠦ ᠶᠠᠪᠤ
ᠰᠠᠷᠠᠨ ᠳᠤ ᠠᠳᠠᠯᠢ ᠭᠡᠷᠡᠯᠲᠤᠵᠦ ᠶᠠᠪᠤ
ᠽᠠᠨᠪᠤᠳᠢᠪ ᠢ ᠵᠠᠬᠢᠷᠴᠦ ᠶᠠᠪᠤ ᠡ︕
ᠵᠧ ︕ ᠬᠤᠷᠤᠢ︕ ᠬᠤᠷᠤᠢ︕