ᠪᠠᠳᠦ ︵ᠦᠭᠡᠷᠡᠴᠢᠯᠡᠭᠰᠡᠨ ᠨᠠᠷᠠ︶ ᠨᠢᠭᠡ ᠴᠠᠭ ᠤᠨ ᠠᠭᠤᠷ ᠢᠶᠠᠷ ᠬᠠᠣᠯᠢ ᠪᠣᠰᠦ ᠪᠠᠷ ᠪᠣᠰᠣᠳ ᠤᠨ ᠣᠷᠣᠨ ᠰᠠᠭᠤᠴᠠ ᠳᠤ ᠲᠦᠷᠢᠨ ᠣᠷᠣᠵᠦ ᠪᠣᠰᠣᠳ ᠢ ᠰᠢᠷᠬᠠᠳᠤᠭᠤᠯᠪᠠ
ᠪᠠᠳᠦ ᠪᠣᠯᠣᠨ ᠲᠣᠶᠠᠭ᠎ᠠ ︵ᠦᠭᠡᠷᠡᠴᠢᠯᠡᠭᠰᠡᠨ ᠨᠠᠷᠠ︶ ᠦᠡᠭᠭᠡᠷᠡᠭᠰᠡᠨ ᠳᠤ ᠢᠨᠠᠭᠯᠠᠵᠦ ᠪᠠᠶᠢᠵᠠᠢ᠂᠂ 2017 ᠣᠨ ᠤ 1 ᠰᠠᠷ᠎ᠠ ᠳᠤ ᠬᠤᠶᠠᠭᠤᠯᠠ ᠬᠠᠷᠢᠴᠠᠭ᠎ᠠ ᠪᠠᠨ ᠲᠠᠰᠣᠯᠣᠭᠰᠠᠨ ᠪᠣᠯᠪᠠᠴᠦ ᠦᠷᠭᠦᠯᠵᠢ ᠬᠠᠷᠢᠯᠴᠠᠳᠠᠭ ᠪᠠᠶᠢᠵᠠᠢ᠃ 2017 ᠣᠨ ᠤ 2 ᠰᠠᠷ᠎ᠠ ᠶᠢᠨ 18 ᠤ ᠡᠳᠦᠷ ᠪᠠᠳᠦ ᠲᠣᠶᠠᠭ᠎ᠠ ᠳᠤ ᠣᠳᠠᠰᠦ ᠠᠪᠣᠭᠰᠠᠨ ᠳᠤ ᠲᠣᠶᠠᠭ᠎ᠠ ᠣᠳᠠᠰᠦ ᠲᠣᠰᠣᠭᠰᠠᠨ ᠦᠭᠡᠢ᠂ ᠪᠠᠳᠦ ᠲᠣᠶᠠᠭ᠎ᠠ ᠶᠢ ᠪᠣᠰᠣᠳ ᠬᠦᠮᠦᠨ ᠲᠠᠢ ᠪᠣᠯᠴᠢᠬᠠᠯ᠎ᠠ ᠬᠡᠮᠡᠨ ᠰᠡᠵᠢᠭᠯᠡᠨ᠂ ᠣᠷᠣᠢ ᠳᠤ ᠨᠢ ᠲᠡᠷᠭᠡ ᠲᠦᠷᠢᠶᠡᠰᠦᠯᠡᠨ ᠣᠯᠠᠭᠠᠬᠠᠨᠳᠠ ᠬᠤᠳᠠ ᠠᠴᠠ ᠳ᠋ᠠᠪᠠᠨ ᠪᠠᠯᠭᠠᠰᠣᠨ ᠳᠤ ᠢᠷᠡᠵᠠᠢ᠃ ᠳ᠋ᠠᠪᠠᠨ ᠪᠠᠯᠭᠠᠰᠣᠨ ᠳᠤ ᠢᠷᠡᠭᠰᠡᠨ ᠤ ᠲᠠᠷᠠᠭ᠎ᠠ ᠪᠠᠳᠦ ᠬᠡᠳᠦ ᠲᠡᠯᠭᠡᠭᠦᠷ ᠠᠴᠠ ᠵᠢᠮᠢᠰ ᠤᠨ ᠬᠢᠳᠤᠭ᠎ᠠ ᠬᠤᠳᠠᠯᠳᠣᠨ ᠠᠪᠴᠦ ᠲᠣᠶᠠᠭ᠎ᠠ ᠶᠢᠨ ᠰᠠᠭᠤᠵᠦ ᠪᠠᠶᠢᠭ᠎ᠠ ᠭᠡᠷ ᠲᠤ ᠬᠦᠷᠦᠭᠰᠡᠨ ᠪᠠᠶᠢᠨ᠎ᠠ᠃ ᠪᠠᠳᠦ ᠲᠣᠶᠠᠭ᠎ᠠ ᠶᠢᠨ ᠭᠡᠷ ᠲᠤ ᠬᠦᠷᠦᠭᠰᠡᠨ ᠤ ᠲᠠᠷᠠᠭ᠎ᠠ ᠬᠠᠭᠠᠯᠭ᠎ᠠ ᠶᠢ ᠬᠡᠳᠦ ᠣᠳᠠᠭ᠎ᠠ ᠴᠣᠬᠢᠭᠰᠠᠨ ᠳᠤ ᠲᠣᠶᠠᠭ᠎ᠠ ᠬᠠᠭᠠᠯᠭ᠎ᠠ ᠪᠠᠨ ᠨᠡᠭᠡᠭᠡᠵᠦ ᠦᠭᠬᠦ ᠦᠭᠡᠢ ᠲᠣᠯᠠ ᠪᠠᠳᠦ ᠶᠡᠭᠡ ᠪᠠᠷ ᠠᠭᠤᠷ ᠬᠦᠷᠴᠦ ᠦᠨᠳᠦᠷ ᠲᠠᠭᠤᠨ ᠢᠶᠠᠷ ᠬᠠᠰᠬᠢᠷᠦᠨ ᠬᠡᠷᠪᠠ ᠬᠠᠭᠠᠯᠭ᠎ᠠ ᠪᠠᠨ ᠨᠡᠭᠡᠭᠡᠬᠦ ᠦᠭᠡᠢ ᠪᠣᠯ ᠬᠠᠭᠠᠯᠭ᠎ᠠ ᠶᠢ ᠬᠠᠭ᠎ᠠ ᠢᠰᠬᠦᠯᠵᠦ ᠣᠷᠣᠨ᠎ᠠ ᠬᠡᠵᠦ ᠠᠶᠣᠯᠭᠠᠨ ᠰᠦᠷᠳᠡᠭᠦᠯᠦᠭᠰᠡᠨ ᠳᠤ ᠲᠣᠶᠠᠭ᠎ᠠ ᠶᠢᠨ ᠣᠳᠣ ᠶᠢᠨ ᠡᠷᠡᠭᠳᠠᠢ ᠨᠠᠶᠢᠵᠠ ᠲᠠᠯᠠᠢ ︵ᠦᠭᠡᠷᠡᠴᠢᠯᠡᠭᠰᠡᠨ ᠨᠠᠷᠠ︶ ᠬᠠᠭᠠᠯᠭ᠎ᠠ ᠨᠡᠭᠡᠭᠡᠵᠦ ᠦᠭᠪᠡ᠃ ᠲᠣᠶᠠᠭ᠎ᠠ ᠪᠠ ᠲᠠᠯᠠᠢ ᠬᠤᠶᠠᠷ ᠴᠤᠭ ᠪᠠᠶᠢᠬᠤ ᠶᠢ ᠪᠠᠳᠤ ᠦᠵᠡᠨ ᠶᠠᠳᠠᠨ ᠠᠭᠤᠷ ᠬᠦᠷᠴᠦ ᠬᠢᠳᠤᠭ᠎ᠠ ᠪᠠᠷ ᠲᠠᠯᠠᠢ ᠦᠭᠡᠳᠠ ᠬᠢᠳᠤᠭᠠᠯᠠᠭᠰᠠᠨ ᠳᠤ ᠳᠠᠯᠠᠢ ᠭᠠᠷ ᠢᠶᠠᠷ ᠢᠶᠠᠨ ᠬᠢᠳᠤᠭ᠎ᠠ ᠶᠢ ᠪᠣᠯᠢᠶᠠᠨ ᠠᠪᠬᠤ ᠭᠡᠳ ᠪᠠᠷᠠᠭᠤᠨ ᠭᠠᠷ ᠤᠨ ᠡᠷᠡᠬᠡᠢ ᠬᠤᠷᠣᠭᠤ ᠨᠢ ᠰᠢᠷᠬᠠᠳᠤᠵᠤ᠂ ᠡᠮᠨᠡᠯᠭᠡ ᠶᠢᠨ ᠬᠤᠷᠢᠶ᠎ᠠ ᠳᠤ ᠣᠴᠢᠵᠦ ᠡᠮᠴᠢᠯᠡᠭᠦᠯᠦᠭᠰᠡᠨ ᠪᠠᠶᠢᠨ᠎ᠠ᠃ ᠬᠡᠷᠡᠭ ᠤᠨ ᠲᠠᠷᠠᠭ᠎ᠠ᠂ ᠬᠠᠣᠯᠢ ᠶᠢᠨ ᠡᠮᠴᠢ ᠠᠴᠠ ᠲᠠᠯᠠᠢ ᠶᠢᠨ ᠪᠠᠷᠠᠭᠤᠨ ᠭᠠᠷ ᠤᠨ ᠡᠷᠡᠬᠡᠢ ᠬᠤᠷᠣᠭᠤ ᠶᠢᠨ ᠰᠢᠷᠬ᠎ᠠ ᠶᠢᠨ ᠬᠡᠮᠵᠢᠶ᠎ᠠ ᠨᠢ ᠬᠦᠡᠭᠭᠡᠨ ᠰᠢᠷᠬ᠎ᠠ ᠶᠢᠨ ᠬᠡᠮᠵᠢᠶᠠᠨ ᠳᠤ ᠬᠦᠷᠦᠭᠰᠡᠨ ᠭᠡᠵᠦ ᠬᠢᠨᠠᠨ ᠲᠤᠭᠳᠠᠭᠠᠯᠳᠠ ᠭᠠᠷᠭᠠᠵᠠᠢ᠃
