ᠤᠷᠠᠳ ᠪᠥᠰᠡᠬᠦᠢ
ᠬᠤᠯᠤᠰᠤᠲᠠᠢ ᠨᠠᠭᠤᠷ ᠲᠤ ᠱᠤᠮᠪᠠᠨ ᠶᠠᠪᠤᠬᠤ
ᠬᠤᠨ ᠴᠠᠭᠠᠨ ᠭᠠᠯᠠᠭᠤ ᠰᠢᠪᠠᠭᠤᠥᠬᠠᠢ ᠰᠢᠭ᠋
ᠬᠤᠲᠠᠯᠠ ᠤᠯᠠᠨ ᠤ ᠬᠠᠷᠠᠴᠠ ᠶᠢ ᠪᠤᠯᠢᠶᠠᠭᠰᠠᠨ
ᠬᠤᠩᠭᠤᠷᠬᠠᠨ ᠪᠤᠯᠪᠠᠷᠠᠢ ᠤᠷᠠᠳ ᠪᠥᠰᠡᠬᠦᠢ ᠃
ᠵᠡᠭᠡᠷ᠎ᠡ ᠲᠠᠭᠰᠢᠭᠰᠠᠨ ᠭᠤᠪᠢ ᠶᠢᠨ ᠠᠭᠤᠵᠢᠮ ᠳᠤ
ᠵᠡᠯᠡᠨ ᠳᠡᠭᠡᠷ᠎ᠡ ᠪᠠᠨ ᠥᠷᠯᠥᠭᠡ ᠶᠢᠨ ᠨᠠᠷᠠ ᠪᠠᠨ ᠤᠭᠲᠤᠳᠠᠭ
ᠵᠡᠬᠦᠳᠤᠨ ᠳᠤ ᠥᠷᠬᠦᠯᠵᠢ ᠳᠤᠷᠠᠰᠤᠭᠳᠠᠨ ᠲᠤᠳᠤᠷᠠᠭ᠎ᠠ
ᠵᠡᠷᠭᠡᠯᠭᠡᠨ ᠳᠤ ᠭᠠᠩᠬᠤᠵᠤ ᠶᠠᠪᠤᠭ᠎ᠠ ᠤᠷᠠᠳ ᠪᠥᠰᠡᠬᠦᠢ᠃
ᠬᠠᠯᠢᠭᠤᠳᠤ ᠭᠤᠤᠯ ᠤᠷᠤᠭᠤ ᠠᠳᠤᠭᠤ ᠪᠠᠨ ᠵᠠᠯᠠᠴᠢᠬᠠᠭᠠᠳ
ᠬᠠᠳᠠᠷᠢᠭ᠎ᠠ ᠰᠠᠶᠢᠪᠤᠷ ᠢᠶᠠᠷ ᠲᠥᠷᠥᠭᠡ ᠵᠢᠭᠢᠵᠦ ᠲᠡᠮᠡᠤᠬᠦᠯᠵᠥ ᠶᠠᠪᠤᠭ᠎ᠠ
ᠬᠠᠰᠢᠷ ᠤᠷᠭᠠᠴᠢᠨ ᠵᠠᠯᠠᠭᠤ ᠶᠢᠨ ᠤᠷᠮ᠎ᠠ ᠰᠡᠷᠬᠦᠭᠡᠭᠰᠡᠨ
ᠬᠠᠷᠠᠬᠠᠨ ᠪᠠᠭ᠎ᠠ ᠠᠭᠠᠰᠢ ᠲᠥᠯᠬᠢᠨ ᠤᠷᠠᠳ ᠪᠥᠰᠡᠬᠦᠢ᠃
ᠲᠠᠯ᠎ᠠ ᠶᠢᠨ ᠬᠥᠭᠡᠷᠥᠬᠦᠨ ᠰᠤᠭᠤ ᠰᠢᠭ᠋ ᠬᠠᠶᠢᠷ᠎ᠠ ᠶᠢ ᠪᠤᠯᠢᠶᠠᠭᠰᠠᠨ
ᠲᠠᠨᠠᠨ ᠴᠠᠭᠠᠨ ᠭᠡᠷ ᠤᠨ ᠴᠢᠮᠡᠭ ᠪᠤᠯᠤᠭᠰᠠᠨ ᠬᠤᠩᠭᠤᠷᠬᠠᠨ ᠬᠠᠨᠢ
ᠳᠡᠯᠭᠡᠷ ᠰᠠᠶᠢᠬᠠᠨ ᠬᠠᠩᠭᠠᠢ ᠨᠤᠳᠤᠭ ᠲᠤ ᠪᠠᠨ ᠥᠬᠢᠨ ᠨᠢ ᠪᠤᠯᠵᠥ
ᠳᠠᠩᠴᠢ ᠰᠠᠶᠢᠬᠠᠨ ᠲᠥᠷᠥᠭᠰᠡᠨ ᠭᠤᠸᠠᠯᠢᠭ ᠤᠷᠠᠳ ᠪᠥᠰᠡᠬᠦᠢ᠃