ᠪᠠᠶᠢᠴᠠᠭᠠᠬᠤ ᠬᠤᠷᠢᠶ᠎ᠠ ᠶᠢᠨ ᠦᠵᠡᠬᠦ ᠪᠠᠷ᠂ ᠪᠠᠳᠦ ᠬᠠᠣᠯᠢ ᠪᠣᠰᠦ ᠪᠠᠷ ᠪᠣᠰᠣᠳ ᠤᠨ ᠭᠡᠷ ᠲᠤ ᠲᠦᠷᠢᠨ ᠣᠷᠣᠭᠰᠠᠨ ᠠᠵᠢᠯᠯᠠᠭ᠎ᠠ ᠨᠢ ᠬᠠᠣᠯᠢ ᠴᠠᠭᠠᠵᠠ ᠶᠢᠨ ᠬᠠᠮᠢᠶ᠎ᠠ ᠪᠦᠬᠦᠢ ᠲᠦᠷᠢᠮ ᠲᠣᠭᠳᠠᠭᠠᠯ ᠠᠴᠠ ᠵᠦᠷᠢᠴᠡᠵᠦ᠂ ᠬᠠᠣᠯᠢ ᠪᠣᠰᠦ ᠪᠠᠷ ᠪᠣᠰᠣᠳ ᠤᠨ ᠭᠡᠷ ᠲᠤ ᠲᠦᠷᠢᠨ ᠣᠷᠣᠭᠰᠠᠨ ᠶᠠᠯ᠎ᠠ ᠪᠠᠷ ᠰᠡᠵᠢᠭᠯᠡᠭᠳᠡᠭᠰᠡᠨ ᠪᠠᠶᠢᠨ᠎ᠠ᠃ ᠭᠡᠪᠠᠴᠦ ᠪᠠᠳᠦ ᠶᠢᠨ ᠦᠢᠯᠠ ᠶᠠᠪᠣᠳᠠᠯ ᠨᠢ ᠬᠦᠡᠭᠭᠡᠨ᠂ ᠪᠣᠳᠠᠳᠦ ᠬᠡᠷᠡᠭ ᠢᠶᠠᠨ ᠦᠨᠡᠨ ᠪᠠᠷ ᠦᠴᠢᠭᠯᠡᠵᠦ᠂ ᠬᠤᠣᠷᠯᠠᠭᠳᠠᠴᠢ ᠶᠢᠨ ᠠᠭᠤᠴᠢᠯᠠᠯ ᠢ ᠣᠯᠣᠭᠰᠠᠨ ᠪᠠᠶᠢᠨ᠎ᠠ᠃ ᠪᠠᠳᠦ ᠳᠤ ᠪᠠᠷᠢᠪᠴᠢᠯᠠᠬᠤ ᠠᠴᠠ ᠪᠣᠰᠣᠳ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠠᠪᠣᠭᠰᠠᠨ ᠴᠦ ᠨᠡᠶᠢᠭᠡᠮ ᠳᠤ ᠲᠡᠬᠢᠨ ᠬᠦᠨᠦᠭᠡᠯ ᠣᠴᠠᠷᠠᠭᠤᠯᠬᠤ ᠦᠭᠡᠢ ᠣᠴᠢᠷ ᠠᠴᠠ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠪᠠᠳᠦ ᠶᠢ ᠪᠠᠷᠢᠪᠴᠢᠯᠠᠬᠤ ᠦᠭᠡᠢ ᠲᠣᠭᠳᠠᠭᠠᠯ ᠭᠠᠷᠭᠠᠪᠠ᠃