ᠴᠤᠭᠯᠢᠭ ᠵᠠᠯᠠᠭᠤᠰ ᠤᠨ ᠰᠡᠳᠬᠢᠯ ᠢ ᠠᠷᠭᠠᠮᠵᠢᠭᠰᠠᠨ
ᠴᠤᠩᠵᠢ ᠪᠠᠷ ᠨᠤᠳᠤᠭ ᠲᠠᠢ ᠥᠬᠢᠨ ᠥᠷ᠎ᠡ ᠳᠤ
ᠴᠤᠬᠢᠯᠠᠭᠰᠠᠨ ᠵᠢᠷᠤᠭᠡ ᠪᠠᠨ ᠳᠠᠷᠤᠵᠤ ᠶᠠᠳᠠᠨ
ᠴᠤᠯᠮᠥᠨ ᠭᠠᠷᠭᠠᠨ ᠳᠠᠪᠬᠢᠵᠤ ᠬᠥᠷᠥᠭᠰᠡᠨ ᠨᠢ ᠥᠨᠡᠨ ᠲᠠᠢ᠃
ᠪᠠᠶ᠋ᠨᠬᠠᠩᠭᠠᠢ ᠨᠤᠳᠤᠭ ᠤᠨ ᠬᠤᠶᠢᠮᠤᠷ ᠲᠤ
ᠪᠠᠶᠠᠷ ᠤᠨ ᠡᠳᠦᠷ ᠢᠶᠠᠨ ᠪᠡᠯᠡᠭᠯᠡᠬᠦ ᠪᠠᠷ
ᠪᠠᠶᠠᠰᠤᠨ ᠪᠥᠵᠢᠭᠯᠡᠭᠰᠡᠨ ᠭᠤᠸ᠎ᠠ ᠥᠬᠢᠳ ᠲᠤ
ᠪᠠᠭ᠋ᠠᠳᠤᠨ ᠬᠠᠶᠢᠷᠠᠯᠠᠭᠰᠠᠨ ᠵᠠᠯᠠᠭᠤᠰ ᠮᠣᠩᠳᠠᠬᠤ ᠥᠭᠡᠢ ᠳ᠋ᠠ᠃
ᠤᠯᠠᠭᠠᠨ ᠵᠡᠭᠡᠷᠳᠡ ᠳᠤ ᠪᠠᠨ ᠮᠤᠷᠳᠠᠭᠰᠠᠨ ᠵᠠᠯᠠᠭᠤ ᠶᠢᠨ
ᠤᠯᠠᠭᠠᠨ ᠰᠤᠮᠤᠨ ᠤ ᠳᠡᠯᠯᠡᠭᠡᠨ ᠳᠤ ᠶᠠᠪᠤᠭᠰᠠᠨ ᠨᠢ
ᠤᠷᠭᠠᠯᠠᠬᠤ ᠡᠷᠳᠡᠮ ᠢᠶᠠᠨ ᠰᠢᠯᠭᠠᠭᠰᠠᠨ ᠴᠦ ᠶᠤᠮ ᠤᠤ
ᠤᠴᠠᠷᠠᠯᠳᠤ ᠬᠠᠨᠢ ᠶᠢᠨ ᠪᠠᠨ ᠪᠣᠯᠵᠤᠭᠠᠨ ᠳᠤ ᠮᠤᠷᠳᠠᠭᠰᠠᠨ ᠶᠤᠮ ᠤᠤ ᠳ᠋ᠠ᠃
ᠪᠠᠶᠠᠷ ᠤᠨ ᠮᠥᠰᠢᠶᠡᠯ ᠲᠤᠳᠤᠷᠠᠭᠰᠠᠨ ᠪᠤᠯᠪᠠᠷᠠᠢ ᠴᠢᠷᠠᠢ ᠶᠢ
ᠪᠠᠭ᠋ᠠᠷᠬᠠᠵᠤ ᠲᠤᠭᠤᠭᠰᠠᠨ ᠬᠠᠷᠠᠴᠠ ᠲᠥᠬᠦᠷᠡᠩ
ᠪᠠᠶᠠᠵᠢᠯ ᠤᠨ ᠬᠠᠷᠭᠤᠢ ᠳᠤ ᠵᠤᠷᠢᠭ ᠬᠥᠪᠴᠢᠯᠡᠭᠰᠡᠨ
ᠪᠠᠶᠠᠨ ᠰᠤᠮᠤ ᠶᠢᠨ ᠤᠬᠠᠭᠠᠯᠢᠭ ᠤᠷᠠᠨ ᠪᠥᠰᠡᠬᠦᠢ᠃
2017.5.4 ᠪᠠᠳᠤᠬᠠᠭᠠᠯᠭ᠎ᠠ ᠳᠤ